ᠨᠡᠪᠲᠡᠷᠡᠨ ᠤᠷᠤᠬᠤ
ᠪᠠᠶᠠᠨ ᠰᠠᠷᠠᠭᠤᠯ ᠤᠨ ᠠᠳᠤᠭᠤ

ᠴᠡᠯᠮᠡᠭ᠌ ᠣᠭᠳᠠᠷᠭᠤᠢ ᠳᠤ ᠪᠣᠷᠤᠭᠠᠨ ᠤ ᠡᠭᠦᠯᠡᠰ ᠨᠡᠭᠦᠳᠡᠯᠯᠡᠭᠦ ᠰᠢᠭ᠌

ᠴᠡᠴᠡᠭ᠍ᠳᠤ ᠳᠠᠯ᠎ᠠ ᠳᠤ ᠮᠢᠷᠠᠯᠵᠠᠬᠤ ᠵᠡᠷᠭᠡᠯᠭᠡᠨ ᠥᠶᠡᠷᠯᠡᠭᠦ ᠰᠢᠭ᠌᠂

ᠪᠠᠷᠠᠭᠤᠨ ᠡᠮᠦᠨ᠎ᠡ ᠡᠴᠠ ᠪᠣᠳᠠᠩ ᠮᠠᠨᠠᠨ ᠳᠡᠭ᠍ᠳᠡᠭ᠍ᠰᠡᠭᠡᠷ ᠯᠠ

ᠪᠠᠶᠠᠨ ᠰᠠᠷᠠᠭᠤᠯ ᠤᠨ ᠠᠳᠤᠭᠤᠳ ᠢᠷᠠᠯ᠎ᠠ ᠭᠡᠵᠤ ᠭᠦᠭ᠍ᠰᠡᠯᠵᠡᠭᠡᠳᠡᠭ᠌᠂

ᠬᠤᠷ ᠳᠠᠯ ᠲᠡᠶ ᠪᠦᠮ ᠤᠨ ᠳᠠᠮᠠᠭᠠᠳᠤ ᠠᠳᠤᠭᠤ ᠪᠠᠨ

ᠬᠤᠩᠬᠤᠷ ᠤᠨ ᠴᠥᠩᠭᠦᠯ ᠳᠤ ᠠᠳᠤᠭᠤᠴᠢᠨ ᠬᠠᠰᠢᠵᠤ ᠳᠤᠭᠳᠠᠭᠠᠭᠠᠤᠨ᠂

ᠬᠤᠳᠣᠢ᠌ᠭᠰᠠᠨ ᠣᠷᠤᠮ ᠭᠦᠪᠠᠭᠡ ᠡᠴᠡ ᠨᠢ ᠮᠡᠳᠡᠭ᠍ᠳᠡᠭᠡ ᠦᠭᠡᠶ ᠪᠣᠯ

ᠬᠤᠨᠤᠭ ᠤᠨ ᠠᠳᠤᠭᠤᠳ ᠭᠡᠪ ᠶᠢᠡᠷ ᠶᠢᠡᠨ ᠪᠠᠢ᠌ᠨ᠎ᠠ ᠭᠡᠵᠤ ᠵᠢᠰᠦᠯᠴᠡᠭᠡᠭᠡᠳ

ᠬᠤᠰᠤᠨ ᠣᠷᠭ᠎ᠠ ᠪᠠᠨ ᠡᠮᠦᠨᠡᠰᠢ ᠪᠠᠨ ᠵᠢᠭᠠᠵᠤ ᠬᠤᠷᠣᠢ᠌ᠯᠠᠬᠤ ᠳᠤ

ᠬᠤᠷᠠᠭᠠᠨ ᠡᠭᠦᠯᠡᠰ ᠣᠷᠠᠭᠠᠨ ᠬᠣᠢ᠌ᠪᠢ ᠳ᠋ᠤᠨᠢ ᠭᠤᠭᠴᠤᠭᠠᠷᠠᠵᠤ᠂

ᠳᠠᠭ᠎ᠠ ᠰᠠᠷᠪᠠᠭ᠎ᠠ ᠰᠡᠭᠦᠳᠡᠷ ᠡᠴᠡ ᠪᠠᠨ ᠥᠷᠭᠦᠨ ᠪᠣᠯᠭᠢᠵᠤ

ᠳᠠᠯ᠎ᠠ ᠶᠢ ᠵᠦᠰᠤᠨ ᠠᠳᠤᠭᠤᠨ ᠰᠥᠷᠦᠭ ᠢᠷᠠᠯᠵᠠᠳᠠᠭ᠂

ᠮᠤᠷᠢᠨ ᠨᠢᠷᠤᠭᠤᠨ ᠳᠡᠭᠡᠷ᠎ᠡ ᠭᠡᠯᠳᠡᠭᠡᠢ ᠰᠠᠭᠤᠭᠰᠠᠨ ᠠᠳᠤᠭᠤᠴᠢᠨ

ᠮᠠᠭᠰᠢᠬᠤ ᠪᠦᠷᠭᠦᠤᠨ ᠰᠢᠭ ᠡᠮᠡᠭᠡᠯ ᠳᠡᠭᠡᠷ᠎ᠡ ᠪᠠᠨ ᠥᠡᠳᠡᠢ᠌ᠭᠦ ᠳᠤ᠂

ᠮᠠᠯᠠᠭᠠᠢ ᠶᠢᠨ ᠵᠠᠯᠠᠭ᠎ᠠ ᠨᠢ ᠰᠠᠯᠭᠢᠨ ᠤ ᠠᠶᠠᠰ ᠶᠢᠡᠷ ᠭᠡᠢ᠌ᠰᠴᠤ

ᠮᠠᠠᠳᠤᠬᠤ ᠨᠠᠷᠠᠨ ᠤ ᠣᠭᠤᠰᠤᠷ ᠭᠡᠮᠡᠷ ᠬᠠᠷᠠᠭᠳᠠᠨ᠎ᠠ᠂

ᠬᠤᠢ᠂ ᠬᠠᠢ᠂ ᠠᠳᠤᠭᠤ ᠪᠠᠨ ᠵᠠᠯᠠᠬᠤ ᠳᠠᠭᠤᠤ ᠨᠢ

ᠬᠤᠯᠠ ᠶᠢᠨ ᠬᠤᠯᠠ ᠠᠭᠤᠯᠠ ᠳᠠᠮᠵᠢᠨ ᠴᠤᠤᠷᠢᠶᠠᠯᠠᠵᠤ᠂

ᠬᠤᠳᠠᠴᠢ ᠨᠤᠬᠠᠢ ᠨᠢ ᠡᠵᠡᠨ ᠶᠢᠡᠨ ᠳᠤᠰᠬᠤ ᠪᠠᠷ ᠭᠠᠩᠭᠢᠠᠨᠠᠵᠤ

ᠬᠤᠩᠭ᠋ᠤᠷ ᠪᠦᠰᠡᠭᠦᠢ ᠨᠢ ᠭᠠᠯ ᠶᠢᠡᠨ ᠭᠦᠭ᠍ᠵᠡᠭᠡᠵᠤ ᠶᠠᠭᠠᠷᠠᠳᠠᠭ᠂

ᠦᠨᠦ ᠪᠢ ᠪᠠᠶᠠᠠᠰᠠᠷᠠᠭᠤᠯ ᠳᠤ ᠭᠦᠷᠴᠤ

ᠥᠷᠭᠡᠨ ᠳᠠᠯ᠎ᠠ ᠵᠥᠭ᠌ ᠠᠳᠤᠭᠤᠨ ᠰᠥᠷᠦᠭ᠌ ᠶᠢᠡᠨ ᠪᠠᠷᠠᠭᠠᠯᠠᠪᠠᠯ᠂

ᠮᠤᠳᠤᠷ ᠨᠢᠰᠭᠡᠭ᠍ᠰᠡᠨ ᠭᠡᠳᠤᠨ ᠰᠤᠭᠳᠤᠭᠤ ᠭᠦᠮᠦᠰ

《ᠮᠤᠩᠭ᠋ᠤᠯ ᠭᠦᠮᠤᠨ》 ᠢ ᠫᠢᠷᠭᠢᠯ ᠬᠤᠭᠤᠯᠠᠢ ᠪᠠᠷ ᠠᠶᠠᠯᠠᠭᠤᠯᠤᠨ᠎ᠠ᠂

