ᠨᠡᠪᠲᠡᠷᠡᠨ ᠤᠷᠤᠬᠤ
ᠲᠦᠷᠪᠡᠳᠦᠭᠡᠷ ᠪᠦᠯᠦᠭ ᠂ ᠠᠷᠢᠭᠤᠨ ᠮᠦᠰᠦᠨ ᠤ ᠭᠢᠯᠪᠠᠭ᠎ᠠ
ᠲᠦᠷᠪᠡᠳᠦᠭᠡᠷ ᠬᠡᠰᠡᠭ ᠂ ᠰᠠᠢ᠌ᠨ ᠤ ᠬᠠᠷᠢᠭᠤ

ᠰᠠᠢ᠌ᠨ ᠰᠠᠨᠠᠭᠠᠨ ᠤ ᠥᠵᠦᠭᠦᠷ ᠰᠥ᠋᠃


᠊᠊᠊᠊᠊᠊᠊᠊᠊᠊᠊᠊᠊᠊᠊ ᠮᠤᠩᠭ᠋ᠤᠯ ᠠᠷᠠᠤᠨ ᠤᠨ ᠵᠣᠢ᠌ᠷ ᠰᠠᠴᠠᠨ ᠥᠭᠡ


ᠵᠠᠭᠤᠨ ᠵᠢᠯ ᠤᠨ ᠡᠮᠦᠨᠡᠭᠢ ᠨᠢᠭᠡ ᠨᠠᠷᠠ ᠳᠤᠯᠠᠢ᠌ᠭᠰᠠᠨ ᠡᠳᠦᠷ᠂ ᠠᠩᠭ᠍ᠯᠢ ᠶᠢᠨ ᠨᠢᠭᠡ ᠭᠦᠳᠡᠭᠡ ᠳᠤᠰᠬᠤᠨ ᠤ ᠳᠠᠴᠢᠷᠬᠠᠭ ᠳᠠᠷᠢᠶᠠᠨ ᠳᠤᠮᠳᠠ ᠨᠢᠭᠡᠨ ᠡᠪᠦᠭᠡᠨ ᠳᠠᠷᠢᠶᠠᠴᠢᠨ ᠭᠦᠯᠦᠰᠤ ᠪᠠᠨ ᠣᠷᠤᠰᠬᠠᠨ ᠶᠡᠭᠡᠯ᠎ᠡ ᠰᠢᠭᠤᠷᠬᠠᠢ ᠠᠵᠢᠯᠯᠠᠵᠤ ᠪᠠᠢ᠌ᠨ᠎ᠠ᠃ ᠬᠠᠵᠠᠭᠤ ᠪᠠᠷ ᠨᠢ ᠳᠤᠯᠭᠢᠨ ᠣᠷᠤᠰᠬᠠᠯᠳᠤ ᠭᠤᠤᠯ ᠮᠤᠷᠤᠯᠵᠠᠨ ᠳᠠᠭᠢᠷᠯᠠᠭᠰᠠᠭᠠᠷ ᠠᠯᠤᠰ ᠢ ᠵᠤᠷᠢᠨ ᠱᠤᠤᠭᠢᠨ ᠣᠷᠤᠰᠴᠤ᠂ ᠭᠤᠤᠯ ᠤᠨ ᠡᠷᠭᠢ ᠪᠠᠷ ᠭᠡᠳᠤᠨ ᠭᠡᠦᠭᠡᠤᠨ ᠥᠭ᠍ᠶ‍ᠦᠭᠡ ᠡᠯᠭᠦᠨ ᠵᠢᠭᠠᠰᠤ ᠭᠦᠭᠢᠳᠡᠵᠤ ᠶᠠᠭᠠᠷᠠᠯᠳᠤᠨ᠎ᠠ᠃

