ᠲᠦᠷᠪᠡ ᠂ 1328 ᠤᠨ ᠡᠴᠡ 1450 ᠤᠨ ᠬᠦᠷᠲᠡᠯ᠎ᠡ
1328 ᠣᠨ (ᠰᠢᠷ᠎ᠠ ᠯᠤᠤ ᠵᠢᠯ᠂ ᠲ᠋ᠠᠢ ᠳ᠋ᠢᠩ ᠤᠨ ᠳᠠᠪᠤᠨ ᠣᠨ᠂ ᡁᠢ ᠡᡁᠧ ᠶᠢᠨ ᠳᠡᠷᠢᠭᠦᠨ ᠣᠨ)᠄
ᠮᠦᠨ ᠵᠢᠯ ᠤᠨ ᠬᠤᠶᠠᠳᠤᠭᠠᠷ ᠰᠠᠷᠠᠳᠠ ᠣᠨ ᠤ ᠴᠤᠯᠠ ᠶᠢ ᡁᠢ ᠡᡁᠧ ᠶᠢᠨ ᠣᠨ ᠭᠡᠮᠡᠪᠠᠢ᠃
ᠲ᠋ᠤᠯᠤᠭᠠᠨ ᠰᠠᠷᠠᠳᠠ ᠡᠰᠡ᠊ᠨᠳᠡᠮᠦᠷ ᠬᠠᠭᠠᠨ ᠱᠠᠩᠳᠤ ᠪᠠᠯᠭᠠᠰᠤᠨ᠎ᠠ ᠨᠠᠰᠤ ᠪᠠᠷᠡᠵᠤ᠂ ᠲ᠋ᠡᠭᠦᠨ ᠤ ᠶᠢᠰᠤᠨ ᠨᠠᠰᠤᠳᠠᠢ ᠭᠦᠪᠠᠭᠦᠨ ᠠᠰᠤᠭᠢᠸᠠ ᠱᠠᠩᠳᠤ ᠳᠤ ᠶᠡᠭᠡ ᠣᠷᠤ ᠰᠠᠭᠤᠪᠠᠢ᠃ ᠬᠠᠭᠠᠨ ᠤ ᠴᠤᠯᠠ ᠶᠢ ᠵᠠᠶᠠᠭᠠᠳᠤ ᠬᠠᠭᠠᠨ ᠭᠡᠮᠡᠮᠦᠢ᠃ ᠭᠢᠳᠡᠳ ᠰᠤᠷᠪᠣᠯᠵᠢ ᠳᠤ ᠳᠢᠶᠠᠨ ᠱᠦᠨ ᠭᠡᠮᠡᠮᠦᠢ᠃
ᠮᠦᠨ ᠣᠨ᠎ᠠ ᠳᠠᠢ᠌ᠳᠤ ᠶᠢ ᠰᠠᠭᠢᠭᠰᠠᠨ ᠨᠢᠭᠤᠴᠠ ᠭᠦᠷᠢᠶᠡᠯᠡᠩ ᠤᠨ ᠭᠡᠷᠡᠭ᠌ ᠮᠡᠳᠡᠭ᠍ᠴᠢ ᠶᠡᠭᠡ ᠳᠠᠮᠤᠷ ᠪᠣᠯᠤᠨ ᠰᠢ ᠠᠨ ᠸᠠᠩ ᠠᠷᠠᠳᠨᠠᠰᠢᠷᠠᠨ ᠨᠡᠷ ᠣᠷᠳᠤᠨ ᠤ ᠬᠤᠪᠢᠰᠤᠯ ᠭᠠᠷᠭᠠᠵᠤ᠂ ᠭᠦᠯᠦᠭ᠌ ᠬᠠᠭᠠᠨ ᠤ ᠭᠦᠪᠠᠭᠦᠨ ᠳᠤᠭᠳᠠᠮᠤᠷ ᠢ ᠶᠡᠭᠡ ᠰᠠᠭᠤᠷᠢᠨ᠎ᠠ ᠭᠠᠷᠭᠠᠵᠤ᠂ ᠣᠨ ᠤ ᠴᠤᠯᠠ ᠶᠢ ᠳᠢᠶᠠᠨ ᠯᠢ ᠭᠡᠮᠡᠪᠠᠢ᠃ ᠡᠭᠦᠡᠴᠡ ᠱᠠᠩᠳᠤ ᠪᠣᠯᠤᠨ ᠳᠠᠢ᠌ᠳᠤ ᠶᠢᠨ ᠬᠤᠭᠤᠷᠤᠠᠳᠤ ᠰᠢᠷᠦᠭᠦᠨ ᠭᠢᠮᠤᠷᠠᠯ ᠪᠣᠯᠪᠠᠢ᠃
ᠮᠦᠨ ᠵᠢᠯ ᠤᠨ ᠠᠷᠪᠠᠨ ᠰᠠᠷᠠᠳᠠ ᠶᠡᠭᠡ ᠳᠠᠮᠤᠷ ᠤᠨ ᠨᠠᠮᠳᠠᠤᠨ ᠴᠡᠷᠢᠭ᠌ ᠡᠭᠦᠰᠭᠡᠨ ᠱᠠᠩᠳᠤ ᠶᠢ ᠪᠦᠰᠡᠯᠡᠨ ᠪᠠᠢ᠌ᠯᠳᠤᠪᠠᠢ᠃
1329 ᠣᠨ (ᠰᠢᠷᠠᠭᠴᠢᠨ ᠮᠤᠭᠠᠢ ᠵᠢᠯ᠂ ᠲ᠋ᠢᠶᠠᠨ ᠯᠢ ᠶᠢᠨ ᠬᠤᠶᠠᠳᠤᠭᠠᠷ ᠣᠨ)᠄
ᠮᠦᠨ ᠣᠨ ᠤ ᠭᠤᠷᠪᠠᠳᠤᠭᠠᠷ ᠰᠠᠷ᠎ᠠ ᠳᠤ᠂ ᠬᠠᠢ᠌ᠰᠠᠨ ᠭᠦᠯᠦᠭ᠌ ᠬᠠᠭᠠᠨ ᠤ ᠭᠦᠪᠠᠭᠦᠨ ᠭᠦᠰᠡᠯ᠎ᠡ ᠭᠤᠪᠢ ᠶᠢᠨ ᠠᠷᠤ ᠳᠤ ᠶᠡᠭᠡ ᠣᠷᠤ ᠰᠠᠭᠤᠪᠠᠢ᠃ ᠬᠠᠭᠠᠨ ᠤ ᠴᠤᠯᠠ ᠶᠢ ᠬᠤᠳᠤᠭᠳᠤ ᠬᠠᠭᠠᠨ ᠭᠡᠮᠡᠮᠦᠢ᠃ ᠭᠢᠳᠡᠳ ᠰᠤᠷᠪᠣᠯᠵᠢ ᠳ᠋ᠤ(明宗) ᠭᠡᠮᠡᠮᠦᠢ᠃
ᠮᠦᠨ ᠵᠢᠯ ᠤᠨ ᠨᠢ᠋ᠮᠠᠨ ᠰᠠᠷᠠᠳᠠ ᠭᠦᠰᠡᠯ᠎ᠡ ᠬᠠᠭᠠᠨ ᠰᠢᠷ᠎ᠠ ᠣᠩᠭ᠋ᠤᠴᠠᠳᠤ ᠨᠠᠷᠠᠳᠤ ᠭᠠᠵᠠᠷ᠎ᠠ ᠭᠡᠨᠡᠳᠲᠡ ᠨᠠᠰᠤᠨ ᠡᠴᠦᠰ ᠪᠣᠯᠪᠠᠢ᠃
ᠮᠦᠨ ᠣᠨ ᠤ ᠶᠢᠰᠤᠨ ᠰᠠᠷᠠᠳᠠ ᠳᠤᠭᠳᠠᠮᠤᠷ ᠳᠠᠭᠢᠨ ᠬᠠᠭᠠᠨ ᠣᠷᠤ ᠰᠠᠭᠤᠵᠤ ᠬᠠᠭᠠᠨ ᠤ ᠴᠤᠯᠠ ᠶᠢ ᠵᠠᠶᠠᠭᠠᠳᠤ ᠬᠠᠭᠠᠨ ᠭᠡᠮᠡᠪᠠᠢ᠃ ᠭᠢᠳᠡᠳ ᠶᠢᠡᠷ ᠸᠧᠨ ᠼᠦᠩ ᠬᠠᠭᠠᠨ ᠭᠡᠮᠡᠮᠤ᠃
1332 ᠣᠨ (ᠬᠠᠷ᠎ᠠ ᠪᠠᠴᠢᠨ ᠵᠢᠯ᠂ ᡁᠢ ᠱᠤᠢᠨ ᠤ ᠭᠤᠳᠠᠭᠠᠷ ᠣᠨ)᠄
ᠮᠦᠨ ᠵᠢᠯ ᠤᠨ ᠨᠢ᠋ᠮᠠᠨ ᠰᠠᠷᠠᠳᠠ ᠵᠠᠶᠠᠭᠠᠳᠤ ᠬᠠᠭᠠᠨ ᠨᠠᠰᠤ ᠪᠠᠷᠠᠪᠠᠢ᠃ ᠰᠠᠭᠤᠷᠢᠨ᠎ᠠ ᠭᠤᠷᠪᠠᠨ ᠵᠢᠯ ᠪᠣᠯᠪᠠᠢ᠃
ᠮᠦᠨ ᠵᠢᠯ ᠤᠨ ᠠᠷᠪᠠᠨ ᠰᠠᠷᠠᠳᠠ ᠬᠤᠳᠤᠭᠳᠤ ᠬᠠᠭᠠᠨ ᠤ ᠳᠠᠳ᠋ ᠭᠦᠪᠠᠭᠦᠨ ᠷᠢᠠᠴᠢᠠᠪᠠᠯ ᠶᠡᠭᠡ ᠣᠷᠤ ᠰᠠᠭᠤᠵᠤ᠂ ᠬᠠᠭᠠᠨ ᠤ ᠴᠤᠯᠠ ᠶᠢ ᠢᠷᠴᠢᠮᠠᠯ ᠡᠷᠳᠡᠨᠢ ᠴᠤᠭᠳᠤ ᠬᠠᠭᠠᠨ ᠭᠡᠮᠡᠪᠠᠢ᠃ ᠭᠢᠳᠡᠳ ᠰᠤᠷᠪᠣᠯᠵᠢ ᠳᠤ ᠨᠢᠩ ᠼᠦᠩ (宁宗) ᠭᠡᠪᠠᠢ᠃ ᠡᠷᠳᠡᠨᠢ ᠴᠤᠭᠳᠤ ᠬᠠᠭᠠᠨ ᠨᠠᠢ᠌ᠳᠠ ᠬᠤᠷᠢᠨ ᠡᠳᠦᠷ ᠬᠠᠭᠠᠨ ᠰᠠᠭᠤᠭᠠᠤᠨ ᠨᠠᠰᠤ ᠪᠠᠷᠠᠪᠠᠢ᠃
