ᠨᠡᠪᠲᠡᠷᠡᠨ ᠤᠷᠤᠬᠤ
ᠲᠦᠷᠪᠡᠳᠦᠭᠡᠷ ᠪᠦᠯᠦᠭ
ᠠᠷᠪᠠᠨ ᠨᠢ᠋ᠮᠠ

ᠳᠡᠭᠦᠰᠭᠡᠯ


ᠮᠢᠩᠭ᠋᠎ᠠ ᠶ‍ᠢᠰᠤᠨ ᠵᠠᠭᠤᠨ ᠭᠤᠴᠢᠨ ᠬᠤᠶᠠᠷ ᠣᠨ ᠤ ᠨᠠᠮᠤᠷ᠂ ᠠᠷᠠᠤᠨ ᠤᠨ ᠳᠦᠷᠤ ᠵᠠᠰᠠᠭ ᠢ ᠡᠰᠡᠷᠭᠦᠴᠡᠨ ᠪᠣᠰᠤᠠᠠᠰᠠᠨ ᠪᠣᠰᠤᠯᠭ᠎ᠠ ᠳᠠᠷᠤᠠᠠᠳᠠᠵᠤ᠂ ᠨᠠᠮ ᠡᠴᠠ ᠰᠢᠨ᠎ᠠ ᠡᠷᠭᠢᠯᠳᠡ ᠶᠢᠨ ᠪᠣᠳᠤᠯᠭ᠎ᠠ ᠶᠢ ᠶᠠᠪᠣᠭᠤᠯᠪᠠ᠃

ᠣᠯᠤᠰ ᠳᠦᠷᠤ ᠪᠠᠭᠢᠵᠢᠨ ᠳᠤᠩᠭ᠋ᠠᠯᠠᠭ ᠳᠠᠮᠢᠷ ᠤᠨ ᠭᠦᠡᠳᠡᠢ ᠳᠤ ᠡᠩᠬᠡ ᠠᠮᠢᠳᠤᠷᠠᠯ ᠭᠦᠰᠡᠯ ᠮᠦᠷᠦᠭᠡᠳᠦᠯ᠂ ᠬᠠᠢ᠌ᠷ᠎ᠠ ᠳᠤᠷᠠᠯᠠᠯ ᠣᠯᠠᠮ ᠴᠤ ᠭᠤᠸ᠎ᠠ ᠥᠵᠡᠰᠭᠦᠯᠡᠩᠳᠡᠢ᠂ ᠳᠠᠢ᠌ᠪᠣᠩ ᠰᠠᠢ᠌ᠠᠠᠠᠨ ᠶᠢᠡᠷ ᠴᠡᠴᠡᠭᠯᠡᠪᠡ᠃

ᠪᠣᠰᠤᠯᠭ᠎ᠠ ᠳᠠᠷᠤᠭᠳᠠᠭᠰᠠᠨ ᠤ ᠳᠠᠷᠠᠭ᠎ᠠ ᠡᠷᠳᠡᠨᠢ ᠶᠢ ᠬᠤᠳᠠ ᠳᠤ ᠠᠵᠢᠯ ᠭᠢᠯᠭᠡᠭᠦ ᠪᠠᠷ ᠨᠠᠮ ᠤᠨ ᠲᠥᠪ ᠬᠤᠷᠢᠶ᠎ᠠ ᠳᠠᠭᠤᠳᠠᠵᠠᠢ᠃ ᠬᠠᠷᠢᠨ ᠪᠠᠳᠤ ᠠᠷᠤ ᠬᠠᠩᠭ᠋ᠠᠢ ᠠᠢ᠌ᠮᠠᠭ ᠤᠨ ᠲᠥᠪ ᠤᠨ ᠰᠤᠷᠭᠠᠭᠤᠯᠢ ᠶᠢᠨ ᠵᠠᠭᠢᠷᠤᠯ ᠶᠢᠡᠷ ᠳᠤᠮᠢᠯᠠᠠᠠᠳᠠᠪᠠ᠃

