☆ ᠭᠦᠳᠡᠭᠡ
ᠮᠤᠩᠭ᠋ᠤᠯ ᠪᠦᠭᠡ
ᠪᠠᠯᠠᠷᠠᠯᠢᠭ ᠴᠠᠭ ᠡᠴᠡ ᠡᠭᠢᠯᠡᠵᠤ ᠡᠭᠦᠰᠦᠭ᠍ᠰᠡᠨ ᠳᠠᠮᠢᠷ
ᠪᠠᠢ᠌ᠭᠠᠯᠢ ᠲᠡᠶ ᠪᠠᠨ ᠮᠤᠩᠭ᠋ᠤᠯ ᠶᠢᠡᠷ ᠣᠶᠠᠯᠳᠤᠭᠰᠠᠨ ᠳᠡᠦᠭᠡ
ᠪᠠᠷᠰ ᠢᠷᠪᠢᠰ ᠲᠡᠶ ᠨᠤᠴᠤᠯᠳᠤᠵᠤ ᠳᠡᠮᠡᠴᠡᠭ᠍ᠰᠡᠨ ᠳᠤᠤᠯᠢᠰ
ᠪᠠᠭᠠᠳᠤᠷ ᠢᠳᠠᠳᠠᠨ ᠤ ᠪᠣᠯᠪᠠᠰᠤᠷᠠᠵᠤ ᠢᠷᠡᠭ᠍ᠰᠡᠨ ᠳᠠᠰᠬᠠᠯ
ᠳᠡᠭ᠍ᠷᠢ ᠭᠠᠵᠠᠷ ᠤᠨ ᠳᠤᠮᠳᠠᠭᠢ ᠪᠣᠰᠤᠭ᠎ᠠ ᠮᠤᠩᠭ᠋ᠤᠯ ᠵᠢᠪᠬᠤᠭ᠎ᠠ
ᠳᠢᠪ ᠳᠡᠯᠡᠭᠡᠢ ᠶᠢ ᠬᠠᠮᠤᠷᠤᠭᠰᠠᠨ ᠶᠡᠭᠡ ᠮᠤᠩᠭ᠋ᠤᠯ ᠰᠠᠯᠭᠢ
ᠳᠠᠰᠪᠣᠷᠢ ᠳᠠᠪᠴᠢᠶᠠᠷᠢ ᠶᠢᠨ ᠭᠦᠡᠳᠤ ᠬᠠᠳᠠᠭᠤ ᠰᠢᠯᠭᠠᠯᠳᠠ
ᠳᠡᠩᠭᠡᠭᠡ ᠪᠢᠯᠢᠭ᠌ ᠤᠨ ᠣᠷᠭᠠᠨᠢᠭ ᠰᠠᠢ᠌ᠬᠠᠨ ᠠᠪᠣᠴᠠᠯᠳᠤᠯ
ᠣᠷᠤᠭᠰᠢ ᠳᠠᠳᠠᠬᠤ ᠳᠤ ᠣᠷᠭᠤᠭ᠎ᠠ ᠬᠠᠳᠠ
ᠣᠷᠤᠭᠤ ᠳᠠᠭᠠᠷᠢᠬᠤ ᠳᠤ ᠣᠮᠤᠭᠳᠤ ᠠᠷᠰᠠᠯᠠᠨ
ᠣᠨᠠᠰᠢ ᠦᠭᠡᠶ ᠴᠠᠴᠠᠨ ᠣᠬᠠᠭ᠎ᠠ
ᠣᠶᠠᠬᠤ ᠶᠢᠨ ᠮᠡᠷᠭᠡᠨ ᠣᠬᠠᠭᠠᠨ
ᠭᠦᠡᠳᠤ ᠪᠠᠷ ᠭᠡᠮᠵᠢᠭᠦ ᠦᠭᠡᠶ ᠭᠡᠴᠡᠭᠦᠤ ᠳᠠᠩᠴᠠᠯ
ᠭᠦᠴᠤ ᠪᠠᠷ ᠯᠠ ᠪᠠᠷᠢᠯᠳᠤᠳᠠᠭ ᠦᠭᠡᠶ ᠮᠤᠩᠭ᠋ᠤᠯ ᠪᠠᠷᠢᠯᠳᠤᠭᠠᠨ
ᠲᠤᠬᠢᠶᠠᠯ ᠢ ᠨᠢᠭᠡᠯᠡ ᠰᠤᠩᠭ᠋ᠤᠳᠠᠭ ᠰᠢᠯᠢᠳᠡᠭ᠌ ᠦᠷᠢᠰᠦᠯᠳᠦᠭᠡᠨ
ᠵᠠᠪᠰᠢᠶᠠᠨ ᠢ ᠵᠠᠪᠠᠯ ᠠᠳᠬᠤᠬᠤ ᠭᠢᠨᠠᠮᠠᠭᠠᠢ ᠥᠵᠡᠯᠴᠡᠭᠡᠨ
ᠬᠤᠤᠰ ᠦᠭᠡᠶ ᠮᠤᠩᠭ᠋ᠤᠯ ᠬᠤᠪᠴᠠᠰᠤᠨ ᠤ ᠣᠷᠠᠯᠢᠭ
ᠬᠤᠶᠠᠷ ᠤᠨ ᠵᠡᠷᠭᠡᠳᠤ ᠲᠡᠶ ᠳᠤᠭᠠᠨ ᠤ ᠪᠣᠳᠤᠯᠭ᠎ᠠ
ᠬᠤᠯᠠᠭᠢ ᠡᠷᠳᠡᠨ ᠤ ᠰᠦᠯᠳᠡ ᠭᠡᠢ᠌ᠮᠦᠷᠢ ᠶᠢᠨ ᠳᠤᠭ
ᠬᠤᠯᠠᠳᠠᠰᠢ ᠦᠭᠡᠶ ᠮᠢᠨᠤ ᠣᠯᠢᠮᠫᠢᠺ ᠤᠨ ᠪᠠᠶᠠᠯᠠᠯ
ᠵᠤᠬᠢᠶᠠᠭᠴᠢ ᠶᠢᠨ ᠬᠠᠶᠢᠭ ᠄ ᠨᠢ᠋ᠮᠠᠨ ᠬᠤᠰᠢᠭᠤ
ᠵᠤᠬᠢᠶᠠᠭᠴᠢ᠄ ᠭᠦᠳᠡᠭᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 2636
ᠴᠠᠭ᠄ 2011 ᠤᠨ ᠤ 05 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