ᠮᠦᠨ ᠣᠨ᠎ᠠ ᠬᠤᠳᠤᠭᠳᠤ ᠬᠠᠭᠠᠨ ᠤ ᠠᠬᠠᠮᠠᠤᠨ ᠭᠦᠪᠠᠭᠦᠨ ᠳᠤᠭᠤᠨᠳᠠᠮᠤᠷ ᠶᠡᠭᠡ ᠣᠷᠤ ᠰᠠᠭᠤᠵᠤ᠂ ᠬᠠᠭᠠᠨ ᠤ ᠴᠤᠯᠠ ᠶᠢ ᠣᠬᠠᠭᠠᠠᠳᠤ ᠬᠠᠭᠠᠨ ᠭᠡᠪᠠᠢ᠃ ᠭᠢᠳᠡᠳ ᠰᠤᠷᠪᠣᠯᠵᠢ ᠳᠤ ᠾᠦᠢ᠌ ᠼᠦᠩ (惠宗) ᠭᠡᠮᠡᠮᠦᠢ᠃
1345 ᠣᠨ (ᠭᠦᠭᠡᠭ᠍ᠴᠢᠨ ᠳᠠᠭᠢᠶ᠎ᠠ ᠵᠢᠯ᠂ ᡁᠢ ᠵᠸᠩ ᠤᠨ ᠳᠠᠪᠤᠨ ᠣᠨ)᠄
ᠮᠦᠨ ᠣᠨ ᠤ ᠠᠷᠪᠠᠨ ᠰᠠᠷᠠᠳᠠ ᠮᠠᠷᠭᠢᠳᠠᠢ ᠳᠤᠭᠳᠠᠬᠠ ᠣᠬᠠᠭᠠᠠᠳᠤ ᠬᠠᠭᠠᠨ ᠤ ᠵᠠᠷᠯᠢᠭ ᠵᠢᠠᠷ 《ᠯᠢᠶᠤᠤ ᠣᠯᠤᠰ ᠤᠨ ᠰᠤᠳᠤᠷ》 《ᠠᠯᠳᠠᠨ ᠣᠯᠤᠰ ᠤᠨ ᠰᠤᠳᠤᠷ》 《ᠰᠦᠩ ᠣᠯᠤᠰ ᠤᠨ ᠰᠤᠳᠤᠷ》 ᠊ᠢ ᠬᠠᠷᠢᠭᠤᠴᠠᠨ ᠨᠠᠢ᠌ᠷᠠᠭᠤᠯᠵᠤ ᠳᠡᠭᠦᠰᠭᠡᠪᠠᠢ᠃
1351 ᠣᠨ (ᠴᠠᠭᠠᠭᠴᠢᠨ ᠳᠠᠤᠯᠠᠢ ᠵᠢᠯ᠂ ᡁᠢ ᠵᠸᠩ ᠤᠨ ᠠᠷᠪᠠᠨ ᠨᠢᠭᠡᠨ ᠣᠨ)᠄
ᠮᠦᠨ ᠣᠨ ᠤ ᠳᠦᠳᠦᠭᠡᠷ ᠰᠠᠷᠠᠳᠠ ᠲᠡᠶ ᠦᠨ ᠣᠯᠤᠰ ᠤᠨ ᠵᠠᠰᠠᠭ ᠤᠨ ᠭᠠᠵᠠᠷ ᠡᠴᠡ ᠬᠠᠳᠤᠨ ᠭᠤᠤᠯ ᠤᠨ ᠬᠠᠰᠢᠯᠭ᠎ᠠ ᠶᠢᠨ ᠵᠠᠰᠠᠯᠳᠠ ᠳᠤ ᠠᠷᠪᠠᠨ ᠳᠠᠪᠤᠨ ᠲᠦᠮᠡᠨ ᠠᠷᠠᠤᠨ ᠴᠡᠷᠢᠭ᠌ ᠢ ᠳᠠᠳᠠᠪᠠᠢ᠃
ᠲ᠋ᠠᠪᠤᠨ ᠰᠠᠷᠠᠳᠠ ᠶᠢᠩ ᠵᠸᠤ ᠶᠢᠨ ᠭᠠᠵᠠᠷ ᠯᠢᠤ ᠹᠦ᠋ ᠲᠦᠩ ᠤᠨ ᠣᠳᠤᠷᠢᠳᠤᠭᠰᠠᠨ ᠳᠠᠷᠢᠶᠠᠴᠢᠳ ᠤᠨ ᠪᠣᠰᠤᠯᠭ᠎ᠠ ᠡᠭᠦᠰᠪᠠᠢ᠃
ᠨᠢ᠋ᠮᠠᠨ ᠰᠠᠷᠠᠳᠠ ᠴᠢ ᠱᠦᠢ (蕲水) ᠶᠢᠨ ᠭᠠᠵᠠᠷ ᠰᠢᠤᠢ ᠱᠸᠤ ᠾᠦᠢ᠌ (徐寿辉) ᠨᠡᠷ ᠤᠨ ᠣᠳᠤᠷᠢᠳᠤᠭᠰᠠᠨ ᠳᠠᠷᠢᠶᠠᠴᠢᠨ ᠤ ᠪᠣᠰᠤᠯᠭ᠎ᠠ ᠡᠭᠦᠰᠪᠠᠢ᠃
1352 ᠣᠨ (ᠬᠠᠷ᠎ᠠ ᠯᠤᠤ ᠵᠢᠯ᠂ ᡁᠢ ᠵᠸᠩ ᠤᠨ ᠠᠷᠪᠠᠨ ᠬᠤᠶᠠᠷ ᠣᠨ)᠄
ᠮᠦᠨ ᠵᠢᠯ ᠤᠨ ᠬᠤᠶᠠᠳᠤᠭᠠᠷ ᠰᠠᠷᠠᠳᠠ ᠬᠤᠤ ᠵᠸᠤ (濠州) ᠶᠢᠨ ᠭᠠᠵᠠᠷ ᠭᠦᠸᠧ ᠽᠢ ᠰᠢᠩ᠂ ᠰᠦᠨ ᠳ᠋ᠧ ᠶᠠ ᠨᠡᠷ ᠤᠨ ᠣᠳᠤᠷᠢᠳᠤᠭᠰᠠᠨ ᠳᠠᠷᠢᠶᠠᠴᠢᠨ ᠤ ᠪᠣᠰᠤᠯᠭ᠎ᠠ ᠡᠭᠦᠰᠪᠠᠢ᠃
1354 ᠣᠨ (ᠭᠦᠭᠡ ᠮᠤᠷᠢᠨ ᠵᠢᠯ᠂ ᡁᠢ ᠵᠸᠩ ᠤᠨ ᠠᠷᠪᠠᠨ ᠳᠦᠷᠪᠡᠨ ᠣᠨ)᠄
ᠮᠦᠨ ᠵᠢᠯ ᠤᠨ ᠴᠠᠭᠠᠨ ᠰᠠᠷᠠᠳᠠ ᠵᠠᠩ ᠱᠢ ᠴᠸᠩ ᠪᠠᠶ᠎ᠠ ᠪᠠᠨ ᠴᠸᠩ ᠸᠠᠩ ᠭᠡᠮᠡᠨ ᠡᠷᠭᠦᠮᠵᠢᠯᠡᠵᠤ᠂ ᠤᠯᠦᠰ ᠤᠨ ᠴᠤᠯᠠ ᠶᠢ ᠳ᠋ᠠ ᠵᠸᠤ (大周) ᠭᠡᠮᠡᠪᠠᠢ᠃
1355 ᠣᠨ (ᠭᠦᠭᠡᠭ᠍ᠴᠢᠨ ᠬᠤᠨᠢᠨ ᠵᠢᠯ᠂ ᡁᠢ ᠵᠸᠩ ᠤᠨ ᠠᠷᠪᠠᠨ ᠳᠠᠪᠤᠨ ᠣᠨ)᠄
ᠮᠦᠨ ᠵᠢᠯ ᠤᠨ ᠬᠤᠶᠠᠳᠤᠭᠠᠷ ᠰᠠᠷᠠᠳᠠ ᠯᠢᠤ ᠹᠦ᠋ ᠲᠦᠩ᠂ ᠬᠠᠨ ᠱᠠᠨ ᠲᠦᠩ ᠤᠨ ᠭᠦᠪᠠᠭᠦᠨ ᠬᠠᠨ ᠯᠢᠨ ᠡᠯ ᠢ ᠬᠠᠭᠠᠨ ᠡᠷᠭᠦᠮᠵᠢᠯᠡᠵᠤ ᠣᠯᠤᠰ ᠤᠨ ᠨᠠᠷᠠ ᠶᠢ ᠰᠦᠩ ᠭᠡᠮᠡᠨ ᠨᠠᠷᠠᠯᠠᠵᠤ ᠣᠨ ᠤ ᠴᠤᠯᠠ ᠶᠢ ᠯᠦᠩ ᠹᠧᠩ ᠭᠡᠮᠡᠪᠠᠢ᠃ ᠮᠦᠨ ᠣᠨ᠎ᠠ᠂ ᠲ᠋ᠢᠶᠠᠨ ᠸᠠᠨ ᠣᠯᠠᠭᠠᠨ ᠠᠯᠴᠢᠭᠤᠷᠳᠠᠨ ᠤ ᠪᠣᠰᠤᠯᠭ᠎ᠠ ᠶᠢᠨ ᠴᠡᠷᠢᠭ᠌ ᠤᠨ ᠭᠦᠴᠤᠨ ᠳᠠᠭᠢᠨ ᠰᠡᠷᠭᠦᠵᠤ ᠲᠡᠶ ᠦᠨ ᠤ ᠴᠡᠷᠢᠭ᠌ ᠲᠤ ᠭᠦᠡᠳᠤ ᠴᠤᠭᠢᠯᠳᠠ ᠥᠭ᠍ᠪᠠᠢ᠃