ᠭᠡᠨᠡᠳᠲᠡ 《ᠡᠡᠮᠢ ᠠᠪᠣᠷᠠ︕》 ᠭᠡᠰᠡᠨ ᠭᠡᠦᠭᠡᠤᠨ ᠤᠨ ᠴᠢᠷᠯᠠᠬᠤ ᠳᠠᠭᠤᠨ ᠰᠤᠨᠤᠰᠳᠡᠵᠤ᠂ ᠨᠢᠭᠡ ᠵᠢᠭᠠᠯ ᠭᠤᠤᠯ ᠳᠤᠳᠤᠷ᠎ᠠ ᠭᠠᠷ ᠶᠢᠡᠨ ᠰᠠᠷᠪᠠᠯᠵᠠᠭᠤᠯᠤᠨ ᠳᠠᠪᠠᠯᠭᠠᠨ ᠳᠤ ᠬᠤᠮᠢᠭᠳᠠᠵᠤ ᠶᠠᠪᠣᠬᠤ ᠨᠢ ᠬᠠᠷᠠᠭᠳᠠᠵᠡᠢ᠃ ᠡᠪᠦᠭᠡᠨ ᠳᠠᠷᠢᠶᠠᠴᠢᠨ ᠡᠨᠡ ᠦᠶ᠎ᠡ ᠳᠤ ᠦᠪᠡᠷ ᠤᠨ ᠪᠠᠶ᠎ᠠ ᠨᠢ ᠣᠰᠤᠨ ᠳᠤ ᠣᠯᠳᠠᠢ ᠪᠠᠢ᠌ᠳᠠᠭ ᠶᠢᠡᠨ ᠴᠤ ᠬᠠᠮᠢᠶᠠᠷᠤᠯ ᠦᠭᠡᠶ᠂ ᠠᠷᠴᠢᠭᠤᠷ ᠶᠢᠡᠨ ᠣᠷᠭᠢᠮᠠᠭᠴᠠ ᠭᠦᠨ ᠭᠤᠤᠯ ᠳᠤ ᠬᠠᠷᠠᠢ᠌ᠵᠤ ᠣᠷᠤᠭᠠᠤᠨ ᠬᠠᠭᠠᠰ ᠴᠠᠭ ᠨᠤᠴᠤᠯᠳᠤᠵᠤ ᠪᠠᠢ᠌ᠭᠠᠤᠨ ᠳᠠᠷᠠ ᠭᠡᠦᠭᠡᠤᠨ ᠢ ᠠᠪᠣᠷᠠᠵᠤ ᠭᠠᠷᠭᠠᠵᠠᠢ᠃ ᠰᠢᠷᠦᠭᠦᠨ ᠣᠷᠤᠰᠬᠠᠯ ᠳᠤ ᠳᠠᠮᠢᠷ ᠶᠢᠡᠨ ᠰᠢᠪᠬᠠᠵᠤ ᠭᠡᠳᠤᠨ ᠠᠮᠠ ᠣᠰᠤ ᠵᠠᠯᠭᠢᠭᠰᠠᠨ ᠡᠪᠦᠭᠡᠨ ᠳᠠᠷᠢᠶᠠᠴᠢᠨ ᠭᠤᠤᠯ ᠤᠨ ᠳᠠᠩ ᠳᠡᠭᠡᠷ᠎ᠡ ᠮᠥᠯᠭᠦᠵᠤ ᠭᠠᠷᠤᠮᠠᠭᠴᠠ ᠰᠤᠯᠳᠡᠢ᠌ᠨ ᠤᠨᠡᠵᠡᠢ᠃ ᠡᠨᠡ ᠳᠠᠪᠵᠢᠶᠠᠨ ᠶᠢᠡᠷ ᠭᠡᠦᠭᠡᠤᠨ ᠤᠨ ᠭᠡᠷ ᠤᠨ ᠠᠬᠠᠮᠠᠤᠨ ᠪᠦᠷ ᠭᠦᠷᠦᠯᠴᠡᠨ ᠢᠷᠡᠭᠡᠤᠨ ᠠᠮᠢ ᠮᠤᠯᠳᠠᠷᠠᠭᠰᠠᠨ ᠭᠦᠤ ᠪᠠᠨ ᠪᠦᠭᠡᠴᠡᠢ᠌ᠯᠡᠭᠦ ᠶᠢᠨ ᠳᠡᠭᠠᠤ᠂ ᠡᠪᠦᠭᠡᠨ ᠳᠠᠷᠢᠶᠠᠴᠢᠨ ᠢ ᠳᠠᠮᠨᠠᠵᠤ ᠭᠠᠷᠤᠭᠠᠤᠨ ᠬᠤᠪᠴᠠᠰᠤ ᠬᠤᠨᠠᠷ ᠢ ᠨᠢ ᠬᠠᠭᠤᠷᠠᠢ᠌ᠯᠠᠨ᠎ᠠ᠃ ᠭᠤᠤᠯ ᠳᠤ ᠣᠨᠠᠭᠰᠠᠨ ᠭᠡᠦᠭᠡᠤᠨ ᠤᠨ ᠡᠴᠢᠭᠡ ᠨᠢ ᠳᠤᠬᠠᠢ ᠶᠢᠨ ᠭᠠᠵᠠᠷ ᠲᠠᠭᠠᠨ ᠶᠡᠭᠡ ᠵᠤᠭᠤᠰ ᠲᠡᠶ ᠢᠵᠠᠭᠤᠷᠳᠠᠨ ᠪᠠᠢ᠌ᠵᠤ᠂ ᠭᠦᠤ ᠨᠢ ᠡᠷᠡᠭᠦᠯ ᠮᠠᠠᠳᠤ ᠠᠪᠣᠷᠠᠭᠳᠠᠭᠰᠠᠨ ᠳᠤ ᠰᠠᠤᠠᠭᠢᠯ ᠭᠦᠳᠡᠯᠦᠭᠡᠤᠨ ᠨᠢᠯᠪᠤᠰᠤ ᠤᠨᠠᠭᠠᠵᠡᠢ᠃ ᠡᠨᠡᠭᠦ ᠶᠡᠭᠡ ᠠᠴᠢ ᠶᠢ ᠬᠠᠷᠢᠭᠤᠯᠬᠤ ᠶᠢᠨ ᠳᠦᠯᠦᠭᠡ ᠨᠢᠭᠡ ᠣᠭᠤᠳᠠ ᠮᠥᠩᠭᠦᠨ ᠵᠤᠭᠤᠰ ᠠᠪᠴᠢᠷᠠᠵᠤ ᠦᠭ‍ᠭᠦ ᠳᠤ ᠡᠪᠦᠭᠡᠨ ᠳᠠᠷᠢᠶᠠᠴᠢᠨ ᠳᠤᠷ᠎ᠠ ᠥᠭᠡᠢ᠌ᠴᠡᠨ᠄

《ᠪᠢ ᠵᠤᠭᠤᠰ ᠣᠯᠬᠤ ᠶᠢᠨ ᠳᠦᠯᠦᠭᠡ ᠴᠢᠨᠤ ᠭᠦᠤ ᠶᠢ ᠠᠪᠣᠷᠠᠭᠰᠠᠨ ᠪᠢᠰᠢ ᠯᠠ ᠳ᠋ᠠ︕ ᠮᠠᠨ ᠤ ᠶᠠᠳᠠᠭᠤ ᠭᠦᠮᠤᠨ ᠳᠤ ᠳᠠᠷᠠ ᠠᠷᠪᠢᠨ ᠵᠤᠭᠤᠰ ᠢ ᠭᠡᠷᠡᠭᠯᠡᠭᠦ ᠭᠠᠵᠠᠷ ᠦᠭᠡᠶ》 ᠭᠡᠤᠨ ᠣᠭᠳᠤ ᠬᠠᠯᠠᠭᠠᠭᠰᠠᠨ ᠦᠭᠡᠶ᠃ ᠡᠭᠦᠨ ᠳᠤ ᠳᠠᠷᠠ ᠢᠵᠠᠭᠤᠷᠳᠠᠨ ᠥᠭᠡᠷ᠎ᠡ ᠠᠷᠭ᠎ᠠ ᠰᠥᠪᠠᠭ᠍ᠴᠢᠯᠡᠵᠤ᠄

