ᠲᠤᠯᠤᠳᠤᠭᠠᠷ ᠪᠦᠯᠦᠭ ᠂ ᠬᠦᠰᠡᠯ ᠬᠦᠭᠡᠭᠡᠴᠡᠯᠳᠦᠯ ᠤᠨ ᠵᠠᠢ᠌ᠴᠠ
ᠵᠢᠷᠭᠤᠳᠤᠭᠠᠷ ᠬᠡᠰᠡᠭ ᠂ ᠤᠰᠤᠨ ᠤ ᠤᠤᠷ ᠴᠢᠨᠠᠷ
ᠶᠡᠭᠡ ᠣᠢ᠌ᠯᠠᠰ ᠪᠦᠳᠦᠭᠡᠭᠦ ᠳᠤ ᠭᠠᠭᠴᠡᠭᠦ ᠭᠦᠰᠡᠯᠡᠩ ᠡᠪᠦᠷᠯᠡᠭᠡᠤᠨ ᠪᠠᠢ᠌ᠵᠤ ᠪᠣᠯᠬᠤ ᠦᠭᠡᠶ᠂ ᠡᠷᠭᠡᠪᠰᠢ ᠠᠬᠤᠢ ᠨᠥᠭᠦᠴᠡᠯ ᠶᠢᠡᠨ ᠦᠨᠳᠦᠰᠦᠯᠠᠵᠤ ᠪᠠᠢ᠌ᠭᠠᠤᠨ ᠬᠠᠷᠠᠯᠳᠠ ᠪᠠᠨ ᠳᠤᠭᠳᠠᠭᠠᠬᠤ ᠡᠴᠡ ᠪᠢᠰᠢ᠂ ᠪᠣᠳᠠᠳᠠᠢ ᠡᠴᠡ ᠰᠠᠯᠤᠭᠰᠠᠨ ᠭᠡᠢ ᠭᠦᠰᠡᠯ ᠤᠨ ᠮᠤᠬᠤᠷ ᠭᠤᠳᠤᠮᠵᠢᠨ ᠳᠤ ᠣᠷᠤᠵᠤ ᠪᠣᠯᠬᠤ ᠦᠭᠡᠶ᠃
᠊᠊᠊᠊᠊᠊᠊᠊᠊᠊᠊᠊᠊᠊᠊᠊᠊᠊᠊᠊᠊᠊ ᠷᠤᠦ᠋ᠽᠸᠸᠯᠲ᠋
ᠴᠧᠨ ᠵᠦᠩ ᠱᠢ᠂ ᠰᠢ ᠠᠨ ᠬᠤᠳᠠ ᠶᠢᠨ ᠳᠡᠭᠦᠷᠭᠡ ᠶᠢᠨ ᠮᠠᠤ ᠰᠢ ᠨᠢᠭᠡᠳᠦᠯ ᠤᠨ ᠨᠢᠭᠡ ᠳᠠᠷᠢᠶᠠᠴᠢᠨ ᠠᠢ᠌ᠯ ᠳᠤ ᠲᠦᠷᠦᠵᠠᠢ᠃ ᠠᠬ᠎ᠠ ᠨᠢ ᠳᠤᠮᠳᠠᠳᠤ ᠰᠤᠷᠭᠠᠭᠤᠯᠢ ᠪᠠᠨ ᠳᠡᠭᠦᠰᠦᠭᠡᠤᠨ ᠪᠠᠭᠰᠢ ᠶᠢᠨ ᠰᠤᠷᠭᠠᠭᠤᠯᠢ ᠳᠤ ᠰᠢᠯᠭᠠᠨ ᠣᠷᠤᠭᠰᠠᠨ ᠳᠤᠯᠠ᠂ ᠬᠤᠶᠠᠷ ᠭᠡᠦᠭᠡᠤᠨ ᠤᠨ ᠰᠤᠷᠤᠯᠭ᠎ᠠ ᠶᠢᠨ ᠰᠥᠢᠦᠡᠭᠡᠯ ᠢ ᠭᠠᠷᠭᠠᠬᠤ ᠳᠤ ᠭᠦᠴᠢᠷᠳᠡᠭ᠍ᠰᠡᠨ ᠡᠴᠢᠭᠡ ᠨᠢ ᠳᠡᠭᠦᠨ ᠤ ᠰᠤᠷᠤᠯᠭ᠎ᠠ ᠶᠢ ᠨᠢᠭᠡ ᠵᠢᠯ ᠵᠤᠭᠰᠦᠭᠠᠵᠡᠢ᠃ ᠡᠨᠡ ᠨᠢᠭᠡ ᠵᠢᠯ ᠨᠢ ᠳᠡᠭᠦᠨ ᠤ ᠬᠤᠪᠢ ᠵᠠᠶᠠᠭᠠᠨ ᠳᠤ ᠰᠢ᠌ᠦᠡᠪᠦᠷᠢᠯᠡᠭ᠍ᠴᠢ ᠣᠢ᠌ᠯᠠᠳᠤᠯ ᠥᠵᠡᠭᠦᠯᠦᠭ᠍ᠰᠡᠨ ᠨᠢᠭᠡ ᠵᠢᠯ ᠪᠤᠯᠵᠤ᠂ ᠲ᠋ᠡᠭᠦᠨ ᠢ ᠳᠤᠮᠳᠠᠳᠤ ᠰᠤᠷᠭᠠᠭᠤᠯᠢ ᠪᠠᠨ ᠳᠡᠭᠦᠰᠦᠭ᠍ᠰᠡᠨ ᠵᠢᠯ᠂ ᠲ᠋ᠤᠮᠳᠠᠳᠤ ᠣᠯᠤᠰ ᠤᠨ ᠠᠵᠤ ᠠᠬᠤᠢ ᠶᠢᠨ ᠪᠠᠷᠭᠡᠳᠡᠯ ᠢ ᠠᠪᠴᠢᠷᠡᠭᠰᠡᠨ 《ᠶᠡᠭᠡ ᠥᠰᠦᠷᠦᠩᠭᠦᠢ ᠲ᠋ᠡᠪᠰᠢᠯᠳᠡ》 ᠵᠢᠨ ᠭᠦᠰᠢᠭᠡ ᠰᠡᠭᠦᠭ᠍ᠳᠡᠵᠤ᠂ ᠮᠡᠨ ᠤ ᠣᠯᠤᠰ ᠤᠨ ᠳᠡᠭᠡᠳᠤ ᠰᠤᠷᠭᠠᠭᠤᠯᠢ ᠨᠤᠭᠤᠳ ᠰᠤᠷᠤᠭᠴᠢ ᠡᠯᠰᠡᠭᠦ ᠪᠠᠨ ᠵᠤᠭᠰᠤᠬᠤ ᠪᠣᠶᠤ ᠠᠪᠬᠤ ᠳᠤᠭ᠎ᠠ ᠪᠠᠨ ᠶᠡᠭᠡᠪᠠᠷ ᠭᠢᠵᠠᠭᠠᠷᠯᠠᠭᠰᠠᠨ ᠶᠢᠡᠷ᠂ ᠴᠧᠨ ᠵᠦᠩ ᠱᠢ ᠶᠢᠨ ᠰᠤᠶᠤᠯ ᠤᠨ ᠮᠦᠷ ᠭᠦᠭᠡᠭᠡᠵᠤ ᠶᠡᠭᠡ ᠣᠢ᠌ᠯᠠᠰ ᠪᠦᠳᠦᠭᠡᠭᠦ ᠭᠦᠰᠡᠯᠡᠩ ᠨᠢ ᠨᠢᠭᠡᠯᠡ ᠳᠤᠤᠷ᠎ᠠ ᠭᠦᠭᠡᠰᠤ ᠪᠣᠯᠤᠨ ᠵᠡᠮᠬᠠᠷᠠᠭᠰᠡᠨ ᠪᠠᠢ᠌ᠨ᠎ᠡ᠃ ᠭᠦᠳᠡᠭᠡ ᠳᠤᠰᠬᠤᠨ ᠤ ᠭᠡᠦᠭᠡᠤᠨ ᠲᠤ ᠠᠪᠴᠤ ᠭᠡᠯᠡᠪᠠᠯ᠂ ᠲ᠋ᠡᠷᠢᠶᠡᠨ ᠵᠤᠷᠬ᠎ᠠ ᠡᠴᠡ ᠪᠠᠨ ᠠᠯᠬᠤᠨ ᠭᠠᠷᠤᠶ᠎ᠠ ᠯᠠ ᠭᠡᠪᠠᠯ ᠰᠤᠷᠭᠠᠭᠤᠯᠢ ᠳᠤ ᠰᠢᠯᠭᠠᠬᠤ ᠭᠠᠭᠴᠠᠬᠠᠨ ᠵᠡᠮ᠃ ᠡᠨᠡ ᠵᠠᠮ ᠨᠢ ᠳᠠᠰᠤᠯᠠᠭᠳᠠᠵᠤ ᠳᠠᠷᠢᠶᠠᠨ ᠱᠠᠩ ᠶᠢᠡᠷ ᠮᠥᠯᠭᠦᠭᠦ ᠪᠣᠯᠤᠭᠰᠠᠨ ᠪᠣᠳᠠᠳᠤ ᠠᠬᠤᠢ ᠨᠢ ᠴᠧᠨ ᠵᠦᠩ ᠱᠢ ᠳᠤ ᠰᠥᠨᠦᠭᠡᠯᠳᠡ ᠶᠢᠨ ᠴᠢᠨᠠᠷᠳᠠᠢ ᠴᠤᠭᠢᠯᠳᠠ ᠪᠣᠯᠤᠭᠠᠤᠨ᠂ ᠠᠮᠢᠳᠤᠷᠠᠯ ᠤᠨ ᠭᠦᠰᠡᠯ ᠨᠢ ᠣᠠᠳᠠᠷᠠᠵᠤ ᠢᠳᠠᠵᠤ ᠣᠤᠭᠤᠬᠤ ᠡᠴᠡ ᠪᠠᠨ ᠭᠠᠷᠬᠤ ᠳᠤ ᠭᠦᠷᠪᠡ᠃
ᠭᠦᠤ ᠶᠢᠨ ᠶᠢᠡᠨ ᠡᠨᠡ ᠪᠠᠢ᠌ᠳᠠᠯ ᠢ ᠥᠵᠡᠭᠡᠤᠨ ᠡᠴᠢᠭᠡ ᠨᠢ ᠳᠤᠩ ᠦᠷᠦᠪᠳᠠᠵᠤ ᠄
《ᠴᠢ ᠭᠤᠷᠤᠬᠠᠨ ᠤ ᠣᠰᠤ ᠳᠤᠪᠣ ᠳᠤᠯᠤᠭᠠᠤᠨ ᠬᠠᠳᠠ ᠴᠢᠯᠠᠭᠤᠨ ᠤ ᠰᠠᠭᠠᠤᠨ ᠢ ᠠᠵᠢᠭ ᠦᠭᠡᠶ ᠳᠠᠪᠠᠵᠤ ᠶᠡᠭᠡ ᠮᠦᠷᠠᠨ ᠳᠤ ᠴᠢᠤᠠᠬᠤᠳᠠᠭ ᠤᠨ ᠰᠢᠯᠳᠠᠭᠠᠨ ᠢ ᠮᠠᠳᠠᠨ᠎ᠠ ᠦᠦ︖ ᠭᠤᠷᠤᠬᠠᠨ ᠤ ᠣᠰᠤ ᠠᠭᠤᠯᠠ ᠬᠠᠷᠭᠤᠪᠠᠯ ᠳᠤᠭᠤᠷᠢᠵᠤ ᠬᠠᠳᠠ ᠳᠠᠭᠠᠷᠢᠯᠳᠤᠪᠠᠯ ᠣᠷᠢᠶᠠᠵᠤ ᠭᠠᠷᠳᠠᠭ ᠡᠴᠡ ᠪᠤᠯᠵᠠᠢ᠃ ᠡᠮᠦᠨ᠎ᠡ ᠴᠢᠨᠢ ᠠᠰᠬ᠎ᠠ ᠬᠠᠳᠠ ᠬᠠᠰᠢᠭᠰᠠᠨ ᠪᠠᠢ᠌ᠪᠠᠯ ᠳᠤᠭᠤᠷᠢᠨ ᠭᠠᠷᠴᠤ ᠪᠣᠯᠤᠨ᠎ᠠ ᠰᠢᠳᠠ᠂ ᠲ᠋ᠤᠤᠷ᠎ᠠ ᠨᠢ ᠣᠭᠢᠯᠠᠭᠠᠤᠨ ᠰᠠᠭᠤᠵᠤ ᠪᠣᠯᠬᠤ ᠦᠭᠡᠶ ᠰᠢᠤ》 ᠭᠡᠵᠤ ᠰᠤᠷᠭᠠᠵᠠᠢ᠃