1358 ᠣᠨ (ᠰᠢᠷ᠎ᠠ ᠨᠤᠬᠠᠢ ᠵᠢᠯ᠂ ᡁᠢ ᠵᠸᠩ ᠤᠨ ᠠᠷᠪᠠᠨ ᠨᠢ᠋ᠮᠠᠨ ᠣᠨ)᠄
ᠮᠦᠨ ᠣᠨ ᠤ ᠠᠷᠪᠠᠨ ᠬᠤᠶᠠᠷ ᠰᠠᠷᠠᠳᠠ ᠣᠯᠠᠭᠠᠨ ᠠᠯᠴᠢᠭᠤᠷᠳᠠᠨ ᠤ ᠪᠣᠰᠤᠯᠭ᠎ᠠ ᠶᠢᠨ ᠴᠡᠷᠢᠭ᠌ ᠱᠠᠩᠳᠤ ᠪᠠᠯᠭᠠᠰᠤᠨ ᠢ ᠡᠵᠡᠯᠡᠨ ᠠᠪᠣᠪᠠᠢ᠃
1361 ᠣᠨ (ᠴᠠᠭᠠᠭᠴᠢᠨ ᠥᠭᠡᠷ ᠵᠢᠯ᠂ ᡁᠢ ᠵᠸᠩ ᠤᠨ ᠬᠤᠷᠢᠨ ᠨᠢᠭᠡᠳᠦᠭᠡᠷ ᠣᠨ)᠄
ᠮᠦᠨ ᠵᠢᠯ ᠤᠨ ᠭᠤᠳᠠᠭᠠᠷ ᠰᠠᠷᠠᠳᠠ ᠮᠢᠩ ᠢᠤᠢ ᠵᠧᠨ ᠰᠸᠴᠤᠸᠠᠨ ᠳᠤ ᠶᠡᠭᠡ ᠣᠷᠤ ᠰᠠᠭᠤᠵᠤ᠂ ᠣᠯᠤᠰ ᠤᠨ ᠨᠠᠷᠠ ᠶᠢ ᠰᠢᠶᠠ ᠭᠡᠵᠤ ᠣᠨ ᠤ ᠴᠤᠯᠠ ᠶᠢ ᠳᠢᠶᠠᠨ ᠲᠦᠩ ᠭᠡᠮᠡᠪᠠᠢ᠃
1364 ᠣᠨ (ᠭᠦᠭᠡ ᠯᠤᠤ ᠵᠢᠯ᠂ ᡁᠢ ᠵᠸᠩ ᠤᠨ ᠬᠤᠷᠢᠨ ᠳᠦᠷᠪᠡᠳᠦᠭᠡᠷ ᠣᠨ)᠄
ᠮᠦᠨ ᠣᠨ᠎ᠠ ᠵᠤ ᠶᠤᠸᠠᠨ ᠵᠠᠩ ᠦᠪᠡᠷ ᠢ ᠪᠠᠨ ᠡᠤ ᠸᠠᠩ ᠡᠷᠭᠦᠮᠵᠢᠯᠡᠪᠠᠢ᠃
1366 ᠣᠨ (ᠣᠯᠠᠭᠠᠨ ᠮᠤᠷᠢᠨ ᠵᠢᠯ᠂ ᡁᠢ ᠵᠸᠩ ᠤᠨ ᠬᠤᠷᠢᠨ ᠵᠢᠷᠭᠤᠳᠤᠭᠠᠷ ᠣᠨ)᠄
ᠮᠦᠨ ᠵᠢᠯ ᠤᠨ ᠨᠢ᠋ᠮᠠᠨ ᠰᠠᠷᠠᠳᠠ ᠵᠤ ᠶᠤᠸᠠᠨ ᠵᠠᠩ᠂ ᠵᠠᠩ ᠱᠢ ᠴᠸᠩ ᠢ ᠳᠠᠢ᠌ᠯᠠᠪᠠ᠃ ᠠᠷᠪᠠᠨ ᠬᠤᠶᠠᠳᠤᠭᠠᠷ ᠰᠠᠷᠠᠳᠠ ᠵᠤ ᠶᠤᠸᠠᠨ ᠵᠠᠩ ᠬᠠᠨ ᠯᠢᠨ ᠡᠯ ᠢ ᠮᠦᠷᠠᠨ ᠳᠤ ᠵᠢᠪᠪᠦᠭᠦᠯᠵᠤ᠂ ᠰᠥᠩ ᠤᠨ ᠲᠦᠷᠦ ᠶᠢ ᠮᠥᠭᠦᠭᠡᠪᠠᠢ᠃
1367 ᠣᠨ (ᠣᠯᠠᠭᠴᠢᠨ ᠬᠤᠨᠢᠨ ᠵᠢᠯ᠂ ᡁᠢ ᠵᠸᠩ ᠤᠨ ᠬᠤᠷᠢᠨ ᠳᠤᠯᠤᠭᠠᠨ ᠣᠨ)᠄
ᠮᠦᠨ ᠵᠢᠯ ᠤᠨ ᠶᠢᠰᠤᠨ ᠰᠠᠷᠠᠳᠠ ᠵᠤ ᠶᠤᠸᠠᠨ ᠵᠠᠩ᠂ ᠵᠠᠩ ᠱᠢ ᠴᠸᠩ ᠢ ᠪᠠᠷᠢᠪᠴᠢᠯᠠᠨ ᠠᠯᠠᠪᠠᠢ᠃
ᠮᠦᠨ ᠣᠨ᠎ᠠ᠂ ᠵᠤ ᠶᠤᠸᠠᠨ ᠵᠠᠩ ᠰᠢᠤᠢ ᠳ᠋ᠠ ᠶᠢ ᠣᠮᠠᠷᠠᠰᠢ ᠳᠠᠢ᠌ᠯᠠᠭᠤᠯᠪᠠᠢ᠃
1368 ᠣᠨ (ᠰᠢᠷ᠎ᠠ ᠪᠠᠴᠢᠨ ᠵᠢᠯ᠂ ᡁᠢ ᠵᠸᠩ ᠤᠨ ᠬᠤᠷᠢᠨ ᠨᠢ᠋ᠮᠠᠨ ᠣᠨ)᠄
ᠮᠦᠨ ᠵᠢᠯ ᠤᠨ ᠴᠠᠭᠠᠨ ᠰᠠᠷᠠᠳᠠ ᠵᠤ ᠶᠤᠸᠠᠨ ᠵᠠᠩ ᠬᠠᠭᠠᠨ ᠣᠷᠤ ᠰᠠᠭᠤᠵᠤ᠂ ᠣᠯᠤᠰ ᠤᠨ ᠴᠤᠯᠠ ᠶᠢ ᠳᠠᠢ᠌ᠮᠢᠩ ᠭᠡᠵᠤ᠂ ᠡᠤᠨ ᠤ ᠴᠤᠯᠠ ᠶᠢ ᠾᠦᠩ ᠡᠤ ᠭᠡᠮᠡᠪᠠᠢ᠃
ᠨᠢ᠋ᠮᠠᠨ ᠰᠠᠷᠠᠳᠠ ᠳᠠᠢ᠌ᠮᠢᠩ ᠤᠨ ᠴᠡᠷᠢᠭ᠌ ᠳᠠᠢ᠌ᠳᠤ ᠬᠤᠳᠠ ᠶᠢ ᠪᠠᠢ᠌ᠯᠳᠤᠨ ᠠᠪᠣᠭᠰᠠᠨᠠ᠂ ᠲ᠋ᠤᠭᠤᠨᠳᠠᠮᠤᠷ ᠣᠬᠠᠭᠠᠠᠳᠤ ᠬᠠᠭᠠᠨ ᠬᠠᠳᠤᠨ ᠭᠦᠪᠠᠭᠦᠤᠨ᠂ ᠨᠤᠶᠠᠳ ᠲᠦᠰᠢᠮᠠᠤᠨ ᠶᠢᠡᠨ ᠳᠠᠭᠠᠭᠤᠯᠤᠨ ᠣᠮᠠᠷᠠᠰᠢ ᠢᠩ ᠴᠠᠩ ᠹᠦ᠋ ᠳᠤ ᠣᠬᠤᠷᠢᠨ ᠭᠦᠷᠪᠠᠢ᠃ ᠲ᠋ᠡᠷᠡ ᠪᠠᠷ ᠰᠠᠭᠤᠷᠢᠨ᠎ᠠ ᠭᠤᠴᠢᠨ ᠳᠠᠪᠤᠨ ᠵᠢᠯ ᠪᠣᠯᠪᠠᠢ᠃
1370 ᠣᠨ(ᠴᠠᠭᠠᠨ ᠨᠤᠬᠠᠢ ᠵᠢᠯ᠂ ᠮᠢᠩ ᠣᠯᠤᠰ ᠤᠨ ᠾᠦᠩ ᠡᠤ ᠶᠢᠨ ᠭᠤᠳᠠᠭᠠᠷ ᠣᠨ)᠄
ᠮᠦᠨ ᠣᠨ᠂ ᠲ᠋ᠤᠭᠤᠨᠳᠠᠮᠤᠷ ᠬᠠᠭᠠᠨ ᠢᠩ ᠴᠠᠩ ᠹᠦ᠋ ᠬᠤᠳᠠᠨ᠎ᠠ ᠨᠠᠰᠤ ᠪᠠᠷᠠᠪᠠᠢ᠃ ᠠᠬᠠᠮᠠᠤᠨ ᠭᠦᠪᠠᠭᠦᠨ ᠠᠶᠤᠰᠢᠷᠠᠳᠠᠷᠠ ᠶᠡᠭᠡ ᠣᠷᠤ ᠵᠠᠯᠭᠠᠮᠵᠢᠯᠠᠵᠤ᠂ ᠬᠠᠭᠠᠨ ᠤ ᠴᠤᠯᠠ ᠶᠢ ᠪᠢᠯᠢᠭ᠍ᠳᠤ ᠬᠠᠭᠠᠨ ᠭᠡᠮᠡᠪᠠᠢ᠃ ᠭᠢᠳᠡᠳ ᠰᠤᠷᠪᠣᠯᠵᠢ ᠳᠤ ᠵᠤᠤ ᠽᠦᠩ (昭宗) ᠭᠡᠮᠡᠮᠦᠢ᠃ ᠡᠦᠮᠡᠷᠡᠳᠤ ᠦᠨ ᠣᠯᠤᠰ ᠤᠨ ᠳᠡᠦᠭᠡᠨ ᠱᠠᠳᠤ ᠦᠶ᠎ᠡ ᠡᠭᠦᠡᠴᠡ ᠡᠭᠢᠯᠡᠪᠠᠢ᠃
ᠮᠦᠨ ᠣᠨ᠎ᠠ᠂ ᠮᠢᠩ ᠣᠯᠤᠰ ᠣᠮᠠᠷᠠᠰᠢ ᠴᠡᠷᠢᠭᠯᠡᠨ ᠣᠷᠤᠭᠠᠤᠨ ᠢᠩ ᠴᠠᠩ ᠹᠦ᠋ ᠶᠢ ᠡᠵᠡᠯᠡᠨ ᠡᠡᠪᠴᠤ᠂ ᠪᠢᠯᠢᠭ᠍ᠳᠤ ᠬᠠᠭᠠᠨ ᠤ ᠭᠦᠪᠠᠭᠦᠨ ᠮᠠᠢ᠌ᠳᠠᠷᠪᠠᠯᠠ ᠪᠣᠯᠤᠨ ᠬᠠᠭᠠᠨ ᠤ ᠣᠷᠤᠭ ᠲᠦᠷᠦᠯ ᠤᠨ ᠭᠦᠮᠦᠰ ᠢ ᠣᠯᠵᠠᠯᠠᠨ᠂ ᠪᠠᠰᠠ ᠢᠩ ᠴᠠᠩ ᠹᠦ᠋ ᠬᠤᠳᠠ ᠶᠢ ᠡᠪᠳᠡᠯᠡᠨ ᠰᠥᠢᠦᠡᠭᠡᠪᠠᠢ᠃ ᠪᠢᠯᠢᠭ᠍ᠳᠤ ᠬᠠᠭᠠᠨ ᠴᠥᠭᠡᠨ ᠪᠠᠶᠠᠰ ᠶᠢᠡᠨ ᠠᠪᠴᠤ ᠣᠮᠠᠷᠠᠰᠢ ᠥᠭᠡᠳᠡᠯᠡᠭᠡᠤᠨ ᠴᠢᠩ ᠵᠸᠤ (ᠯᠢᠶᠤᠤ ᠣᠯᠤᠰ ᠤᠨ ᠬᠠᠭᠤᠴᠢᠨ ᠪᠠᠯᠭᠠᠰᠤ) ᠶᠢᠨ ᠭᠠᠵᠠᠷ ᠲᠤ ᠭᠦᠷᠴᠤ ᠮᠦᠨ ᠳᠠᠠᠳᠠ ᠡᠴᠡ ᠬᠠᠷ᠎ᠠ ᠬᠤᠷᠤᠮ ᠳᠤ ᠭᠦᠷᠴᠤ ᠰᠠᠭᠤᠷᠢᠰᠢᠪᠠᠢ᠃
1372 ᠣᠨ (ᠬᠠᠷ᠎ᠠ ᠬᠤᠯᠤᠭᠠᠨ᠎ᠠ ᠵᠢᠯ᠂ ᠮᠢᠩ ᠣᠯᠤᠰ ᠤᠨ ᠾᠦᠩ ᠡᠤ ᠶᠢᠨ ᠳᠠᠪᠣᠳᠤᠭᠠᠷ ᠣᠨ)᠄
ᠮᠦᠨ ᠣᠨ᠎ᠠ᠂ ᠮᠢᠩ ᠳᠠᠢ᠌ᠽᠤ ᠠᠷᠪᠠᠨ ᠳᠠᠪᠤᠨ ᠲᠦᠮᠡᠨ ᠴᠡᠷᠢᠭ᠌ ᠳᠠᠢ᠌ᠴᠢᠯᠠᠨ ᠭᠤᠷᠪᠠᠨ ᠵᠠᠮ ᠶᠢᠡᠷ ᠮᠤᠩᠭ᠋ᠤᠯ ᠣᠷᠤᠨ ᠣᠷᠤᠭᠤ ᠳᠠᠢ᠌ᠯᠠᠪᠠ᠃ ᠲ᠋ᠤᠮᠳᠠᠳᠤ ᠵᠠᠮ ᠤᠨ ᠴᠡᠷᠢᠭ᠌ ᠨᠢ ᠭᠤᠪᠢ ᠶᠢᠨ ᠠᠷᠤ ᠳᠤ ᠳᠠᠢ᠌ᠯᠠᠨ ᠭᠦᠷᠦᠭᠡᠤᠨ ᠭᠦᠭᠡᠳᠡᠮᠦᠷ ᠤᠨ ᠣᠳᠤᠷᠢᠳᠤᠭᠰᠠᠨ ᠴᠡᠷᠢᠭ᠌ ᠠᠷᠠᠤᠨ ᠲᠤ ᠶᠡᠭᠡᠳᠡ ᠳᠠᠷᠤᠭᠳᠠᠪᠠᠢ᠃
1374 ᠡᠤᠨ(ᠭᠦᠭᠡ ᠪᠠᠷᠰ ᠵᠢᠯ᠂ ᠮᠢᠩ ᠣᠯᠤᠰ ᠤᠨ ᠾᠦᠩ ᠡᠤ ᠶᠢᠨ ᠳᠤᠯᠤᠳᠤᠭᠠᠷ ᠣᠨ)᠄
ᠮᠦᠨ ᠣᠨ᠎ᠠ᠂ ᠮᠢᠩ ᠣᠯᠤᠰ ᠤᠨ ᠬᠠᠭᠠᠨ ᠪᠢᠯᠢᠭ᠍ᠳᠤ ᠬᠠᠭᠠᠨ ᠤ ᠭᠦᠪᠠᠭᠦᠨ ᠮᠠᠢ᠌ᠳᠠᠷᠪᠠᠯᠠ ᠶᠢ ᠡᠭᠡᠭᠦᠯᠤᠨ ᠪᠣᠴᠠᠭᠠᠵᠤ ᠦᠭᠭᠦᠭᠡᠤᠨ ᠡᠭᠦᠪᠠᠷ ᠮᠤᠩᠭ᠋ᠤᠯ ᠲᠡᠶ ᠡᠪᠰᠡᠨ ᠨᠠᠢ᠌ᠷᠠᠮᠳᠠᠬᠤ ᠶᠢᠨ ᠳᠤᠭᠢᠶ᠎ᠠ ᠪᠤᠯᠭᠠᠪᠠᠢ᠃ ᠲ᠋ᠡᠢ᠌ᠡᠭᠦ ᠪᠢᠯᠢᠭ᠍ᠳᠤ ᠬᠠᠭᠠᠨ ᠢ ᠨᠠᠰᠤ ᠪᠠᠷᠠᠬᠤ ᠪᠣᠯᠳᠠᠯ᠎ᠠ ᠡᠮᠦᠨ᠎ᠡ ᠣᠮᠠᠷ᠎ᠠ ᠮᠤᠩᠭ᠋ᠤᠯ ᠭᠢᠳᠠᠤᠨ ᠬᠤᠶᠠᠷ ᠲᠦᠷᠦ ᠶᠢᠨ ᠬᠤᠭᠤᠷᠤᠠᠳᠤ ᠳᠡᠭᠢᠵᠤ ᠶᠡᠭᠡ ᠳᠠᠢ᠌ᠨ ᠪᠣᠯᠤᠭᠰᠠᠨ ᠦᠭᠡᠶ᠃
1378 ᠣᠨ (ᠰᠢᠷ᠎ᠠ ᠮᠤᠷᠢᠨ ᠵᠢᠯ᠂ ᠮᠢᠩ ᠣᠯᠤᠰ ᠤᠨ ᠾᠦᠩ ᠡᠤ ᠶᠢᠨ ᠠᠷᠪᠠᠨ ᠳᠦᠷᠪᠡᠳᠦᠭᠡᠷ ᠣᠨ)᠄
ᠮᠦᠨ ᠣᠨ᠎ᠠ ᠪᠢᠯᠢᠭ᠍ᠳᠤ ᠬᠠᠭᠠᠨ ᠨᠠᠰᠤᠨ ᠡᠴᠦᠰ ᠪᠣᠯᠵᠤ ᠳᠡᠭᠦᠨ ᠤ ᠳᠡᠭᠦᠤ ᠳᠡᠭᠦᠰᠳᠡᠮᠦᠷ ᠶᠡᠭᠡ ᠣᠷᠤ ᠵᠠᠯᠭᠠᠮᠵᠢᠯᠠᠪᠠᠢ᠃ ᠬᠠᠭᠠᠨ ᠤ ᠴᠤᠯᠠ ᠶᠢ ᠣᠰᠬᠠᠯ ᠬᠠᠭᠠᠨ ᠭᠡᠵᠤ᠂ ᠡᠤᠨ ᠤ ᠴᠤᠯᠠ ᠶᠢ ᠳᠢᠶᠠᠨ ᠶᠤᠸᠠᠨ ᠭᠡᠮᠡᠪᠠᠢ᠃
1381 ᠣᠨ (ᠴᠠᠭᠠᠭᠴᠢᠨ ᠳᠠᠭᠢᠶ᠎ᠠ ᠵᠢᠯ᠂ ᠮᠢᠩ ᠣᠯᠤᠰ ᠤᠨ ᠾᠦᠩ ᠡᠤ ᠶᠢᠨ ᠠᠷᠪᠠᠨ ᠳᠦᠷᠪᠠᠳᠦᠭᠡᠷ ᠣᠨ)᠄
ᠮᠦᠨ ᠣᠨ᠎ᠠ᠂ ᠮᠢᠩ ᠣᠯᠤᠰ ᠤᠨ ᠰᠢᠤᠢ ᠳ᠋ᠠ᠂ ᠹᠦ᠋ ᠢᠤ ᠳ᠋ᠧ ᠨᠡᠷ ᠣᠷᠳᠤᠰ ᠣᠷᠤᠨ ᠳᠤ ᠳᠠᠢ᠌ᠯᠠᠨ ᠣᠷᠤᠭᠠᠤᠨ ᠦᠯᠡᠮᠵᠢ ᠠᠷᠪᠢᠨ ᠣᠯᠵᠠ ᠳᠠᠳᠠᠯᠭ᠎ᠠ ᠠᠪᠴᠤ ᠴᠡᠷᠢᠭ᠌ ᠪᠣᠴᠠᠪᠠᠢ᠃
1387 ᠣᠨ (ᠣᠯᠠᠭᠴᠢᠨ ᠳᠠᠤᠯᠠᠢ ᠵᠢᠯ᠂ ᠮᠢᠩ ᠣᠯᠤᠰ ᠤᠨ ᠾᠦᠩ ᠡᠤ ᠶᠢᠨ ᠬᠤᠷᠢᠳᠤᠭᠠᠷ ᠣᠨ)᠄
ᠮᠦᠨ ᠣᠨ ᠤ ᠵᠢᠷᠭᠤᠭᠠᠨ ᠰᠠᠷᠠᠳᠠ ᠯᠢᠶᠤᠤ ᠳ᠋ᠦ᠋ᠩ ᠣᠷᠤᠨ ᠢ ᠰᠠᠭᠢᠭᠰᠠᠨ ᠨᠠᠬᠠᠴᠤ (ᠭᠤᠢ ᠸᠠᠩ ᠳᠠᠢ᠌ᠱᠢ ᠮᠤᠬᠤᠯᠠᠢ ᠶᠢᠨ ᠬᠣᠢ᠌ᠴᠢᠰ) ᠬᠤᠷᠢᠨ ᠲᠦᠮᠡᠨ ᠴᠡᠷᠢᠭ᠌ ᠶᠢᠡᠨ ᠠᠪᠴᠤ ᠳᠠᠢ᠌ᠮᠢᠩ ᠭᠦᠷᠤᠨ ᠳᠤ ᠪᠠᠭᠤᠨ ᠥᠭ᠍ᠪᠠᠢ᠃
1388 ᠣᠨ(ᠰᠢᠷ᠎ᠠ ᠯᠤᠤ ᠵᠢᠯ᠂ ᠮᠢᠩ ᠣᠯᠤᠰ ᠤᠨ ᠾᠦᠩ ᠡᠤ ᠶᠢᠨ ᠬᠤᠷᠢᠨ ᠨᠢᠭᠡᠨ ᠣᠨ)᠄
ᠮᠦᠨ ᠣᠨ᠎ᠠ᠂ ᠲ᠋ᠠᠢ᠌ᠮᠢᠩ ᠭᠦᠷᠤᠨ ᠠᠷᠪᠠᠨ ᠳᠠᠪᠤᠨ ᠲᠦᠮᠡᠨ ᠴᠡᠷᠢᠭ᠌ ᠤᠨ ᠭᠦᠴᠤᠨ ᠶᠢᠡᠷ ᠣᠰᠬᠠᠯ ᠬᠠᠭᠠᠨ ᠤ ᠪᠣᠢ᠌ᠷ ᠨᠠᠭᠤᠷ ᠤᠨ ᠳᠡᠷᠭᠡᠳᠡᠭᠢ ᠶᠡᠭᠡ ᠣᠷᠳᠤ ᠶᠢ ᠳᠠᠭᠠᠷᠢᠨ ᠳᠤᠪᠳᠤᠯᠪᠠᠢ᠃ ᠣᠰᠬᠠᠯ ᠬᠠᠭᠠᠨ ᠳᠠᠢ᠌ᠨ ᠳᠤ ᠢᠯᠠᠭᠳᠠᠨ ᠳᠤᠳᠠᠭᠠᠵᠤ ᠶᠠᠪᠣᠬᠤ ᠵᠠᠮ ᠳᠠᠭᠠᠨ ᠬᠠᠷᠢᠶᠠᠨ ᠤ ᠨᠤᠶᠠᠨ ᠶᠢᠰᠤᠳᠠᠷ (ᠠᠷᠢᠭ ᠪᠣᠬ᠎ᠠ ᠶᠢᠨ ᠬᠣᠢ᠌ᠴᠢᠰ) ᠤᠨ ᠭᠠᠷ ᠲᠤ ᠬᠤᠷᠤᠭᠠᠭᠳᠠᠪᠠᠢ᠃ ᠮᠢᠩ ᠣᠯᠤᠰ ᠤᠨ ᠴᠡᠷᠢᠭ᠌ ᠬᠠᠭᠠᠨ ᠭᠦᠪᠠᠭᠦᠨ ᠬᠠᠭᠠᠨ ᠤ ᠡᠮᠡᠰ ᠦᠬᠢᠤᠨ ᠵᠢᠴᠢ ᠠᠷᠠᠤᠨ ᠴᠡᠷᠢᠭ᠌ ᠢ ᠨᠠᠢ᠌ᠳᠠ ᠠᠷᠪᠠᠨ ᠲᠦᠮᠡ ᠭᠠᠷᠤᠢ ᠡᠷᠦᠭᠡ᠂ ᠮᠡᠯ ᠣᠨᠤᠭ᠎ᠠ ᠨᠠᠢ᠌ᠳᠠ ᠬᠤᠷᠢᠨ ᠲᠦᠮᠡ ᠢᠯᠡᠭᠦᠤ ᠳᠤᠯᠤᠭᠠᠢ ᠣᠯᠵᠠᠯᠠᠵᠤ ᠬᠣᠢ᠌ᠰᠢ ᠪᠣᠴᠠᠪᠠᠢ᠃
1389 ᠣᠨ (ᠰᠢᠷᠠᠭᠴᠢᠨ ᠮᠤᠭᠠᠢ ᠵᠢᠯ᠂ ᠮᠢᠩ ᠣᠯᠤᠰ ᠤᠨ ᠾᠦᠩ ᠡᠤ ᠶᠢᠨ ᠬᠤᠷᠢᠨ ᠬᠤᠶᠠᠷ ᠣᠨ)᠄
ᠮᠦᠨ ᠣᠨ᠎ᠠ ᠳᠠᠢ᠌ᠮᠢᠩ ᠭᠦᠷᠤᠨ ᠡᠴᠡ ᠨᠠᠬᠠᠴᠤ ᠶᠢᠨ ᠡᠵᠡᠮᠰᠢᠯ ᠣᠷᠤᠨ ᠤ ᠬᠣᠢ᠌ᠳᠤ ᠵᠠᠬ᠎ᠠ ᠳᠤ ᠳᠦᠭᠡᠨ ᠦᠨᠳᠦᠷ ᠤᠨ ᠣᠷᠢᠶᠠᠩᠬᠠᠢ ᠵᠡᠷᠭᠡ ᠭᠤᠷᠪᠠᠨ ᠬᠠᠷᠠᠭᠤᠯ ᠢ ᠪᠠᠢ᠌ᠭᠤᠯᠵᠤ ᠮᠤᠩᠭ᠋ᠤᠯ ᠤᠨ ᠬᠠᠭᠠᠨ ᠤ ᠲᠦᠷᠦᠯ ᠯᠢᠶᠤᠤ ᠸᠠᠩ ᠠᠵᠢᠰᠢᠷᠠ ᠶᠢ ᠲᠡᠶ ᠨᠢᠩ ᠬᠠᠷᠠᠭᠤᠯ ᠤᠨ ᠵᠠᠭᠢᠷᠤᠭᠴᠢ ᠪᠠᠷ᠂ ᠬᠠᠢ᠌ᠰᠠᠩᠳᠠᠰᠢ ᠶᠢ ᠹᠦ᠋ ᠢᠤᠢ ᠬᠠᠷᠠᠭᠤᠯ ᠤᠨ ᠵᠠᠭᠢᠷᠤᠭᠴᠢ ᠪᠠᠷ᠂ ᠲ᠋ᠤᠯᠬᠤᠴᠠᠷ ᠢ ᠳᠦᠭᠡᠨ ᠦᠨᠳᠦᠷ ᠤᠨ ᠣᠷᠢᠶᠠᠩᠬᠠᠢ ᠬᠠᠷᠠᠭᠤᠯ ᠤᠨ ᠵᠠᠭᠢᠷᠤᠭᠴᠢ ᠪᠠᠷ ᠳᠤᠰ ᠳᠤᠰ ᠳᠤᠮᠢᠯᠠᠪᠠᠢ᠃
ᠮᠦᠨ ᠣᠨ ᠳᠤ᠂ ᠣᠰᠬᠠᠯ ᠬᠠᠭᠠᠨ ᠤ ᠠᠬᠠᠮᠠᠤᠨ ᠭᠦᠪᠠᠭᠦᠨ ᠵᠤᠷᠢᠭᠳᠤ ᠬᠠᠭᠠᠨ ᠶᠡᠭᠡ ᠣᠷᠤ ᠵᠠᠯᠭᠠᠮᠵᠢᠯᠠᠪᠠᠢ᠃ ᠮᠤᠩᠭ᠋ᠤᠯ ᠰᠤᠷᠪᠣᠯᠵᠢ ᠪᠢᠴᠢᠭ᠌ ᠲᠤ ᠡᠩᠭᠡ ᠵᠤᠷᠢᠭᠳᠤ ᠬᠠᠭᠠᠨ ᠭᠡᠮᠡᠮᠤ᠃
1392 ᠣᠨ (ᠬᠠᠷ᠎ᠠ ᠪᠠᠴᠢᠨ ᠵᠢᠯ᠂ ᠮᠢᠩ ᠣᠯᠤᠰ ᠤᠨ ᠾᠦᠩ ᠡᠤ ᠶᠢᠨ ᠬᠤᠷᠢᠨ ᠳᠠᠪᠤᠨ ᠣᠨ)᠄
ᠮᠦᠨ ᠣᠨ᠎ᠠ ᠡᠩᠭᠡ ᠵᠤᠷᠢᠭᠳᠤ ᠬᠠᠭᠠᠨ ᠨᠠᠰᠤ ᠪᠠᠷᠠᠪᠠᠢ᠃ ᠰᠠᠭᠤᠷᠢᠨ᠎ᠠ ᠭᠤᠷᠪᠠᠨ ᠵᠢᠯ ᠪᠣᠯᠪᠠᠢ᠃
1394 ᠣᠨ (ᠭᠦᠭᠡ ᠨᠤᠬᠠᠢ ᠵᠢᠯ᠂ ᠮᠢᠩ ᠣᠯᠤᠰ ᠤᠨ ᠾᠦᠩ ᠡᠤ ᠶᠢᠨ ᠬᠤᠷᠢᠨ ᠳᠤᠯᠤᠭᠠᠨ ᠣᠨ)᠄
ᠮᠦᠨ ᠣᠨ᠎ᠠ ᠣᠰᠬᠠᠯ ᠬᠠᠭᠠᠨ ᠤ ᠳᠠᠳ᠋ ᠭᠦᠪᠠᠭᠦᠨ ᠡᠯᠪᠠᠭ᠌ ᠨᠢᠭᠦᠯᠡᠰᠦᠭ᠍ᠴᠢ ᠶᠡᠭᠡ ᠣᠷᠤ ᠵᠠᠯᠭᠠᠮᠵᠢᠯᠠᠪᠠᠢ᠃
1399 ᠣᠨ(ᠰᠢᠷᠠᠭᠴᠢᠨ ᠳᠠᠤᠯᠠᠢ ᠵᠢᠯ᠂ ᠮᠢᠩ ᠣᠯᠤᠰ ᠤᠨ ᠵᠢᠶᠠᠨ ᠸᠧᠨ ᠤ ᠳᠡᠷᠢᠭᠦᠨ ᠣᠨ)᠄