《ᠴᠢ ᠮᠢᠨᠤ ᠭᠦᠤ ᠳᠤ ᠰᠢᠨ᠎ᠠ ᠠᠮᠢ ᠨᠠᠰᠤ ᠣᠯᠭᠤᠭᠰᠠᠨ ᠶᠡᠭᠡ ᠠᠴᠢ ᠶᠢ ᠬᠠᠷᠢᠭᠤᠯᠬᠤ ᠦᠭᠡᠶ ᠶᠤᠮ ᠪᠣᠯ ᠪᠢ ᠰᠠᠨᠠᠭ᠎ᠠ ᠠᠮᠤᠷ ᠰᠠᠭᠤᠵᠤ ᠴᠢᠳᠠᠬᠤ ᠦᠭᠡᠶ᠃ ᠨᠠᠳᠠᠳᠤ ᠡᠢ᠌ᠮᠤ ᠨᠢᠭᠡ ᠵᠠᠪᠰᠢᠶᠠᠨ ᠣᠯᠭᠤᠬᠤ ᠵᠢ ᠭᠦᠰᠡᠶ᠎ᠡ᠃ ᠪᠢ ᠴᠢᠨᠤ ᠭᠦᠤ ᠶᠢ ᠯᠤᠠᠳᠤᠨ ᠳᠤ ᠭᠦᠷᠭᠡᠵᠤ ᠶᠡᠭᠡ ᠰᠤᠷᠭᠠᠭᠤᠯᠢ ᠳᠤ ᠣᠷᠤᠭᠤᠯᠤᠨ ᠰᠤᠷᠤᠯᠴᠠᠭᠤᠯᠵᠤ ᠠᠯᠢᠪᠠ ᠰᠥᠢᠦᠡᠭᠡᠯ ᠢ ᠨᠢ ᠬᠠᠷᠢᠭᠤᠴᠠᠪᠠᠯ ᠶᠠᠮᠠᠷ ᠪᠣᠢ︖》 ᠭᠡᠵᠤ ᠭᠤᠶ‍ᠦᠵᠡᠢ᠃ ᠡᠪᠦᠭᠡᠨ ᠳᠠᠷᠢᠶᠠᠴᠢᠨ ᠤ ᠭᠦᠤ ᠨᠢ ᠰᠤᠷᠤᠯᠭ᠎ᠠ ᠳᠠᠭᠠᠨ ᠣᠠᠴᠠ ᠰᠠᠢ᠌ᠨ ᠪᠠᠢ᠌ᠭᠰᠠᠨ ᠴᠤ ᠠᠵᠤ ᠠᠮᠢᠳᠤᠷᠠᠯ ᠶᠠᠳᠠᠭᠤ ᠡᠴᠡ ᠪᠣᠯᠵᠤ ᠳᠡᠭᠡᠳᠤ ᠰᠤᠷᠭᠠᠭᠤᠯᠢ ᠳᠤ ᠶᠠᠪᠣᠭᠤᠯᠵᠤ ᠳᠡᠢ᠌ᠯᠭᠦ ᠦᠭᠡᠶ ᠭᠠᠴᠢᠭᠳᠠᠵᠤ ᠪᠠᠢ᠌ᠭᠰᠠᠨ ᠪᠣᠯᠬᠤᠷ ᠡᠨᠡ ᠭᠤᠶᠤᠯᠳᠠ ᠶᠢ ᠨᠢ ᠬᠠᠷᠢᠨ ᠠᠮᠠᠷᠬᠠᠨ ᠵᠥᠪᠰᠢᠶᠡᠷᠡᠵᠡᠢ᠃ ᠡᠪᠦᠭᠡᠨ ᠳᠠᠷᠢᠶᠠᠴᠢᠨ ᠤ ᠭᠦᠤ ᠶᠡᠭᠡ ᠰᠤᠷᠭᠠᠭᠤᠯᠢ ᠪᠠᠨ ᠳᠡᠭᠦᠰᠦᠭᠡᠤᠨ ᠡᠮᠨᠡᠯᠭᠡ ᠶᠢᠨ ᠣᠬᠠᠭᠠᠨ ᠤ ᠫᠷᠤᠹᠧᠰᠰᠤᠷ ᠴᠤᠯᠠ ᠭᠦᠷᠳᠡᠵᠤ᠂ ᠲ᠋ᠡᠮᠡᠢ ᠣᠳᠠᠯ ᠦᠭᠡᠶ ᠫᠧᠨᠢᠰᠢᠯᠢᠨ ᠢ ᠢᠯᠡᠷᠡᠭᠦᠯᠵᠤ ᠮᠢᠩᠭ᠋᠎ᠠ ᠲᠦᠮᠡᠨ ᠡᠪᠠᠦᠡᠴᠢᠳᠡᠨ ᠢ ᠥᠭᠦᠯ ᠤᠨ ᠠᠶᠤᠯ ᠡᠴᠡ ᠠᠪᠦᠷᠠᠭᠠᠳ᠂ ᠲ᠋ᠡᠯᠡᠭᠡᠢ ᠤ ᠡᠮᠨᠡᠯᠭᠡ ᠶᠢᠨ ᠣᠬᠠᠭᠠᠨ ᠤ ᠳᠡᠦᠭᠡᠨ ᠳ᠋ᠠᠭᠢ ᠭᠡᠷᠡᠯ ᠰᠠᠴᠤᠷᠠᠩᠭ᠋ᠤᠢ ᠨᠢᠭᠡᠨ ᠬᠠᠭᠤᠳᠠᠰᠤ ᠶᠢ ᠪᠢᠴᠢᠭ᠍ᠯᠡᠭ᠍ᠰᠡᠨ ᠶ‍ᠦᠮ᠃ ᠡᠨᠡ ᠭᠦᠮᠤᠨ ᠪᠣᠯ ᠳᠠᠷᠤᠢ ᠰᠢᠡᠵᠢᠯᠡᠭᠦ ᠣᠬᠠᠭᠠᠠᠳᠠᠨ ᠠᠯᠧᠺᠰᠠᠠᠳᠧᠷ᠂ ᠹᠯᠢᠮᠢᠩ ᠪᠣᠯᠤᠨ᠎ᠠ᠃ ᠲ᠋ᠠᠷᠠ ᠡᠨᠡ ᠢᠯᠡᠷᠡᠭᠦᠯᠦᠯᠳᠡ ᠪᠠᠷ ᠶᠢᠡᠨ 1945 ᠣᠨ ᠳᠤ ᠨᠤᠫᠧᠯ ᠤᠨ ᠡᠮᠨᠡᠯᠭᠡ ᠶᠢᠨ ᠣᠬᠠᠭᠠᠨ ᠤ ᠱᠠᠩᠨᠠᠯ ᠢ ᠭᠦᠷᠳᠡᠭ᠍ᠰᠡᠨ ᠪᠢᠯᠡ᠃ ᠡᠪᠦᠭᠡᠨ ᠳᠠᠷᠢᠶᠠᠴᠢᠨ ᠤ ᠠᠪᠣᠷᠠᠭᠰᠠᠨ ᠳᠠᠷᠠ ᠭᠦᠤ᠂ ᠬᠤᠵᠢᠮ ᠨᠢ ᠡᠡᠩᠭ᠍ᠯᠢ ᠣᠯᠤᠰ ᠤᠨ ᠳᠡᠷᠢᠭᠦᠨ ᠰᠠᠢ᠌ᠳ ᠤᠨ ᠳᠤᠰᠢᠶᠠᠯ ᠳᠤ ᠳᠡᠪᠰᠢᠵᠤ᠂ ᠲ᠋ᠡᠯᠡᠭᠡᠢ ᠶᠢᠨ ᠬᠤᠶᠠᠳᠤᠭᠠᠷ ᠳᠠᠢ᠌ᠨ ᠤ ᠬᠤᠪᠢ ᠵᠠᠶᠠᠭ᠎ᠠ ᠶᠢ ᠡᠵᠡᠮᠳᠡᠭ᠍ᠰᠡᠨ ᠠᠪᠣᠷᠭᠤ ᠭᠦᠮᠤᠨ ᠪᠣᠯᠪᠠ᠃ ᠲ᠋ᠠᠷᠠ ᠭᠦᠮᠤᠨ ᠪᠣᠯ ᠳᠠᠷᠤᠢ ᠴᠸᠷᠴᠢᠯ ᠪᠣᠯᠤᠨ᠎ᠠ᠃

