ᠨᠡᠪᠲᠡᠷᠡᠨ ᠤᠷᠤᠬᠤ
ᠥᠭᠡᠯᠡᠳ ᠮᠤᠩᠭ᠋ᠤᠯ ᠤᠨ 《ᠰᠦ᠋ (ᠴᠠᠭᠠᠨ)》 ᠮᠤᠳᠤ ᠪᠣᠯᠢᠶᠠᠯᠳᠤᠬᠤ ᠨᠠᠭᠠᠳᠤᠮ

ᠣᠯᠠᠨ ᠵᠢᠯ ᠤᠨ ᠳᠤᠷᠰᠢ᠂ ᠳᠡᠦᠭᠡ ᠰᠤᠳᠤᠯᠤᠯ ᠤᠨ ᠡᠷᠳᠡᠮᠳᠡᠳ ᠤᠨ ᠥᠵᠡᠭᠦ ᠪᠠᠷ᠂ ᠳᠠᠯ᠎ᠠ ᠨᠤᠳᠤᠭ ᠤᠨ ᠥᠭᠡᠯᠡᠳ ᠮᠤᠩᠭ᠋ᠤᠯᠴᠤᠳ ᠣᠳᠠᠭᠠᠨ ᠵᠢᠯ ᠤᠨ ᠳᠠᠢ᠌ᠨ ᠪᠠᠢ᠌ᠯᠳᠤᠭᠠᠨ ᠤ ᠣᠷᠤᠭ᠎ᠠ ᠪᠣᠰᠬᠤᠭ᠎ᠠ ᠡᠳᠦᠷ ᠤᠳ ᠲᠤ ᠳᠠᠪᠳᠠᠭᠳᠠᠨ ᠳᠠᠪᠳᠠᠭᠳᠠᠵᠤ᠂ ᠬᠠᠳᠠᠨ ᠪᠠᠭᠠᠳᠤᠷ ᠵᠤᠷᠢᠭ ᠰᠦᠯᠳᠡ᠂ ᠬᠠᠳᠠᠭᠤ ᠴᠢᠭᠢᠷᠠᠭ ᠪᠠᠶ᠎ᠠ ᠪᠢᠯᠳᠠᠷ ᠢ ᠣᠷᠭᠤᠨ ᠪᠣᠰᠬᠠᠵᠠᠢ᠃ ᠨᠠᠩ ᠴᠤ ᠥᠭᠡᠯᠡᠳ ᠮᠤᠩᠭ᠋ᠤᠯ ᠤᠨ ᠦᠪᠡᠷᠮᠢᠴᠠ ᠰᠤᠶᠤᠯ ᠢ ᠡᠭᠦᠳᠤᠨ ᠪᠦᠳᠦᠭᠡᠵᠡᠢ᠃

ᠪᠢᠳᠠ᠂ ᠣᠮᠠᠷᠠᠳᠤ ᠶᠢᠨ ᠴᠥᠭᠡᠨ ᠳᠤᠭᠠᠳᠤ ᠦᠨᠳᠦᠰᠦᠳᠠᠨ ᠤ ᠥᠯᠦᠭᠡᠢ ᠪᠣᠯᠤᠭᠰᠠᠨ ᠭᠦᠯᠤᠨ ᠪᠣᠢ᠌ᠷ ᠲᠤ᠂ ᠥᠭᠡᠯᠡᠳ ᠮᠤᠩᠭ᠋ᠤᠯᠴᠤᠳ ᠤᠨ ᠨᠤᠳᠤᠭ ᠊᠊᠊᠊᠊᠊᠊᠊᠊᠊᠊᠊᠊᠊᠊ ᠢᠮᠢᠨ ᠰᠤᠮᠤ ᠳᠤ ᠭᠦᠷᠴᠤ᠂ ᠥᠭᠡᠯᠡᠳᠴᠥᠳ ᠤᠨ ᠡᠳᠦᠭᠡ ᠶᠢ ᠣᠢ᠌ᠯᠠᠭᠠᠨ ᠣᠳᠤᠭᠢ ᠠᠮᠢᠳᠤᠷᠠᠯ ᠲᠡᠶ ᠣᠢ᠌ᠷᠠᠳᠤᠬᠤ ᠳᠤ᠂ ᠳᠠᠳᠠᠨ ᠤ ᠳᠡᠷᠡᠭᠦ ᠳᠡᠦᠭᠡ ᠰᠤᠶᠤᠯ ᠤᠨ ᠦᠨᠦᠷ ᠠᠮᠳᠠ ᠳᠤ ᠰᠤᠭᠳᠤᠭᠤᠷᠠᠵᠤ᠂ ᠰᠡᠳᠭᠢᠯ ᠵᠢᠷᠦᠭᠡ ᠮᠠᠨᠢ ᠦᠪᠡᠷ ᠤᠨ ᠡᠷᠭᠡ ᠦᠭᠡᠶ ᠳᠠᠳᠠᠭᠳᠠᠬᠤ ᠶᠤᠮ᠃

ᠥᠭᠡᠯᠡᠳᠴᠥᠳ 《ᠴᠠᠭᠠᠨ ᠮᠤᠳᠤ》 ᠪᠣᠯᠢᠶᠠᠯᠳᠤᠬᠤ ᠨᠠᠭᠠᠳᠤᠮ ᠢ《ᠰᠦ᠋》 ᠪᠣᠯᠢᠶᠠᠯᠳᠤᠬᠤ ᠳᠤᠭᠯᠠᠭᠠᠮ ᠭᠡᠳᠡᠭ᠌᠂ ᠡᠨᠡ ᠨᠢ ᠡᠷᠳᠡ ᠳᠡᠭᠡᠳᠤ ᠡᠴᠡ ᠣᠯᠠᠮᠵᠢᠯᠠᠵᠤ ᠢᠷᠡᠭ᠍ᠰᠡᠨ᠂ ᠦᠨᠳᠦᠰᠦᠳᠠᠨ ᠤ ᠣᠠᠴᠠᠯᠢᠭᠳᠤ ᠪᠠᠶ᠎ᠠ ᠶᠢᠨ ᠳᠠᠮᠢᠷ ᠤᠨ ᠮᠥᠷᠥᠢᠴᠡᠭᠡᠨ ᠪᠣᠯᠬᠤ ᠶᠤᠮ᠃ ᠳᠡᠭᠦᠨ ᠤ ᠨᠠᠷᠢᠨ ᠣᠤᠠᠬ᠎ᠠ ᠶᠢ ᠨᠢ ᠣᠢ᠌ᠯᠭᠠᠬᠤ ᠳᠤ ᠣᠷᠳᠤ ᠬᠤᠭᠤᠴᠠᠭᠠᠨ ᠤ ᠰᠥᠪᠠᠭ᠍ᠴᠢᠯᠡᠯᠳᠡ ᠪᠣᠯᠤᠨ ᠭᠦᠳᠡᠭᠡ ᠨᠤᠳᠤᠭ ᠤᠨ ᠪᠣᠳᠠᠳᠤ ᠠᠮᠢᠳᠤᠷᠠᠯ ᠢ ᠥᠩᠭᠡᠷᠡᠭᠦᠯᠭᠦ ᠭᠡᠷᠡᠭ᠍ᠳᠡᠢ᠃

ᠥᠭᠡᠯᠡᠳ ᠪᠣᠯ ᠣᠢ᠌ᠷᠠᠤᠨ ᠤᠨ ᠳᠦᠷᠪᠡᠨ ᠶᠡᠭᠡ ᠠᠢ᠌ᠮᠠᠭ ᠣᠭᠰᠠᠭ᠎ᠠ ᠶᠢᠨ ᠨᠢᠭᠡ ᠨᠢ ᠪᠣᠯᠬᠤ ᠶᠤᠮ᠃ ᠣᠳᠤᠬᠠᠨ ᠳᠤ ᠭᠦᠯᠤᠨ ᠪᠣᠢ᠌ᠷ ᠤᠨ ᠳᠠᠯ᠎ᠠ ᠨᠤᠳᠤᠭ ᠲᠤ ᠮᠢᠩᠭ᠋᠎ᠠ ᠣᠷᠴᠢᠮ ᠥᠭᠡᠯᠡᠳᠴᠥᠳ ᠣᠷᠤᠰᠢᠨ ᠠᠮᠢᠳᠤᠷᠠᠵᠤ᠂ ᠮᠠᠯ ᠠᠵᠤ ᠠᠬᠤᠢ ᠶᠢ ᠡᠷᠭᠢᠯᠡᠭᠦ ᠪᠠᠷ ᠭᠤᠤᠯᠳᠠᠵᠤ ᠪᠠᠢ᠌ᠨ᠎ᠠ᠃