ᠮᠦᠨ ᠣᠨ ᠳᠤ ᠡᠯᠪᠠᠭ᠌ ᠨᠢᠭᠦᠯᠡᠰᠦᠭ᠍ᠴᠢ ᠬᠠᠭᠠᠨ ᠣᠢ᠌ᠷᠠᠤᠨ ᠤᠨ ᠥᠭᠡᠴᠢ ᠬᠠᠱᠠᠬᠠ ᠳᠤ ᠠᠯᠠᠭᠳᠠᠪᠠᠢ᠃
ᠮᠦᠨ ᠤᠨ᠎ᠡ᠂ ᠡᠯᠪᠠᠭ᠌ ᠨᠢᠭᠦᠯᠡᠰᠦᠭ᠍ᠴᠢ ᠬᠠᠭᠠᠨ ᠤ ᠠᠬᠠᠮᠠᠤᠨ ᠭᠦᠪᠠᠭᠦᠨ ᠭᠦᠡᠳᠡᠮᠦᠷ ᠶᠡᠭᠡ ᠣᠷᠤ ᠵᠠᠯᠭᠠᠮᠵᠢᠯᠠᠪᠠᠢ᠃
1402 ᠣᠨ(ᠬᠠᠷ᠎ᠠ ᠮᠤᠷᠢᠨ ᠵᠢᠯ᠂ ᠮᠢᠩ ᠣᠯᠤᠰ ᠤᠨ ᠵᠢᠶᠠᠨ ᠸᠧᠨ ᠤ ᠳᠦᠷᠪᠡᠨ ᠣᠨ)᠄
ᠮᠦᠨ ᠣᠨ᠎ᠠ ᠭᠦᠡᠳᠡᠮᠦᠷ ᠬᠠᠭᠠᠨ ᠨᠠᠰᠤ ᠪᠠᠷᠠᠵᠤ᠂ ᠣᠢ᠌ᠷᠠᠤᠨ ᠤᠨ ᠥᠭᠡᠴᠢ ᠬᠠᠱᠠᠬᠠ ᠶᠡᠭᠡ ᠣᠷᠤ ᠰᠠᠭᠤᠪᠠᠢ᠃ ᠬᠠᠭᠠᠨ ᠤ ᠴᠤᠯᠠ ᠶᠢ ᠭᠣᠢ᠌ᠯᠢᠴᠢ ᠬᠠᠭᠠᠨ ᠭᠡᠮᠡᠪᠠᠢ᠃
1407 ᠣᠨ(ᠣᠯᠠᠭᠴᠢᠨ ᠭᠠᠬᠠᠢ ᠵᠢᠯ᠂ ᠮᠢᠩ ᠣᠯᠤᠰ ᠤᠨ ᠶᠥᠩᠯᠧ ᠶᠢᠨ ᠳᠠᠪᠤᠨ ᠣᠨ)᠄
ᠮᠦᠨ ᠣᠨ᠎ᠠ ᠭᠣᠢ᠌ᠯᠢᠴᠢ ᠬᠠᠭᠠᠨ ᠰᠠᠭᠤᠷᠢᠨ ᠡᠴᠡ ᠪᠠᠨ ᠣᠭᠴᠠᠷᠠᠭᠳᠠᠵᠤ᠂ ᠰᠠᠮᠠᠷᠺᠠᠨ ᠡᠴᠡ ᠪᠣᠴᠠᠨ ᠢᠷᠡᠭ᠍ᠰᠡᠨ ᠪᠣᠶᠠᠨ ᠰᠢᠷᠢ ᠶᠡᠭᠡ ᠣᠷᠤ ᠵᠠᠯᠭᠠᠮᠵᠢᠯᠠᠵᠤ᠂ ᠦᠯᠵᠡᠢ᠌ᠳᠠᠮᠤᠷ ᠬᠠᠭᠠᠨ ᠭᠡᠮᠡᠪᠠᠢ᠃
1409 ᠣᠨ(ᠰᠢᠷᠠᠭᠴᠢᠨ ᠥᠭᠡᠷ ᠵᠢᠯ᠂ ᠮᠢᠩ ᠣᠯᠤᠰ ᠤᠨ ᠶᠦᠩᠯᠧ ᠶᠢᠨ ᠳᠤᠯᠤᠭᠠᠨ ᠣᠨ)᠄
ᠮᠦᠨ ᠣᠨ ᠤ ᠳᠠᠪᠤᠨ ᠰᠠᠷ᠎ᠠ ᠳᠤ ᠮᠢᠩ ᠭᠦᠷᠤᠨ ᠤ ᠴᠸᠩᠽᠤ ᠬᠠᠭᠠᠨ ᠣᠢ᠌ᠷᠠᠤᠨ ᠲᠤ ᠡᠯᠴᠢᠨ ᠳᠤᠮᠢᠯᠠᠨ᠂ ᠴᠤᠷᠤᠰ ᠣᠢ᠌ᠷᠠᠤᠨ ᠤᠨ ᠮᠠᠬᠠᠮᠤ ᠳᠤ ᠰᠢᠳᠤᠷᠭᠤ ᠲᠦᠪᠰᠢᠨ ᠸᠠᠩ (ᠱᠦᠨ ᠨᠢᠩ ᠸᠠᠩ)᠂ ᠲ᠋ᠤᠷᠭᠤᠳ ᠣᠢ᠌ᠷᠠᠤᠨ ᠤᠨ ᠳᠠᠢ᠌ᠪᠣᠩ (ᠠᠮᠤᠭᠤᠯᠠᠩ) ᠳᠤ ᠮᠡᠷᠭᠡᠨ ᠵᠢᠷᠤᠮᠳᠤ ᠸᠠᠩ (ᠰᠢᠶᠠᠨ ᠡᠢ ᠸᠠᠩ)᠂ ᠭᠡᠷᠦᠨᠦᠭᠦᠤᠨ ᠣᠢ᠌ᠷᠠᠤᠨ ᠤᠨ ᠪᠠᠳᠤᠪᠣᠯᠤᠳ ᠲᠤ ᠠᠮᠤᠷᠯᠢᠩᠭ᠋ᠤᠢ ᠪᠠᠶᠠᠰᠬᠤᠯᠠᠩᠳᠤ ᠸᠠᠩ (ᠠᠨ ᠯᠧ ᠸᠠᠩ)ᠭᠡᠮᠡᠭᠦ ᠭᠡᠷᠭᠡᠮ ᠢ ᠳᠤᠰ ᠳᠤᠰ ᠣᠯᠭᠤᠨ᠂ ᠪᠠᠰᠠ ᠮᠢᠩ ᠭᠦᠷᠤᠨ ᠯᠦᠭᠡ ᠡᠯᠴᠢᠨ ᠶᠢᠡᠷ ᠠᠷᠠᠯᠵᠢᠶ᠎ᠠ ᠨᠡᠪᠳᠡᠷᠡᠯᠴᠡᠭᠦ ᠶᠢ ᠵᠦᠪᠰᠢᠶᠠᠷᠠᠪᠠᠢ᠃
ᠮᠦᠨ ᠣᠨ᠎ᠠ᠂ ᠪᠣᠶᠠᠨ ᠰᠢᠷᠢ ᠣᠢ᠌ᠷᠠᠤᠨ ᠤᠨ ᠨᠤᠶᠠᠤᠨ ᠳᠠᠢ᠌ᠮᠢᠩ ᠭᠦᠷᠤᠨ ᠤ ᠴᠤᠯᠠ ᠭᠡᠷᠭᠡᠮ ᠢ ᠭᠦᠯᠢᠶᠡᠨ ᠠᠪᠣᠭᠰᠠᠨ ᠢ ᠡᠰᠡᠷᠭᠦᠴᠡᠨ᠂ ᠥᠢᠷᠡᠳ ᠲᠤ ᠴᠡᠷᠢᠭᠯᠡᠭᠡᠤᠨ ᠭᠡᠳᠡᠷᠭᠦ ᠪᠠᠨ ᠢᠯᠠᠭᠳᠠᠵᠤ ᠭᠡᠷᠦᠯᠤᠨ ᠭᠤᠤᠯ ᠤᠨ ᠳᠡᠷᠭᠡᠳᠡ ᠳᠤᠳᠠᠭᠠᠨ ᠭᠦᠷᠪᠠᠢ᠃
1410 ᠣᠨ (ᠴᠠᠭᠠᠨ ᠪᠠᠷᠰ ᠵᠢᠯ᠂ ᠮᠢᠩ ᠣᠯᠤᠰ ᠤᠨ ᠶᠦᠩᠯᠧ ᠶᠢᠨ ᠨᠢ᠋ᠮᠠᠨ ᠣᠨ)᠄
ᠮᠦᠨ ᠣᠨ᠎ᠠ᠂ ᠮᠢᠩ ᠤᠨ ᠶᠦᠩᠯᠧ ᠬᠠᠭᠠᠨ ᠪᠣᠶᠠᠨ ᠰᠢᠷᠢ ᠬᠠᠭᠠᠨ ᠤ ᠢᠯᠠᠭᠳᠠᠯ ᠢ ᠵᠠᠪᠰᠢᠵᠤ ᠦᠪᠡᠷ ᠤᠨ ᠪᠠᠶ᠎ᠠ ᠪᠠᠷ ᠳᠠᠪᠢᠨ ᠲᠦᠮᠡᠨ ᠴᠡᠷᠢᠭ᠌ ᠠᠪᠴᠤ ᠣᠮᠠᠷᠠᠰᠢ ᠳᠠᠢ᠌ᠯᠠᠭᠠᠤᠨ ᠣᠨᠤᠨ ᠮᠦᠷᠠᠨ ᠤ ᠭᠦᠪᠠᠭᠡᠨ᠎ᠡ ᠮᠤᠩᠭ᠋ᠤᠯ ᠤᠨ ᠭᠦᠴᠤᠨ ᠢ ᠶᠡᠭᠡᠳᠡ ᠢᠯᠠᠪᠠᠢ᠃ ᠪᠣᠶᠠᠨ ᠰᠢᠷᠢ ᠴᠥᠭᠡᠨ ᠨᠥᠭᠦᠤᠨ ᠶᠢᠡᠨ ᠳᠠᠭᠠᠭᠤᠯᠤᠨ ᠳᠤᠳᠠᠭᠠᠨ ᠭᠠᠷᠪᠠᠢ᠃