ᠪᠢᠳᠠ ᠡᠢ᠌ᠮᠤ ᠨᠢᠭᠡᠨ ᠵᠢᠱᠢᠯᠳᠠ ᠭᠢᠵᠤ ᠦᠵᠡᠶ᠎ᠠ᠄ ᠭᠡᠷᠪᠡ ᠡᠪᠦᠭᠡᠨ ᠳᠠᠷᠢᠶᠠᠴᠢᠨ ᠤ ᠭᠦᠤ ᠶᠡᠭᠡ ᠰᠤᠷᠭᠠᠭᠤᠯᠢ ᠳᠤ ᠶᠠᠪᠣᠵᠤ ᠴᠢᠳᠠᠭᠰᠠᠨ ᠦᠭᠡᠶ ᠶᠤᠮ ᠪᠣᠯ ᠴᠢᠩ ᠮᠸᠢ ᠰᠤ ᠶᠢ ᠰᠤᠳᠤᠯᠤᠨ ᠪᠦᠳᠦᠭᠡᠭᠦ ᠶᠠᠪᠣᠴᠠ ᠠᠳᠠᠭ ᠪᠠᠭ᠎ᠠ ᠳᠠᠭᠠᠨ ᠬᠤᠷᠢᠨ ᠵᠢᠯ ᠬᠣᠢ᠌ᠰᠢᠯᠠᠬᠤ ᠪᠤᠯᠤᠨ᠎ᠠ᠃ ᠲ᠋ᠡᠭᠡᠪᠠᠯ ᠳᠡᠯᠡᠭᠡᠢ ᠶᠢᠨ ᠭᠦᠮᠤᠨ ᠠᠮᠠ ᠭᠡᠳᠦᠢ ᠬᠤᠷᠤᠭᠳᠠᠬᠤ ᠶᠢ ᠵᠢᠱᠢᠭᠦᠶ᠎ᠡ ᠪᠠᠷᠭᠡ ᠪᠠᠢ᠌ᠵᠤ᠂ ᠪᠠᠺᠲ᠋ᠸᠷᠢ ᠡᠴᠡ ᠬᠠᠯᠳᠠᠪᠣᠷᠢᠯᠠᠭᠰᠠᠨ ᠡᠯᠳᠡᠪ ᠡᠪᠠᠦᠡᠴᠢᠨ ᠪᠦᠮᠪᠦᠷᠴᠡᠭ᠌ ᠳᠠᠶᠠᠭᠠᠷ ᠰᠠᠮᠠᠭᠤᠷᠠᠬᠤ ᠪᠣᠯᠤᠨ᠎ᠠ᠃ ᠣᠰᠤᠨ ᠳᠤ ᠣᠨᠠᠭᠰᠠᠨ ᠳᠠᠷᠠ ᠭᠦᠤ ᠶᠢ ᠠᠪᠣᠷᠠᠭᠰᠠᠨ ᠦᠭᠡᠶ ᠶᠤᠮ ᠪᠣᠯ ᠳᠤᠬᠠᠢ ᠶᠢᠨ ᠳᠡᠯᠡᠭᠡᠢ ᠶᠢᠨ ᠳᠠᠢ᠌ᠨ ᠤ ᠬᠠᠠᠳᠤᠰᠢ ᠶᠢ ᠡᠵᠡᠮᠳᠡᠭ᠍ᠰᠡᠨ ᠭᠤᠷᠪᠠᠨ ᠠᠪᠣᠷᠭᠤ ᠶᠢᠨ ᠨᠢᠭᠡ ᠨᠢ ᠪᠠᠢ᠌ᠵᠤ ᠴᠢᠳᠠᠬᠤ ᠦᠭᠡᠶ᠃ ᠲ᠋ᠡᠭᠡᠪᠠᠯ ᠳᠡᠯᠡᠭᠡᠢ ᠶᠢᠨ ᠣᠯᠤᠰ ᠲᠦᠷᠦ ᠶᠢᠨ ᠪᠠᠢ᠌ᠳᠠᠯ ᠶᠠᠭᠠᠭᠢᠵᠤ ᠬᠤᠪᠢᠷᠠᠬᠤ ᠶᠢ ᠮᠦᠨ ᠭᠡᠯᠡᠵᠤ ᠮᠡᠳᠡᠭᠦᠶ᠎ᠡ ᠪᠠᠷᠭᠡ᠃ ᠊᠊᠊᠊᠊᠊᠊᠊᠊᠊᠊᠊᠊᠊᠊᠊᠊᠊᠊᠊᠊᠊᠊᠊᠊᠊᠊᠊᠊᠊ ᠰᠠᠢ᠌ᠨ ᠰᠠᠨᠠᠭᠠᠨ ᠤ ᠥᠵᠦᠭᠦᠷ ᠰᠥ᠋ ᠭᠦᠭᠡᠭᠡᠰᠦᠷᠡᠵᠤ᠂ ᠡᠪᠦᠭᠡᠨ ᠳᠠᠷᠢᠶᠠᠴᠢᠨ ᠤ ᠰᠠᠢ᠌ᠨ ᠣᠢ᠌ᠯᠠ ᠨᠢ ᠳᠡᠯᠡᠭᠡᠢ ᠶᠢᠨ ᠳᠡᠦᠭᠡᠨ ᠭᠦᠷᠳᠤ ᠶᠢ ᠡᠷᠭᠢᠭᠦᠯᠵᠤ ᠠᠴᠢ ᠬᠠᠷᠢᠭᠤᠯᠳᠠ ᠶᠢ ᠨᠢ ᠪᠦᠮᠪᠦᠷᠴᠡᠭ᠌ ᠳᠠᠶᠠᠭᠠᠷ ᠣᠯᠵᠤ ᠭᠦᠷᠳᠡᠯ᠎ᠡ᠃ ᠭᠡᠯᠡᠯᠭᠡᠨ ᠦᠭᠡᠶ᠂ ᠰᠠᠢ᠌ᠨ ᠶᠠᠪᠣᠳᠠᠯ ᠪᠦᠭᠦᠨ ᠳᠤ ᠪᠦᠷ ᠡᠢ᠌ᠮᠤ ᠶᠡᠭᠡ ᠠᠴᠢ ᠬᠠᠷᠢᠭᠤᠯᠳᠠ ᠣᠯᠬᠤ ᠶᠢᠨ ᠪᠣᠯᠤᠯᠴᠠᠭ᠎ᠠ ᠪᠠᠢ᠌ᠬᠤ ᠦᠭᠡᠶ ᠪᠦᠭᠡᠤᠨ᠂ ᠡᠡᠴᠢ ᠬᠠᠷᠢᠭᠤᠯᠳᠠ ᠰᠠᠨᠠᠵᠤ ᠪᠠᠢ᠌ᠭᠠᠤᠨ ᠰᠠᠢ᠌ᠨ ᠭᠡᠷᠡᠭ᠌ ᠥᠢᠯᠡᠳᠭᠦ ᠶᠤᠮ ᠪᠣᠯ ᠰᠠᠢ᠌ᠨ ᠰᠠᠨᠠᠭᠠᠨ ᠤ ᠣᠤᠠᠬ᠎ᠠ ᠠᠭᠤᠯᠭ᠎ᠠ ᠪᠠᠨ ᠠᠯᠳᠠᠬᠤ ᠳᠤ ᠭᠦᠷᠦᠨ᠎ᠡ᠃ ᠡᠡᠷᠡᠳ ᠤᠨ ᠰᠠᠴᠠᠨ ᠥᠭᠡᠨ ᠳ᠋ᠤ 《ᠭᠦᠮᠤᠨ ᠳᠤ ᠳᠤᠰᠠᠯᠠᠪᠠᠯ ᠪᠠᠶ᠎ᠠ ᠳᠤ ᠠᠴᠢ ᠭᠦᠷᠳᠡᠨ᠎ᠡ》 ᠭᠡᠰᠡᠨ ᠭᠡᠯᠡᠯᠭᠡ ᠪᠣᠢ ᠪᠦᠭᠡᠤᠨ᠂ ᠰᠡᠢ᠌ᠨ ᠭᠡᠷᠡᠭ᠌ ᠣᠢ᠌ᠯᠠᠤᠠᠪᠠᠯ ᠵᠠᠪᠠᠯ ᠠᠴᠢ ᠬᠠᠷᠢᠭᠤᠯᠳᠠ ᠰᠠᠨᠠᠭᠰᠠᠨ ᠤ ᠭᠡᠷᠡᠭ᠌ ᠦᠭᠡᠶ᠃ ᠮᠠᠤ ᠽᠧ ᠳ᠋ᠦ᠋ᠩ ᠡᠨᠡ ᠰᠠᠨᠠᠭ᠎ᠠ ᠶᠢ ᠴᠢᠨᠠᠭᠰᠢᠳᠠ ᠭᠦᠡᠵᠡᠭᠡᠢ᠌ᠷᠡᠭᠦᠯᠵᠤ 《ᠭᠦᠮᠤᠨ ᠨᠢᠭᠡ ᠬᠤᠶᠠᠷ ᠰᠠᠢ᠌ᠨ ᠭᠡᠷᠡᠭ᠌ ᠥᠢᠯᠡᠳᠭᠦ ᠨᠢ ᠳᠠᠳᠣᠢ᠌ᠯᠠ ᠭᠦᠴᠢᠷ ᠪᠢᠰᠢ᠂ ᠨᠠᠰᠤ ᠪᠠᠷ ᠶᠢᠡᠨ ᠰᠠᠢ᠌ᠨ ᠶᠠᠪᠣᠳᠠᠯ ᠭᠢᠭᠦ ᠨᠢ ᠰᠠ‍‌ᠶᠢ ᠭᠦᠴᠢᠷᠳᠡᠢ ᠶᠠᠪᠣᠳᠠᠯ ᠪᠤᠯᠤᠨ᠎ᠠ》 ᠭᠡᠰᠡᠨ ᠶᠤᠮ᠃ ᠮᠤᠩᠭ᠋ᠤᠯᠴᠤᠳ ᠭᠡᠦᠭᠡᠤᠨ ᠶᠢᠡᠨ ᠪᠠᠭ᠎ᠠ ᠡᠴᠡ ᠨᠢ 《ᠰᠠᠢ᠌ᠨ ᠰᠠᠨᠠᠭ᠎ᠠ ᠳᠠᠯ᠎ᠠ ᠶᠢ ᠳᠤᠭᠤᠷᠢᠵᠤ ᠮᠠᠭᠤ ᠰᠠᠨᠠᠭ᠎ᠠ ᠪᠠᠶ᠎ᠠ ᠶᠢ ᠳᠤᠭᠤᠷᠢᠨ᠎ᠠ》 ᠭᠡᠵᠤ ᠰᠤᠷᠭᠠᠳᠠᠭ ᠨᠢ ᠡᠨᠡ ᠶᠤᠰᠤ ᠶᠢ ᠨᠠᠪᠳᠠᠷᠠᠳᠠᠯ᠎ᠠ ᠶᠠᠷᠢᠭᠰᠠᠨ ᠪᠢᠯᠠ᠃ ᠰᠠᠢ᠌ᠨ ᠤ ᠬᠠᠭᠠᠯᠭ᠎ᠠ ᠭᠦᠮᠤᠨ ᠪᠦᠭᠦᠨ ᠤ ᠡᠮᠦᠨ᠎ᠡ ᠵᠢᠷᠠᠢ᠌ᠳᠠᠯ᠎ᠠ ᠨᠡᠭᠡᠭᠡᠭ᠍ᠳᠡᠨ ᠪᠠᠯᠭᠡ ᠳᠠᠮᠪᠠᠷᠢᠯ ᠶᠢᠡᠷ ᠣᠭᠳᠤᠵᠤ ᠪᠠᠢ᠌ᠬᠤ ᠳᠤ᠂ ᠮᠠᠭᠤ ᠶᠢᠨ ᠵᠠᠮ ᠬᠠᠷᠢᠨ ᠮᠤᠬᠤᠷ ᠭᠠᠩᠭ᠋᠎ᠠ ᠠᠳᠠᠯᠢ ᠭᠦᠡᠳᠡᠯᠢᠰᠴᠤ ᠪᠠᠢ᠌ᠳᠠᠭ ᠰᠠᠨ︕

ᠵᠤᠬᠢᠶᠠᠭᠴᠢ᠄ ᠨᠣ᠋·ᠪᠠᠭᠠᠳᠤᠷ
ᠳᠠᠷᠤᠮ᠄ 9207
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