ᠨᠡᠪᠲᠡᠷᠡᠨ ᠤᠷᠤᠬᠤ
ᠲᠠᠪᠤᠳᠤᠭᠠᠷ ᠪᠦᠯᠦᠭ ᠂ ᠤᠬᠠᠭᠠᠷᠠᠵᠤ ᠠᠮᠢᠳᠤᠷᠠᠬᠤ ᠬᠤᠷᠸ᠎ᠠ
ᠵᠢᠷᠭᠤᠳᠤᠭᠠᠷ ᠬᠡᠰᠡᠭ ᠂ 《ᠦ᠋ ᠤᠪᠤᠭᠲᠤ ᠶᠢᠨ ᠭᠡᠷ᠎ᠡ》

ᠵᠦᠪ ᠪᠣᠷᠤᠭᠤ ᠶᠢᠨ ᠦᠨᠳᠦᠰᠦᠯᠠᠯ ᠭᠡᠷᠡᠴᠢ ᠪᠠᠷᠢᠮᠳᠠ ᠳᠤ ᠪᠠᠢ᠌ᠳᠠᠭ᠃ ᠦᠨᠳᠦᠰᠦᠯᠠᠯ ᠦᠭᠡᠶ ᠳ᠋ᠦ᠋ᠩᠨᠠᠯᠳᠠ ᠭᠦᠯ ᠵᠤᠭᠰᠤᠵᠤ ᠴᠢᠳᠠᠬᠤ ᠦᠭᠡᠶ᠃


᠊᠊᠊᠊᠊᠊᠊᠊᠊᠊᠊᠊᠊᠊᠊ ᠬᠠᠤᠯᠢᠴᠢ ᠶᠢᠨ ᠥᠭᠡ


ᠮᠢᠨᠤ ᠰᠠᠭᠤᠭ᠎ᠠ ᠭᠡᠷ ᠪᠣᠯ ᠡᠤ ᠣᠪᠣᠭᠳᠠᠢ ᠭᠢᠳᠠᠤᠨ ᠡᠴᠡ ᠳᠦᠷᠢᠶᠡᠰᠦᠯᠡᠭ᠍ᠰᠡᠨ ᠶᠤᠮ᠃ ᠵᠢᠯ ᠪᠦᠷᠢ ᠶᠢᠨ ᠭᠤᠷᠪᠠᠨ ᠰᠠᠷᠠᠢ᠌ᠨ ᠨᠢᠭᠡᠨ ᠪᠣᠯᠤᠭᠰᠠᠭᠠᠷ ᠡᠤ ᠣᠪᠣᠭᠳᠤ ᠭᠢᠳᠠᠤᠨ ᠢᠷᠡᠭᠡᠤᠨ ᠭᠡᠷ ᠤᠨ ᠳᠦᠷᠢᠶᠠᠰᠤ ᠪᠠᠨ ᠬᠤᠷᠢᠶᠡᠨ᠎ᠡ᠃ ᠲ᠋ᠡᠭᠡᠭᠦ ᠳᠡᠭᠡᠨ ᠭᠦᠷᠢᠶ᠎ᠡ ᠬᠠᠰᠢᠶ᠎ᠡ᠂ ᠭᠡᠷ ᠤᠨ ᠳᠤᠳᠤᠨ᠎ᠠ ᠭᠠᠳᠠᠨᠠᠭᠢ ᠶᠢ ᠪᠦᠷ ᠨᠢᠭᠡ ᠮᠦᠷ ᠨᠠᠷᠢᠨ ᠨᠢᠮᠪᠠᠢ ᠰᠢᠠᠵᠢᠵᠤ ᠥᠵᠡᠭ᠍ᠰᠡᠨ ᠤ ᠳᠠᠷᠠᠭ᠎ᠠ᠂ ᠬᠠᠮᠠᠭᠠᠯᠠᠵᠤ ᠳᠤᠳᠤᠮᠳᠠᠭᠰᠠᠨ ᠨᠢ ᠭᠢᠷᠢ ᠳᠡᠩᠴᠡᠭᠦ ᠳᠡᠩᠴᠡᠭᠦ ᠦᠭᠡᠶ ᠭᠡᠵᠤ ᠶᠡᠭᠡᠯ᠎ᠡ ᠳᠤᠷᠠᠮᠴᠠᠭ ᠳᠤᠬᠤ ᠰᠡᠵᠢᠭᠠᠳ᠂ ᠲ᠋ᠡᠭᠡᠷ᠎ᠡ ᠵᠢᠯ ᠤᠨ ᠪᠢᠴᠢᠭ᠍ᠰᠡᠨ ᠳᠦᠷᠢᠶᠠᠰᠤᠨ ᠭᠡᠷ᠎ᠡ ᠪᠠᠨ ᠭᠠᠷᠭᠠᠭᠠᠤᠨ ᠠᠯᠢ ᠠᠯᠢ ᠵᠤᠷᠪᠣᠰᠤᠨ ᠡᠴᠡ ᠨᠢ ᠵᠥᠷᠢᠴᠡᠴᠢᠭᠡᠯ᠎ᠡ ᠭᠡᠵᠤ ᠨᠠᠳᠠ ᠶᠢ ᠵᠢᠮᠡᠯᠡᠵᠤ᠂ ᠭᠡᠷ᠎ᠡ ᠶᠤᠰᠤᠭᠠᠷ ᠳᠤᠷᠭᠤᠭᠠᠬᠤ ᠶᠤᠮ ᠪᠣᠯ ᠭᠡᠳᠦᠢ ᠭᠡᠳᠦᠢ ᠳᠦᠭᠦᠷᠢᠭ᠌ ᠳᠦᠯᠦᠭᠦ ᠶᠤᠰᠤᠳᠠᠢ ᠶᠤᠮ ᠭᠡᠨ᠎ᠡ᠃ ᠲ᠋ᠡᠭᠡᠭᠡᠤᠨ ᠳᠠᠭᠢᠨ ᠥᠭᠡ ᠪᠠᠨ ᠪᠣᠴᠠᠭᠠᠵᠤ ᠮᠢᠨᠤ ᠭᠦᠴᠢᠷᠳᠡᠯ ᠢ ᠬᠠᠷᠠᠭᠠᠯᠵᠠᠨ᠂ ᠲ᠋ᠤᠷᠭᠠᠭᠤᠯᠢ ᠶᠢᠨ ᠮᠥᠩᠭᠦ ᠪᠠᠨ ᠠᠪᠬᠤ ᠦᠭᠡᠶ ᠪᠠᠷ ᠳᠤᠭᠳᠠᠭᠰᠠᠨ ᠳᠠᠭᠠᠨ ᠭᠠᠪᠢᠶᠠᠷᠬᠠᠵᠤ᠂ ᠶᠠᠭ ᠯᠠ ᠮᠢᠨᠤ ᠠᠪᠣᠷᠠᠭᠴᠢ ᠣᠳᠤᠨ ᠪᠣᠯᠤᠭᠰᠠᠨ ᠮᠠᠳᠤ ᠣᠯᠠᠨ ᠠᠷᠪᠢᠨ ᠰᠤᠷᠭᠠᠯ 《ᠬᠠᠢ᠌ᠷᠠᠯᠠᠨ》 ᠴᠢᠭᠢ ᠨᠦᠵᠢᠷᠠᠳᠠᠯ᠎ᠠ ᠶᠠᠩᠰᠢᠭᠰᠠᠨ ᠤ ᠳᠠᠷᠠᠭ᠎ᠠ᠂ ᠭᠤᠤᠯ ᠰᠠᠳᠤᠪ ᠲᠡᠭᠡᠨ ᠣᠷᠤᠵᠤ ᠢᠷᠡᠭᠦ ᠵᠢᠯ ᠤᠨ ᠭᠡᠷ᠎ᠡ ᠪᠠᠨ ᠳᠤᠭᠳᠠᠶ᠎ᠠ ᠯᠠ ᠭᠡᠭᠦ ᠶ‍ᠦᠮ᠃ ᠮᠡᠨᠡᠢ᠌ᠭᠢᠨ ᠤ ᠣᠢ᠌ᠯᠠᠭᠠᠯᠳᠠ ᠪᠠᠷ᠂ ᠭᠡᠷ ᠳᠦᠷᠢᠶᠡᠰᠦᠯᠡᠭᠦ ᠳᠤ ᠶᠡᠭᠤᠨᠡᠢ 《ᠭᠡᠷ᠎ᠡ ᠮᠠᠷ᠎ᠠ》 ᠲ᠋ᠠᠢ ᠶᠤᠮ ᠪᠤᠢ︖ ᠭᠡᠳᠦᠷᠡᠭᠦ ᠳᠡᠭᠡᠨ ᠡᠨᠡ ᠵᠢᠯ ᠤᠨ ᠳᠦᠷᠢᠶᠠᠰᠤᠨ ᠮᠥᠩᠭᠦ ᠪᠠᠨ ᠠᠪᠣᠴᠢᠬᠠᠯ᠎ᠠ ᠭᠡᠰᠡᠨ ᠪᠠᠷᠢᠮᠳᠠ ᠪᠢᠴᠢᠴᠢᠭᠡᠪᠠᠯ ᠪᠠᠷᠠᠭᠰᠠᠨ ᠭᠡᠷᠡᠭ᠌᠃ ᠪᠢ ᠴᠤ ᠳᠡᠭᠦᠨ ᠡᠴᠡ ᠳᠦᠷᠭᠡᠨ ᠰᠠᠯᠬᠤ ᠶᠢᠨ ᠳᠦᠤᠰ ᠪᠣᠯᠵᠤ :

《ᠪᠢ ᠳᠦᠷᠢᠶᠠᠰᠤᠨ ᠮᠥᠩᠭᠦ ᠪᠠᠨ ᠳᠤᠰᠢᠶᠠᠶ᠎ᠠ᠂ ᠴᠢ ᠨᠢᠭᠡ ᠬᠤᠷᠢᠶᠠᠭᠰᠠᠨ ᠪᠠᠷᠢᠮᠳᠠ ᠪᠢᠴᠢᠪᠠᠯ ᠪᠠᠷᠡᠪᠡ》 ᠭᠡᠰᠡᠨ ᠳᠤ᠂ ᠲ᠋ᠠᠷᠠ ᠶᠡᠭᠡ ᠰᠤᠴᠢᠭᠰᠠᠨ ᠪᠠᠢ᠌ᠳᠠᠯ ᠲᠡᠶ ᠨᠢᠳᠤ ᠪᠠᠨ ᠪᠦᠯᠳᠡᠢ᠌ᠯᠭᠡᠵᠤ :

