ᠨᠡᠪᠲᠡᠷᠡᠨ ᠤᠷᠤᠬᠤ
ᠷᠤᠮᠠᠠᠲ᠋ᠢᠭ ᠨᠠᠰᠤ

      ᠲ᠋ᠤᠰ ᠰᠢᠯᠦᠭ᠌ ᠶᠢᠡᠨ ᠰᠡᠳᠭᠢᠯ ᠤᠨ ᠨᠠᠢ᠌ᠵᠠ ᠦᠬᠢᠨ  

       ᠳᠡᠷᠭᠡᠯ ᠳᠤ ᠪᠠᠨ ᠵᠤᠷᠢᠭᠤᠯᠵᠤ ᠪᠢᠴᠢᠪᠠ᠃   

    

ᠬᠠᠢ᠌ᠷᠠᠯᠠᠨ᠎ᠠ ᠭᠡᠳᠡᠭ᠌ ᠠᠶᠠᠯᠠᠭᠠᠤᠨ ᠪᠠᠷᠠᠰᠢ ᠥᠭᠡᠢ  

ᠰᠡᠳᠭᠢᠯ ᠤᠨ ᠴᠠᠭᠠᠨ ᠳᠠᠭᠤᠤ ᠶᠤᠮ  

ᠬᠠᠷᠢᠭᠤᠴᠠᠨ᠎ᠠ ᠭᠡᠳᠡᠭ᠌ ᠬᠠᠳᠠᠭᠤ ᠡᠴᠡ ᠬᠠᠳᠠᠭᠤ  

ᠭᠦᠮᠤᠨ ᠣᠠᠭᠭᠠᠨ ᠤ ᠶᠤᠰᠤ ᠶᠤᠮᠰᠠᠨ  

ᠬᠠᠷᠢᠭᠤᠯᠤᠨ᠎ᠠ ᠭᠡᠳᠡᠭ᠌ ᠨᠠᠰᠤᠨ ᠡᠭᠦᠷᠢᠳᠡ ᠪᠠᠷᠠᠰᠢ ᠥᠭᠡᠢ  

ᠠᠮᠢ ᠨᠠᠰᠤᠨ ᠤ ᠦᠷᠢ ᠪᠢᠯᠠ  

ᠬᠠᠳᠠᠭᠠᠯᠠᠨ᠎ᠠ ᠭᠡᠳᠡᠭ᠌ ᠴᠢ ᠪᠢᠳᠠᠨ ᠤ  

ᠬᠤᠷᠸ᠎ᠠ ᠳᠤ ᠥᠯᠡᠳᠡᠭᠡᠭᠦ ᠦᠪ ᠰᠢᠤ ᠳ᠋ᠠ᠃   

  

ᠰᠠᠨᠠᠨ᠎ᠠ ᠭᠡᠳᠡᠭ᠌ ᠰᠠᠷᠠᠨ ᠤ ᠳᠤᠤᠷᠠᠭᠢ  

ᠢᠨᠠᠭ ᠤᠨ ᠬᠠᠯᠠᠭᠤᠨ ᠣᠷᠤᠭᠤᠯ ᠶᠤᠮ  

ᠰᠠᠯᠤᠨ᠎ᠠ ᠭᠡᠳᠡᠭ᠌ ᠨᠠᠷᠠᠨ ᠤ ᠳᠤᠤᠷᠠᠭᠢ  

ᠭᠠᠰᠢᠭᠤᠳᠠᠯ ᠤᠨ ᠭᠤᠨᠢᠭᠳᠤ ᠡᠭᠡᠰᠢᠭ᠌ ᠪᠢᠯᠠ  

ᠬᠠᠷᠠᠮᠯᠠᠨ᠎ᠠ ᠭᠡᠳᠡᠭ᠌ ᠬᠠᠢ᠌ᠷ᠎ᠠ ᠰᠡᠳᠭᠢᠯ ᠤᠨ  

ᠣᠷᠪᠠᠭᠤ ᠣᠠᠭᠭᠠᠨ ᠤ ᠳᠤᠰᠬᠠᠯ ᠶᠤᠮ  

ᠬᠠᠷᠠᠳᠠᠨ᠎ᠠ ᠭᠡᠳᠡᠭ᠌ ᠬᠠᠳᠠᠭᠤ ᠴᠢᠨᠠᠷ ᠤᠨ  

ᠢᠪᠴᠤᠤ ᠪᠣᠳᠤᠯ ᠤᠨ ᠡᠮᠵᠡᠭ᠌ ᠪᠢᠯᠠ᠃   

  

ᠬᠤᠷᠸ᠎ᠠ ᠳᠤ ᠢᠷᠡᠭ᠍ᠰᠡᠨ ᠤ ᠬᠤᠷᠢᠨ ᠨᠢᠭᠡᠨ ᠤ ᠣᠢ  

ᠬᠤᠶᠠᠷ ᠮᠢᠩᠭ᠎ᠠ ᠠᠷᠪᠠᠨ ᠣᠨ ᠁   

ᠬᠣᠢ᠌ᠰᠢᠳᠠ ᠶᠢᠨ ᠠᠶᠠᠨ ᠤ ᠳᠦᠷᠦᠭᠡ ᠴᠢᠩᠭ᠋ᠠᠯᠠᠭᠰᠠᠨ  

ᠬᠤᠶᠠᠷ ᠵᠠᠭᠤᠨ ᠤ ᠨᠠᠢ᠌ᠯᠠᠯᠴᠠᠯ ᠁   

ᠬᠤᠪᠢᠳᠠᠢ ᠠᠮᠢᠨ ᠤ ᠳᠡᠭ᠍ᠷᠢ ᠡᠴᠡ ᠵᠠᠶᠠᠭᠠᠭᠰᠠᠨ  

ᠬᠤᠩᠭ᠋ᠤᠷ ᠭᠡᠨᠡᠨ ᠨᠠᠰᠤ ᠮᠢᠨᠢ ᠳ᠋ᠧ︕   

ᠬᠤᠳᠠᠯ ᠦᠨᠡᠨ ᠤ ᠭᠢᠯᠢ ᠠᠷᠭᠠᠳᠠᠨ  

ᠬᠤᠳᠠᠯᠠ ᠶᠢᠨ ᠲᠦᠮᠡᠨ ᠱᠠᠩᠨᠠᠯ ᠵᠢᠮᠠᠯᠠᠯ ᠵᠢᠠᠷ  

ᠬᠤᠨᠢ ᠰᠢᠭ ᠴᠢᠨ᠋ᠸ᠎ᠠ ᠰᠢᠭ᠌ ᠶᠠᠪᠣᠭᠰᠠᠨ  

ᠬᠤᠷᠢᠨ ᠨᠢᠭᠡᠨ ᠨᠠᠰᠤ ᠮᠢᠨᠢ ᠳ᠋ᠧ︕   

  