ᠲ᠋ᠠᠢ᠌ᠮᠢᠩ ᠤᠨ ᠴᠡᠷᠢᠭ᠌ ᠪᠠᠰᠠ ᠵᠡᠭᠦᠡᠰᠢ ᠬᠠᠷᠬᠠᠳ ᠵᠢᠳᠤᠨ ᠠᠭᠤᠯᠠᠨ ᠤ ᠳᠡᠷᠭᠡᠳᠡ ᠮᠤᠩᠭ᠋ᠤᠯ ᠤᠨ ᠠᠷᠤᠭᠳᠠᠢ ᠲ᠋ᠠᠢ᠌ᠱᠢ ᠶᠢᠨ ᠭᠦᠴᠤᠨ ᠢ ᠡᠪᠳᠡᠪᠠᠢ᠃
ᠮᠦᠨ ᠣᠨ᠎ᠠ ᠪᠣᠶᠠᠨ ᠰᠢᠷᠢ ᠨᠠᠰᠤ ᠪᠠᠷᠠᠪᠠᠢ᠃
1411 ᠣᠨ(ᠴᠠᠭᠠᠭᠴᠢᠨ ᠳᠠᠤᠯᠠᠢ ᠵᠢᠯ᠂ ᠮᠢᠩ ᠣᠯᠤᠰ ᠤᠨ ᠶᠦᠩᠯᠧ ᠶᠢᠨ ᠶᠢᠰᠦᠳᠦᠭᠡᠷ ᠣᠨ)᠄
ᠮᠦᠨ ᠣᠨ᠎ᠠ᠂ ᠦᠯᠵᠡᠢ᠌ᠳᠠᠮᠤᠷ ᠬᠠᠭᠠᠨ ᠪᠣᠶᠠᠠᠰᠢᠷᠢ ᠶᠢᠨ ᠭᠦᠪᠠᠭᠦᠨ ᠳᠡᠯᠪᠠᠭ᠌ ᠶᠡᠭᠡ ᠣᠷᠤ ᠵᠠᠯᠭᠠᠮᠵᠢᠯᠠᠪᠠᠢ᠃
1413 ᠣᠨ (ᠬᠠᠷᠠᠭᠴᠢᠨ ᠮᠤᠭᠠᠢ ᠵᠢᠯ᠂ ᠮᠢᠩ ᠣᠯᠤᠰ ᠤᠨ ᠶᠦᠩᠯᠧ ᠶᠢᠨ ᠠᠷᠪᠠᠨ ᠨᠢᠭᠡᠳᠦᠭᠡᠷ ᠣᠨ)᠄
ᠲ᠋ᠠᠢ᠌ᠮᠢᠩ ᠭᠦᠷᠤᠨ ᠵᠡᠭᠦᠨ ᠮᠤᠩᠭ᠋ᠤᠯ ᠤᠨ ᠭᠦᠴᠤᠨ ᠶᠢᠡᠷ ᠣᠢ᠌ᠷᠠᠤᠨ ᠤᠨ ᠭᠦᠴᠤᠨ ᠢ ᠣᠰᠠᠤᠠᠬᠠᠬᠤ ᠶᠢᠨ ᠳᠦᠯᠦᠭᠡ᠂ ᠮᠦᠨ ᠣᠨ ᠤ ᠳᠤᠯᠤᠭᠠᠨ ᠰᠠᠷᠠᠳᠠ ᠠᠰᠤᠳ ᠤᠨ ᠠᠷᠤᠭᠳᠠᠢ ᠳᠠᠢ᠌ᠱᠢ ᠳᠤ ᠾᠧ ᠨᠢᠩ ᠸᠠᠩ (和宁王) ᠭᠡᠷᠭᠡᠮ ᠤᠯᠭᠤᠨ᠂ ᠲ᠋ᠡᠭᠦᠨ ᠢ ᠦᠪᠡᠷ ᠤᠨ ᠳᠠᠯ᠎ᠠ ᠳᠠᠭᠠᠨ ᠳᠠᠳᠠᠨ ᠠᠪᠣᠪᠠᠢ᠃
1414 ᠣᠨ (ᠭᠦᠭᠡ ᠮᠤᠷᠢᠨ ᠵᠢᠯ᠂ ᠮᠢᠩ ᠣᠯᠤᠰ ᠤᠨ ᠶᠦᠩᠯᠧ ᠶᠢᠨ ᠠᠷᠪᠠᠨ ᠬᠤᠶᠠᠳᠤᠭᠠᠷ ᠣᠨ)᠄
ᠮᠦᠨ ᠤᠨ᠎ᠡ᠂ ᠶᠦᠩᠯᠧ ᠬᠠᠭᠠᠨ ᠪᠠᠶ᠎ᠠ ᠪᠠᠷ ᠶᠡᠭᠡ ᠴᠡᠷᠢᠭ᠌ ᠳᠠᠢ᠌ᠴᠢᠯᠠᠨ᠂ ᠠᠷᠤᠭᠳᠠᠢ ᠳᠠᠢ᠌ᠱᠢ ᠪᠠᠷ ᠬᠤᠰᠢᠭᠤᠴᠢᠭᠤᠯᠵᠤ᠂ ᠣᠯᠠᠭᠠᠨ ᠬᠤᠰᠢᠭᠤ ᠭᠡᠮᠡᠭᠦ ᠭᠠᠵᠠᠷ ᠲᠤ ᠣᠢ᠌ᠷᠠᠤᠨ ᠤᠨ ᠭᠦᠴᠤᠨ ᠢ ᠶᠡᠭᠡᠳᠡ ᠢᠯᠠᠪᠠᠢ᠃ ᠮᠠᠬᠠᠮᠤ᠂ ᠠᠮᠤᠭᠤᠯᠠᠩ ᠨᠡᠷ ᠴᠥᠭᠡᠨ ᠪᠠᠶᠠᠰ ᠬᠠᠷᠢᠶᠠᠳᠠᠨ ᠶᠢᠡᠨ ᠳᠠᠭᠠᠭᠤᠯᠤᠨ ᠪᠣᠷᠤᠭᠤᠯᠠᠨ ᠳᠤᠳᠠᠭᠠᠪᠠᠢ᠃
1415 ᠣᠨ (ᠭᠦᠭᠡᠭ᠍ᠴᠢᠨ ᠬᠤᠨᠢᠨ ᠵᠢᠯ᠂ ᠮᠢᠩ ᠣᠯᠤᠰ ᠤᠨ ᠶᠦᠩᠯᠧ ᠶᠢᠨ ᠠᠷᠪᠠᠨ ᠭᠤᠷᠪᠠᠳᠤᠭᠠᠷ ᠣᠨ)᠄
ᠮᠦᠨ ᠣᠨ᠎ᠠ ᠭᠡᠷᠦᠨᠦᠭᠦᠤᠨ ᠣᠢ᠌ᠷᠠᠤᠨ ᠤᠨ ᠥᠭᠡᠴᠢ ᠬᠠᠱᠠᠭ᠎ᠠ ᠶᠢᠨ ᠭᠦᠪᠠᠭᠦᠨ ᠡᠰᠡᠭᠦ ᠶᠡᠭᠡ ᠣᠷᠤ ᠶᠢ ᠪᠣᠯᠢᠶᠠᠵᠤ᠂ ᠣᠢ᠌ᠷᠠᠳᠠᠢ ᠬᠠᠭᠠᠨ ᠭᠡᠮᠡᠪᠠᠢ᠃
1416 ᠣᠨ (ᠣᠯᠠᠭᠠᠨ ᠪᠠᠴᠢᠨ ᠵᠢᠯ᠂ ᠮᠢᠩ ᠣᠯᠤᠰ ᠤᠨ ᠶᠦᠩᠯᠧ ᠶᠢᠨ ᠠᠷᠪᠠᠨ ᠳᠦᠷᠪᠠᠳᠦᠭᠡᠷ ᠣᠨ)᠄
ᠲ᠋ᠠᠢ᠌ᠮᠢᠩ ᠭᠦᠷᠤᠨ ᠤ ᠳᠡᠮᠵᠢᠯᠭᠡ ᠪᠠᠷ ᠠᠩᠬᠠᠨ ᠤ ᠰᠦᠷ ᠭᠦᠴᠤᠨ ᠶᠢᠡᠨ ᠠᠭᠠᠵᠢᠮ ᠶᠢᠡᠷ ᠰᠡᠷᠭᠦᠭᠡᠭ᠍ᠰᠡᠨ ᠠᠷᠤᠭᠳᠠᠢ ᠳᠠᠢ᠌ᠱᠢ ᠣᠢ᠌ᠷᠠᠤᠨ ᠤᠨ ᠰᠢᠨᠡᠭᠡᠨ ᠢᠯᠠᠭᠳᠠᠭᠰᠠᠨ ᠢ ᠵᠠᠪᠰᠢᠨ ᠮᠦᠨ ᠣᠨ᠎ᠠ ᠣᠢ᠌ᠷᠠᠤᠨ ᠤᠨ ᠮᠠᠬᠠᠮᠤ ᠶᠢᠨ ᠭᠦᠴᠤᠨ ᠢ ᠳᠠᠢ᠌ᠯᠠᠨ ᠡᠪᠳᠡᠪᠠᠢ᠃
1418 ᠣᠨ (ᠰᠢᠷ᠎ᠠ ᠨᠤᠬᠠᠢ ᠵᠢᠯ᠂ ᠮᠢᠩ ᠣᠯᠤᠰ ᠤᠨ ᠶᠦᠩᠯᠧ ᠶᠢᠨ ᠠᠷᠪᠠᠨ ᠵᠢᠷᠭᠤᠳᠤᠭᠠᠷ ᠣᠨ)᠄
ᠮᠦᠨ ᠣᠨ᠎ᠠ᠂ ᠴᠤᠷᠤᠰ ᠣᠢ᠌ᠷᠠᠤᠨ ᠤᠨ ᠮᠠᠬᠠᠮᠤ (ᠪᠠᠬᠠᠮᠤ) ᠨᠠᠰᠤ ᠪᠠᠷᠡᠵᠤ᠂ ᠲ᠋ᠡᠭᠦᠨ ᠤ ᠭᠦᠪᠠᠭᠦᠨ ᠳᠤᠭᠤᠨ ᠡᠴᠢᠭᠡ ᠶᠢᠨ ᠶᠢᠡᠨ ᠰᠦᠨ ᠨᠢᠩ ᠸᠠᠩ ᠭᠡᠷᠭᠡᠮ ᠢ ᠵᠠᠯᠭᠠᠮᠵᠢᠯᠠᠪᠠᠢ᠃ ᠲ᠋ᠤᠭᠤᠨ ᠳᠦᠷᠪᠡᠨ ᠣᠢ᠌ᠷᠠᠤᠨ ᠢ ᠨᠢᠭᠡᠤᠨᠭᠡᠵᠤ ᠰᠦᠷ ᠭᠦᠴᠤᠨ ᠠᠭᠠᠵᠢᠮ ᠶᠢᠡᠷ ᠭᠦᠴᠦᠷᠭᠡᠭ᠍ᠵᠢᠪᠠᠢ᠃