ᠡᠨᠡ ᠰᠤᠷᠭᠠᠯ ᠨᠢ ᠳᠡᠭᠦᠨ ᠢ ᠣᠨᠳᠠᠭᠰᠠᠨ ᠨᠣᠢ᠌ᠷ ᠡᠴᠡ ᠨᠢ ᠰᠡᠷᠢᠭᠡᠵᠤ ᠠᠮᠢᠳᠤᠷᠠᠯ ᠤᠨ ᠡᠷᠴᠢ ᠵᠤᠷᠢᠭ ᠢ ᠨᠢ ᠭᠦᠪᠴᠢᠯᠡᠭ᠍ᠰᠡᠨ ᠪᠠᠢ᠌ᠯ᠎ᠡ᠃ ᠢᠩᠭᠢᠭᠡᠤᠨ ᠳᠠᠷᠠ ᠳᠠᠷᠢᠶᠠᠨ ᠵᠤᠷᠬ᠎ᠠ ᠪᠠᠷ ᠮᠥᠯᠭᠦᠭᠦ ᠶᠢᠨ ᠳᠡᠭᠠᠤ᠂ ᠲ᠋ᠡᠭᠡᠳᠤ ᠰᠤᠷᠭᠠᠭᠤᠯᠢ ᠶᠢᠨ ᠭᠢᠴᠢᠶᠠᠯ ᠤᠨ ᠪᠢᠴᠢᠭ᠌ ᠵᠢᠭᠡᠯᠡᠵᠤ ᠢᠷᠡᠭᠡᠤᠨ ᠥᠪᠠᠷᠳᠡᠭᠡᠨ ᠰᠤᠷᠤᠯᠴᠠᠭᠰᠠᠨ ᠪᠠᠢ᠌ᠪᠠ᠃ ᠢᠩᠭᠢᠵᠤ ᠪᠠᠢ᠌ᠳᠠᠯ᠎ᠠ ᠪᠠᠨ ᠠᠷᠠᠤᠨ ᠡᠴᠡ ᠡᠷᠭᠢᠯᠡᠭ᠍ᠰᠡᠨ ᠪᠠᠭᠰᠢ ᠪᠣᠯᠵᠤ ᠡᠨᠡᠭᠦ ᠡᠪ ᠡᠩ ᠤᠨ ᠠᠵᠢᠯ ᠤᠨ ᠪᠠᠢ᠌ᠷᠢᠨ ᠳᠡᠭᠡᠷ᠎ᠡ ᠪᠠᠨ ᠣᠰᠤᠯᠳᠠᠯ ᠦᠭᠡᠶ ᠴᠢᠷᠮᠠᠢ᠌ᠭᠰᠠᠨ ᠤ ᠠᠴᠢ ᠪᠠᠷ ᠰᠢᠶᠠᠨ ᠤ ᠰᠤᠶᠤᠯ ᠤᠨ ᠣᠷᠳᠤᠨ ᠤ ᠳᠠᠷᠤᠭ᠎ᠠ ᠪᠤᠯᠤᠨ ᠲ᠋ᠡᠪᠰᠢᠵᠡᠢ᠃ ᠲ᠋ᠡᠭᠡᠷ᠎ᠡ ᠵᠠᠭᠤᠨ ᠤ ᠡᠴᠦᠰ ᠶᠢᠡᠷ᠂ ᠴᠧᠨ ᠵᠦᠩ ᠱᠢ ᠳᠦᠴᠢᠨ ᠵᠢᠯ ᠤᠨ ᠭᠦᠳᠡᠭᠡ ᠳᠤᠰᠬᠤᠨ ᠤ ᠠᠮᠢᠳᠤᠷᠠᠯ ᠤᠨ ᠥᠩᠭᠡᠷᠡᠯᠳᠡ ᠪᠠᠨ ᠣᠷᠯᠢᠭᠵᠢᠭᠤᠯᠤᠭᠠᠤᠨ 《ᠴᠠᠭᠠᠨ ᠪᠣᠭᠤᠳᠤ ᠶᠢᠨ ᠰᠢᠯᠢ》 ᠭᠡᠭᠦ ᠷᠤᠮᠠᠨ ᠶᠢᠡᠨ ᠪᠢᠴᠢᠵᠤ᠂ ᠲ᠋ᠤᠮᠳᠠᠳᠤ ᠣᠯᠤᠰ ᠤᠨ ᠣᠷᠠᠨ ᠵᠤᠬᠢᠶᠠᠯ ᠤᠨ ᠳᠠᠪᠴᠠᠩ ᠢ ᠳᠤᠩᠰᠤᠯᠭᠠᠭᠰᠠᠨ ᠪᠠᠢ᠌ᠯ᠎ᠠ᠃ 