ᠳᠦᠷᠦᠭᠡ ᠱᠥᠷᠭᠦᠭᠡᠳᠡᠭ᠌ ᠳᠠᠷᠠᠰᠤᠨ ᠤ ᠪᠠᠷ᠎ᠠ ᠴᠤ ᠳᠠᠰᠤᠷᠠᠭᠠᠤᠨ

ᠳᠠᠯ ᠰᠠᠢ᠌ᠳᠤ ᠠᠳᠤᠭᠤᠨ ᠤ ᠴᠢᠮᠡᠭᠡ ᠴᠤ ᠬᠤᠯᠠᠳᠠᠭᠠᠤᠨ᠂

ᠳᠡᠯᠡᠭᠡᠢ ᠳ᠋ᠠᠭᠢᠨ ᠳᠠᠷᠢᠶᠠᠯᠠᠩ ᠪᠣᠯᠵᠠᠢ ᠭᠡᠰᠡᠨ ᠰᠢᠭ

ᠳᠡᠭ᠍ᠳᠡᠭᠦ ᠳᠤᠭᠤᠰᠤ ᠯᠠ ᠬᠠᠭᠠᠯᠤᠭᠰᠠᠨ ᠭᠦᠷᠦᠰᠤᠨ ᠡᠴᠡ ᠪᠣᠷᠭᠢᠨ᠎ᠠ᠂᠂

ᠪᠠᠭᠠᠷᠢᠨ ᠨᠤᠳᠤᠭ ᠤᠨ ᠰᠦᠯᠳᠡ ᠬᠤᠷᠤᠢ ︕

ᠪᠠᠶᠠᠨ ᠰᠠᠷᠠᠭᠤᠯ ᠤᠨ ᠠᠳᠤᠭᠤ ᠬᠤᠷᠤᠢ ︕

ᠠᠳᠠᠷ ᠳᠠᠯ᠎ᠠ ᠶᠢᠨ ᠭᠡᠰᠢᠭ᠌ ᠬᠤᠷᠤᠢ ︕

ᠠᠳᠤᠭᠤᠴᠢᠨ ᠡᠷ᠎ᠡ ᠶᠢᠨ ᠣᠮᠤᠭ ᠬᠤᠷᠤᠢ ︕


ᠵᠤᠬᠢᠶᠠᠭᠴᠢ ᠶᠢᠨ ᠬᠠᠶ‍ᠢᠭ ᠄ ᠪᠠᠭᠡᠵᠢᠩ ᠬᠤᠳᠠ ᠶᠢᠨ ᠨᠠᠢ᠌ᠷᠠᠯᠳᠤ ᠨᠠᠢ᠌ᠷᠠᠮᠳᠠᠬᠤ ᠰᠦᠮ᠎ᠡ 12 ᠨᠤᠮᠸᠷ

ᠵᠤᠬᠢᠶᠠᠭᠴᠢ᠄ ᠪᠣᠷᠵᠢᠭᠢᠨ·ᠮᠥᠩᠭᠡᠤ᠋ᠳᠽᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2622
ᠴᠠᠭ᠄ 2009 ᠤᠨ ᠤ 12 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