ᠨᠡᠪᠲᠡᠷᠡᠨ ᠤᠷᠤᠬᠤ
ᠢᠠᠵᠠᠨᠨᠠᠰᠢ ᠶᠢᠨ ᠳᠤᠬᠠᠢ ᠳᠤᠪᠴᠢ ᠳᠠᠨᠢᠯᠴᠠᠭᠤᠯᠭ᠎ᠠ

ᠢᠠᠵᠠᠨᠨᠠᠰᠢ (1837 ᠊᠊᠊᠊᠊᠊᠊᠊᠊᠊᠊᠊᠊᠊᠊ 1892) ᠮᠤᠩᠭ᠋ᠤᠯ ᠦᠨᠳᠦᠰᠦᠳᠠᠨ ᠤ ᠣᠷᠴᠢᠨ ᠦᠶ᠎ᠡ ᠶᠢᠨ ᠵᠤᠬᠢᠶᠠᠯᠴᠢ᠂ ᠳᠡᠦᠭᠡᠴᠢᠨ ᠪᠦᠭᠡᠤᠨ ᠵᠢᠷᠤᠭᠴᠢᠨ ᠪᠣᠯᠤᠨ᠎ᠠ᠃ ᠪᠠᠭ᠎ᠠ ᠶᠢᠨ ᠨᠠᠷ᠎ᠠ ᠨᠢ ᠬᠠᠰᠴᠢᠯᠠᠭᠤ᠂ ᠭᠢᠳᠠᠤᠨ ᠨᠠᠷ᠎ᠠ ᠨᠢ ᠪᠣᠤ ᠾᠸᠩ ᠱᠠᠨ᠂ ᠡᠷᠭᠦᠭ᠍ᠰᠡᠨ ᠨᠠᠷ᠎ᠠ ᠨᠢ ᠿᠦᠨ ᠳᠢᠩ ᠭᠡᠳᠡᠭ᠌᠃ ᠢᠠᠵᠠᠨᠨᠠᠰᠢ 1837 ᠣᠨ ᠤ ᠳᠠᠪᠣᠳᠤᠭᠠᠷ ᠰᠠᠷ᠎ᠠ ᠶᠢᠨ ᠬᠤᠷᠢᠨ ᠭᠤᠷᠪᠠᠨ ᠤ ᠡᠳᠦᠷ ᠳᠤᠬᠠᠢ ᠶᠢᠨ ᠦᠶ᠎ᠡ ᠶᠢᠨ ᠵᠤᠰᠤᠳᠤ ᠶᠢᠨ ᠴᠢᠭᠤᠯᠭᠠᠨ ᠤ ᠲᠦᠮᠡᠤᠨ ᠪᠠᠷᠠᠭᠤᠨ ᠬᠤᠰᠢᠭᠤᠨ (ᠣᠳᠤ ᠶᠢᠨ ᠯᠢᠶᠤᠤ ᠨᠢᠩ ᠮᠤᠵᠢ ᠶᠢᠨ ᠪᠧᠢ ᠫᠢᠶᠤᠤ ᠰᠢᠶᠠᠨ) ᠊ᠤ ᠰᠢᠳᠤᠷᠭᠤ ᠪᠠᠳᠤ ᠬᠤᠷᠤᠭᠠᠨ ᠳᠤ ᠪᠢᠴᠢᠭ᠌ ᠴᠡᠷᠢᠭ᠌ ᠤᠨ ᠡᠷᠳᠡᠮ ᠬᠤᠤᠰᠯᠠᠭᠰᠠᠨ ᠡᠭᠡ ᠣᠷᠤᠠᠴᠢ ᠵᠠᠩᠵᠤᠨ ᠸᠠᠩᠴᠢᠪᠠᠯ ᠤᠨ ᠳᠤᠯᠤᠳᠤᠭᠠᠷ ᠭᠦᠪᠠᠭᠦᠨ ᠪᠣᠯᠤᠨ ᠲᠦᠷᠦᠵᠠᠢ᠃ ᠳᠡᠭᠦᠨ ᠤ ᠠᠮᠢᠳᠤᠷᠠᠵᠤ ᠪᠠᠢ᠌ᠭᠰᠠᠨ ᠴᠠᠭ ᠦᠶ᠎ᠡ ᠪᠣᠯ ᠳᠡᠦᠭᠡᠨ ᠬᠤᠪᠢᠷᠯᠳᠠ ᠶᠢᠨ ᠴᠠᠭ ᠦᠶ᠎ᠡ ᠪᠠᠢ᠌ᠭᠰᠠᠨ ᠶᠤᠮ᠃ ᠹᠧᠥᠳᠠᠯ ᠤᠨ ᠨᠡᠢ᠌ᠭᠡᠮ ᠤᠨ ᠳᠤᠷᠣᠢ᠌ᠳᠠᠯ ᠪᠠ ᠮᠠᠠᠵᠤ ᠴᠢᠩ ᠤᠨ ᠲᠦᠷᠦ ᠶᠢᠨ ᠮᠥᠭᠦᠯ ᠤᠨ ᠡᠷᠡᠨ ᠪᠠᠢ᠌ᠯ᠎ᠠ᠃ ᠮᠠᠠᠵᠤ ᠴᠢᠩ ᠤᠨ ᠨᠤᠶᠠᠷᠬᠠᠭᠴᠢᠳ ᠮᠤᠩᠭ᠋ᠤᠯ ᠢ ᠮᠥᠭᠦᠭᠡᠭᠦ ᠲᠦᠷᠦ ᠶᠢᠨ ᠪᠣᠳᠤᠯᠭ᠎ᠠ ᠪᠠᠨ ᠴᠢᠨᠠᠭᠰᠢᠳᠠ ᠭᠡᠷᠡᠭ᠍ᠵᠢᠭᠦᠯᠵᠤ᠂ ᠮᠤᠩᠭ᠋ᠤᠯ ᠣᠷᠤᠨ ᠤ ᠠᠷᠠᠤᠨ ᠲᠦᠮᠡᠨ ᠢ ᠨᠠᠩ ᠭᠦᠡᠳᠤ ᠭᠡᠴᠡᠭᠦᠤ ᠪᠠᠷ ᠳᠠᠷᠤᠯᠠᠵᠤ ᠭᠠᠳᠠᠭᠤᠷᠴᠢᠯᠠᠵᠤ ᠪᠠᠢ᠌ᠵᠠᠢ᠃ ᠢᠠᠵᠠᠨᠠᠰᠢ ᠦᠨᠳᠦᠰᠦᠳᠠᠨ ᠤ ᠪᠠ ᠠᠷᠠᠤᠨ ᠲᠦᠮᠡᠨ ᠤ ᠵᠤᠭᠰᠤᠯᠳᠠ ᠳᠡᠭᠡᠷ᠎ᠡ ᠵᠤᠭᠰᠤᠵᠤ ᠮᠠᠠᠵᠤ ᠴᠢᠩ ᠤᠨ ᠦᠨᠳᠦᠰᠦᠳᠠᠨ ᠢ ᠮᠥᠭᠦᠭᠡᠭᠦ ᠲᠦᠷᠦ ᠶᠢᠨ ᠪᠣᠳᠤᠯᠭ᠎ᠠ ᠶᠢᠨ ᠥᠭᠡᠳᠡ ᠡᠴᠡ ᠪᠢᠷ ᠪᠠᠷᠢᠨ ᠳᠠᠮᠠᠴᠠᠵᠠᠢ᠃ ᠶᠠᠭᠤᠨ ᠤ ᠡᠮᠦᠨ᠎ᠡ ᠡᠴᠢᠭᠡ ᠶᠢᠨ ᠶᠢᠡᠨ ᠨᠢ᠋ᠮᠠᠨ ᠪᠦᠯᠦᠭ᠌ ᠪᠢᠴᠢᠭᠡᠤᠨ ᠳᠤᠳᠠᠭᠤ ᠳᠠᠯᠪᠢᠭᠰᠠᠨ 《ᠮᠤᠩᠭ᠋ᠤᠯ ᠤᠨ ᠮᠠᠠᠳᠤᠭᠰᠠᠨ ᠲᠦᠷᠦ ᠶᠢᠨ ᠭᠦᠭᠡ ᠰᠤᠳᠤᠷ》 ᠭᠡᠮᠡᠭᠦ ᠠᠯᠳᠠᠷᠳᠤ ᠳᠡᠦᠭᠡᠨ ᠷᠤᠮᠠᠨ ᠢ ᠵᠠᠯᠭᠠᠨ ᠪᠢᠴᠢᠵᠠᠢ᠃ ᠡᠭᠦᠨ ᠡᠴᠡ ᠭᠠᠳᠠᠨ᠎ᠠ 《ᠨᠢᠭᠡᠨ ᠳᠠᠪᠠᠬᠤᠷ ᠠᠰᠠᠷ》᠂ 《ᠣᠯᠠᠭᠠᠨ᠎ᠠ ᠣᠭᠢᠯᠠᠬᠤ ᠳᠠᠩᠭᠢᠮ》 ᠭᠡᠭᠦ ᠷᠤᠮᠠᠨ ᠪᠣᠯᠤᠨ ᠮᠠᠰᠢ ᠣᠯᠠᠨ ᠭᠣᠢ᠌ᠳᠠ ᠰᠢᠯᠦᠭ᠌ ᠪᠢᠴᠢᠵᠤ᠂ ᠵᠢᠷᠤᠭ ᠤᠳ ᠢ ᠵᠢᠷᠤᠭᠰᠠᠨ ᠪᠠᠢ᠌ᠨ᠎ᠠ᠃ ᠳᠡᠭᠦᠨ ᠤ ᠡᠳᠡᠭᠡᠷ ᠣᠯᠠᠨ ᠪᠦᠳᠦᠭᠡᠯ ᠤᠳ ᠪᠠ ᠣᠷᠠᠨ ᠵᠤᠬᠢᠶᠠᠯ ᠤᠨ ᠣᠨᠤᠯ ᠤᠨ ᠰᠢᠭᠦᠮᠵᠢ ᠤᠳ ᠨᠢ ᠣᠷᠠᠨ ᠵᠤᠬᠢᠶᠠᠯ ᠤᠨ ᠣᠷᠠᠯᠢᠭ ᠤᠨ ᠰᠠᠩ ᠢ ᠪᠠᠶᠠᠯᠢᠭᠵᠢᠭᠤᠯᠤᠭᠰᠠᠨ ᠪᠠᠢ᠌ᠨ᠎ᠠ᠃

ᠢᠷᠡᠯᠲᠡ᠄ ᠮᠢ᠊·ᠨᠠᠷᠠᠨ ᠬᠠᠩᠭ᠋ᠠᠪᠠ
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 4331
ᠴᠠᠭ᠄ 2008 ᠤᠨ ᠤ 12 ᠰᠠᠷ᠎ᠠ ᠶᠢᠨ 19
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