ᠣᠢ᠌ᠷᠠᠳᠴᠤᠳ ᠠᠷᠪᠠᠨ ᠬᠤᠶᠠᠳᠤᠭᠠᠷ ᠵᠠᠭᠤᠨ ᠤ ᠦᠶ᠎ᠡ ᠳᠤ᠂ ᠰᠢᠠᠵᠢᠶᠠᠩ ᠤᠨ ᠠᠯᠳᠠᠢ ᠬᠠᠩᠭ᠋ᠠᠢ᠂ ᠬᠠᠨᠠᠰᠠ ᠭᠤᠤᠯ᠂ ᠰᠡᠯᠡᠩᠭᠡ ᠮᠦᠷᠠᠨ ᠪᠣᠯᠤᠨ ᠶ‍ᠸᠨᠢᠰᠧ ᠭᠤᠤᠯ ᠤᠨ ᠳᠤᠮᠳᠠ ᠳᠤᠤᠷᠠᠳᠤ ᠰᠠᠪᠠ᠂ ᠰᠢᠭ᠍ᠰᠢᠳ ᠤᠨ ᠥᠷᠭᠡᠨ ᠠᠭᠤᠳᠠᠮ ᠳᠠᠯ᠎ᠠ ᠨᠤᠳᠤᠭ᠂ ᠭᠦᠪᠴᠢ ᠰᠠᠬᠤᠯᠠᠭ ᠣᠢ ᠰᠢᠭᠤᠢ ᠪᠠᠷ ᠨᠤᠳᠤᠭᠰᠢᠨ ᠰᠠᠭᠤᠵᠤ ᠪᠠᠢ᠌ᠪᠠ᠃ ᠮᠠᠠᠵᠤ ᠶᠢᠨ ᠬᠠᠭᠠᠨ ᠵᠡᠭᠦᠨᠭᠠᠷ ᠬᠠᠭᠠᠠᠳᠤ ᠣᠯᠤᠰ ᠢ ᠳᠦᠷᠢᠮᠡᠭᠡᠢ᠌ᠯᠡᠭᠦ ᠳᠡᠭᠡᠨ ᠣᠢ᠌ᠷᠠᠳᠴᠤᠳ ᠲᠤ ᠬᠠᠷᠠᠳᠠᠭᠠᠤᠨ᠂ ᠠᠯᠠᠬᠤ ᠪᠣᠯᠤᠨ ᠰᠠᠯᠭᠠᠬᠤ ᠬᠠᠷᠭᠢᠰ ᠪᠣᠳᠤᠯᠭ᠎ᠠ ᠭᠡᠷᠡᠭ᠍ᠵᠢᠭᠦᠯᠦᠭ᠍ᠰᠡᠨ ᠪᠢᠯᠠ᠃ ᠭᠦᠯᠤᠨ ᠪᠣᠢ᠌ᠷ ᠤᠨ ᠥᠭᠡᠯᠡᠳᠴᠥᠳ ᠪᠣᠯ ᠳᠡᠷᠡᠭᠦ ᠬᠠᠷᠭᠢᠰ ᠳᠠᠷᠤᠩᠭ᠋ᠣᠢ᠌ᠯᠠᠯ ᠳᠤᠤᠷ᠎ᠠ ᠠᠷᠭ᠎ᠠ ᠪᠣᠰᠤ ᠠᠯᠳᠠᠢ ᠬᠠᠩᠭ᠋ᠠᠢ ᠡᠴᠡ ᠪᠠᠨ ᠠᠢ᠌ᠯᠳᠠᠨ ᠰᠠᠯᠵᠤ ᠨᠡᠭᠦᠳᠡᠯᠯᠡᠭ᠍ᠰᠡᠨ ᠵᠦᠡᠭ᠌ ᠲᠦᠮᠡᠨ ᠤ ᠵᠢᠵᠢᠭ᠍‍ᠬᠡᠨ ᠨᠢᠭᠡ ᠰᠠᠯᠪᠣᠷᠢ ᠪᠣᠯᠬᠤ ᠶᠤᠮ᠃ ᠴᠠᠭ ᠴᠠᠭ ᠶᠢᠡᠷ ᠶᠢᠡᠨ ᠪᠠᠢ᠌ᠳᠠᠭ ᠦᠭᠡᠶ᠂ ᠴᠠᠭᠢᠯᠳᠠᠭ ᠭᠦᠭᠡ ᠪᠠᠷ ᠶᠢᠡᠨ ᠪᠠᠢ᠌ᠳᠠᠭ ᠦᠭᠡᠶ ᠭᠡᠳᠡᠭ᠍ᠴᠢᠯᠡᠨ᠂ ᠴᠢᠰᠤ ᠣᠷᠤᠰᠬᠠᠭᠰᠠᠨ ᠳᠡᠷᠡᠭᠦ ᠳᠡᠦᠭᠡᠨ ᠴᠠᠭ ᠦᠶ᠎ᠡ ᠳᠤ᠂ ᠭᠦᠯᠤᠨ ᠪᠣᠢ᠌ᠷ ᠤᠨ ᠥᠭᠡᠯᠡᠳᠴᠥᠳ ᠳᠤᠭᠤᠷᠢᠵᠤ ᠥᠩᠭᠡᠷᠡᠭ᠍ᠰᠡᠨ ᠦᠭᠡᠶ᠂ ᠳᠣᠢ᠌ᠯᠠᠵᠤ ᠭᠠᠷᠤᠭᠰᠠᠨ ᠡᠴᠡ᠂ ᠮᠤᠩᠭ᠋ᠤᠯᠴᠤᠳ ᠤᠨ ᠣᠷᠢᠳᠤ ᠶᠢᠨ ᠳᠡᠦᠭᠡᠨ ᠳᠤ ᠦᠭᠡᠶ ᠬᠤᠯᠠ ᠶᠢᠨ ᠨᠡᠭᠦᠳᠡᠯ ᠡᠢ᠌ᠨ ᠭᠦ ᠡᠭᠦᠰᠦᠭ᠍ᠰᠡᠨ ᠪᠢᠯᠠ᠃

ᠨᠠᠢ᠌ᠷᠠᠯᠳᠤ ᠲᠦᠷᠦ ᠶᠢᠨ ᠠᠷᠪᠠᠨ ᠣᠨ᠂ 1732 ᠣᠨ ᠳᠤ ᠥᠭᠡᠯᠡᠳᠴᠥᠳ᠂ ᠴᠢᠩ ᠤᠨ ᠵᠠᠰᠠᠭ ᠤᠨ ᠳᠤᠮᠢᠯᠠᠯ ᠶᠢᠡᠷ᠂ ᠴᠠᠭᠠᠨ ᠣᠷᠤᠰ ᠤᠨ ᠳᠦᠷᠢᠮᠡᠭᠡᠢ᠌ᠯᠡᠯ ᠢ ᠡᠰᠡᠷᠭᠦᠴᠡᠵᠤ᠂ ᠭᠢᠯᠢ ᠭᠢᠵᠠᠭᠠᠷ ᠤᠨ ᠰᠠᠭᠢᠨ ᠬᠠᠮᠠᠭᠠᠯᠠᠯᠳᠠ ᠶᠢ ᠴᠢᠩᠭ᠋ᠠᠳᠬᠠᠬᠤ ᠶᠢᠨ ᠳᠦᠯᠦᠭᠡ᠂ ᠴᠤᠤᠯ ᠠᠯᠳᠠᠢ ᠡᠴᠡ ᠬᠠᠯᠬ᠎ᠠ ᠶᠢᠨ ᠳᠣᠢ᠌ᠨ ᠭᠤᠤᠯ ᠤᠨ ᠭᠦᠪᠠᠭᠡ ᠪᠠᠷ ᠳᠠᠮᠵᠢᠨ ᠭᠦᠯᠤᠨ ᠪᠣᠢ᠌ᠷ ᠲᠤ ᠨᠡᠭᠦᠨ ᠢᠷᠠᠵᠤ᠂ ᠪᠠᠷᠭᠤ᠂ ᠧᠩᠭᠢ ᠭᠡᠭᠦ ᠵᠡᠷᠭᠡ ᠶᠢᠨ ᠦᠨᠳᠦᠰᠦᠳᠠᠨ ᠶᠠᠰᠤᠳᠠᠨ ᠲᠡᠶ ᠬᠠᠮᠳᠤᠷᠠᠨ ᠭᠦᠴᠦᠷᠭᠡᠭ᠌ ᠶᠡᠭᠡ ᠰᠤᠯᠤᠨ ᠠᠢ᠌ᠮᠠᠭ ᠪᠣᠯᠪᠠ᠃ ᠳᠡᠭᠡᠭᠡᠳ᠂ ᠳᠤᠭᠤᠨᠤᠳᠤ ᠥᠷᠦᠭᠡ ᠪᠣᠰᠬᠠᠨ᠂ ᠦᠪᠡᠷ ᠤᠨ ᠦᠨᠳᠦᠰᠦᠳᠠᠨ ᠶᠠᠰᠤᠳᠠᠨ ᠤ ᠪᠠᠨ ᠵᠤᠷᠢᠭ ᠵᠢᠪᠬᠤᠭ᠎ᠠ ᠪᠠᠨ ᠮᠠᠠᠳᠤᠭᠤᠯᠵᠤ᠂ ᠦᠪᠡᠷᠮᠢᠴᠠ ᠰᠤᠶᠤᠯ ᠤᠨ ᠦᠪ ᠭᠦᠷᠦᠩᠭᠡ ᠶᠢ ᠪᠣᠢ ᠪᠣᠯᠭᠠᠪᠠ᠃ ᠮᠦᠨᠴᠤ᠂ ᠣᠢ ᠶᠢᠨ ᠢᠷᠭᠡᠳ ᠪᠣᠯᠤᠨ ᠥᠭᠡᠷ᠎ᠡ ᠪᠣᠰᠤᠳ ᠦᠨᠳᠦᠰᠦᠳᠠᠨ ᠶᠠᠰᠤᠳᠠᠨ ᠲᠡᠶ ᠠᠬ᠎ᠠ ᠳᠡᠭᠦᠤ᠂ ᠣᠷᠤᠭ ᠰᠠᠳᠤᠨ ᠤ ᠬᠠᠷᠢᠴᠠᠭ᠎ᠠ ᠬᠤᠯᠪᠣᠭ᠎ᠠ ᠲᠡᠶ ᠪᠣᠯᠵᠤ᠂ ᠣᠯᠠᠨ ᠦᠨᠳᠦᠰᠦᠳᠠᠨ ᠶᠠᠰᠤᠳᠠᠨ ᠤ ᠣᠶᠤᠨ ᠣᠬᠠᠭᠠᠨ ᠢ ᠰᠢᠩᠭᠡᠭᠡᠭ᠍ᠰᠡᠨ ᠮᠠᠰᠢ ᠣᠯᠠᠨ ᠰᠤᠶᠤᠯ ᠤᠨ ᠦᠪ ᠭᠦᠷᠦᠩᠭᠡ ᠶᠢ ᠡᠭᠦᠳᠤᠨ ᠪᠦᠳᠦᠭᠡᠪᠡ᠃ 《ᠰᠦ᠋》 ᠪᠣᠯᠢᠶᠠᠯᠳᠤᠬᠤ ᠳᠤᠭᠯᠠᠭᠠᠮ ᠪᠣᠯ ᠳᠠᠷᠤᠢ᠂ ᠳᠡᠷᠡᠭᠦ ᠣᠶᠤᠨ ᠰᠠᠨᠠᠭᠠᠨ ᠤ ᠠᠭᠤᠰᠤᠯᠴᠠᠯ ᠰᠢᠩᠭᠡᠯᠳᠡ ᠶᠢᠨ ᠣᠭᠢ ᠰᠤᠳᠤ ᠪᠦᠭᠡᠳ ᠨᠡᠢ᠌ᠳᠡᠯᠢᠭ᠌ ᠵᠢᠱᠢᠶ᠎ᠠ ᠪᠣᠯᠬᠤ ᠶᠤᠮ᠃

ᠣᠯᠠᠮᠵᠢᠯᠠᠯᠳᠤ ᠶᠠᠷᠢᠶ᠎ᠠ ᠪᠠᠷ ᠄ ᠬᠤᠶᠠᠷ ᠵᠠᠭᠤᠨ ᠵᠢᠯ ᠤᠨ ᠡᠮᠦᠨ᠎ᠡ᠂ ᠥᠭᠡᠯᠡᠳ ᠤᠨ ᠵᠠᠭᠠᠮᠠᠤᠨ ᠨᠠᠰᠤᠳᠠᠨ᠂ ᠡᠷᠦᠭᠡ ᠭᠡᠷ ᠶᠢᠡᠨ ᠠᠴᠢᠶᠠᠯᠠᠨ ᠬᠤᠯᠠ ᠶᠢᠨ ᠵᠠᠮ ᠭᠦᠭᠡᠭᠡᠵᠤ ᠨᠡᠭᠦᠳᠡᠯ ᠭᠢᠭᠦ ᠳᠡᠭᠡᠨ᠂ ᠳᠡᠷᠢᠭᠦᠨ ᠮᠤᠩᠭ᠋ᠤᠯ ᠳᠡᠷᠭᠡᠨ ᠤ ᠳᠡᠩᠭᠢᠯᠢᠭ᠌ ᠤᠨ 《ᠰᠦ᠋》 ᠮᠤᠳᠤ (ᠴᠢᠭᠳᠠᠯᠠᠭᠤᠷ ᠮᠤᠳᠤ᠂ ᠥᠭᠡᠯᠡᠳ ᠭᠦᠮᠤᠨ ᠪᠠᠷᠤᠭ ᠭᠢᠳᠠᠤᠨ ᠥᠰᠦᠭ᠌ ᠵᠢᠨ枢 ᠭᠡᠰᠡᠨ ᠠᠪᠢᠶ᠎ᠠ ᠶᠢ ᠳᠠᠭᠤᠷᠢᠶᠠᠨ 〈ᠰᠥ᠋〉 ᠭᠡᠵᠤ ᠨᠡᠷᠡᠢ᠌ᠳᠦᠭ᠍ᠰᠡᠨ ᠶᠤᠮ ᠦᠦ ᠡᠰᠡᠭᠦᠯ᠎ᠡ ᠳᠡᠭᠦᠨ ᠢ ᠬᠤᠰᠤᠨ ᠮᠤᠳᠤ ᠪᠠᠷ ᠭᠢᠵᠤ ᠴᠠᠭᠠᠨ ᠥᠩᠭᠡ ᠲᠡᠶ ᠪᠠᠢ᠌ᠵᠤ᠂ ᠰᠠᠷᠠ ᠲᠡᠶ ᠰᠦᠨᠢ ᠨᠠᠭᠠᠳᠤᠬᠤ ᠳᠤ ᠰᠥ᠋ ᠰᠢᠭ᠌ ᠴᠠᠭᠠᠨ ᠥᠵᠡᠭ᠍ᠳᠡᠳᠡᠭ᠌ ᠡᠴᠡ〈ᠰᠥ᠋〉 ᠭᠡᠰᠡᠨ ᠴᠤ ᠮᠠᠭᠠᠤᠨ ) ᠨᠢ ᠭᠡᠭᠡᠭ᠍ᠳᠡᠨ᠂ ᠭᠦᠷᠳᠤ ᠨᠢ ᠮᠤᠯᠳᠤᠷᠠᠨ ᠣᠨᠠᠭᠰᠠᠨ ᠡᠴᠡ ᠴᠤᠪᠣᠭ᠎ᠠ ᠳᠡᠷᠭᠡ ᠨᠤᠭᠦᠳ ᠨᠢ ᠥᠷᠭᠦᠯᠵᠢᠯᠡᠨ ᠵᠠᠮ ᠭᠦᠭᠡᠭᠡᠵᠤ ᠴᠢᠳᠠᠬᠤ ᠦᠭᠡᠶ ᠪᠣᠯᠬᠤ ᠳᠤ᠂ ᠵᠠᠭᠠᠮᠠᠤᠨ ᠨᠠᠰᠤᠳᠠᠨ ᠬᠤᠶᠠᠷ ᠭᠦᠤ ᠳᠡᠭᠡᠨ ᠭᠦᠮᠤᠨ ᠪᠦᠷᠢ ᠳᠤ ᠨᠢᠭᠡ ᠪᠦᠯᠦᠭ᠌ ᠭᠦᠮᠤᠨ ᠮᠤᠷᠢ ᠥᠭ᠍ᠴᠤ᠂ ᠣᠤᠯ ᠵᠠᠮ ᠶᠢᠡᠷ ᠪᠣᠴᠠᠵᠤ ᠳᠠᠷᠠ ᠭᠦ 《ᠰᠦ᠋》 ᠮᠤᠳᠤ ᠶᠢ ᠡᠷᠢᠭ᠍ᠳᠤᠨ᠂ ᠭᠡᠨ ᠣᠷᠢᠳᠠᠪᠠᠷ ᠣᠯᠪᠠᠯ ᠳᠡᠭᠦᠨ ᠳᠤ ᠭᠠᠪᠢᠶ᠎ᠠ ᠳᠡᠮᠳᠡᠭᠯᠡᠵᠤ ᠱᠠᠩᠨᠠᠯ ᠭᠦᠷᠳᠡᠭᠡᠨ᠎ᠡ ᠭᠡᠵᠡᠢ᠃ ᠳᠡᠭᠡᠭᠡᠳ ᠠᠬ᠎ᠠ ᠳᠡᠭᠦᠤ ᠬᠤᠶᠠᠷ ᠳᠤᠰ ᠳᠤᠰ ᠤᠨ ᠭᠦᠮᠤᠨ ᠶᠢᠡᠨ ᠳᠠᠭᠠᠭᠤᠯᠠᠨ᠂ ᠦᠳᠡ ᠶᠢᠨ ᠨᠠᠷᠠᠨ ᠡᠴᠡ ᠦᠳᠡᠰᠢ ᠶᠢᠨ ᠪᠦᠷᠦᠢ ᠳᠠᠰᠤᠷᠠᠨ᠂ ᠰᠠᠷᠠᠨ ᠤ ᠭᠡᠷᠡᠯ ᠶᠢᠡᠷ ᠥᠷᠭᠦᠯᠵᠢᠯᠡᠨ ᠡᠷᠢᠵᠤ ᠶᠠᠪᠣᠬᠤ ᠳᠠᠭᠠᠨ ᠳᠡᠭᠦᠤ ᠨᠢ 《ᠰᠦ᠋》 ᠮᠤᠳᠤ ᠶᠢ ᠣᠷᠢᠳᠠᠪᠠᠷ ᠡᠷᠢᠭᠡᠳ ᠣᠯᠵᠠᠢ᠃ ᠭᠡᠳᠡᠯ᠎ᠡ ᠠᠬ᠎ᠠ ᠨᠢ ᠭᠠᠪᠢᠶ᠎ᠠ ᠣᠯᠵᠤ ᠱᠠᠩᠨᠠᠯ ᠭᠦᠷᠳᠡᠭᠦ ᠶᠢ ᠪᠣᠳᠤᠵᠤ᠂ ᠳᠡᠭᠦᠤ ᠳᠡᠭᠡᠨ ᠄ ᠪᠢᠳᠠ ᠪᠦᠷ ᠢᠷᠡᠭ᠍ᠰᠡᠨ ᠵᠠᠮ ᠶᠢᠡᠷ ᠶᠢᠡᠨ ᠬᠠᠮᠳᠤᠪᠠᠷ ᠡᠷᠢᠵᠤ ᠪᠠᠢ᠌ᠳᠠᠯ᠎ᠠ᠂ ᠴᠢ ᠣᠷᠢᠳᠠᠪᠠᠷ ᠣᠯᠵᠤ ᠥᠵᠡᠭ᠍ᠰᠡᠨ ᠨᠢ ᠴᠢᠨᠤ ᠠᠵᠠ ᠲᠤᠬᠢᠶᠠᠯ ᠲᠡᠶ ᠶᠢ ᠬᠠᠷᠠᠭᠤᠯᠵᠤ ᠪᠠᠢ᠌ᠬᠤ ᠡᠴᠡ ᠪᠢᠰᠢ ᠥᠭᠡᠷ᠎ᠡ ᠶᠠᠭᠤᠮ᠎ᠠ ᠶᠢ ᠭᠡᠷᠡᠴᠢᠯᠡᠵᠤ ᠴᠢᠳᠠᠬᠤ ᠦᠭᠡᠶ᠂ ᠬᠤᠶᠠᠭᠤᠯᠠ ᠳᠠᠭᠢᠨ ᠨᠢᠭᠡ ᠣᠳᠠᠭ᠎ᠠ ᠡᠷᠭᠡ ᠳᠡᠭ᠍ᠰᠢ ᠪᠠᠷ《ᠰᠦ᠋》 ᠮᠤᠳᠤ ᠡᠷᠢᠭᠦ ᠮᠥᠷᠥᠢᠴᠡᠭᠡᠨ ᠤ ᠳᠤᠭᠯᠠᠭᠠᠮ ᠭᠢᠵᠤ ᠭᠡᠨ ᠨᠢ ᠣᠷᠢᠳᠠᠪᠠᠷ ᠣᠯᠤᠭᠰᠠᠨ ᠶᠢᠡᠨ ᠳᠤᠭᠳᠠᠬᠤ ᠦᠦ ᠭᠡᠭᠦ ᠳᠤ ᠳᠡᠭᠦᠤ ᠨᠢ ᠄ ᠪᠣᠯᠤᠨ᠎ᠠ᠂ ᠶᠠᠮᠠᠷ ᠳᠤᠭᠯᠠᠭᠠᠮ ᠭᠢᠭᠦ ᠦᠦ ᠭᠡᠪᠠᠯ᠂ ᠠᠬ᠎ᠠ ᠨᠢ ᠄ ᠡᠨᠡᠭᠦ ᠰᠠᠷᠠᠨ ᠤ ᠭᠡᠷᠡᠯ ᠤᠨ ᠳᠤᠤᠷ᠎ᠠ᠂ ᠪᠢᠳᠠ ᠬᠤᠶᠠᠷ ᠳᠠᠯ᠎ᠠ ᠪᠠᠷ ᠶᠢᠡᠨ ᠠᠷᠪᠠ ᠠᠷᠪᠠᠨ ᠭᠦᠮᠤᠨ ᠭᠠᠷᠭᠠᠨ᠂ ᠦᠨᠦᠭᠢ ᠨᠢᠭᠡ ᠭᠦᠷᠳᠤ ᠦᠭᠡᠶ ᠳᠡᠷᠭᠡᠨ ᠡᠴᠡ ᠵᠤᠭᠢᠬᠤ ᠵᠠᠢ ᠲᠡᠶ ᠭᠠᠵᠠᠷ ᠵᠤᠭᠰᠤᠨ᠂ 《ᠰᠦ᠋》 ᠮᠤᠳᠤ ᠶᠢ ᠰᠢᠳᠠᠵᠤ ᠶᠠᠪᠣᠭᠤᠯᠤᠭᠰᠠᠨ ᠤ ᠳᠠᠷᠠᠭ᠎ᠠ ᠭᠠᠵᠠᠷ ᠲᠤ ᠳᠤᠰᠤᠭᠰᠠᠨ ᠳᠠᠭᠤ ᠭᠠᠷᠮᠠᠭᠴᠠ᠂ ᠬᠠᠮᠳᠤᠪᠠᠷ ᠭᠦᠶ‍ᠦᠯᠴᠡᠨ ᠣᠴᠢᠵᠤ ᠠᠯᠢ ᠳᠠᠯ᠎ᠠ ᠶᠢᠨ ᠭᠢ ᠣᠷᠢᠳᠠᠪᠠᠷ ᠣᠯᠵᠤ ᠠᠪᠣᠭᠠᠤᠨ ᠳᠠᠷᠠ ᠭᠦ ᠡᠪᠳᠡᠷᠭᠡᠢ ᠳᠡᠷᠭᠡ ᠶᠢ ᠣᠭᠰᠠᠷᠠᠨ ᠪᠣᠰᠬᠠᠪᠠᠯ ᠳᠠᠷᠤᠢ 《ᠰᠦ᠋》 ᠮᠤᠳᠤ ᠶᠢ ᠵᠢᠩᠭᠢᠨᠢ ᠡᠷᠢᠵᠤ ᠣᠯᠤᠭᠰᠠᠨ ᠡᠳᠡᠭᠡᠳ ᠪᠣᠯᠤᠨ᠎ᠠ ᠭᠡᠭᠦ ᠳᠤ᠂ ᠳᠡᠭᠦᠤ ᠨᠢ ᠵᠦᠪᠰᠢᠶᠠᠷᠠᠨ ᠡᠨᠡ ᠭᠦ ᠮᠥᠷᠥᠢᠴᠡᠭᠡᠨ ᠢ ᠭᠢᠵᠠᠢ᠃ ᠡᠴᠦᠰ ᠲᠡᠭᠡᠨ ᠠᠬ᠎ᠠ ᠶᠢᠨ ᠳᠠᠯ᠎ᠠ ᠶᠢᠨ ᠭᠢᠨᠢ ᠳᠠᠢ᠌ᠯᠵᠤ᠂ ᠳᠡᠷᠢᠭᠦᠨ ᠳᠡᠷᠭᠡ ᠶᠢ ᠵᠠᠰᠠᠨ ᠰᠠᠯᠪᠢᠵᠠᠢ᠃ ᠡᠨᠡ ᠪᠦᠭᠦᠨ ᠢ ᠣᠯᠵᠤ ᠮᠡᠳᠡᠭ᠍ᠰᠡᠨ ᠵᠠᠭᠠᠮᠠᠤᠨ ᠨᠠᠰᠤᠳᠠᠨ ᠶᠡᠭᠡ ᠯᠠ ᠪᠠᠶᠠᠷᠯᠠᠨ᠂ ᠬᠤᠶᠠᠷ ᠭᠦᠤ ᠳᠡᠭᠡᠨ ᠳᠤᠰᠪᠣᠷᠢ ᠨᠢᠭᠡᠨ ᠠᠭᠳᠠ ᠮᠤᠷᠢ ᠱᠠᠩᠨᠠᠵᠤ᠂ ᠠᠬ᠎ᠠ ᠨᠢ ᠰᠠᠴᠠᠨ ᠰᠡᠷᠭᠦᠯᠡᠩ ᠡᠷᠡᠯᠭᠡᠭ᠌ ᠪᠠᠭᠠᠳᠤᠷᠯᠢᠭ᠂ ᠳᠡᠭᠦᠤ ᠨᠢ ᠠᠭᠤᠳᠠᠮ ᠴᠡᠭᠡᠵᠢ ᠲᠡᠶ᠂ ᠦᠨᠡᠠᠴᠢ ᠭᠤᠤᠯᠯᠠᠴᠢ ᠶᠢ ᠮᠠᠭᠳᠠᠨ ᠰᠠᠢ᠌ᠰᠢᠶᠠᠵᠠᠢ᠃ ᠡᠭᠦᠨ ᠡᠴᠡ ᠬᠣᠢ᠌ᠰᠢ᠂ ᠡᠨᠡ ᠭᠦ 《ᠰᠦ᠋》 ᠮᠤᠳᠤᠨ ᠤ ᠮᠥᠷᠥᠢᠴᠡᠭᠡᠨ ᠨᠢ ᠳᠠᠯ᠎ᠠ ᠶᠢᠨ ᠮᠠᠯᠴᠢᠳ ᠤᠨ ᠳᠤᠮᠳᠠ ᠥᠷᠭᠡᠨ ᠶᠢᠡᠷ ᠣᠯᠠᠮᠵᠢᠯᠠᠭᠳᠠᠨ ᠢᠷᠡᠭ᠍ᠰᠡᠨ ᠪᠠᠢ᠌ᠨ᠎ᠠ᠃