《ᠴᠠᠭᠠᠨ ᠪᠣᠭᠤᠳᠤ ᠶᠢᠨ ᠰᠢᠯᠢ》 ᠭᠡᠳᠤ ᠳᠠᠭᠢᠨ ᠭᠡᠪᠯᠡᠭ᠍ᠳᠡᠵᠤ᠂ ᠤᠯᠦᠰ ᠤᠨ ᠳᠤᠳᠤᠭᠠᠳᠤ ᠭᠠᠳᠠᠭᠠᠳᠤ ᠳᠤ ᠥᠷᠭᠡᠨ ᠶᠢᠡᠷ ᠳᠠᠷᠬᠠᠭᠰᠠᠨ ᠶᠢᠡᠷ ᠪᠠᠷᠠᠬᠤ ᠦᠭᠡᠶ᠂ ᠲ᠋ᠠᠷᠬᠠᠯᠭᠠ ᠵᠠᠭᠤᠨ ᠲᠦᠮᠡ ᠶᠢ ᠳᠠᠪᠠᠭᠰᠠᠨ ᠪᠠᠢ᠌ᠪᠡ᠃ ᠡᠭᠦᠨ ᠶᠢᠡᠷ ᠵᠤᠭᠰᠤᠬᠤ ᠦᠭᠡᠶ᠂ 2007 ᠣᠨ ᠳᠤ ᠳᠸᠯᠸᠢᠰ ᠵᠥᠴᠦᠭᠡ ᠪᠠᠷ ᠰᠡᠭᠦᠳᠡᠷᠯᠡᠭ᠍ᠳᠡᠭ᠍ᠰᠡᠨ ᠪᠢᠯᠠ᠃
ᠪᠠᠢ᠌ᠭᠠᠯᠢ ᠶᠢᠨ ᠲᠦᠮᠡᠨ ᠪᠣᠳᠠᠰ ᠤᠨ ᠳᠤᠮᠳᠠ᠂ ᠣᠰᠤ ᠪᠣᠯ ᠥᠩᠭᠡ ᠦᠨᠦᠷ ᠦᠭᠡᠶ᠂ ᠭᠡᠯᠪᠠᠷᠢ ᠳᠦᠷᠰᠦ ᠦᠭᠡᠶ᠂ ᠬᠠᠮᠤᠭ ᠵᠥᠭᠡᠯᠡᠨ ᠰᠢᠩᠭᠡᠨ ᠪᠠᠶᠠᠳᠤ ᠪᠠᠢ᠌ᠳᠠᠯ᠎ᠠ ᠪᠠᠨ ᠣᠶᠠᠬᠠᠨ ᠵᠥᠭᠡᠯᠡᠨ ᠶᠢᠡᠷ ᠶᠢᠡᠨ ᠡᠷᠭᠢ ᠶᠢ ᠢᠪᠠᠯᠤᠨ ᠴᠢᠯᠠᠭᠤ ᠶᠢ ᠴᠤᠭᠤᠯᠵᠤ ᠴᠢᠳᠠᠳᠠᠭ ᠠᠪᠣᠷᠭᠤ ᠭᠦᠴᠤᠨ ᠲᠡᠶ ᠪᠠᠷ ᠪᠠᠷᠠᠬᠤ ᠦᠭᠡᠶ᠂ ᠬᠠᠯᠠᠪᠠᠯ ᠠᠭᠠᠷ ᠲᠤ ᠳᠡᠭ᠍ᠳᠡᠵᠤ ᠭᠦᠷᠦᠪᠠᠯ ᠭᠠᠵᠠᠷ ᠲᠡᠶ ᠪᠠᠷᠢᠯᠳᠤᠨ ᠭᠦᠯᠳᠡᠭᠡᠤᠨ ᠦᠪᠡᠷ ᠤᠨ ᠣᠤᠷ ᠴᠢᠨᠠᠷ ᠶᠢᠡᠨ ᠬᠠᠮᠠᠭᠠᠯᠠᠵᠤ ᠴᠢᠳᠠᠳᠠᠭ ᠤᠨ ᠭᠤᠤᠯ ᠰᠢᠯᠳᠠᠭᠠᠨ ᠪᠣᠯ᠂ ᠶᠠᠮᠠᠷᠪᠠ ᠣᠷᠴᠢᠨ ᠠᠬᠤᠢ ᠲᠡᠶ ᠴᠤ ᠪᠦᠷ ᠵᠤᠭᠢᠴᠠᠵᠤ ᠴᠢᠳᠠᠬᠤ ᠣᠠᠴᠠᠭᠠᠢ ᠵᠠᠩ ᠴᠢᠨᠠᠷ ᠡᠴᠡ ᠪᠣᠯᠤᠭᠰᠠᠨ ᠶᠦᠮ᠃ ᠭᠦᠮᠤᠨ ᠪᠣᠯ ᠡᠭᠡ ᠪᠠᠢ᠌ᠭᠠᠯᠢ ᠶᠢᠨ ᠲᠦᠷᠦᠳᠠᠰᠤ ᠪᠣᠯᠬᠤᠷ ᠠᠮᠢᠳᠤᠷᠠᠨ ᠳᠤᠭᠳᠠᠨᠢᠬᠤ ᠶᠢᠨ ᠬᠠᠮᠤᠭ ᠵᠠᠩᠭᠢᠯᠠᠭ᠎ᠠ ᠨᠢ ᠣᠷᠴᠢᠨ ᠠᠬᠤᠢ ᠲᠡᠶ ᠵᠤᠭᠢᠴᠠᠵᠤ ᠴᠢᠳᠠᠬᠤ ᠡᠰᠡᠭᠦ ᠳᠤ ᠪᠠᠢ᠌ᠳᠠᠭ᠃ ᠭᠦᠮᠤᠨ ᠤ ᠶᠢᠷᠳᠢᠠᠴᠤ ᠶᠢᠨ ᠠᠮᠢᠳᠤᠷᠠᠯ ᠤᠨ ᠵᠠᠮ ᠲᠦᠮᠡ ᠪᠣᠮ ᠪᠠᠢ᠌ᠯ᠎ᠠ ᠴᠤ ᠰᠢᠯᠤᠭᠤᠨ ᠳᠠᠷᠳᠠᠩ ᠵᠠᠮ ᠬᠠᠷᠭᠤᠢ ᠭᠡᠵᠤ ᠶᠠᠷᠤ ᠡᠴᠡ ᠪᠠᠢ᠌ᠬᠤ ᠦᠭᠡᠶ᠃ ᠭᠡᠷᠪᠡ ᠭᠦᠰᠡᠯᠡᠩ ᠤᠨ ᠭᠠᠵᠠᠷ ᠲᠠᠭᠠᠨ ᠭᠦᠷᠦᠶ᠎ᠡ ᠯᠠ ᠭᠡᠳᠡᠭ᠌ ᠪᠣᠯ ᠵᠠᠪᠠᠯ ᠣᠰᠤᠨ ᠤ ᠵᠠᠩ ᠴᠢᠨᠠᠷ ᠢ ᠰᠤᠷᠤᠯᠴᠠᠵᠤ᠂ ᠲ᠋ᠤᠭᠤᠷᠢᠵᠤ ᠭᠠᠷᠬᠤ ᠴᠢᠬᠤᠯᠠ ᠲᠡᠶ ᠭᠠᠵᠠᠷ ᠢ ᠨᠢ ᠳᠤᠭᠤᠷᠢᠵᠤ᠂ ᠰᠢᠷᠭᠤᠵᠤ ᠭᠠᠷᠬᠤ ᠴᠢᠬᠤᠯᠳᠠᠢ ᠭᠠᠵᠠᠷ ᠢ ᠨᠢ ᠰᠢᠷᠭᠤᠵᠤ ᠭᠠᠷᠤᠭᠠᠤᠨ ᠵᠤᠷᠢᠭᠰᠠᠨ ᠵᠥᠭ᠌ ᠲᠡᠭᠡᠨ ᠴᠥᠭᠦᠷᠡᠰᠢ ᠦᠭᠡᠶ ᠵᠢᠦᠡᠭᠦᠨ ᠳᠡᠮᠡᠴᠡᠭᠦ ᠭᠡᠷᠡᠭ᠍ᠳᠡᠢ᠃
ᠵᠤᠬᠢᠶᠠᠭᠴᠢ᠄ ᠨᠣ᠋·ᠪᠠᠭᠠᠳᠤᠷ
ᠳᠠᠷᠤᠮ᠄ 8888
ᠴᠠᠭ᠄ 2009 ᠤᠨ ᠤ 04 ᠰᠠᠷ᠎ᠠ ᠶᠢᠨ 29