《ᠳᠡᠭᠡᠭᠡᠤᠨ ᠶᠠᠭᠠᠭᠢᠵᠤ ᠪᠣᠯᠬᠤ ᠶᠤᠮ ᠪᠣᠢ ᠁》 ᠭᠡᠵᠤ ᠳᠠᠪᠳᠠᠨ ᠶᠠᠷᠢᠭᠯᠠᠭᠰᠠᠭᠠᠷ ᠬᠠᠯᠠᠭᠠᠰᠤᠨ ᠡᠴᠡ ᠪᠠᠨ ᠳᠡᠭ᠌ ᠳᠦᠷᠪᠡᠯᠵᠢᠨ ᠨᠤᠭᠤᠯᠠᠭᠰᠠᠨ ᠠᠷᠪᠠᠨ ᠵᠢᠷᠭᠤᠭᠠᠨ ᠵᠦᠰᠤᠮ ᠤᠨ ᠳᠠᠰᠬᠠᠯ ᠤᠨ ᠴᠠᠭᠠᠰᠤᠨ ᠳᠡᠭᠡᠷ᠎ᠡ ᠶᠠᠭᠰᠢᠷᠠᠳᠠᠯ᠎ᠠ ᠬᠤᠶᠠᠷ ᠨᠢᠭᠤᠷ ᠪᠢᠴᠢᠭ᠍ᠰᠡᠨ ᠨᠠᠢ᠌ᠳᠠ ᠬᠤᠷᠢᠨ ᠵᠤᠷᠪᠣᠰ ᠲᠡᠶ ᠪᠠᠯᠠᠨ ᠭᠡᠷ᠎ᠡ ᠭᠠᠷᠭᠠᠵᠠᠢ᠃ ᠲ᠋ᠤᠰ ᠭᠡᠷ᠎ᠡ ᠶᠢᠨ ᠬᠠᠭᠠᠰ ᠰᠢᠬᠠᠮ ᠠᠭᠤᠯᠭ᠎ᠠ ᠨᠢ ᠭᠡᠷ ᠤᠨ ᠡᠵᠡᠨ ᠤ ᠭᠡᠷ ᠭᠦᠷᠢᠶ᠎ᠡ ᠶᠢ ᠶᠠᠭᠠᠭᠢᠵᠤ ᠬᠠᠮᠠᠭᠠᠯᠠᠵᠤ ᠳᠤᠳᠤᠮᠳᠠᠬᠤ ᠳᠤᠬᠠᠢ ᠶᠡᠷᠢᠵᠤ᠂ ᠭᠡᠷ ᠤᠨ ᠰᠢᠪᠠᠭᠠᠰᠤ ᠣᠨᠠᠵᠤ ᠭᠡᠷᠡᠮ ᠤᠨ ᠣᠷᠤᠢ ᠶᠡᠭᠦᠷᠡᠭᠡᠤᠨ ᠣᠭ ᠭᠡᠪ ᠶᠢᠡᠷ ᠨᠢ ᠰᠡᠯᠪᠢᠭᠦ ᠦᠭᠡᠶ ᠪᠣᠯ ᠳᠤᠰᠪᠣᠷᠢ ᠭᠡᠳᠦᠢ ᠵᠤᠭᠤᠰ ᠳᠤᠷᠭᠤᠭᠠᠬᠤ ᠳᠤᠬᠠᠢ ᠪᠢᠴᠢᠭ᠍ᠰᠡᠨ ᠪᠦᠭᠡᠤᠨ᠂ ᠰᠡᠭᠦᠯ ᠤᠨ ᠭᠡᠰᠡᠭ᠌ ᠳᠤᠨᠢ ᠬᠤᠤᠠᠳᠤᠭ ᠣᠰᠤ᠂ ᠭᠠᠯ ᠴᠠᠭᠢᠯᠭᠠᠨ ᠮᠠᠳᠤᠰ ᠢ ᠭᠢᠴᠢᠶᠡᠭᠦ ᠦᠭᠡᠶ ᠡ᠊ᠨᠳᠡᠭᠦ ᠪᠣᠶᠤ ᠭᠠᠵᠠᠷ ᠭᠦᠳᠡᠯᠵᠤ ᠠᠶᠤᠩᠭ᠋᠎ᠠ ᠨᠢᠷᠭᠡᠭᠦ ᠮᠠᠳᠤ ᠶᠢᠨ ᠪᠠᠢ᠌ᠭᠠᠯᠢ ᠶᠢᠨ ᠭᠠᠮᠰᠢᠭ ᠲᠤ ᠳᠠᠭᠠᠷᠢᠭᠳᠠᠪᠠᠯ ᠭᠡᠷ ᠤᠨ ᠡᠵᠡᠨ ᠶᠠᠮᠠᠷᠴᠤ ᠬᠠᠷᠢᠭᠤᠴᠠᠯᠭ᠎ᠠ ᠡᠭᠦᠷᠭᠡᠯᠡᠭᠦ ᠦᠭᠡᠶ ᠪᠠᠨ ᠳᠤᠳᠦᠷᠬᠠᠢ᠌ᠯᠡᠵᠤ᠂ ᠭᠡᠷ ᠳᠦᠷᠢᠶᠡᠰᠦᠯᠡᠭᠦ ᠬᠤᠭᠤᠴᠠᠭᠠᠨ ᠳᠤ ᠡᠭᠦᠰᠦᠭ᠍ᠰᠡᠨ ᠠᠯᠢᠪᠠ ᠭᠡᠷᠡᠭ᠌ ᠭᠡᠷ ᠤᠨ ᠡᠵᠡᠨ ᠲᠡᠶ ᠬᠤᠯᠪᠣᠭᠳᠠᠬᠤ ᠦᠭᠡᠶ ᠭᠡᠰᠡᠨ ᠢ ᠴᠢᠬᠤᠯᠠᠴᠢᠯᠠᠨ ᠶᠠᠷᠢᠭᠰᠠᠨ ᠪᠠᠢ᠌ᠨ᠎ᠠ᠃ ᠪᠢ ᠮᠠᠨᠠᠢ᠌ᠭᠢᠨ ᠳᠠᠭᠠᠨ ᠡᠯᠳᠡᠪ ᠭᠡᠷ᠎ᠡ ᠪᠢᠴᠢᠭ᠌ ᠪᠠ ᠵᠠᠷᠭᠤ ᠵᠠᠭᠠᠯᠳᠤᠯᠭ᠎ᠠ ᠶᠢᠨ ᠪᠢᠴᠢᠭ᠌ ᠪᠢᠴᠢᠵᠤ ᠥᠭ᠍ᠳᠡᠭ᠌ ᠪᠣᠯᠪᠠᠴᠤ ᠡᠨᠡ ᠮᠠᠳᠤ ᠶᠢᠨ ᠨᠠᠷᠢᠨ ᠰᠢᠷᠢᠨ ᠠᠭᠤᠯᠭ᠎ᠠ ᠲᠡᠶ᠂ ᠪᠦᠭᠦ ᠳᠠᠯ᠎ᠠ ᠶᠢ ᠬᠠᠮᠤᠷᠠᠭᠰᠠᠨ ᠭᠡᠷ᠎ᠡ ᠪᠢᠴᠢᠭ᠌ ᠦᠵᠡᠵᠤ ᠥᠩᠭᠡᠷᠡᠭᠡ ᠦᠭᠡᠶ᠃ ᠪᠢ ᠳᠡᠰᠭᠡᠯ ᠦᠭᠡᠶ ᠳᠡᠭᠦᠨ ᠢ ᠪᠢᠰᠢᠷᠠᠵᠤ᠄

《ᠳᠠ ᠴᠢᠨᠢ ᠵᠤᠬᠢᠶᠠᠯ ᠪᠢᠴᠢᠭ᠍ᠰᠡᠨ ᠪᠣᠯ ᠯᠠᠪᠳᠠᠢ ᠠᠯᠳᠠᠷᠳᠤ ᠵᠤᠬᠢᠶᠠᠯᠴᠢ ᠪᠣᠯᠵᠤ ᠴᠢᠳᠡᠨ᠎ᠡ》 ᠭᠡᠰᠡᠨ ᠳᠤ᠂ ᠲ᠋ᠠᠷᠠ ᠦᠯᠦ ᠳᠤᠭᠤᠮᠰᠤᠷᠯᠠᠵᠤ᠄

《ᠶᠠᠭᠤᠮᠠᠨ ᠤ ᠶᠠᠪᠣᠳᠠᠯ ᠨᠠᠷᠢᠨ ᠳᠠᠭᠠᠨ ᠰᠠᠢ᠌ᠨ ᠶᠤᠮ᠃ ᠠᠯᠢ ᠡᠳᠦᠷ ᠭᠡᠷ᠎ᠡ ᠵᠦᠷᠢᠴᠠᠵᠤ ᠮᠠᠷᠭᠤᠭᠠᠨ ᠡᠭᠦᠰᠭᠦ ᠦᠶᠡᠰ ᠬᠠᠤᠯᠢ ᠶᠢᠨ ᠦᠨᠳᠦᠰᠦᠯᠠᠯ ᠲᠡᠶ ᠪᠤᠯᠤᠨ᠎ᠠ》 ᠭᠡᠵᠡᠢ᠃ ᠨᠡᠳᠡ ᠳᠡᠭᠡᠷ᠎ᠡ ᠢᠷᠡᠳᠡᠭ᠌ ᠨᠠᠢ᠌ᠵᠢᠰ ᠲᠠᠭᠠᠨ ᠡᠨᠡ ᠭᠡᠷ᠎ᠡ ᠶᠢ ᠥᠵᠡᠭᠦᠯᠦᠭ᠍ᠰᠡᠨ ᠳ᠋ᠤ 《ᠭᠡᠷ᠎ᠡ ᠨᠢ ᠭᠡᠷ ᠤᠨ ᠥᠷᠳᠡᠭ᠌ ᠡᠴᠡ ᠪᠠᠨ ᠳᠠᠪᠠᠵᠠᠢ》 ᠭᠡᠤᠨ ᠭᠦᠰᠢᠳᠡᠯ᠎ᠡ ᠪᠠᠨ ᠢᠨᠢᠶᠡᠯᠳᠦᠭᠦ ᠶ‍ᠦᠮ᠃ ᠭᠡᠯᠡᠪᠠᠴᠤ ᠳ᠋ᠡ᠂ ᠲ᠋ᠡᠭᠡᠷ᠎ᠡ ᠵᠠᠭᠤᠨ ᠤ 《ᠶᠡᠭᠡ ᠥᠰᠦᠷᠦᠩᠭᠦᠢ ᠳᠠᠪᠰᠢᠯᠳᠠ》 ᠵᠢᠨ ᠵᠢᠯ ᠪᠣᠳᠠᠭᠠᠨ ᠰᠦᠮᠤᠰᠤ ᠪᠣᠷᠭᠠᠰᠤᠨ ᠬᠠᠯᠢᠰᠤ ᠪᠠᠷ ᠦᠯ ᠵᠠᠯᠭᠠᠵᠤ ᠪᠠᠢ᠌ᠭᠠᠤᠨ ᠨᠣᠢ᠌ᠳᠠᠨ ᠰᠢᠷᠤᠢ ᠪᠠᠷ ᠨᠦᠳᠦᠵᠦ ᠪᠣᠰᠬᠠᠭᠰᠠᠨ ᠭᠡᠷ ᠶᠤᠮᠰᠠᠠᠵᠢ᠂ ᠣᠨ ᠵᠢᠯ ᠤᠨ ᠡᠯᠡᠭᠡᠯᠳᠡ ᠳᠤ ᠥᠡᠴᠦᠭ᠌ ᠪᠣᠯᠤᠩ ᠨᠢ ᠭᠤᠷᠪᠠᠨ ᠬᠤᠷᠤᠭᠤ ᠠᠩ ᠭᠠᠷᠤᠭᠠᠤᠨ ᠵᠢᠯ ᠵᠢᠯ ᠰᠢᠪᠠᠵᠤ ᠪᠠᠢ᠌ᠯ᠎ᠠ ᠴᠤ᠂ ᠣᠨ ᠣᠳᠠᠭᠰᠠᠨ ᠰᠢᠷᠤᠢ ᠨᠢ ᠨᠢᠭᠡ᠊ᠨᠳᠡ ᠰᠡᠢ᠌ᠷᠡᠭ᠍ᠵᠢᠵᠤ ᠰᠢᠪᠠᠭᠠᠰᠤ ᠳᠤᠭᠳᠠᠬᠤ ᠦᠭᠡᠶ ᠪᠣᠯᠤᠭᠠᠤᠨ ᠠᠷᠠᠰᠤᠨ ᠢᠯᠳᠤ ᠣᠯᠤᠭᠰᠠᠨ ᠮᠠᠬᠠᠪᠣᠤᠨ ᠠᠳᠠᠯᠢ ᠭᠡᠰᠡᠭ᠌ ᠭᠡᠰᠡᠭ᠌ ᠵᠢᠠᠷ ᠬᠤᠭᠵᠢᠷᠠᠵᠤ᠂ ᠭᠢᠯ ᠴᠢᠯ ᠵᠠᠰᠠᠭᠰᠠᠨ ᠳᠤᠭᠤᠰᠬᠠᠨ ᠭᠡᠷ ᠤᠨ ᠡᠩᠨᠡᠭᠡᠨ ᠳᠤᠮᠳᠠ ᠶᠤᠰᠤᠳᠠᠢ ᠭᠣᠢ᠌ᠷᠠᠠᠴᠢ ᠶᠢᠨ ᠰᠢᠠᠵᠢ ᠲᠡᠶ ᠠᠵᠢ᠃ ᠊᠊᠊᠊᠊᠊᠊᠊᠊᠊᠊᠊᠊᠊᠊ ᠭᠡᠪᠠᠴᠤ ᠮᠢᠨᠤ ᠭᠡᠯᠡᠭᠦ ᠭᠡᠰᠡᠨ ᠠᠰᠠᠭᠤᠳᠠᠯ ᠪᠣᠯ ᠳᠦᠷᠢᠶᠠᠰᠤᠨ ᠭᠡᠷ ᠤᠨ ᠴᠢᠨᠠᠷ ᠴᠢᠠᠰᠠᠭ᠎ᠠ ᠪᠣᠯᠤᠨ ᠭᠠᠳᠠᠷ ᠳᠦᠷᠭᠦ ᠶᠢᠨ ᠠᠰᠠᠭᠤᠳᠠᠯ ᠪᠢᠰᠢ᠂ ᠬᠠᠷᠢᠨ ᠡᠢ᠌ᠮᠦᠷᠭᠦ ᠰᠢᠠᠵᠢ ᠲᠡᠶ ᠭᠡᠷ ᠶᠢᠡᠨ ᠨᠠᠳᠠᠳᠤ ᠳᠦᠷᠢᠶᠠᠰᠤᠯᠠᠵᠤ ᠦᠭ‍ᠭᠦ ᠳᠤ ᠠᠪᠣᠭᠰᠠᠨ ᠭᠢᠴᠢᠶᠠᠮᠵᠢ ᠪᠣᠯᠭᠤᠮᠵᠢᠳᠠᠢ ᠣᠪᠣᠷ ᠪᠣᠯᠤᠨ᠎ᠠ᠃

ᠲ᠋ᠡᠭᠡᠪᠠᠯ ᠡᠢ᠌ᠮᠤ ᠶᠠᠪᠣᠳᠠᠯ ᠳᠤ ᠮᠠᠨᠤᠰ ᠶᠠᠮᠠᠷ ᠣᠪᠣᠷ ᠠᠪᠳᠠᠭ ᠢ ᠦᠵᠡᠶ᠎ᠠ᠃ ᠲ᠋ᠦᠷᠢᠶᠠᠰᠤᠯᠠᠵᠤ ᠳᠦᠷᠢᠶᠡᠰᠦᠯᠡᠭᠦᠯᠭᠦ ᠬᠠᠷᠢᠴᠠᠭ᠎ᠠ ᠡᠭᠦᠰᠭᠦ ᠦᠶ᠎ᠡ ᠳᠤ᠂ ᠬᠤᠶᠠᠷ ᠳᠠᠯ᠎ᠠ ᠪᠠᠷ ᠶᠢᠡᠨ ᠮᠤᠩᠭ᠋ᠤᠯ ᠯᠠ ᠶᠤᠮ ᠪᠣᠯ ᠣᠷᠢᠳᠠᠪᠠᠷ ᠨᠢᠭᠡ 《ᠰᠡᠭᠤᠴᠢᠬᠠᠶ᠎ᠡ》 ᠯᠠ ᠭᠡᠭᠦ ᠶ‍ᠦᠮ᠃ ᠭᠡᠳᠤᠨ ᠬᠤᠠᠳᠠᠭᠠᠨ ᠳᠤ ᠬᠠᠯᠠᠰᠴᠤ ᠢᠷᠠᠪᠠᠯ 《ᠠᠯᠢᠪᠠ ᠶᠠᠪᠣᠳᠠᠯ ᠢ ᠬᠤᠵᠢᠮ ᠮᠡᠳᠡᠴᠢᠭᠡᠶ᠎ᠡ》 ᠭᠡᠴᠢᠭᠡᠨ᠎ᠡ᠃ ᠢᠩᠭᠢᠭᠡᠤᠨ ᠳᠦᠷᠢᠶᠡᠰᠦᠯᠡᠭᠦᠯᠦᠭ᠍ᠴᠢ ᠭᠡᠷ ᠤᠨ ᠶᠠᠭᠤᠮ᠎ᠠ ᠪᠠᠨ ᠰᠢᠯᠵᠢᠭᠦᠯᠭᠦ ᠡᠴᠡ ᠡᠮᠦᠨ᠎ᠡ ᠨᠡᠭᠦᠭᠡᠤᠨ ᠣᠷᠤᠴᠢᠬᠤ ᠨᠢ ᠴᠤ ᠰᠤᠨᠢᠨ ᠪᠢᠰᠢ᠃ ᠭᠡᠳᠤᠨ ᠵᠢᠯ ᠤᠨ ᠳᠠᠷᠠᠭ᠎ᠠ᠂ ᠲ᠋ᠦᠷᠢᠶᠠᠰᠤᠨ ᠮᠥᠩᠭᠦᠨ ᠤ ᠠᠰᠠᠭᠤᠳᠠᠯ ᠳᠤᠯᠭᠠᠮ ᠰᠢ᠌ᠦᠡᠪᠦᠷᠢᠯᠡᠭ᠍ᠳᠡᠭᠦ ᠴᠢᠬᠤᠯᠳᠠᠢ ᠪᠤᠯᠵᠤ᠂ ᠭᠡᠳᠤᠨ ᠵᠢᠯ ᠤᠨ ᠬᠤᠭᠤᠴᠠᠭᠠᠨ ᠤ ᠭᠡᠷ ᠤᠨ ᠳᠦᠷᠢᠶᠠᠰᠤᠨ ᠤ ᠦᠨ᠎ᠡ ᠬᠠᠩᠰᠢ ᠳᠤᠭᠳᠠᠭᠤᠷᠢ ᠦᠭᠡᠶ ᠡᠴᠡ ᠪᠣᠯᠵᠤ᠂ ᠬᠤᠶᠠᠷ ᠠᠢ᠌ᠯ ᠤᠨ ᠬᠤᠭᠤᠷᠤᠠᠳᠤ ᠳᠦᠷᠢᠶᠠᠰᠤᠨ ᠬᠠᠩᠰᠢᠨ ᠤ ᠮᠥᠷᠭᠦᠯᠳᠦᠭᠡᠨ ᠭᠠᠷᠦᠨ᠎ᠡ᠃ ᠡᠭᠦᠨ ᠤ ᠳᠠᠯᠢᠮ ᠳᠤ ᠣᠪᠣᠵᠤ ᠴᠤᠪᠣᠵᠤ ᠦᠭ‍ᠭᠦᠭ᠍ᠰᠡᠨ ᠳᠦᠷᠢᠶᠠᠰᠤᠨ ᠮᠥᠩᠭᠦ ᠳᠤ ᠪᠠᠷᠢᠮᠳᠠ ᠳᠡᠮᠳᠡᠭᠯᠡᠯ ᠭᠢᠭ᠍ᠰᠡᠨ ᠦᠭᠡᠶ ᠡᠴᠡ ᠪᠣᠯᠵᠤ᠂ ᠠᠪᠣᠭᠰᠠᠨ ᠦᠭ‍ᠭᠦᠭ᠍ᠰᠡᠨ ᠳᠠᠩᠰᠠ ᠵᠥᠷᠢᠭᠦ ᠴᠤ ᠪᠣᠯᠵᠤᠰᠢ ᠦᠭᠡᠶ᠃ ᠡᠭᠦᠨ ᠡᠴᠡ ᠭᠠᠳᠠᠨ᠎ᠠ᠂ ᠲ᠋ᠦᠷᠢᠶᠠᠰᠤᠨ ᠭᠡᠷ ᠤᠨ ᠠᠷᠠᠴᠢᠯᠠᠵᠤ ᠳᠤᠳᠤᠮᠳᠠᠭᠰᠠᠨ ᠪᠠᠢ᠌ᠳᠠᠯ ᠳᠤ ᠪᠠᠭ᠎ᠠ ᠪᠣᠰᠤ ᠵᠦᠷᠢᠴᠠᠯ ᠣᠷᠤᠰᠢᠯᠳᠠᠢ ᠶ‍ᠦᠮ᠃ ᠲ᠋ᠡᠭᠡᠭᠡᠤᠨ ᠣᠯᠠᠨ ᠠᠷᠪᠢᠨ ᠵᠦᠷᠢᠴᠠᠯ ᠢ ᠴᠠᠭ ᠳᠤᠬᠠᠢ ᠳ᠋ᠤᠨᠢ ᠰᠢ᠌ᠦᠡᠪᠦᠷᠢᠯᠡᠭᠦ ᠦᠭᠡᠶ ᠬᠤᠷᠢᠶᠠᠵᠤ ᠪᠠᠢ᠌ᠭᠠᠤᠨ ᠠᠯᠢ ᠨᠢᠭᠡᠨ ᠡᠳᠦᠷ ᠳᠡᠰᠭᠡᠯ ᠥᠭᠡᠢ 《ᠳᠡᠯᠪᠠᠷᠡᠵᠤ》 ᠬᠠᠳᠡᠭᠤ ᠪᠠᠷ ᠭᠡᠯᠡᠯᠴᠡᠭᠡᠤᠨ ᠪᠣᠯᠬᠤ ᠦᠭᠡᠶ ᠬᠠᠤᠯᠢ ᠶᠢᠨ ᠬᠤᠷᠢᠶᠠᠨ ᠤ ᠪᠣᠱᠤᠭ ᠢ ᠭᠢᠰᠭᠢᠭᠦ ᠳᠤ ᠭᠦᠷᠦᠨ᠎ᠡ᠃ ᠢᠩᠭᠢᠪᠠᠯ ᠪᠠᠰᠠ ᠭᠠᠢ᠌ᠭᠤᠢ᠂ ᠠᠷᠰᠠᠷ ᠶᠠᠪᠣᠳᠠᠯ ᠳᠤ ᠬᠤᠷᠤᠭᠤ ᠵᠢᠮᠠᠯᠴᠠᠨ ᠠᠬ᠎ᠠ ᠳᠡᠭᠦᠤ ᠪᠣᠯᠤᠯᠴᠠᠭᠠᠤᠨ᠂ ᠠᠷᠪᠠ ᠳᠠᠪᠤᠨ ᠥᠭᠡᠨ ᠳᠤ ᠵᠥᠷᠢᠯᠳᠦᠭᠡᠤᠨ 《ᠡᠡᠯᠡᠨ᠎ᠡ》 ᠭᠡᠵᠤ ᠭᠢᠳᠤᠭ᠎ᠠ ᠰᠢᠪᠦᠭᠡ ᠡᠷᠭᠢᠭᠦᠯᠳᠡᠭ᠌ ᠭᠦᠮᠤᠨ ᠮᠤᠩ ᠦᠭᠡᠶ᠃ ᠭᠡᠷᠪᠡ 《ᠡᠤ ᠣᠪᠣᠭᠳᠤ ᠶᠢᠨ ᠭᠡᠷ᠎ᠡ》 ᠠᠳᠡᠯᠢ ᠨᠠᠷᠢᠨ ᠳᠤᠳᠤ ᠵᠤᠷᠪᠣᠰ ᠲᠡᠶ᠂ ᠭᠡᠨ ᠠᠯᠢ ᠨᠢ ᠡᠭᠦᠷᠭᠡᠯᠡᠪᠠᠰᠤ ᠵᠤᠭᠢᠬᠤ ᠬᠠᠷᠢᠭᠤᠴᠠᠯᠭ᠎ᠠ ᠪᠠᠨ ᠬᠠᠷᠢᠭᠤᠴᠠᠴᠢᠬᠠᠪᠠᠯ ᠶᠠᠮᠠᠷᠴᠤ ᠮᠠᠷᠭᠤᠭᠠᠨ ᠭᠠᠷᠬᠤ ᠦᠭᠡᠶ ᠪᠦᠭᠡᠤᠨ᠂ ᠬᠤᠶᠡᠷ ᠳᠠᠯ᠎ᠠ ᠪᠠᠷ ᠶᠢᠡᠨ ᠭᠡᠷ᠎ᠡ ᠵᠥᠷᠢᠴᠡᠭᠦ ᠶᠠᠪᠣᠳᠠᠯ ᠡᠴᠡ ᠵᠠᠢ᠌ᠯᠠᠨ ᠳᠤᠭᠳᠠᠭᠠᠯ ᠶᠢᠡᠨ ᠵᠢᠷᠦᠮᠯᠡᠬᠤ ᠪᠤᠯᠤᠨ᠎ᠠ᠃ ᠭᠡᠷᠡᠭ᠌ ᠭᠠᠷᠬᠤ ᠦᠭᠡᠶ ᠦᠶᠡᠰ ᠪᠦᠷ ᠰᠡᠢ᠌ᠨ᠂ ᠭᠡᠷᠡᠭ᠌ ᠭᠠᠷᠤᠭᠰᠠᠨ ᠤ ᠬᠣᠢ᠌ᠨ᠎ᠠ ᠥᠡᠳᠡᠭᠡᠨ ᠡᠴᠡ ᠶᠠᠰᠤ ᠡᠷᠢᠵᠤ ᠬᠠᠷᠢᠭᠤᠴᠠᠯᠭ᠎ᠠ ᠳᠦᠯᠭᠢᠭᠦ ᠶᠠᠪᠣᠳᠠᠯ ᠭᠦᠮᠤᠨ ᠪᠦᠭᠦᠨ ᠤ ᠪᠠᠶ᠎ᠠ ᠳᠡᠭᠡᠷ᠎ᠡ ᠭᠠᠷᠴᠤ ᠪᠤᠯᠤᠨ᠎ᠠ᠃ ᠭᠦᠮᠤᠨ ᠤ ᠶ‍ᠢᠷᠳᠢᠠᠴᠤ ᠳᠤ ᠶᠠᠮᠠᠷᠪᠠ ᠭᠡᠷᠡᠭ᠌ ᠣᠴᠢᠷ ᠪᠦᠷ ᠲᠤᠬᠢᠶᠠᠯᠳᠤᠵᠤ ᠮᠡᠳᠡᠭᠦ ᠪᠣᠯᠤᠯᠴᠠᠭ᠎ᠠ ᠪᠠᠢ᠌ᠬᠤ ᠳᠤᠯᠡ᠂ ᠡᠭᠦᠰᠭᠦ ᠡᠴᠡ ᠡᠮᠦᠨ᠎ᠡ ᠨᠠᠷᠢᠨ ᠭᠡᠯᠡᠯᠴᠡᠭ᠍ᠰᠡᠨ ᠪᠠᠢ᠌ᠪᠠᠯ ᠭᠡᠷᠡᠭ᠌ ᠭᠠᠷᠤᠭᠰᠠᠨ ᠤ ᠳᠠᠷᠠᠭ᠎ᠠ ᠵᠠᠭᠤᠷᠭᠠᠨ ᠭᠠᠷᠬᠤ ᠦᠭᠡᠶ ᠪᠢᠯᠠ᠃

ᠮᠠᠯᠴᠢᠨ ᠠ᠂ ᠠᠬ᠎ᠠ ᠳᠡᠭᠦᠤ ᠡ ᠳᠤ ᠬᠤᠶᠠᠷ ᠲᠦᠮᠡᠨ ᠳᠦᠭᠦᠷᠢᠭ᠌ ᠵᠢᠭᠡᠯᠡᠭᠦᠯᠦᠭᠡᠤᠨ ᠠᠳᠠᠭ ᠨᠢ ᠪᠠᠷᠢᠮᠳᠠ ᠴᠤ ᠭᠢᠯᠭᠡᠵᠤ ᠠᠪᠣᠭᠰᠠᠨ ᠦᠭᠡᠶ᠃ ᠡ ᠠᠷᠠᠯᠵᠢᠶ᠎ᠠ ᠭᠢᠵᠤ ᠶᠠᠪᠣᠭᠠᠤᠨ ᠳᠡᠷᠭᠡᠨ ᠡ᠊ᠨᠳᠡᠯ ᠭᠠᠷᠴᠤ ᠪᠠᠢ᠌ᠳᠠᠭ ᠵᠤᠭᠤᠰ ᠶᠢᠡᠨ ᠵᠠᠷᠤᠭᠠᠤᠨ ᠡᠨ ᠶᠢᠨ ᠵᠤᠭᠤᠰ ᠢ ᠪᠣᠴᠠᠭᠠᠵᠤ ᠳᠡᠢ᠌ᠯᠭᠦ ᠦᠭᠡᠶ ᠪᠣᠯᠪᠠ᠃ ᠡᠨ ᠭᠠᠴᠢᠭᠳᠠᠬᠤ ᠳᠠᠭᠠᠨ ᠬᠠᠤᠯᠢ ᠶᠢᠨ ᠪᠠᠢ᠌ᠭᠤᠯᠤᠯᠭ᠎ᠠ ᠶᠢ ᠡᠷᠢᠭ᠍ᠰᠡᠨ ᠳ᠋ᠤ 《ᠭᠡᠷᠡᠴᠢ ᠪᠠᠷᠢᠮᠳᠠ ᠦᠭᠡᠶ》 ᠭᠡᠤᠨ ᠭᠦᠯᠢᠶᠡᠵᠤ ᠠᠪᠣᠭᠰᠠᠨ ᠦᠭᠡᠶ᠃ ᠡ ᠴᠤ ᠪᠠᠯᠠ ᠡᠷᠭᠢᠴᠡᠭᠦᠯᠵᠤ ᠣᠯᠬᠤ ᠦᠭᠡᠶ ᠰᠠᠠᠳᠤᠷᠴᠤ ᠪᠠᠢ᠌ᠬᠤ ᠳᠤ ᠡᠨ ᠪᠠᠢ᠌ᠨ ᠳᠠᠭᠢᠨ ᠦᠷᠢ ᠨᠡᠭᠡᠵᠤ ᠬᠠᠤᠯᠢ ᠶᠢᠨ ᠬᠤᠷᠢᠶ᠎ᠠ ᠶᠢ ᠡᠷᠢᠵᠤ ᠪᠠᠢ᠌ᠬᠤ ᠶᠢ ᠰᠤᠨᠤᠰᠤᠭᠠᠤᠨ ᠠᠭᠤᠷ ᠨᠢ ᠭᠦᠷᠴᠤ 《ᠥᠷᠢ ᠪᠠᠢ᠌ᠪᠠᠯ ᠪᠠᠷᠢᠮᠳᠠ ᠪᠠᠨ ᠠᠪᠴᠢᠷ᠎ᠡ》 ᠭᠡᠵᠤ ᠪᠤᠯᠢᠬᠠᠢ᠌ᠯᠡᠵᠡᠢ᠃ ᠢᠩᠭᠢᠭᠡᠤᠨ ᠠᠮᠠᠷᠠᠭ ᠳᠤᠳᠤᠨᠤ ᠬᠤᠶᠠᠷ ᠠᠢ᠌ᠯ ᠭᠠᠯ ᠣᠰᠤᠨ ᠤ ᠦᠰᠢᠶᠠᠳᠠᠨ ᠪᠣᠯᠵᠤ᠂ ᠡᠨ ᠴᠤ ᠰᠠᠢ᠌ᠨ ᠶᠠᠪᠣᠳᠠᠯ ᠭᠢᠭᠡᠤᠨ ᠰᠠᠢ᠌ᠨ ᠶᠢᠡᠨ ᠣᠯᠬᠤ ᠦᠭᠡᠶ᠂ ᠮᠥᠩᠭᠦ ᠪᠠᠨ ᠴᠤ ᠣᠯᠬᠤ ᠦᠭᠡᠶ ᠭᠠᠴᠢᠭᠳᠠᠭᠠᠤᠨ ᠰᠡᠭᠤᠵᠡᠢ᠃ ᠡᠢ᠌ᠮᠤ ᠦᠶ᠎ᠡ ᠳᠤ ᠭᠡᠷᠪᠡ 《ᠡᠤ ᠣᠪᠣᠭᠳᠤ ᠶᠢᠨ ᠭᠡᠷ᠎ᠡ》 ᠰᠢᠭ᠌ ᠪᠠᠷᠢᠮᠳᠠ ᠪᠢᠴᠢᠭ᠌ ᠪᠠᠢ᠌ᠭᠰᠠᠨ ᠪᠣᠯ ᠣᠴᠢᠷ ᠶᠠᠪᠣᠳᠠᠯ ᠳᠣᠢ᠌ᠯ ᠤᠨ ᠭᠢᠯᠪᠠᠷ ᠪᠠᠢ᠌ᠵᠠᠢ᠃