ᠬᠤᠶᠠᠷ ᠵᠠᠭᠤ ᠭᠠᠷᠤᠢ ᠵᠢᠯ ᠤᠨ ᠳᠤᠷᠰᠢ᠂ ᠳᠤᠰ ᠮᠥᠷᠥᠢᠴᠡᠭᠡᠨ ᠨᠢ ᠣᠯᠠᠮᠵᠢᠯᠠᠭᠳᠠᠨ ᠳᠠᠷᠬᠠᠭᠠᠭᠳᠠᠵᠤ ᠭᠦᠭ᠍ᠵᠢᠭ᠍ᠰᠡᠭᠡᠷ᠂ ᠡᠷᠡᠭ᠍ᠳᠡᠢ ᠡᠮᠡᠭ᠍ᠳᠡᠢ᠂ ᠭᠦᠭ᠍ᠰᠢᠨ ᠵᠠᠯᠠᠭᠤ᠂ ᠬᠡᠦᠬᠡᠳ ᠪᠠᠭᠠᠴᠤᠳ ᠭᠡᠰᠡᠨ ᠦᠭᠡᠶ ᠪᠠᠬᠠᠷᠬᠠᠨ ᠨᠠᠭᠠᠳᠤᠬᠤ ᠣᠯᠠᠨ ᠲᠦᠮᠡᠠᠴᠢ ᠴᠢᠨᠠᠷ ᠲᠡᠶ ᠪᠠᠶ᠎ᠠ ᠶᠢᠨ ᠳᠠᠮᠢᠷ ᠤᠨ ᠭᠦᠳᠡᠯᠭᠡᠭᠡᠨ ᠪᠣᠯᠤᠭᠰᠠᠨ ᠮᠥᠷᠳᠡᠭᠡᠨ ᠠᠭᠠᠵᠢᠮ ᠶᠢᠡᠷ ᠣᠢ ᠶᠢᠨ ᠢᠷᠭᠡᠳ ᠪᠠ ᠥᠭᠡᠷ᠎ᠡ ᠪᠣᠰᠤᠳ ᠦᠨᠳᠦᠰᠦᠳᠠᠨ ᠶᠠᠰᠤᠳᠠᠨ ᠳᠤ ᠴᠤ ᠳᠠᠭᠠᠰᠢᠶᠠᠭᠳᠠᠨ ᠨᠠᠭᠠᠳᠤᠬᠤ ᠪᠣᠯᠵᠠᠢ᠃ ᠣᠳᠤᠬᠠᠨ ᠳᠤ᠂ ᠳᠤᠰ ᠭᠦᠳᠡᠯᠭᠡᠭᠡᠨ ᠨᠢ ᠧᠩᠭᠢ ᠬᠤᠰᠢᠭᠤᠨ ᠤ ᠵᠢᠯ ᠪᠦᠷᠢ ᠭᠢᠳᠡᠭ᠌ 《ᠰᠸᠪᠵᠢᠨ》 ᠨᠠᠢ᠌ᠷ ᠤᠨ ᠣᠷᠤᠯᠳᠤᠭᠠᠨ ᠤ ᠨᠢᠭᠡ ᠨᠢ ᠪᠣᠯᠵᠤ᠂ ᠪᠠᠰᠠ ᠴᠤ ᠳᠤᠮᠳᠠᠳᠤ ᠪᠠᠭ᠎ᠠ ᠰᠤᠷᠭᠠᠭᠤᠯᠢ ᠶᠢᠨ ᠪᠠᠶ᠎ᠠ ᠶᠢᠨ ᠳᠠᠮᠢᠷ ᠤᠨ ᠭᠡᠴᠢᠶᠡᠯ ᠤᠨ ᠵᠢᠭᠠᠬᠤ ᠠᠭᠤᠯᠭ᠎ᠠ ᠳᠤ ᠣᠷᠤᠭᠤᠯᠤᠭᠰᠠᠨ ᠪᠠᠢ᠌ᠨ᠎ᠠ᠃ ᠡᠭᠦᠨ ᠤ ᠬᠠᠮᠳᠤ᠂ ᠳᠤᠰᠬᠠᠢ ᠮᠡᠷᠭᠡᠵᠢᠯᠳᠡᠨ ᠤ ᠰᠤᠳᠤᠯᠤᠯᠳᠠ ᠪᠣᠯᠤᠨ ᠰᠢᠰᠲ᠋ᠸᠮᠴᠢᠯᠠᠯᠳᠠ ᠪᠠᠷ ᠳᠠᠮᠵᠢᠨ᠂ 《ᠰᠦ᠋》 ᠮᠤᠳᠤ ᠪᠣᠯᠢᠶᠠᠯᠳᠤᠬᠤ ᠮᠥᠷᠥᠢᠴᠡᠭᠡᠨ ᠨᠢ ᠳᠤᠭᠳᠠᠭᠰᠠᠨ ᠳᠠᠯᠠᠪᠣᠷ ᠲᠡᠶ᠂ ᠳᠤᠭᠳᠠᠭᠰᠠᠨ ᠳᠦᠷᠢᠮ ᠳᠤᠭᠳᠠᠭᠠᠯ ᠲᠡᠶ ᠪᠠᠶ᠎ᠠ ᠶᠢᠨ ᠳᠠᠮᠢᠷ ᠤᠨ ᠭᠦᠳᠡᠯᠭᠡᠭᠡᠨ ᠪᠣᠯᠤᠭᠰᠠᠨ ᠪᠠᠢ᠌ᠨ᠎ᠠ᠃