ᠰᠤᠨᠢᠨ ᠮᠡᠳᠡᠭᠡᠨ ᠤ ᠣᠬᠠᠭᠠᠨ ᠳ᠋ᠤ  

ᠰᠤᠭᠳᠤᠵᠤ ᠶᠠᠪᠣᠭᠰᠠᠨ ᠨᠠᠰᠤ ᠮᠢᠨᠢ  

ᠰᠤᠷᠢᠯᠳᠠ ᠶᠢᠨ ᠣᠬᠤᠷᠬᠠᠨ ᠴᠡᠷᠢᠭ᠌ ᠠᠮᠢᠳᠤᠷᠠᠯ ᠳ᠋ᠤ  

ᠰᠤᠯᠠᠷᠠᠵᠤ ᠣᠨᠠᠭᠰᠠᠨ ᠴᠠᠭ ᠪᠢᠯᠢᠤ︕   

ᠠᠯᠤᠰ ᠲᠤ ᠠᠨᠢᠪᠠᠯᠵᠠᠬᠤ ᠣᠳᠤᠳ ᠨᠢ  

ᠠᠮᠠᠷᠠᠭ ᠤᠨ ᠮᠢᠨᠢ ᠳᠤᠯᠠᠭᠠᠨ ᠬᠠᠷᠠᠴᠠ ᠪᠢᠯᠢᠤ︕   

ᠠᠩᠬᠠᠨ ᠤ ᠳᠤᠷᠠᠯᠠᠯ ᠲᠡᠶ ᠰᠦᠨᠢ ᠶᠢᠨ ᠵᠡᠭᠦᠳᠤᠨ ᠳ᠋ᠤ  

ᠠᠶᠠᠠᠳᠠᠭᠠᠨ ᠴᠢ ᠮᠢᠨᠢ ᠢᠷᠡᠳᠡᠭ᠌ ᠴᠤ ᠪᠢᠯᠢᠤ︕   

  

ᠪᠣᠳᠤᠬᠤ ᠳᠤᠳᠤᠮ ᠡᠷᠢᠭ᠍ᠳᠡᠭᠡᠳ ᠪᠠᠢ᠌ᠬᠤ  

ᠪᠣᠳᠤᠯ ᠳᠤ ᠣᠷᠭᠢᠯᠤᠭᠰᠠᠨ ᠴᠢ ᠮᠢᠨᠢ  

ᠰᠠᠨᠠᠬᠤ ᠳᠤᠳᠤᠮ ᠳᠤᠷᠠᠰᠤᠭᠳᠠᠭᠠᠤᠨ ᠪᠠᠢ᠌ᠬᠤ  

ᠰᠠᠷᠠᠨ ᠳᠤ ᠳᠡᠯᠭᠡᠷᠡᠭ᠍ᠰᠡᠨ ᠴᠡᠴᠡᠭ᠌ ᠪᠣᠶᠤ︕   

ᠪᠢᠴᠢᠭᠯᠡᠭᠦ ᠳᠤᠳᠤᠮ ᠪᠣᠷᠭᠢᠯᠤᠭᠠᠤᠨ ᠪᠠᠢ᠌ᠬᠤ  

ᠪᠢᠯᠢᠭ᠌ ᠣᠬᠠᠭᠠᠨ ᠤ ᠪᠣᠯᠠᠭ ᠮᠢᠨᠢ  

ᠵᠢᠷᠤᠭᠯᠠᠬᠤ ᠳᠤᠳᠤᠮ ᠵᠤᠷᠠᠢ᠌ᠭᠠᠤᠨ ᠢᠷᠡᠳᠡᠭ᠌ ᠨᠢ  

ᠵᠢᠷᠦᠭᠡᠨ ᠤ ᠭᠠᠭᠴᠠᠬᠠᠨ ᠴᠢ ᠮᠢᠨᠢ︕   

  

     2010.05.15 ᠬᠦᠬᠡᠬᠤᠲᠠᠨ᠎ᠡ


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠦᠨᠳᠦᠰᠦᠳᠠᠨ ᠤ ᠳᠡᠭᠡᠳᠤ ᠰᠤᠷᠭᠠᠭᠤᠯᠢ ᠶᠢᠨ ᠰᠤᠨᠢᠨ ᠮᠡᠳᠡᠭᠡᠨ ᠤ ᠰᠠᠯᠪᠣᠷᠢ ᠵᠢᠨ 2009 ᠣᠨ ᠤ ᠰᠤᠷᠪᠣᠯᠵᠢᠯᠭ᠎ᠠ ᠨᠠᠢ᠌ᠷᠠᠭᠤᠯᠭ᠎ᠠ ᠶᠢᠨ ᠨᠢᠭᠡᠳᠦᠭᠡᠷ ᠠᠩᠭᠢ

ᠵᠤᠬᠢᠶᠠᠭᠴᠢ᠄ ᠬᠦᠷᠡᠯ‍ᠤ᠋ᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 10136
ᠴᠠᠭ᠄ 2011 ᠤᠨ ᠤ 03 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