ᠮᠠᠯᠴᠢᠨ ᠰᠠᠮᠪᠠᠯᠰᠠᠷᠠᠩ ᠰᠠᠢ᠌ᠨ ᠠᠬ᠎ᠠ ᠳᠡᠭᠦᠤ ᠯᠢᠤ ᠯᠦᠩ ᠡᠴᠡ ᠮᠢᠩᠭ᠋ᠠᠨ ᠳᠦᠭᠦᠷᠢᠭ᠌ ᠵᠢᠭᠡᠯᠡᠵᠡᠢ᠃ ᠬᠤᠭᠤᠴᠠᠭ᠎ᠠ ᠨᠢ ᠳᠤᠯᠬᠤ ᠡᠴᠡ ᠡᠮᠦᠨ᠎ᠡ ᠵᠤᠭᠤᠰ ᠶᠢᠡᠨ ᠪᠣᠴᠠᠭᠠᠬᠤ ᠳᠠᠭᠠᠨ ᠵᠢᠭᠡᠯᠡᠭ᠍ᠰᠡᠨ ᠪᠠᠷᠢᠮᠳᠠ ᠪᠠᠨ ᠠᠪᠣᠭᠰᠠᠨ ᠦᠭᠡᠶ᠃ ᠨᠢᠭᠡ ᠵᠢᠯ ᠤᠨ ᠳᠡᠷᠠᠭ᠎ᠠ᠂ ᠭᠡᠨᠡᠳᠲᠡ ᠨᠢᠭᠡᠨ ᠡᠳᠦᠷ ᠬᠠᠤᠯᠢ ᠶᠢᠨ ᠬᠤᠷᠢᠶᠠᠨ ᠤ ᠳᠠᠭᠤᠳᠠᠯᠭ᠎ᠠ ᠶᠢ ᠳᠤᠰᠪᠠ᠂ ᠣᠤᠯ ᠨᠢ ᠰᠠᠢ᠌ᠨ ᠠᠬ᠎ᠠ ᠳᠡᠭᠦᠤ ᠯᠢᠤ ᠯᠦᠩ ᠨᠢ ᠳᠡᠭᠦᠨ ᠢ ᠵᠤᠭᠤᠰ ᠶᠢᠡᠨ ᠳᠦᠯᠦᠭ᠍ᠰᠡᠨ ᠦᠭᠡᠶ ᠭᠡᠤᠨ ᠵᠠᠭᠠᠯᠳᠤᠭᠰᠠᠨ ᠪᠠᠢ᠌ᠨ᠎ᠠ᠃ ᠬᠠᠤᠯᠢᠴᠢ ᠭᠦᠷᠳᠡᠯ᠎ᠡ ᠡᠨᠡ ᠪᠣᠯ ᠭᠦᠵᠢᠷᠯᠡᠭ᠍ᠰᠡᠨ ᠭᠡᠷᠡᠭ᠌ ᠭᠡᠵᠤ ᠮᠠᠳᠠᠵᠤ ᠪᠠᠢ᠌ᠯ᠎ᠠ ᠴᠤ ᠪᠣᠳᠠᠳᠠᠢ ᠭᠡᠷᠡᠴᠢ ᠦᠭᠡᠶ ᠳᠤᠯᠠ ᠠᠷᠭ᠎ᠠ ᠪᠣᠶᠤ ᠰᠠᠮᠪᠠᠯᠰᠠᠷᠠᠩ ᠢ ᠱᠥᠭᠦᠭ᠍ᠳᠡᠭ᠍ᠰᠡᠨ ᠶᠢᠡᠷ ᠳᠡᠰᠦᠯᠵᠤ᠂ ᠵᠢᠭᠡᠯᠡᠯᠭᠡ ᠶᠢᠨ ᠭᠦᠤ ᠯᠢ ᠪᠣᠯᠤᠨ ᠵᠠᠷᠭᠤᠯᠳᠠᠭᠰᠠᠨ ᠰᠥᠢᠦᠡᠭᠡᠯ ᠲᠡᠶ ᠨᠡᠢ᠌ᠯᠡᠭᠦᠯᠦᠭᠡᠤᠨ ᠭᠤᠷᠪᠠᠨ ᠮᠢᠩᠭ᠋᠎ᠠ ᠢᠯᠡᠭᠦᠤ ᠳᠦᠭᠦᠷᠢᠭ᠌ ᠳᠦᠯᠦᠭᠦᠯᠵᠤ ᠭᠠᠭᠴᠠᠬᠠᠨ ᠣᠨᠤᠭᠠᠨ ᠤ ᠮᠤᠷᠢ ᠶᠢ ᠨᠢ ᠪᠣᠳᠤᠵᠤ ᠠᠪᠣᠭᠰᠠᠨ ᠪᠠᠢ᠌ᠪᠡ᠃ ᠨᠢᠭᠡᠭᠡᠨ ᠵᠢᠭᠡᠯᠡᠯᠭᠡ ᠶᠢᠨ ᠪᠠᠷᠢᠮᠳᠠ ᠡᠴᠡ ᠪᠣᠯᠵᠤ ᠭᠤᠷᠪᠠᠨ ᠮᠢᠩᠭ᠋ᠠᠨ ᠳᠦᠭᠦᠷᠢᠭ᠌ ᠤᠨ ᠳᠦᠯᠦᠭᠡᠰᠤᠨ ᠳᠤ ᠣᠨᠠᠭᠰᠠᠨ ᠨᠢ ᠶᠠᠭᠠᠭᠢᠭᠰᠠᠨ ᠬᠠᠷᠠᠰᠠᠯᠳᠠᠢ ᠭᠡᠷᠡᠭ᠌ ᠡᠡᠵᠢ᠃ ᠡᠢ᠌ᠮᠦᠷᠭᠦ ᠵᠠᠭᠤᠷᠭᠠᠨ ᠮᠠᠨ ᠤ ᠣᠷᠤᠨ ᠳᠤ ᠥᠷᠭᠦᠯᠵᠢ ᠭᠠᠷᠴᠤ ᠪᠣᠢ ᠪᠦᠭᠡᠤᠨ᠂ ᠡᠡᠮᠡᠨ ᠳᠠᠭᠠᠨ ᠡᠮᠭᠦᠮ᠎ᠡ ᠠᠮᠠᠷᠠᠭ ᠨᠠᠢ᠌ᠵᠠ ᠠᠳᠠᠭᠠᠳᠠᠨ ᠳᠠᠢ᠌ᠰᠤᠨ ᠪᠣᠯᠤᠭᠠᠤᠨ ᠠᠭᠠᠷ ᠤᠨ ᠨᠠᠷᠠᠨ ᠢ ᠬᠠᠮᠳᠤ ᠥᠵᠡᠭᠦ ᠦᠭᠡᠶ ᠵᠠᠨᠤᠯ ᠢ ᠡᠪᠦᠷᠯᠡᠳᠡᠭ᠌ ᠨᠢ ᠭᠢᠮᠤᠰᠤᠨ ᠳᠠᠳᠤᠢ ᠠᠰᠢᠭ ᠬᠤᠤᠷ ᠤᠨ ᠮᠥᠷᠭᠦᠯᠳᠦᠭᠡᠨ ᠡᠴᠡ ᠢᠷᠡᠭ᠍ᠰᠡᠨ ᠪᠠᠢ᠌ᠳᠠᠭ᠃ ᠪᠢᠳᠠ ᠵᠡᠷᠭᠡᠯᠡᠳᠡᠭᠡ ᠭᠡᠷ ᠤᠨ ᠶᠢᠡᠨ ᠰᠥᠭᠡ ᠶᠢ ᠵᠠᠷᠤᠭᠠᠤᠨ ᠭᠡᠭᠡᠴᠢᠭ᠍ᠰᠡᠨ ᠶᠢᠡᠷ ᠪᠣᠳᠤᠶ᠎ᠠ᠃ ᠴᠢ ᠲᠦᠯᠦᠵᠤ ᠦᠭ‍ᠭᠦᠶ᠎ᠡ ᠭᠡᠪᠠᠯ᠂ ᠵᠡᠷᠭᠡᠯᠡᠳᠡᠭᠡ ᠴᠢᠨᠢ ᠯᠡᠪᠳᠡᠢ 《ᠡᠢ᠌ᠮᠤ ᠵᠢᠭᠠᠬᠠᠨ ᠶᠠᠭᠤᠮ᠎ᠠ ᠶᠢ ᠪᠠᠢ᠌ᠴᠢᠬ᠎ᠠ》 ᠭᠡᠵᠤ ᠳᠠᠳᠠᠭᠠᠯᠵᠠᠵᠤ ᠮᠡᠳᠡᠨ᠎ᠡ᠃ ᠲ᠋ᠡᠭᠡᠪᠠᠯ ᠴᠢ ᠪᠠᠰᠠ ᠶᠠᠭᠤᠮᠠᠨ ᠳᠤ ᠪᠣᠳᠤᠬᠤ ᠦᠭᠡᠶ ᠮᠠᠷᠳᠠᠭᠠᠤᠨ ᠥᠩᠭᠡᠷᠡᠨ᠎ᠡ᠃ ᠢᠩᠭᠢᠵᠤ ᠡᠳᠦᠷ ᠣᠳᠠᠭᠠᠨ ᠳᠠᠭᠠᠨ ᠠᠶᠠᠭ᠎ᠠ ᠰᠢᠨᠠᠭ᠎ᠠ ᠭᠡᠤᠨ ᠣᠯᠠᠨ ᠶᠠᠭᠤᠮ᠎ᠠ ᠬᠤᠷᠠᠮᠳᠠᠵᠤ᠂ ᠠᠯᠢ ᠨᠢᠭᠡᠨ ᠡᠳᠦᠷ ᠵᠡᠷᠭᠡᠯᠡᠳᠡᠭᠡ ᠴᠢᠨᠢ ᠳᠡᠰᠭᠦ ᠪᠠᠨ ᠪᠣᠯᠢᠭᠠᠤᠨ ᠠᠭᠠᠰᠢ ᠣᠮᠤᠭ ᠊ᠤᠨ 《ᠶᠡᠭᠡ ᠳᠡᠯᠪᠠᠷᠡᠯᠳᠡ》 ᠡᠭᠦᠰᠭᠦ ᠳᠤ ᠭᠦᠷᠦᠨ᠎ᠡ᠃ ᠢᠩᠭᠢᠵᠤ ᠪᠠᠭ᠎ᠠ ᠣᠴᠢᠷ ᠢ ᠬᠠᠢ᠌ᠬᠤᠷᠬᠤ ᠦᠭᠡᠶ ᠪᠠᠢ᠌ᠭᠰᠠᠭᠠᠷ ᠶᠡᠭᠡ ᠶᠠᠪᠣᠳᠠᠯ ᠪᠣᠯᠭᠠᠵᠤ᠂ ᠬᠠᠭᠤᠳᠠᠮ ᠶᠢᠡᠷ ᠡᠭᠢᠯᠡᠭᠡᠤᠨ ᠬᠠᠭᠠᠴᠠᠵᠤ ᠳᠠᠭᠤᠰᠬᠤ ᠦᠷ᠎ᠡ ᠳ᠋ᠦ᠋ᠩ ᠠᠪᠴᠢᠷᠠᠳᠠᠭ ᠮᠠᠨᠠᠢ᠌ᠭᠢᠨ ᠤ ᠪᠣᠯᠭᠢ ᠰᠤᠷᠳᠠᠯ ᠶᠢᠡᠨ ᠳᠤᠤᠱᠳᠠᠢ ᠳᠠᠶᠠᠭᠳᠠᠬᠤ ᠭᠡᠷᠡᠭ᠍ᠳᠡᠢ ᠪᠣᠯᠪᠠ᠃