1425 ᠣᠨ (ᠭᠦᠭᠡᠭ᠍ᠴᠢᠨ ᠮᠤᠭᠠᠢ ᠵᠢᠯ᠂ ᠮᠢᠩ ᠣᠯᠤᠰ ᠤᠨ ᠾᠦᠩ ᠰᠢ ᠶᠢᠨ ᠳᠡᠷᠢᠭᠦᠨ ᠣᠨ)᠄
ᠮᠦᠨ ᠣᠨ ᠳᠤ ᠣᠢ᠌ᠷᠠᠳᠠᠢ ᠬᠠᠭᠠᠨ ᠨᠠᠰᠤ ᠪᠠᠷᠠᠵᠤ ᠬᠠᠰᠠᠷ ᠤᠨ ᠬᠣᠢ᠌ᠴᠢᠰ ᠠᠳᠠᠢ ᠶᠡᠭᠡ ᠣᠷᠤ ᠰᠠᠭᠤᠪᠠᠢ᠃ ᠠᠳᠠᠢ ᠬᠠᠭᠠᠨ ᠣᠢ᠌ᠷᠠᠤᠨ ᠢ ᠳᠠᠢ᠌ᠯᠠᠵᠤ᠂ ᠣᠢ᠌ᠷᠠᠤᠨ ᠮᠤᠩᠭ᠋ᠤᠯ ᠬᠤᠶᠠᠷ ᠢ ᠨᠢᠭᠡᠨ ᠣᠳᠠᠭ᠎ᠠ ᠨᠢᠭᠡᠤᠨᠭᠡᠪᠡ᠃
1433 ᠣᠨ (ᠬᠠᠷᠠᠭᠴᠢᠨ ᠥᠭᠡᠷ ᠵᠢᠯ᠂ ᠮᠢᠩ ᠣᠯᠤᠰ ᠤᠨ ᠰᠢᠤᠸᠠᠨ ᠳ᠋ᠧ ᠶᠢᠨ ᠨᠢ᠋ᠮᠠᠳᠤᠭᠠᠷ ᠣᠨ)᠄
ᠲ᠋ᠤᠭᠤᠨ ᠠᠵᠠᠢ ᠶᠢᠨ ᠭᠦᠪᠠᠭᠦᠨ ᠳᠤᠭᠳᠤᠭᠠ ᠪᠣᠬ᠎ᠠ ᠶᠢ ᠶᠡᠭᠡ ᠣᠷᠤ ᠰᠠᠭᠤᠯᠭᠠᠵᠤ᠂ ᠦᠪᠡᠷ ᠤᠨ ᠪᠠᠶ᠎ᠠ ᠪᠠᠨ ᠳᠠᠢ᠌ᠱᠢ ᠡᠷᠭᠦᠮᠵᠢᠯᠡᠪᠠᠢ᠃
1434 ᠣᠨ (ᠭᠦᠭᠡ ᠪᠠᠷᠰ ᠵᠢᠯ᠂ ᠮᠢᠩ ᠣᠯᠤᠰ ᠤᠨ ᠰᠢᠤᠸᠠᠨ ᠳ᠋ᠧ ᠶᠢᠨ ᠶᠢᠰᠦᠳᠦᠭᠡᠷ ᠣᠨ)᠄
ᠮᠦᠨ ᠣᠨ᠎ᠠ᠂ ᠣᠢ᠌ᠷᠠᠤᠨ ᠤᠨ ᠳᠤᠭᠤᠨ ᠳᠠᠢ᠌ᠱᠢ ᠵᠡᠭᠦᠨ ᠮᠤᠩᠭ᠋ᠤᠯ ᠣᠷᠤᠭᠤ ᠴᠡᠷᠢᠭᠯᠡᠵᠤ᠂ ᠮᠤᠨᠡ ᠠᠭᠤᠯᠠ ᠶᠢᠨ ᠳᠡᠷᠭᠡᠳᠡᠭᠢ ᠴᠠᠭᠠᠨ ᠨᠠᠭᠤᠷ ᠲᠤ ᠠᠷᠤᠭᠳᠠᠢ ᠳᠠᠢ᠌ᠱᠢ ᠶᠢ ᠬᠤᠷᠤᠭᠠᠪᠠᠢ᠃
1437 ᠣᠨ (ᠣᠯᠠᠭᠴᠢᠨ ᠮᠤᠭᠠᠢ ᠵᠢᠯ᠂ ᠮᠢᠩ ᠣᠯᠤᠰ ᠤᠨ ᠵᠸᠩ ᠲᠦᠩ ᠤᠨ ᠬᠤᠶᠠᠳᠤᠭᠠᠷ ᠣᠨ)᠄
ᠮᠦᠨ ᠣᠨ᠎ᠠ᠂ ᠲ᠋ᠤᠭᠤᠨ ᠳᠠᠢ᠌ᠱᠢ ᠳᠦᠷᠪᠡᠨ ᠣᠢ᠌ᠷᠠᠤᠨ ᠤᠨ ᠭᠦᠴᠤᠨ ᠢ ᠳᠠᠢ᠌ᠴᠢᠯᠠᠨ ᠵᠡᠭᠦᠨ ᠮᠤᠩᠭ᠋ᠤᠯ ᠣᠷᠤᠭᠤ ᠳᠤᠪᠳᠤᠯᠤᠭᠠᠤᠨ᠂ ᠠᠳᠠᠢ ᠬᠠᠭᠠᠨ ᠢ ᠬᠤᠷᠤᠭᠠᠵᠤ ᠵᠡᠭᠦᠨ ᠮᠤᠩᠭ᠋ᠤᠯ ᠢ ᠡᠷᠭᠡᠰᠢᠶᠡᠨ ᠠᠪᠣᠪᠠᠢ᠃
1439 ᠣᠨ (ᠰᠢᠷᠠᠭᠴᠢᠨ ᠬᠤᠨᠢᠨ ᠵᠢᠯ᠂ ᠮᠢᠩ ᠣᠯᠤᠰ ᠤᠨ ᠵᠸᠩ ᠲᠦᠩ ᠤᠨ ᠳᠦᠳᠦᠭᠡᠷ ᠣᠨ)᠄
ᠮᠦᠨ ᠣᠨ ᠳᠤ ᠣᠢ᠌ᠷᠠᠤᠨ ᠤᠨ ᠳᠤᠭᠤᠨ ᠳᠠᠢ᠌ᠱᠢ ᠨᠠᠰᠤ ᠪᠠᠷᠡᠵᠤ᠂ ᠲ᠋ᠡᠭᠦᠨ ᠤ ᠭᠦᠪᠠᠭᠦᠨ ᠡᠰᠡᠨ ᠡᠴᠢᠭᠡ ᠶᠢᠨ ᠶᠢᠡᠨ ᠳᠠᠢ᠌ᠱᠢ ᠭᠡᠷᠭᠡᠮ ᠢ ᠵᠠᠯᠭᠠᠮᠵᠢᠯᠠᠪᠠᠢ᠃
1449 ᠣᠨ (ᠰᠢᠷᠠᠭᠴᠢᠨ ᠮᠤᠭᠠᠢ ᠵᠢᠯ᠂ ᠮᠢᠩ ᠣᠯᠤᠰ ᠤᠨ ᠵᠸᠩ ᠲᠦᠩ ᠤᠨ ᠠᠷᠪᠠᠨ ᠳᠦᠷᠪᠠᠳᠦᠭᠡᠷ ᠣᠨ)᠄
ᠮᠦᠨ ᠡᠦᠨᠡ᠂ ᠡᠰᠡᠨ ᠳᠠᠢ᠌ᠱᠢ ᠴᠡᠷᠢᠭ᠌ ᠳᠠᠢ᠌ᠴᠢᠯᠠᠨ ᠳᠠᠢ᠌ᠮᠢᠩ ᠭᠦᠷᠤᠨ ᠣᠷᠤᠭᠤ ᠳᠠᠢ᠌ᠯᠠᠨ ᠣᠷᠤᠭᠠᠤᠨ ᠳᠠᠮᠤᠷ ᠴᠠᠢ᠌ᠵᠠ (ᠡᠳᠦᠭᠡ ᠶᠢᠨ ᠾᠧᠪᠧᠢ ᠮᠤᠵᠢ ᠶᠢᠨ ᠬᠤᠸᠠᠢ ᠯᠠᠢ ᠰᠢᠶᠠᠨ ᠤ ᠭᠢᠯᠢ ᠳᠤ ᠪᠣᠢ) ᠶᠢᠨ ᠭᠠᠵᠠᠷ ᠮᠢᠩ ᠣᠯᠤᠰ ᠤᠨ ᠳᠠᠪᠢᠨ ᠲᠦᠮᠡᠨ ᠴᠡᠷᠢᠭ᠌ ᠢ ᠪᠤᠳᠡ ᠨᠢᠷᠭᠡᠵᠤ᠂ ᠮᠢᠩ ᠢᠩᠽᠦᠩ ᠬᠠᠭᠠᠨ ᠢ ᠠᠮᠢᠳᠤ ᠪᠠᠷ ᠣᠯᠵᠠᠯᠠᠪᠠᠢ᠃
1450 ᠣᠨ (ᠴᠠᠭᠠᠨ ᠮᠤᠷᠢᠨ ᠵᠢᠯ᠂ ᠮᠢᠩ ᠣᠯᠤᠰ ᠤᠨ ᠵᠢᠩ ᠲᠡᠶ ᠶᠢᠨ ᠳᠡᠷᠢᠭᠦᠨ ᠣᠨ)᠄
ᠮᠦᠨ ᠣᠨ ᠤ ᠨᠢ᠋ᠮᠠᠨ ᠰᠠᠷᠠᠳᠠ ᠡᠰᠡᠨ ᠳᠠᠢ᠌ᠱᠢ ᠮᠢᠩ ᠢᠩᠽᠤᠩ ᠬᠠᠭᠠᠨ ᠢ ᠣᠯᠤᠰ ᠳᠤᠨᠢ ᠪᠣᠴᠠᠭᠠᠪᠠᠢ᠃
ᠳᠠᠷᠤᠮ᠄ 20758
ᠴᠠᠭ᠄ 2006 ᠤᠨ ᠤ 04 ᠰᠠᠷ᠎ᠠ ᠶᠢᠨ 16