ᠣᠳᠤ ᠶᠢᠨ ᠪᠠᠶ᠎ᠠ ᠶᠢᠨ ᠳᠠᠮᠢᠷ ᠤᠨ ᠣᠷᠤᠯᠳᠤᠭᠠᠨ ᠳᠤ ᠣᠷᠤᠯᠴᠠᠵᠤ ᠪᠠᠢ᠌ᠭ᠎ᠠ 《ᠰᠦ᠋》 ᠮᠤᠳᠤ ᠪᠣᠯᠢᠶᠠᠯᠳᠤᠬᠤ ᠣᠷᠤᠯᠳᠤᠭᠠᠨ ᠤ ᠳᠠᠯᠠᠪᠣᠷ ᠪᠠ ᠳᠦᠷᠢᠮ ᠳᠤᠭᠳᠠᠭᠠᠯ ᠳᠤ ᠳᠤᠤᠷᠠᠭᠢ ᠮᠠᠳᠤ ᠵᠣᠢ᠌ᠯᠠᠰ ᠪᠠᠭᠳᠠᠨ᠎ᠠ᠂

《ᠰᠦ᠋》 ᠮᠤᠳᠤ ᠪᠣᠯᠢᠶᠠᠯᠳᠤᠬᠤ ᠣᠷᠤᠯᠳᠤᠭᠠᠨ ᠤ ᠳᠠᠯᠠᠪᠣᠷ ᠢ《〈ᠰᠥ᠋〉 ᠨᠢᠭᠤᠬᠤ ᠣᠷᠤᠨ》᠂ 《ᠭᠠᠪᠰᠢᠭᠠᠢ ᠣᠲ᠋ᠷᠢᠶᠠᠲ᠋ ᠤᠨ ᠣᠷᠤᠨ》᠂ 《ᠳᠤᠮᠳᠠ ᠳᠤᠭᠤᠷᠢᠭ ᠤᠨ ᠣᠷᠤᠨ》᠂ 《ᠠᠷᠤ ᠬᠠᠢ᠌ᠭᠤᠯ ᠤᠨ ᠣᠷᠤᠨ》 ᠪᠣᠯᠤᠨ 《ᠳᠡᠷᠭᠡᠨ ᠭᠦᠷᠳᠤᠨ ᠤ ᠣᠷᠤᠨ》 ᠭᠡᠵᠤ ᠬᠤᠪᠢᠶᠠᠨ᠂ ᠬᠤᠶᠠᠷ ᠵᠡᠷᠭᠡᠯᠡᠳᠡᠭᠡ ᠡᠳᠡᠭᠡᠳ ᠤᠨ ᠬᠤᠭᠤᠷᠤᠠᠳᠤᠭᠢ ᠵᠣᠣᠪᠠᠡᠭ᠌ ᠳᠤᠭᠤᠷᠢᠭ ᠣᠷᠤᠨ ᠢ ᠬᠠᠮᠳᠤ ᠶᠢᠨ ᠣᠷᠤᠨ ᠭᠡᠵᠤ᠂ ᠱᠠᠳᠤᠯᠵᠢᠨ ᠭᠡᠯᠪᠠᠷᠢ ᠶᠢᠨ ᠳᠠᠯᠠᠪᠣᠷ ᠤᠨ ᠳᠡᠭᠡᠳᠤ ᠭᠦᠪᠠᠭᠡ ᠨᠢ 15 ᠮᠸᠲ᠋ᠷ ᠳᠤᠤᠷ᠎ᠠ ᠭᠦᠪᠠᠭᠡ ᠨᠢ 30 ᠮᠸᠲ᠋ᠷ᠂ ᠳᠡᠭᠡᠷ᠎ᠡ ᠳᠤᠤᠷ᠎ᠠ ᠭᠦᠪᠠᠭᠡ ᠶᠢᠨ ᠬᠤᠭᠤᠷᠤᠠᠳᠤᠭᠢ ᠵᠠᠢ ᠨᠢ 56 ᠮᠸᠲ᠋ᠷ ᠪᠠᠢ᠌ᠳᠠᠭ᠃

《ᠰᠦ᠋》 ᠮᠤᠳᠤᠨ ᠤ ᠣᠷᠳᠤ ᠨᠢ 30 ᠰᠠᠠᠲ᠋ᠢᠮᠸᠲ᠋ᠷ᠂ ᠳ᠋ᠢᠶᠠᠮᠸᠲ᠋ᠷ ᠨᠢ 5 ᠰᠠᠠᠲ᠋ᠢᠮᠸᠲ᠋ᠷ᠂ ᠭᠦᠡᠳᠤ ᠨᠢ 0.375 ᠺᠢᠯᠦᠭ᠍ᠷᠡᠮ ᠪᠠᠭᠠᠨ᠎ᠠ ᠭᠡᠯᠪᠠᠷᠢ ᠲᠡᠶ ᠴᠠᠭᠠᠨ ᠬᠤᠰᠤᠨ ᠮᠤᠳᠤ ᠪᠣᠯᠤᠨ᠎ᠠ᠃

ᠣᠷᠤᠯᠳᠤᠭᠠᠨ ᠳᠤ ᠣᠷᠤᠯᠴᠠᠬᠤ ᠳᠠᠮᠢᠷᠴᠢᠳ ᠦᠨᠳᠦᠰᠦᠳᠠᠨ ᠤ ᠣᠠᠴᠠᠯᠢᠭ ᠲᠡᠶ ᠮᠥᠷᠳᠡᠭᠡᠨ ᠬᠤᠶᠠᠷ ᠡᠳᠡᠭᠡᠳ ᠠᠳᠠᠯᠢ ᠪᠣᠰᠤ ᠶᠢᠨ ᠥᠩᠭᠡ ᠲᠡᠶ ᠬᠤᠪᠴᠠᠰᠤ ᠡᠮᠦᠰᠴᠤ᠂ ᠭᠦᠭᠡ ᠭᠦᠭᠡᠭ᠍ᠴᠢᠨ ᠬᠤᠶᠠᠷ ᠳᠤᠭᠣᠢ᠌ᠯᠠᠩ ᠬᠤᠪᠢᠶᠠᠨ᠂ ᠳᠤᠭᠣᠢ᠌ᠯᠠᠩ ᠪᠦᠷᠢ 7 ᠭᠦᠮᠤᠨ ᠪᠠᠢ᠌ᠵᠤ᠂ (ᠣᠷᠤᠯᠠᠭᠴᠢ ᠳᠠᠮᠢᠷᠴᠢᠨ ᠭᠡᠵᠤ ᠦᠭᠡᠶ) ᠣᠷᠤᠯᠳᠤᠭᠠᠨ ᠳᠤ ᠣᠷᠤᠯᠴᠠᠨ᠎ᠠ᠃ ᠣᠷᠤᠯᠳᠤᠭᠠᠨ ᠳᠤ ᠨᠢᠭᠡ ᠳᠡᠷᠢᠭᠦᠨ ᠰᠠᠭᠤᠳᠠᠯ ᠤᠨ ᠭᠢᠨᠠᠭᠴᠢ᠂ ᠬᠤᠶᠠᠷ ᠳᠠᠳ᠋ ᠭᠢᠨᠠᠭᠴᠢ ᠪᠠᠢ᠌ᠵᠤ᠂ ᠳᠡᠷᠢᠭᠦᠨ ᠰᠠᠭᠠᠳᠠᠯ ᠤᠨ ᠭᠢᠨᠠᠭᠴᠢ ᠨᠢ ᠣᠷᠤᠯᠳᠤᠭᠠᠨ ᠤ ᠬᠤᠪᠢ ᠣᠯᠭᠤᠬᠤ ᠪᠠ ᠡᠰᠡᠭᠦ᠂ ᠳᠠᠮᠢᠷᠴᠢᠳ ᠢ ᠳᠤᠷᠭᠠᠬᠤ ᠪᠠ ᠡᠰᠡᠭᠦ ᠶᠢ ᠬᠠᠷᠢᠭᠤᠴᠠᠵᠤ᠂ ᠬᠤᠶᠠᠷ ᠳᠠᠳ᠋ ᠭᠢᠨᠠᠭᠴᠢ ᠨᠢ 《ᠰᠦ᠋》 ᠮᠤᠳᠤ ᠨᠢᠭᠤᠬᠤ ᠪᠣᠯᠤᠨ ᠪᠦᠭᠦᠢᠯᠡ ᠳᠠᠯᠠᠪᠣᠷ ᠤᠨ ᠪᠠᠭᠠᠵᠢ ᠭᠡᠷᠡᠭ᠍ᠰᠡᠯ᠂ ᠬᠤᠪᠴᠠᠰᠤ ᠬᠤᠨᠠᠷ ᠢ ᠪᠠᠢ᠌ᠴᠠᠭᠠᠬᠤ ᠠᠵᠢᠯ ᠢ ᠬᠠᠷᠢᠭᠤᠴᠠᠨ᠎ᠠ᠃