ᠪᠢᠳᠠᠨᠤᠰ ᠴᠢᠨᠢ ᠪᠦᠷ ᠯᠠᠷᠵᠢᠶ᠎ᠠ ᠶᠠᠩᠪᠠ ᠲᠡᠶ ᠣᠯᠤᠰ᠂ ᠲ᠋ᠠᠢ᠌ᠮᠤ ᠵᠢᠵᠢᠭ᠌ ᠰᠠᠵᠢᠭ ᠣᠴᠢᠷ ᠢ ᠭᠡᠨ ᠰᠠᠨᠠᠭᠠᠨ ᠳᠠᠭᠠᠨ ᠳᠠᠯᠪᠢᠵᠤ ᠪᠠᠢ᠌ᠯ᠎ᠠ ᠳ᠋ᠡ᠃ ᠭᠡᠳᠡᠯ᠎ᠡ ᠠᠮᠢᠳᠤᠷᠠᠯ ᠪᠣᠯ ᠳᠠᠩᠳᠠ ᠯᠠ ᠡᠢ᠌ᠮᠦᠷᠭᠦᠤ ᠵᠢᠵᠢᠭ᠌ ᠰᠠᠵᠢᠭ ᠵᠣᠢ᠌ᠯᠠᠰ ᠶᠢᠡᠷ ᠵᠣᠢ᠌ᠵᠤ ᠪᠦᠳᠦᠭᠡᠭ᠍ᠰᠡᠨ ᠳᠤᠮᠤ ᠪᠠᠷᠢᠯᠭ᠎ᠠ ᠪᠠᠢ᠌ᠭ᠎ᠠ ᠶᠤᠮ᠃ 《ᠭᠦᠮᠤᠨ ᠢ ᠪᠣᠤ ᠦᠪᠡᠷ ᠲᠡᠶ ᠪᠠᠨ ᠠᠳᠠᠯᠢ ᠪᠤᠳᠤ》 ᠭᠡᠵᠤ ᠨᠠᠰᠤᠳᠠᠢ᠌ᠴᠤᠳ ᠰᠤᠷᠭᠠᠭᠠᠤᠨ ᠪᠠᠢ᠌ᠳᠠᠭ ᠨᠢ᠂ ᠴᠢᠮᠠᠳᠤ ᠨᠢᠳᠤᠨ ᠳᠤ ᠬᠠᠪᠴᠢᠭᠳᠠᠬᠤ ᠦᠭᠡᠶ ᠪᠠᠭ᠎ᠠ ᠣᠴᠢᠷ ᠪᠠᠢ᠌ᠯ᠎ᠠ ᠴᠤ ᠪᠣᠰᠤᠳ ᠲᠤ ᠬᠠᠷᠢᠨ ᠳᠡᠭ᠍ᠷᠢ ᠳᠤᠯᠤᠮ᠎ᠠ ᠶᠡᠭᠡ ᠶᠠᠪᠣᠳᠠᠯ ᠪᠠᠢ᠌ᠵᠤ ᠪᠣᠯᠤᠨ᠎ᠠ᠃ ᠭᠢᠳᠠᠤᠨ ᠭᠦᠮᠤᠨ ᠪᠣᠯ ᠶᠠᠮᠠᠷ ᠰᠠᠢ᠌ᠨ ᠠᠬ᠎ᠠ ᠳᠡᠭᠦᠤ ᠪᠠᠢ᠌ᠯ᠎ᠠ ᠴᠤ ᠵᠤᠭᠤᠰ ᠮᠥᠩᠭᠦᠨ ᠤ ᠣᠴᠢᠷ ᠲᠡᠶ ᠬᠤᠯᠪᠣᠭᠳᠠᠭᠰᠠᠭᠠᠷ ᠯᠠ 《ᠣᠷᠢᠳᠠᠪᠠᠷ ᠥᠴᠦᠭᠡᠨ ᠭᠦᠮᠤᠨ᠂ ᠰᠡᠭᠦᠯᠡᠷ ᠨᠢ ᠰᠠ‍‌ᠶᠢ ᠶᠡᠭᠡᠰ ᠪᠤᠯᠦᠶ᠎ᠡ》 ᠭᠡᠤᠨ ᠭᠡᠷ᠎ᠡ ᠪᠢᠴᠢᠭᠦ ᠪᠠᠷ ᠮᠤᠩᠭ᠋ᠠᠨᠢᠳᠠᠭ ᠪᠠᠢ᠌ᠨ᠎ᠡ᠃ ᠲ᠋ᠡᠭᠡᠭᠦ ᠳᠤ ᠮᠤᠩᠭ᠋ᠤᠯ ᠭᠦᠮᠤᠨ ᠪᠤᠯ 《ᠡᠢ᠌ᠮᠤ ᠪᠠᠭ᠎ᠠ ᠣᠴᠢᠷ ᠲᠤ ᠪᠠᠰᠠ ᠭᠡᠷ᠎ᠡ ᠭᠡᠷᠡᠭᠯᠡᠳᠡᠭ᠌ ᠦᠦ︖》 ᠭᠡᠵᠤ ᠳᠤᠭᠤᠭᠢᠯᠠᠨ ᠢᠨᠢᠶᠡᠯᠴᠡᠳᠡᠭ᠌ ᠰᠠᠨ᠃ ᠣᠴᠢᠷ ᠨᠢ ᠮᠤᠩᠭ᠋ᠤᠯᠴᠤᠳ ᠪᠣᠯ ᠡᠪᠦᠭᠡ ᠳᠡᠭᠡᠳᠦᠰ ᠤᠨ ᠦᠶ᠎ᠡ ᠡᠴᠡ ᠪᠠᠨ ᠮᠦᠰᠤ ᠴᠢᠨᠠᠷ ᠤᠨ ᠬᠠᠷᠢᠯᠴᠠᠭ᠎ᠠ ᠶᠠᠪᠣᠭᠤᠯᠵᠤ ᠪᠠᠢ᠌ᠭᠰᠠᠨ ᠡᠴᠡ ᠪᠢᠰᠢ 《ᠭᠡᠷ᠎ᠡ》 ᠭᠡᠭ᠍ᠴᠢ ᠶᠢ ᠶᠠᠷᠤ ᠭᠡᠷᠡᠭ᠍ᠰᠡᠳᠡᠭ᠌ ᠦᠭᠡᠶ ᠪᠠᠢ᠌ᠵᠠᠢ᠃ ᠶᠠᠫᠣᠨ ᠡᠷᠳᠡᠮᠳᠡᠨ ᠺᠢᠮᠤᠷᠠ᠂ ᠠᠶᠠᠺᠦ 《ᠮᠤᠩᠭ᠋ᠤᠯ ᠭᠦᠮᠤᠨ ᠳᠤ ᠶᠠᠷᠤ ᠡᠴᠡ ᠭᠡᠷ᠎ᠡ ᠰᠠᠭᠢᠬᠤ ᠣᠬᠠᠮᠰᠠᠷ ᠦᠭᠡᠶ》 ᠭᠡᠵᠤ ᠰᠢᠭᠦᠮᠵᠢᠯᠡᠵᠤ ᠪᠠᠢ᠌ᠭᠰᠠᠨ ᠨᠢ ᠣᠷᠤ ᠦᠭᠡᠶ ᠥᠭᠡ ᠪᠢᠰᠢ ᠶᠤᠮ᠃ ᠢᠩᠭᠢᠪᠠᠯ ᠨᠠᠢ᠌ᠳᠠ ᠮᠤᠩᠭ᠋ᠤᠯ ᠶᠢᠡᠷ ᠶᠢᠡᠨ ᠭᠡᠷ᠎ᠡ ᠪᠢᠴᠢᠭ᠌ ᠤᠨ ᠳᠤᠬᠠᠢ ᠳᠠᠨᠢᠯᠳᠠ ᠳᠤᠷᠤᠢ ᠭᠡᠭᠦ ᠳᠤ ᠠᠬᠠᠳᠠᠬᠤ ᠶᠠᠭᠤᠮ᠎ᠠ ᠪᠠᠢ᠌ᠬᠤ ᠦᠭᠡᠶ᠃

ᠦᠯᠵᠡᠢ ᠪᠣᠯ ᠪᠦᠷᠢᠳᠤ ᠭᠠᠴᠠᠭᠠᠨ ᠤ ᠨᠠᠮ ᠤᠨ ᠡᠭᠦᠷ ᠤᠨ ᠱᠦᠵᠢ ᠶᠤᠮ᠃ ᠵᠠᠬ᠎ᠠ ᠶᠢᠨ ᠠᠵᠤ ᠠᠬᠤᠢ ᠶᠢᠨ ᠶᠡᠭᠡ ᠡᠭᠦᠳᠡ ᠨᠡᠭᠡᠭᠡᠭ᠍ᠳᠡᠵᠤ᠂ ᠭᠦᠳᠡᠭᠡ ᠠᠬᠣᠢ᠌ᠯᠠᠯ ᠢ ᠵᠤᠷᠢᠭᠵᠢᠭᠤᠯᠵᠤ ᠪᠠᠢ᠌ᠭᠰᠠᠨ ᠦᠶ᠎ᠡ ᠳᠤ ᠣᠢ᠌ᠯᠠᠰ ᠪᠦᠳᠦᠭᠡᠭᠦ ᠰᠠᠨᠠᠭ᠎ᠠ ᠤᠷᠦᠵᠤ᠂ ᠡᠮᠦᠨ᠎ᠡ ᠣᠷᠤᠨ ᠶᠢᠡᠷ ᠨᠢᠭᠡ ᠰᠠᠷ᠎ᠠ ᠳᠤᠭᠤᠷᠢᠨ ᠰᠤᠷᠤᠯᠴᠠᠭᠠᠤᠨ ᠪᠠᠬᠠᠨ ᠶᠠᠭᠤᠮ᠎ᠠ ᠰᠤᠷᠤᠭᠰᠠᠨ ᠮᠠᠶ‍ᠢᠭᠳᠠᠢ ᠬᠠᠷᠢᠵᠤ ᠢᠷᠡᠭᠡᠤᠨ᠂ ᠨᠤᠲᠤᠭ ᠤᠨ ᠣᠠᠴᠠᠯᠢᠭ ᠶᠢᠡᠨ ᠦᠨᠳᠦᠰᠦᠯᠠᠨ ᠠᠷᠠᠰᠤ ᠰᠢᠷᠢ ᠶᠢᠨ ᠣᠢ᠌ᠯᠠᠤᠠᠪᠣᠷᠢ ᠪᠠᠢ᠌ᠭᠤᠯᠬᠤ ᠪᠠᠷ ᠳᠤᠭᠳᠡᠵᠡᠢ᠃ ᠲ᠋ᠡᠭᠡᠭᠡᠤᠨ ᠣᠯᠠᠨ ᠠᠷᠪᠢᠨ ᠮᠠᠰᠢᠨ ᠳᠦᠭᠦᠭᠡᠷᠦᠮᠵᠢ ᠬᠠᠩᠭ᠋ᠠᠭᠰᠠᠤᠨ ᠤᠨ ᠳᠤᠮᠳᠠ ᠡᠴᠡ ᠭᠢᠮᠳᠠ ᠨᠢᠭᠡ ᠶᠢ ᠰᠤᠩᠭ᠋ᠤᠵᠤ ᠬᠤᠳᠠᠯᠳᠤᠨ ᠠᠪᠬᠤ ᠭᠡᠷ᠎ᠡ ᠳᠤᠭᠳᠠᠭᠠᠤᠨ᠂ ᠭᠠᠴᠠᠭᠠᠨ ᠤ ᠬᠠᠳᠠᠭᠠᠯᠠᠮᠵᠢ ᠠᠷᠪᠠᠨ ᠲᠦᠮᠡᠨ ᠳᠦᠭᠦᠷᠢᠭ᠌ ᠶᠢᠡᠨ ᠪᠠᠳᠤᠯᠠᠮᠵᠢ ᠶᠢᠨ ᠮᠥᠩᠭᠦ ᠪᠠᠷ ᠳᠤᠰᠢᠶᠡᠵᠡᠢ᠃ ᠲ᠋ᠡᠭᠡᠭᠡᠤᠨ ᠳᠤᠳᠠᠵᠤ ᠪᠦᠭᠦᠢ ᠭᠤᠴᠢᠨ ᠲᠦᠮᠡᠨ ᠳᠦᠭᠦᠷᠢᠭ᠌ ᠢ ᠨᠢ ᠣᠯᠵᠤ ᠦᠭ‍ᠭᠦ ᠪᠠᠷ ᠴᠥᠭᠦᠷᠡᠩ ᠶᠢᠡᠨ ᠪᠠᠷᠠᠵᠤ ᠮᠥᠩᠭᠦ ᠴᠤᠭᠯᠠᠭᠤᠯᠵᠤ ᠰᠤᠢ᠌ᠳ ᠪᠤᠯᠵᠠᠢ᠃ ᠡᠨᠡ ᠵᠠᠪᠰᠠᠷ᠂ ᠬᠤᠰᠢᠭᠤᠨ ᠵᠠᠰᠠᠭ ᠤᠨ ᠣᠷᠳᠤᠨ ᠳᠤ ᠠᠵᠢᠯᠯᠠᠵᠤ ᠪᠠᠢ᠌ᠭ᠎ᠠ ᠨᠢᠭᠡ ᠨᠠᠢ᠌ᠵᠠ ᠨᠢ ᠡᠮᠦᠨ᠎ᠡ ᠣᠷᠤᠨ ᠳᠤ ᠣᠴᠢᠬᠤ ᠳᠠᠭᠠᠷᠠᠭᠠᠤᠨ ᠳᠠᠭᠠᠤ ᠳ᠋ᠤᠨᠢ ᠦᠯᠵᠡᠢ ᠳᠤ ᠮᠠᠰᠢᠨ ᠬᠠᠩᠭ᠋ᠠᠵᠤ ᠪᠠᠢ᠌ᠭ᠎ᠠ ᠳᠠᠷᠠ ᠪᠠᠢ᠌ᠭᠤᠯᠤᠯᠭ᠎ᠠ ᠶᠢ ᠡᠷᠢᠵᠤ ᠣᠴᠢᠭᠰᠠᠨ ᠳᠤ᠂ ᠲ᠋ᠠᠷᠠ ᠨᠢ ᠬᠠᠷᠢᠨ ᠡᠵᠡᠩᠨᠡᠯᠳᠡ ᠮᠠᠭᠤᠳᠠᠵᠤ ᠳᠠᠮᠫᠣᠷᠠᠭᠰᠠᠨ ᠨᠢᠭᠡ ᠠᠷᠠᠰᠤ ᠰᠢᠷᠢ ᠪᠣᠯᠪᠠᠰᠤᠷᠠᠭᠤᠯᠬᠤ ᠣᠢ᠌ᠯᠠᠤᠠᠪᠣᠷᠢ ᠪᠠᠢ᠌ᠵᠠᠢ᠃ ᠠᠵᠢᠯᠴᠢᠨ ᠶᠢᠡᠨ ᠪᠦᠭᠦᠨ ᠢ ᠳᠡᠷᠬᠠᠭᠠᠵᠤ᠂ ᠭᠡᠳᠤᠨ ᠵᠠᠰᠠᠪᠣᠷᠢ ᠶᠢᠨ ᠠᠵᠢᠯᠴᠢᠨ ᠭᠦᠯᠦᠰᠦᠯᠡᠵᠤ ᠬᠠᠭᠤᠴᠢᠨ ᠮᠠᠰᠢᠨ ᠶᠢᠡᠨ ᠰᠡᠯᠪᠢᠭᠦᠯᠤᠨ ᠰᠢᠷ ᠪᠣᠳᠤᠭ ᠳᠦᠷᠭᠢᠭᠦᠯᠵᠤ ᠪᠠᠢ᠌ᠵᠡᠢ᠃ ᠮᠡᠭᠡᠯᠡᠭ᠍ᠳᠡᠭ᠍ᠰᠡᠨ ᠶᠢᠡᠨ ᠣᠯᠵᠤ ᠮᠡᠳᠡᠮᠡᠭ᠍ᠴᠡ ᠦᠯᠵᠡᠢ ᠳᠤᠤᠷ᠎ᠠ ᠨᠢ ᠬᠠᠤᠯᠢᠴᠢ ᠡᠷᠢᠵᠤ ᠵᠠᠷᠭᠤᠯᠳᠠᠭᠰᠠᠨ ᠳᠤ᠂ ᠭᠡᠷ᠎ᠡ ᠪᠢᠴᠢᠭ᠌ ᠳᠡᠭᠡᠷ᠎ᠡ ᠪᠠᠨ 《ᠰᠢᠨ᠎ᠠ ᠮᠡᠰᠢᠨ》 ᠭᠡᠰᠡᠨ ᠥᠰᠦᠭ᠌ ᠳᠤᠳᠤᠷᠬᠠᠢ᠌ᠯᠠᠭᠰᠠᠨ ᠦᠭᠡᠶ ᠡᠴᠡ ᠪᠣᠯᠤᠭᠠᠤᠨ ᠵᠠᠷᠭᠤ ᠱᠥᠭᠦᠭ᠍ᠳᠡᠵᠤ᠂ ᠤᠯᠡᠨ ᠲᠦᠮᠡᠨ ᠤ ᠭᠦᠯᠦᠰᠤ ᠴᠢᠰᠤ ᠲᠡᠶ ᠠᠷᠪᠠᠨ ᠲᠦᠮᠡ ᠪᠠᠨ ᠵᠥᠭᠡᠷ ᠡᠷᠭᠦᠭ᠍ᠰᠡᠨ ᠪᠠᠢ᠌ᠨ᠎ᠠ᠃

ᠡᠭᠦᠨ ᠳᠤ ᠣᠯᠠᠨ ᠠᠷᠪᠢᠨ ᠮᠠᠰᠢᠨ ᠳᠦᠭᠦᠭᠡᠷᠦᠮᠵᠢ ᠬᠠᠩᠭ᠋ᠠᠭᠰᠠᠤᠨ ᠤᠨ ᠳᠤᠳᠤᠷ᠎ᠠ ᠡᠴᠡ ᠠᠯᠢ ᠨᠢ ᠵᠢᠩᠭᠢᠨᠢ ᠪᠠᠷᠠᠭ᠎ᠠ ᠪᠣᠯᠬᠤ ᠶᠢ ᠴᠢᠷᠠᠢ ᠳᠡᠭᠡᠷ᠎ᠡ ᠡᠴᠡ ᠨᠢ ᠢᠯᠭᠠᠵᠤ ᠳᠠᠨᠢᠬᠤ ᠶᠢᠨ ᠪᠣᠯᠤᠯᠴᠠᠭ᠎ᠠ ᠪᠠᠢ᠌ᠬᠤ ᠦᠭᠡᠶ᠃ ᠲ᠋ᠤᠰᠬᠠᠢ᠌ᠯᠠᠨ ᠰᠢᠨ᠎ᠠ ᠮᠠᠰᠢᠨ ᠬᠤᠳᠠᠯᠳᠤᠬᠤ ᠳᠡᠯᠭᠡᠭᠦᠷ ᠴᠤ ᠭᠡᠤᠨ ᠴᠢᠮᠠᠳᠠᠢ ᠭᠡᠷ᠎ᠡ ᠳᠤᠭᠳᠠᠵᠤ ᠬᠠᠭᠤᠴᠢᠨ ᠮᠠᠰᠢᠨ ᠥᠭ᠍ᠴᠤ ᠪᠣᠯᠤᠨ᠎ᠠ᠃ ᠵᠠᠩᠭᠢᠯᠠᠭ᠎ᠠ ᠨᠢ ᠭᠡᠷ᠎ᠡ ᠪᠢᠴᠢᠭᠦ ᠳᠡᠭᠡᠷ᠎ᠡ ᠨᠠᠷᠢᠨ ᠰᠢᠷᠢᠨ ᠣᠬᠠᠭᠠᠨ ᠨᠢ ᠳᠤᠳᠤᠷᠠᠳᠠᠭ ᠪᠠᠢ᠌ᠨ᠎ᠡ᠃ ᠭᠦᠳᠡᠭᠡ ᠶᠢᠨ ᠨᠢᠭᠡ ᠮᠠᠯᠴᠢᠨ ᠤ ᠬᠤᠪᠢ ᠳᠤ᠂ ᠭᠢᠳᠠᠤᠨ ᠥᠰᠦᠭ᠌ ᠳᠠᠮᠠᠢ ᠨᠢᠳᠦᠯᠡᠭᠦ ᠦᠭᠡᠶ ᠪᠦᠭᠡᠤᠨ ᠭᠡᠷ ᠳᠦᠷᠢᠶᠡᠰᠦᠯᠡᠭᠦ ᠭᠡᠷ᠎ᠡ ᠪᠠᠨ ᠴᠤ ᠵᠥᠭ᠌ ᠲᠡᠶ ᠪᠢᠴᠢᠵᠤ ᠴᠢᠳᠠᠬᠤ ᠦᠭᠡᠶ ᠶᠤᠮ ᠴᠢᠨᠢ᠂ ᠠᠵᠤ ᠠᠬᠤᠢ ᠶᠢᠨ ᠥᠷᠢᠰᠦᠯᠳᠦᠭᠡᠨ ᠤ ᠰᠢᠷᠦᠭᠦᠨ ᠣᠷᠤᠰᠬᠠᠯ ᠳᠤᠮᠳᠠᠭᠢ ᠭᠡᠷ᠎ᠡ ᠪᠢᠴᠢᠭ᠌ ᠤᠨ ᠳᠤᠭᠯᠠᠭᠠᠮ ᠮᠡᠭᠡᠯᠡᠯ ᠢ ᠶᠠᠭᠤᠨᠠᠢ ᠳᠠᠨᠢᠬᠤ ᠠᠵᠢ︕ ᠣᠯᠤᠰ ᠤᠨ ᠪᠠᠩᠭᠢ ᠭᠦᠷᠳᠡᠯ᠎ᠡ ᠡᠢ᠌ᠮᠦᠷᠭᠦ ᠮᠡᠭᠡᠯᠡᠯ ᠳᠤ ᠬᠠᠭᠤᠷᠳᠠᠵᠤ ᠳᠠᠮᠫᠣᠷᠠᠴᠢᠬᠤ ᠵᠢᠱᠢᠶ᠎ᠠ ᠭᠠᠷᠴᠤ ᠥᠩᠭᠡᠷᠡᠭ᠍ᠰᠡᠨ ᠶᠤᠮ ᠴᠢᠨᠢ ᠨᠢᠭᠡ ᠮᠠᠯᠴᠢᠨ ᠭᠦᠮᠤᠨ ᠢ ᠶᠠᠭᠤᠨ ᠥᠭᠦᠯᠡᠨᠡᠮ᠃ ᠥᠯᠵᠡᠢ ᠶᠢᠨ ᠨᠠᠢ᠌ᠵᠠ ᠨᠢ ᠭᠡᠷᠪᠡ ᠣᠴᠢᠵᠤ ᠥᠵᠡᠭ᠍ᠰᠡᠨ ᠦᠭᠡᠶ ᠶᠤᠮ ᠪᠣᠯ ᠳᠦᠴᠢᠨ ᠲᠦᠮᠡ ᠪᠠᠷ ᠨᠢᠭᠡ ᠣᠪᠣᠭ᠎ᠠ ᠬᠠᠶᠠᠭᠳᠠᠮᠠᠯ ᠳᠠᠮᠤᠷ ᠰᠤᠯᠢᠬᠤ ᠳᠤ ᠭᠦᠷᠦᠨ᠎ᠡ᠃ ᠡᠨᠡ ᠪᠦᠭᠦᠨ ᠨᠢ ᠪᠦᠷ ᠭᠡᠷ᠎ᠡ ᠪᠢᠴᠢᠭ᠌ ᠳᠡᠭᠡᠷᠡᠭᠢ ᠭᠠᠭᠴᠠᠬᠠᠨ ᠥᠰᠦᠭ᠌ ᠡᠴᠡ ᠰᠢ᠌ᠦᠡᠪᠦᠷᠢᠯᠡᠭ᠍ᠳᠡᠭ᠍ᠰᠡᠨ ᠪᠢᠯᠠ᠃

ᠪᠢᠳᠠ ᠵᠠᠬ᠎ᠠ ᠶᠢᠨ ᠠᠵᠤ ᠠᠬᠤᠢ ᠳᠤ ᠭᠦᠯ ᠭᠢᠰᠭᠢᠵᠤ ᠭᠦᠨ ᠭᠦᠶ‍ᠦᠭᠡᠨ ᠢ ᠨᠢ ᠥᠵᠡᠭᠦ ᠴᠠᠭ ᠨᠢᠭᠡ᠊ᠨᠳᠡ ᠪᠤᠯᠤᠭᠰᠠᠨ᠃ ᠡᠨᠡ ᠠᠬᠤᠢ ᠳᠤ ᠭᠦᠮᠤᠨ ᠭᠦᠮᠤᠨ ᠤ ᠬᠤᠭᠤᠷᠤᠠᠳᠤ᠂ ᠬᠤᠪᠢ ᠭᠦᠮᠤᠨ ᠪᠣᠯᠤᠨ ᠨᠡᠢ᠌ᠭᠡᠮ ᠤᠨ ᠵᠤᠬᠢᠶᠠᠨ ᠪᠠᠢ᠌ᠭᠤᠯᠤᠯᠳᠠ᠂ ᠴᠢᠨᠠᠭᠰᠢᠯᠠᠭᠠᠤᠨ ᠭᠠᠳᠠᠭᠠᠳᠤ ᠶᠢᠨ ᠭᠢᠨ ᠲᠡᠶ ᠵᠤᠭᠰᠤᠯ ᠦᠭᠡᠶ ᠰᠤᠶᠤᠯ ᠠᠵᠤ ᠠᠬᠤᠢ ᠶᠢᠨ ᠰᠤᠯᠢᠯᠴᠠᠭ᠎ᠠ ᠶᠠᠪᠣᠭᠳᠠᠭᠤᠯᠵᠤ ᠪᠤᠢ᠃ ᠨᠡᠢ᠌ᠭᠡᠮ ᠤᠨ ᠭᠦᠭ᠍ᠵᠢᠯ ᠳᠦᠷᠭᠡᠰᠭᠦ ᠳᠤᠳᠤᠮ ᠵᠣᠢ᠌ᠯ ᠵᠢᠰᠤᠮ ᠤᠨ ᠮᠡᠭᠡᠯᠡᠭ᠍ᠴᠢ ᠪᠣᠯᠤᠨ ᠵᠠᠪᠰᠢᠭᠴᠢ ᠬᠠᠤᠯᠢ ᠴᠠᠭᠠᠵᠠ ᠵᠢ 《ᠢᠷᠮᠡᠭ᠍ᠳᠡᠭᠦᠯᠤᠨ》 ᠥᠰᠦᠭ᠌ ᠪᠢᠴᠢᠭ᠌ ᠤᠨ 《ᠳᠤᠭᠯᠠᠭᠠᠮ》 ᠨᠠᠭᠠᠤᠠᠴᠤ ᠭᠦᠮᠤᠨ ᠢ ᠮᠡᠭᠡᠯᠡᠵᠤ ᠴᠢᠳᠠᠳᠠᠭ ᠨᠢ ᠮᠠᠨᠤᠰ ᠤᠨ 《ᠭᠡᠷ᠎ᠡ ᠣᠬᠠᠮᠰᠠᠷ》 ᠲ᠋ᠤᠷᠤᠢ ᠳᠠᠯ᠎ᠠ ᠶᠢ ᠠᠰᠢᠭᠯᠠᠭᠰᠠᠨ ᠶᠤᠮ᠃ ᠪᠢᠳᠠ ᠦᠨᠳᠦᠰᠦᠳᠠᠨ ᠤ ᠥᠭᠡ ᠭᠡᠯᠡ ᠥᠰᠦᠭ᠌ ᠪᠢᠴᠢᠭ᠌ ᠶᠢᠡᠨ ᠰᠠᠢ᠌ᠨ ᠰᠤᠷᠤᠭᠰᠠᠨ ᠤ ᠰᠠᠭᠤᠷᠢᠨ ᠳᠡᠭᠡᠷ᠎ᠡ ᠭᠢᠳᠠᠤᠨ ᠭᠡᠯᠡ ᠶᠢ ᠴᠤ ᠰᠠᠢ᠌ᠨ ᠰᠤᠷᠴᠤ ᠠᠪᠬᠤ ᠭᠡᠷᠡᠭ᠍ᠳᠡᠢ᠃ ᠮᠤᠩᠭ᠋ᠤᠯ ᠭᠡᠯᠡ ᠪᠣᠯ ᠮᠠᠨ ᠤ ᠡᠭᠡ ᠭᠡᠯᠡ ᠪᠠᠢ᠌ᠬᠤ ᠳᠤ ᠭᠢᠳᠠᠤᠨ ᠭᠡᠯᠡ ᠪᠣᠯ ᠮᠠᠨ ᠤ ᠣᠯᠤᠰ ᠤᠨ ᠭᠡᠯᠡ ᠪᠣᠯᠬᠤ ᠳᠤᠯᠠ ᠠᠮᠢᠳᠤᠷᠠᠯ ᠪᠠ ᠨᠡᠢ᠌ᠭᠡᠮ ᠤᠨ ᠬᠠᠷᠢᠯᠴᠠᠭᠠᠨ ᠳᠤ ᠥᠷᠭᠡᠨ ᠶᠢᠡᠷ ᠭᠡᠷᠡᠭᠯᠡᠭ᠍ᠳᠡᠨ᠎ᠡ᠃ ᠨᠥᠭᠦᠴᠡᠯ ᠵᠥᠪᠰᠢᠶᠡᠷᠡᠭᠦ ᠪᠠᠢ᠌ᠳᠠᠯ ᠳᠤᠤᠷ᠎ᠠ ᠢᠯᠡᠭᠦᠤ ᠭᠡᠳᠤᠨ ᠭᠠᠳᠠᠭᠠᠳᠤ ᠭᠡᠯᠡ ᠰᠤᠷᠴᠢᠬᠤ ᠳᠤ ᠢᠯᠡᠭᠦᠳᠡᠭᠦ ᠶᠠᠭᠤᠮ᠎ᠠ ᠪᠠᠢ᠌ᠬᠤ ᠦᠭᠡᠶ᠃ ᠡᠭᠦᠨ ᠤ ᠳᠡᠭᠡᠷ᠎ᠡ 《ᠡᠤ ᠣᠪᠣᠭᠳᠤ ᠶᠢᠨ ᠭᠡᠷ᠎ᠡ》 ᠪᠢᠴᠢᠭᠦ ᠣᠬᠠᠭᠠᠨ ᠢ ᠰᠤᠷᠴᠢᠬᠤ ᠶᠤᠮ ᠪᠣᠯ ᠴᠤᠬᠤᠮ ᠨᠢᠭᠡ 《ᠪᠠᠷᠰ ᠲᠤ ᠵᠢᠭᠦᠷ ᠤᠷᠭᠤᠭᠤᠯᠤᠯ᠎ᠠ》 ᠭᠡᠵᠤ ᠮᠡᠳᠡᠭᠡᠷᠡᠢ᠃ ᠡᠨᠡ ᠨᠢ ᠳᠦᠭᠦᠮ ᠶᠠᠪᠣᠳᠠᠯ ᠢ ᠪᠣᠳᠤᠯᠢᠶᠠᠠᠳᠠᠭᠤᠯᠪᠠᠯ ᠶᠠᠮᠠᠷ ᠰᠠᠢ᠌ᠨ ᠭᠡᠰᠡᠨ ᠶᠠᠪᠣᠳᠠᠯ ᠪᠢᠰᠢ᠂ ᠬᠠᠷᠢᠨ ᠴᠠᠭ ᠦᠶ᠎ᠡ ᠪᠣᠯᠤᠨ ᠨᠡᠢ᠌ᠭᠡᠮ ᠤᠨ ᠣᠷᠴᠢᠨ ᠠᠬᠤᠢ ᠮᠠᠨ ᠢ ᠡᠡᠯᠪᠠᠳᠡᠵᠤ 《ᠭᠡᠷ᠎ᠡ》 ᠪᠢᠴᠢᠭᠦ ᠣᠬᠠᠭᠠᠨ ᠢ ᠰᠤᠷᠭᠠᠵᠤ ᠪᠠᠢ᠌ᠬᠤ ᠶᠤᠮ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 9046
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