☆ ᠮᠢ᠊·ᠭᠡᠷᠡᠯ
ᠣᠳᠤ ᠴᠠᠭ ᠤᠨ ᠰᠠᠢ᠌ᠬᠠᠨ
ᠦᠰᠪᠦᠷᠢ ᠶᠢᠨ ᠬᠡᠦᠬᠡᠳ ᠨᠢ ᠰᠡᠷᠭᠦᠯᠡᠩ ᠰᠠᠢ᠌ᠬᠠᠨ
ᠥᠳᠡᠯᠦᠭᠡ ᠨᠠᠰᠤᠳᠠᠤᠨ ᠨᠢ ᠴᠢᠭᠢᠷᠠᠭ ᠰᠠᠢ᠌ᠬᠠᠨ
ᠦᠷᠳᠡᠭ᠍ᠳᠤ ᠪᠠᠷᠠᠭ᠎ᠠ ᠨᠢ ᠪᠠᠯᠠᠨ ᠰᠠᠢ᠌ᠬᠠᠨ
ᠣᠢ᠌ᠯᠠᠰ ᠪᠦᠳᠦᠭᠡᠯ ᠨᠢ ᠭᠢᠯᠠᠯᠵᠠᠮ᠎ᠠ ᠰᠠᠢ᠌ᠬᠠᠨ
ᠵᠤᠷᠬ᠎ᠠ ᠮᠠᠯᠳᠠᠭᠰᠠᠨ ᠴᠤ ᠭᠦᠷᠦᠩᠭᠡ ᠲᠡᠶ ᠰᠠᠢ᠌ᠬᠠᠨ
ᠵᠤᠵᠢᠭ ᠮᠠᠯ ᠲᠡᠶ ᠴᠤ ᠮᠦᠩᠭᠦ ᠲᠡᠶ ᠰᠠᠢ᠌ᠬᠠᠨ
ᠵᠤᠭᠤᠭ ᠭᠡᠯᠡᠯᠴᠡᠭᠦ ᠳᠤ ᠨᠥᠭᠦᠴᠡᠯ ᠲᠡᠶ ᠰᠠᠢ᠌ᠬᠠᠨ
ᠵᠤᠳᠠᠷᠠᠵᠤ ᠶᠠᠳᠠᠭᠤᠷᠠᠬᠤ ᠳᠤ ᠳᠡᠮᠵᠢᠯᠭᠡ ᠲᠡᠶ ᠰᠠᠢ᠌ᠬᠠᠨ
ᠪᠣᠳᠤᠭᠰᠠᠨ ᠨᠢ ᠪᠦᠳᠦᠭᠦ ᠪᠠᠷ ᠰᠠᠢ᠌ᠬᠠᠨ
ᠪᠣᠯᠪᠠᠰᠤᠷᠠᠯ ᠲᠡᠶ ᠨᠢ ᠳᠠᠪᠰᠢᠬᠤ ᠪᠠᠷ ᠰᠠᠢ᠌ᠬᠠᠨ
ᠪᠣᠯᠪᠠᠰᠤᠨ ᠨᠢ ᠭᠦᠷᠢᠶᠡᠯᠡᠭ᠍ᠳᠡᠭᠦ ᠪᠠᠷ ᠰᠠᠢ᠌ᠬᠠᠨ
ᠪᠣᠭᠢᠷᠳᠤᠯ ᠨᠢ ᠠᠷᠢᠭᠤᠤᠠᠬᠠᠯ ᠶᠢᠡᠷ ᠰᠠᠢ᠌ᠬᠠᠨ
ᠦᠵᠡᠵᠤ ᠰᠤᠨᠢᠷᠬᠠᠬᠤ ᠡᠴᠠ ᠳᠸᠯᠸᠢᠰ ᠰᠠᠢ᠌ᠬᠠᠨ
ᠥᠭᠡᠯᠡᠵᠤ ᠬᠠᠷᠢᠯᠴᠠᠬᠤ ᠡᠴᠠ ᠭᠠᠷ ᠣᠳᠠᠰᠤ ᠰᠠᠢ᠌ᠬᠠᠨ
ᠥᠭ᠍ᠰᠦᠭᠦᠯᠵᠤ ᠳᠠᠪᠭᠢᠬᠤ ᠡᠴᠠ ᠳᠡᠷᠭᠡ ᠰᠠᠢ᠌ᠬᠠᠨ
ᠦᠨᠳᠦᠷ ᠲᠤ ᠰᠠᠭᠤᠬᠤ ᠡᠴᠠ ᠠᠰᠠᠷ ᠰᠠᠢ᠌ᠬᠠᠨ
ᠪᠣᠭᠳᠠᠯᠠᠬᠤ ᠭᠡᠦᠭᠡᠨ ᠤ ᠰᠡᠳᠭᠢᠯ ᠰᠠᠢ᠌ᠬᠠᠨ
ᠪᠣᠯᠵᠤᠬᠤ ᠭᠦᠷᠭᠡᠨ ᠤ ᠰᠠᠨᠠᠭ᠎ᠠ ᠰᠠᠢ᠌ᠬᠠᠨ
ᠪᠣᠰᠤᠭ᠎ᠠ ᠭᠡᠢ᠌ᠮᠦᠷᠢ ᠲᠡᠶ ᠮᠤᠩᠭ᠋ᠤᠯ ᠰᠠᠢ᠌ᠬᠠᠨ
ᠪᠣᠷᠬᠠᠨ ᠴᠠᠭ ᠤᠨ ᠢᠪᠠᠭᠡᠯ ᠰᠠᠢ᠌ᠬᠠᠨ
ᠵᠤᠬᠢᠶᠠᠭᠴᠢ ᠶᠢᠨ ᠬᠠᠶᠢᠭ ᠄ ᠰᠦᠨᠢᠳ ᠪᠠᠷᠠᠭᠤᠨ ᠬᠤᠰᠢᠭᠤᠨ ᠤ ᠭᠤᠷᠪᠠᠳᠤᠭᠠᠷ ᠪᠠᠭ᠎ᠠ ᠰᠤᠷᠭᠠᠭᠤᠯᠢ
ᠵᠤᠬᠢᠶᠠᠭᠴᠢ᠄ ᠮᠢ᠊·ᠭᠡᠷᠡᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄
ᠰᠢᠯᠦᠭᠳᠠᠷᠤᠮ᠄ 12655
ᠴᠠᠭ᠄ 2011 ᠤᠨ ᠤ 04 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