ᠳᠡᠷᠢᠭᠦᠨ ᠰᠠᠭᠤᠳᠠᠯ ᠤᠨ ᠭᠢᠨᠠᠭᠴᠢ ᠡᠴᠡ ᠣᠷᠤᠯᠳᠤᠭᠠᠨ ᠡᠭᠢᠯᠡᠭᠦ ᠳᠤᠭᠢᠶ᠎ᠠ ᠳᠤᠤᠭᠠᠷᠭᠠᠮᠠᠭᠴᠠ᠂ ᠳᠠᠳ᠋ ᠭᠢᠨᠠᠭᠴᠢ 《ᠰᠦ᠋》 ᠶᠢ ᠨᠢᠭᠤᠵᠤ᠂ ᠬᠤᠶᠠᠷ ᠳᠤᠠᠭᠣᠢ᠌ᠯᠠᠩ ᠡᠴᠡ ᠨᠢᠭᠡ ᠨᠠᠷᠠᠰ ᠳᠦᠯᠦᠭᠡᠯᠡᠭ᠍ᠴᠢ ᠰᠤᠩᠭ᠋ᠤᠵᠤ ᠳᠡᠷᠭᠡᠨ ᠭᠦᠷᠳᠤ ᠶᠢ ᠲᠦᠯᠬᠢᠨ ᠣᠷᠤᠯᠳᠤᠭᠠᠨ ᠤ ᠡᠡᠭ᠍ᠨᠡᠭᠡ ᠶᠢ ᠳᠠᠭᠠᠭᠤᠯᠤᠨ ᠳᠠᠯᠠᠪᠣᠷ ᠲᠤ ᠣᠷᠤᠵᠤ᠂ ᠦᠨᠳᠦᠰᠦᠳᠠᠨ ᠤ ᠵᠠᠩᠰᠢᠯ ᠶᠢᠡᠷ ᠥᠵᠡᠭ᠍ᠴᠢᠳ ᠲᠤ ᠮᠡᠡᠳᠦᠴᠢᠯᠡᠭ᠍ᠰᠡᠨ ᠤ ᠳᠠᠷᠠᠭ᠎ᠠ ᠬᠠᠷᠢᠯᠴᠠᠨ ᠶᠤᠰᠤᠯᠠᠯᠴᠠᠵᠤ᠂ ᠬᠤᠪᠢ ᠬᠤᠪᠢᠨ ᠤ ᠣᠷᠤᠯᠳᠤᠭᠠᠨ ᠤ ᠪᠠᠢ᠌ᠷᠢ ᠳᠠᠭᠠᠨ ᠣᠴᠢᠨ᠎ᠠ᠃ ᠬᠤᠶᠠᠳᠤᠭᠠᠷ ᠳᠤᠭᠢᠶ᠎ᠠ ᠳᠤᠤᠭᠠᠷᠠᠬᠤ ᠲᠡᠶ ᠵᠡᠷᠭᠡ ᠣᠷᠤᠯᠳᠤᠭᠠᠨ ᠵᠢᠩᠭᠢᠨᠢ ᠪᠠᠷ ᠡᠭᠢᠯᠡᠵᠤ᠂ ᠡᠮᠦᠨ᠎ᠡ ᠹᠷᠤᠠᠲ᠋ ᠤᠨ ᠳᠠᠮᠢᠷᠴᠢᠨ 《ᠰᠦ᠋》 ᠮᠤᠳᠤ ᠨᠢᠭᠤᠭᠰᠠᠨ ᠳᠤᠭᠤᠷᠢᠭ ᠲᠤ ᠣᠷᠤᠵᠤ 《ᠰᠦ᠋》 ᠮᠤᠳᠤ ᠶᠢ ᠡᠷᠢᠨ᠎ᠡ᠃ ᠥᠭᠡᠷ᠎ᠡ ᠪᠣᠰᠤᠳ ᠳᠠᠮᠢᠷᠴᠢᠨ ᠬᠤᠪᠢ ᠬᠤᠪᠢᠨ ᠤ ᠣᠷᠤᠯᠳᠤᠭᠠᠨ ᠤ ᠳᠤᠭᠤᠷᠢᠭ ᠲᠠᠭᠠᠨ ᠪᠠᠢ᠌ᠵᠤ᠂ 《ᠰᠦ᠋》 ᠮᠤᠳᠤ ᠶᠢ ᠣᠷᠢᠤᠠᠴᠢᠯᠠᠨ ᠡᠷᠢᠵᠤ ᠣᠯᠤᠭᠰᠠᠨ ᠠᠩᠭᠢ ᠨᠢ ᠨᠢᠭᠡ ᠬᠤᠪᠢ ᠣᠯᠵᠤ᠂ ᠭᠡᠷᠪᠡ ᠭᠠᠪᠰᠢᠭᠠᠢ ᠣᠲ᠋ᠷᠢᠶᠠᠲ᠋ ᠤᠨ ᠳᠠᠮᠢᠷᠴᠢᠨ ᠡᠴᠡ ᠳᠤᠮᠳᠠ ᠳᠤᠭᠤᠷᠢᠭ ᠤᠨ ᠳᠠᠮᠢᠷᠴᠢᠨ ᠳᠤ ᠣᠷᠢᠳᠠᠪᠠᠷ ᠳᠠᠮᠵᠢᠭᠤᠯᠪᠠᠯ ᠳᠤᠰ ᠠᠩᠭᠢ ᠳᠠᠭᠢᠨ ᠨᠢᠭᠡ ᠬᠤᠪᠢ ᠣᠯᠬᠤ ᠪᠣᠯᠤᠨ᠎ᠠ᠃ ᠡᠢ᠌ᠨ ᠭᠦ᠂ ᠠᠷᠤ ᠬᠠᠢ᠌ᠭᠤᠯ ᠤᠨ ᠳᠠᠮᠢᠷᠴᠢᠨ ᠳᠤ ᠳᠠᠮᠵᠢᠭᠤᠯᠪᠠᠯ ᠪᠠᠰᠠ ᠨᠢᠭᠡ ᠬᠤᠪᠢ ᠣᠯᠵᠤ᠂ ᠠᠷᠤ ᠬᠠᠢ᠌ᠭᠤᠯ ᠤᠨ ᠳᠠᠮᠢᠷᠴᠢᠨ ᠡᠴᠡ《ᠰᠦ᠋》 ᠶᠢ ᠳᠡᠷᠭᠡᠨ ᠭᠦᠷᠳᠤᠨ ᠳᠤᠭᠤᠷᠢᠭ ᠤᠨ ᠳᠠᠮᠢᠷᠴᠢᠨ ᠳᠤ ᠳᠠᠮᠵᠢᠭᠤᠯᠪᠠᠯ ᠪᠠᠰᠠ ᠨᠢᠭᠡ ᠬᠤᠪᠢ ᠨᠠᠮᠠᠨ᠎ᠠ᠃ ᠳᠡᠭᠡᠭᠡᠳ ᠳᠡᠷᠭᠡᠨ ᠭᠦᠷᠳᠤᠨ ᠳᠤᠭᠤᠷᠢᠭ ᠤᠨ ᠳᠠᠮᠢᠷᠴᠢᠨ 《ᠰᠦ᠋》 ᠮᠤᠳᠤ ᠪᠠᠷ ᠶᠢᠡᠨ ᠳᠡᠷᠭᠡᠨ ᠭᠦᠷᠳᠤ ᠶᠢ ᠳᠤᠭᠰᠢᠪᠠᠯ ᠰᠢ᠌ᠤᠠᠪᠣᠷᠢ ᠶᠢᠨ ᠴᠢᠨᠠᠷᠳᠠᠢ 6 ᠬᠤᠪᠢ ᠣᠯᠤᠨ᠂ ᠢᠯᠠᠭᠰᠠᠨ ᠡᠳᠡᠭᠡᠳ ᠪᠣᠯᠵᠤ 《ᠰᠦ᠋》 ᠮᠤᠳᠤᠨ ᠤ ᠨᠢᠭᠡᠨ ᠳᠠᠯᠠᠪᠣᠷ ᠮᠥᠷᠥᠢᠴᠡᠭᠡᠨ ᠳᠡᠭᠦᠰᠦᠨ᠎ᠡ᠃

《ᠰᠦ᠋》 ᠳᠠᠮᠵᠢᠭᠤᠯᠬᠤ ᠶᠠᠪᠣᠴᠠ ᠳᠤ ᠳᠠᠮᠢᠷᠴᠢᠨ ᠭᠠᠷ ᠭᠠᠷ ᠡᠴᠡ ᠪᠠᠨ ᠳᠠᠮᠵᠢᠭᠤᠯᠵᠤ ᠪᠣᠯᠬᠤ ᠡᠴᠡ ᠪᠢᠰᠢ᠂ ᠬᠠᠷᠢᠯᠴᠠᠨ ᠰᠢᠳᠠᠨ ᠳᠠᠮᠵᠢᠭᠤᠯᠵᠤ ᠪᠣᠯᠬᠤ ᠦᠭᠡᠶ᠂ ᠡᠰᠡᠪᠠᠯ 0.5 ᠬᠤᠪᠢ ᠬᠠᠰᠤᠨ᠎ᠠ᠂ ᠵᠥᠪᠭᠡᠨ ᠳᠤᠤᠷ᠎ᠠ ᠨᠢᠭᠡᠨ ᠳᠤᠭᠤᠷᠢᠭ ᠤᠨ ᠳᠠᠮᠢᠷᠴᠢᠨ ᠳᠤ ᠳᠠᠮᠵᠢᠭᠤᠯᠵᠤ ᠪᠣᠯᠬᠤ ᠡᠴᠡ ᠪᠢᠰᠢ᠂ ᠳᠤᠠᠭᠤᠷᠢᠭ ᠠᠯᠤᠰᠯᠠᠨ ᠳᠠᠮᠵᠢᠭᠤᠯᠵᠤ ᠪᠣᠯᠬᠤ ᠦᠭᠡᠶ᠂ ᠡᠰᠡᠪᠠᠯ 0.5 ᠬᠤᠪᠢ ᠬᠠᠰᠤᠨ᠎ᠠ᠃ 《ᠰᠦ᠋》 ᠳᠤᠰᠴᠤ ᠠᠪᠣᠭᠰᠠᠨ ᠤ ᠳᠠᠷᠠᠭ᠎ᠠ ᠭᠠᠵᠠᠷ ᠣᠨᠠᠭᠠᠵᠤ ᠪᠣᠯᠬᠤ ᠦᠭᠡᠶ᠂ ᠡᠰᠡᠪᠠᠯ 0.3 ᠬᠤᠪᠢ ᠬᠠᠰᠤᠬᠤ ᠪᠣᠯᠤᠨ᠎ᠠ᠃ 《ᠰᠦ᠋》 ᠮᠤᠳᠤ ᠣᠯᠤᠭᠰᠠᠨ ᠳᠠᠮᠢᠷᠴᠢᠨ ᠣᠷᠤᠯᠳᠤᠭᠠᠨ ᠤ ᠳᠠᠯᠠᠪᠣᠷ ᠤᠨ ᠱᠤᠭᠤᠮ ᠢ ᠭᠢᠰᠭᠢᠭᠦ ᠪᠣᠶᠤ ᠱᠤᠭᠤᠮ ᠡᠴᠡ ᠭᠠᠷᠪᠠᠯ 0.2 ᠬᠤᠪᠢ ᠬᠠᠰᠤᠨ᠎ᠠ᠃ ᠳᠡᠭᠡᠷᠡᠭᠢ ᠳᠦᠷᠢᠮ ᠳᠤᠭᠳᠠᠭᠠᠯ ᠢ ᠭᠡᠷᠡᠭ᠍ᠵᠢᠭᠦᠯᠭᠦ ᠳᠡᠭᠡᠨ᠂ ᠳᠡᠷᠢᠭᠦᠨ ᠰᠠᠭᠤᠳᠠᠯ ᠤᠨ ᠭᠢᠨᠠᠭᠴᠢ ᠬᠤᠪᠢ ᠬᠠᠰᠤᠬᠤ ᠳᠤᠭᠢᠶ᠎ᠠ ᠦᠭ‍ᠭᠦᠨ᠎ᠡ᠂ ᠭᠡᠪᠠᠴᠤ ᠣᠷᠤᠯᠳᠤᠭᠠᠨ ᠢ ᠵᠤᠭᠰᠤᠭᠠᠬᠤ ᠦᠭᠡᠶ ᠥᠷᠭᠦᠯᠵᠢᠯᠡᠨ ᠶᠠᠪᠣᠭᠳᠠᠭᠤᠯᠤᠨ᠎ᠠ᠃

ᠳᠠᠮᠢᠷᠴᠢᠳ ᠪᠠᠶ᠎ᠠ ᠳᠡᠭᠡᠨ ᠠᠶᠤᠯ ᠲᠡᠶ ᠵᠣᠢ᠌ᠯ ᠠᠪᠴᠤ ᠶᠠᠪᠣᠵᠤ ᠪᠣᠯᠬᠤ ᠦᠭᠡᠶ᠂ 《ᠰᠦ᠋》 ᠪᠣᠯᠢᠶᠠᠯᠳᠤᠬᠤ ᠳᠠᠭᠠᠨ᠂ ᠳᠦᠯᠭᠢᠭᠦ᠂ ᠳᠠᠳᠠᠬᠤ᠂ ᠬᠠᠰᠢᠬᠤ᠂ ᠪᠠᠷᠢᠯᠳᠤᠵᠤ ᠪᠣᠯᠬᠤ ᠡᠴᠡ ᠪᠢᠰᠢ᠂ ᠢᠰᠭᠦᠯᠭᠦ᠂ ᠳᠠᠰᠢᠬᠤ ᠪᠣᠶᠤ ᠶᠤᠰᠤᠷᠬᠠᠭ ᠪᠣᠰᠤ ᠣᠢ᠌ᠯᠠ ᠭᠦᠳᠡᠯᠭᠡᠭᠡᠨ ᠥᠭᠡ ᠶᠠᠷᠢᠶ᠎ᠠ ᠲᠡᠶ ᠪᠣᠯ ᠬᠤᠪᠢ ᠬᠠᠰᠤᠬᠤ ᠪᠣᠶᠤ ᠳᠠᠯᠠᠪᠣᠷ ᠡᠴᠡ ᠪᠠᠭᠤᠯᠭᠠᠨ᠎ᠠ᠃

ᠳᠡᠷᠢᠭᠦᠨ ᠰᠠᠭᠤᠳᠠᠯ ᠤᠨ ᠭᠢᠨᠠᠭᠴᠢ ᠦᠪᠡᠷᠤᠨ ᠠᠵᠢᠭᠯᠠᠯᠳᠠ ᠪᠣᠯᠤᠨ ᠳᠠᠳ᠋ ᠭᠢᠨᠠᠭᠴᠢ ᠶᠢᠨ ᠬᠠᠪᠰᠤᠷᠤᠯᠭ᠎ᠠ ᠪᠠᠷ ᠣᠷᠤᠯᠳᠤᠭᠠᠨ ᠢ ᠶᠠᠪᠣᠭᠳᠠᠭᠤᠯᠵᠤ᠂ ᠬᠤᠪᠢ ᠳᠡᠮᠳᠡᠭᠯᠡᠭ᠍ᠴᠢ ᠳᠤ ᠭᠠᠷ ᠤᠨ ᠳᠤᠭᠢᠶ᠎ᠠ ᠪᠠᠷ ᠬᠤᠪᠢ ᠣᠯᠤᠭᠰᠠᠨ ᠪᠣᠶᠤ ᠬᠠᠰᠤᠭᠰᠠᠨ ᠢ ᠮᠡᠳᠡᠭ᠍ᠳᠡᠨ᠎ᠡ᠃

ᠨᠢᠭᠡᠨ ᠳᠠᠯᠠᠪᠣᠷ ᠣᠷᠤᠯᠳᠤᠭᠠᠨ ᠨᠢ 45 ᠮᠢᠨᠦ᠋ᠲ ᠪᠠᠢ᠌ᠵᠤ᠂ 20 ᠮᠢᠨᠦ᠋ᠲ ᠶᠢᠡᠷ ᠳᠡᠭᠡᠷ᠎ᠡ ᠳᠤᠤᠷ᠎ᠠ ᠬᠠᠭᠠᠰ ᠳᠠᠯᠠᠪᠣᠷ ᠭᠡᠵᠤ ᠬᠤᠪᠢᠶᠠᠨ᠂ ᠬᠠᠭᠠᠰ ᠳᠠᠯᠠᠪᠣᠷ ᠤᠨ ᠳᠤᠮᠳᠠ 5 ᠮᠢᠨᠦ᠋ᠲ ᠠᠮᠠᠷᠠᠨ᠎ᠠ᠃ ᠠᠯᠢ ᠳᠠᠯ᠎ᠠ ᠶᠢᠨ ᠢᠯᠠᠭᠰᠠᠨ ᠡᠰᠡᠭᠦ ᠶᠢ ᠣᠯᠤᠭᠰᠠᠨ ᠶᠡᠷᠦᠩᠭᠡᠢ ᠬᠤᠪᠢ ᠶᠢᠨ ᠣᠯᠠᠨ ᠴᠥᠭᠡᠭᠡᠨ ᠪᠠᠷ ᠳᠤᠭᠳᠠᠭᠠᠨ᠎ᠠ᠃ ᠶᠡᠷᠦᠩᠭᠡᠢ ᠬᠤᠪᠢ ᠶᠢ ᠬᠤᠶᠠᠷ ᠳᠠᠯ᠎ᠠ ᠶᠢᠨ ᠰᠤᠷᠭᠠᠭᠴᠢ᠂ ᠭᠢᠨᠠᠭᠴᠢ ᠬᠤᠪᠢ ᠳᠡᠮᠳᠡᠭᠯᠡᠭ᠍ᠴᠢ ᠶᠢᠨ ᠪᠦᠷᠢᠦᠡᠭᠡᠯ ᠢ ᠭᠢᠨᠠᠨ ᠪᠠᠢ᠌ᠴᠠᠭᠠᠨ᠂ ᠳᠡᠷᠢᠭᠦᠨ ᠰᠠᠭᠤᠳᠠᠯ ᠤᠨ ᠭᠢᠨᠠᠭᠴᠢ ᠡᠴᠡ ᠣᠯᠠᠨ ᠳᠤ ᠨᠠᠢ᠌ᠳᠠᠯᠠᠵᠤ᠂ ᠢᠯᠠᠭᠰᠠᠨ ᠠᠩᠭᠢ ᠨᠢ ᠮᠤᠩᠭ᠋ᠤᠯ ᠳᠡᠷᠭᠡᠨ ᠤ ᠭᠦᠷᠳᠤ ᠶᠢ ᠲᠦᠯᠬᠢᠨ᠂ ᠥᠵᠡᠭ᠍ᠴᠢᠳ ᠲᠤ ᠦᠨᠳᠦᠰᠦᠳᠠᠨ ᠤ ᠵᠠᠩᠰᠢᠯ ᠶᠢᠡᠷ ᠮᠠᠠᠳᠤᠴᠢᠯᠠᠨ ᠳᠠᠯᠠᠪᠣᠷ ᠡᠴᠡ ᠪᠠᠭᠤᠨ᠎ᠠ᠃

ᠡᠢ᠌ᠨ ᠭᠦ 《ᠰᠦ᠋》 ᠮᠤᠳᠤ ᠪᠣᠯᠢᠶᠠᠯᠳᠤᠬᠤ ᠪᠣᠯ ᠳᠠᠯ᠎ᠠ ᠶᠢᠨ ᠮᠠᠯᠴᠢᠳ ᠤᠨ ᠥᠯᠢᠭᠡᠷ ᠶᠠᠷᠢᠶᠠᠨ ᠡᠴᠡ ᠡᠭᠦᠰᠦᠭ᠍ᠰᠡᠨ ᠨᠢᠭᠡᠨ ᠵᠣᠢ᠌ᠯ ᠤᠨ ᠮᠥᠷᠥᠢᠴᠡᠭᠡᠨ ᠤ ᠳᠤᠭᠯᠠᠭᠠᠮ ᠪᠣᠯᠤᠨ᠎ᠠ᠃ ᠮᠦᠨᠴᠤ ᠥᠭᠡᠯᠡᠳᠴᠥᠳ ᠤᠨ ᠣᠷᠳᠤ ᠣᠳᠠᠭᠠᠨ ᠣᠢ᠌ᠯᠡᠳᠪᠣᠷᠢᠯᠠᠯ ᠠᠮᠢᠳᠤᠷᠠᠯ ᠤᠨ ᠳᠤᠮᠳᠠ ᠪᠠᠨ ᠪᠦᠳᠦᠭᠡᠭ᠍ᠰᠡᠨ ᠡᠷᠭᠢᠮ ᠨᠠᠠᠳᠢᠨ ᠪᠣᠳᠠᠰ ᠤᠨ ᠪᠣᠰᠤ ᠰᠤᠶᠤᠯ ᠤᠨ ᠦᠪ ᠭᠦᠷᠦᠩᠭᠡ ᠶᠢᠨ ᠨᠢᠭᠡ ᠨᠢ ᠪᠣᠯᠤᠨ᠎ᠠ᠃ ᠡᠨᠡᠭᠦ ᠦᠪ ᠭᠦᠷᠦᠩᠭᠡ ᠨᠢ ᠣᠮᠠᠷᠠᠳᠤ ᠶᠢᠨ ᠴᠥᠭᠡᠨ ᠳᠤᠠᠭᠠᠳᠤ ᠦᠨᠳᠦᠰᠦᠳᠠᠨ ᠤ ᠳᠤᠮᠳᠠ ᠥᠷᠭᠡᠨ ᠶᠢᠡᠷ ᠳᠠᠷᠠᠬᠠᠨ ᠳᠡᠯᠭᠡᠷᠡᠵᠤ ᠳᠠᠭᠠᠰᠢᠶᠠᠨ ᠨᠠᠭᠠᠳᠬᠤ ᠪᠣᠯᠵᠠᠢ᠃

《ᠰᠦ᠋》 ᠮᠤᠳᠤ ᠪᠣᠯᠢᠶᠠᠯᠳᠤᠬᠤ ᠨᠢ ᠰᠢᠠᠵᠢᠶᠠᠩ᠂ ᠠᠯᠠᠱᠠ᠂ ᠭᠠᠠᠰᠤ ᠳᠠᠷᠠᠴᠢᠯᠠᠨ ᠮᠤᠩᠭ᠋ᠤᠯ ᠣᠯᠤᠰ ᠤᠨ ᠬᠤᠪᠢᠳᠤ᠂ ᠣᠷᠤᠰ ᠤᠨ ᠳᠤᠧᠨ ᠵᠡᠷᠭᠡ ᠭᠠᠵᠠᠷ ᠣᠷᠤᠨ ᠳᠤ ᠪᠠᠢ᠌ᠭ᠎ᠠ ᠣᠢ᠌ᠷᠠᠤᠨ ᠤᠨ ᠳᠦᠷᠪᠡᠨ ᠠᠢ᠌ᠮᠠᠭ ᠤᠨ ᠳᠤᠮᠳᠠ ᠣᠳᠤ ᠪᠣᠯᠳᠠᠯ᠎ᠠ ᠣᠯᠠᠮᠵᠢᠯᠠᠨ ᠨᠠᠭᠠᠳᠴᠤ ᠪᠠᠢ᠌ᠬᠤ ᠡᠴᠡ᠂ ᠳᠠᠷᠠ ᠨᠢ ᠥᠭᠡᠯᠡᠳ ᠮᠤᠩᠭ᠋ᠤᠯ ᠤᠨ ᠰᠤᠶᠤᠯ ᠤᠨ ᠦᠪ ᠭᠦᠷᠦᠩᠭᠡ ᠶᠢᠨ ᠴᠢᠬᠤᠯᠠ ᠪᠦᠷᠢᠯᠳᠦᠭᠦᠨ ᠤ ᠨᠢᠭᠡ ᠭᠡᠰᠡᠭ᠌ ᠪᠣᠯᠬᠤ ᠶᠢ ᠮᠠᠳᠠᠵᠤ ᠪᠣᠯᠬᠤ ᠶᠤᠮ᠃ ᠮᠦᠨᠴᠤ 《ᠰᠦ᠋》 ᠮᠤᠳᠤ ᠪᠣᠯᠢᠶᠠᠯᠳᠤᠬᠤ ᠮᠥᠷᠥᠢᠴᠡᠭᠡᠨ ᠨᠢ ᠡᠡᠩᠭ᠍ᠯᠢᠯᠡᠡᠳ᠋᠂ ᠠᠮᠸᠷᠢᠺᠠ ᠶᠢᠨ ᠠᠷᠤᠷ᠎ᠠ ᠪᠦᠮᠪᠦᠭᠡ(橄榄球)ᠵᠢᠨ ᠮᠥᠷᠥᠢᠴᠡᠭᠡᠨ ᠲᠡᠶ ᠠᠳᠠᠯᠢᠪᠳᠤᠷ ᠪᠠᠢ᠌ᠵᠤ ᠳᠣᠢ᠌ᠯ ᠤᠨ ᠰᠤᠨᠢᠷᠬᠠᠯᠳᠤ ᠴᠢᠨᠠᠷ ᠲᠡᠶ ᠪᠠᠢ᠌ᠭᠰᠠᠨ ᠡᠴᠡ ᠳᠦᠭ᠌ ᠲᠦᠮᠡᠨ ᠭᠦᠮᠦᠰ ᠲᠤ ᠪᠠᠬᠠᠷᠬᠠᠭᠳᠠᠨ ᠥᠷᠭᠡᠨ ᠳᠡᠯᠭᠡᠷᠡᠩᠭᠦᠢ ᠳᠠᠷᠠᠬᠠᠨ ᠣᠯᠠᠮᠵᠢᠯᠠᠭᠳᠠᠵᠤ ᠪᠠᠢ᠌ᠨ᠎ᠠ᠃


ᠧᠡᠩᠭᠢ ᠬᠤᠰᠢᠭᠤᠨ ᠤ ᠪᠠᠶᠠᠠᠳᠤᠬᠤᠢ ᠪᠠᠯᠭᠠᠰᠤᠨ᠎ᠠ

2009 ᠊᠊᠊᠊᠊᠊᠊᠊᠊᠊᠊᠊᠊᠊᠊ 11 ᠊᠊᠊᠊᠊᠊᠊᠊᠊᠊᠊᠊᠊᠊᠊ 20

ᠵᠤᠬᠢᠶᠠᠭᠴᠢ ᠶᠢᠨ ᠬᠠᠶ‍ᠢᠭ ᠄ ᠳ᠂ ᠵᠠᠮᠰᠠ (ᠳᠸᠯᠸᠢᠰ ᠰᠤᠨᠢᠨ ᠮᠡᠳᠡᠭᠡᠨ ᠤ ᠡᠷᠭᠢᠯᠡᠨ ᠨᠠᠢ᠌ᠷᠠᠭᠤᠯᠤᠭᠴᠢ)ᠭᠦᠯᠤᠨ ᠪᠣᠢ᠌ᠷ ᠳᠸᠯᠸᠢᠰ ᠬᠤᠷᠢᠶ᠎ᠠ

ᠵᠤᠬᠢᠶᠠᠭᠴᠢ᠄ ᠳ·ᠵᠠᠮᠰᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 7475
ᠴᠠᠭ᠄ 2009 ᠤᠨ ᠤ 12 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