ᠳᠡᠭ᠍ᠷᠢ ᠦᠴᠦᠭᠡᠨ ᠴᠤ ᠡᠭᠦᠯᠡ ᠦᠭᠡᠶ᠂ ᠨᠡᠯᠦᠭᠡᠷ ᠰᠠᠢ᠌ᠠᠠᠠᠨ ᠡᠳᠤᠷ ᠪᠣᠯᠠᠭᠠᠨ ᠠᠭᠤᠯᠠᠨ ᠳᠤ ᠪᠠᠢ᠌ᠳᠠᠭ ᠣᠴᠠᠷᠠᠯᠳᠤ ᠮᠤᠨᠤᠰᠤᠨ ᠳᠡᠭᠡᠷ᠎ᠡ ᠬᠤᠶᠠᠷ ᠬᠡᠦᠬᠡᠳ ᠨᠢᠭᠡ ᠡᠷ᠎ᠠ ᠭᠦᠮᠤᠨ ᠭᠤᠷᠪᠠᠨ ᠡᠮᠡᠭ᠍ᠳᠡᠢ ᠨᠠᠢ᠌ᠳᠠ ᠵᠢᠷᠭᠤᠭᠠᠨ ᠭᠦᠮᠤᠨ ᠣᠴᠢᠪᠠ᠃ ᠡᠨᠠ ᠭᠦᠮᠦᠰ ᠢ ᠣᠩᠰᠢᠠᠠᠴᠢ ᠳᠠ ᠳᠠᠨᠢᠨ᠎ᠠ᠃ ᠡᠨᠠ ᠪᠣᠯ ᠪᠠᠳᠤ᠂ ᠰᠤᠯᠤᠩᠭ᠋᠎ᠠ᠂ ᠳᠤᠯᠮ᠎ᠠ᠂ ᠰᠦᠷᠦᠡᠭ᠌ ᠨᠡᠷ ᠪᠠᠢ᠌ᠠᠠᠰᠠᠨ ᠠᠭᠠᠤᠨ ᠳᠠᠳᠠᠨ ᠤ ᠬᠠᠮᠳᠤ ᠳᠠᠮᠤᠷ ᠬᠤᠩᠭ᠋ᠤᠷ ᠨᠡᠷ ᠤᠨ ᠬᠤᠶᠠᠷ ᠭᠦᠤ ᠪᠠᠢ᠌ᠪᠠ᠃ ᠰᠤᠯᠤᠩᠭ᠋᠎ᠠ ᠳᠤᠯᠤᠭᠠᠨ ᠰᠠᠷ᠎ᠠ ᠪᠣᠯᠤᠠᠠᠰᠠᠨ ᠬᠡᠦᠬᠡᠳ ᠭᠡᠳᠡᠰᠤᠨ ᠳᠡᠭᠡᠨ ᠳᠡᠭᠡᠭᠡᠵᠡᠢ᠃ ᠬᠤᠩᠭ᠋ᠤᠷ ᠤᠨ ᠮᠤᠨᠤᠰᠤᠨ ᠤ ᠮᠦᠴᠢᠷ ᠤᠳ ᠠᠷᠪᠢᠨ ᠣᠷᠭᠤᠠᠠᠰᠠᠨ ᠮᠣᠢ᠌ᠯ ᠶᠢᠡᠨ ᠳᠠᠭᠠᠭᠠᠵᠤ ᠶᠠᠳᠠᠨ ᠳᠤᠭᠤᠠᠠᠰᠢ ᠭᠤᠯᠵᠢ᠌ᠵᠠᠢ᠃ ᠳᠦᠷᠦᠭᠦᠯᠡᠵᠤ ᠣᠴᠢᠠᠠᠰᠠᠨ ᠪᠠᠳᠤ ᠳᠠᠷᠠ ᠮᠤᠳᠤᠨ ᠡᠴᠠ ᠨᠢᠭᠡ ᠮᠣᠢ᠌ᠯ ᠴᠢᠮᠭᠢᠵᠤ ᠠᠪᠠᠠᠤ ᠳᠤ ᠪᠢᠴᠠᠷᠠᠵᠤ ᠨᠥᠵᠢᠷᠡᠭ᠍ᠰᠡᠨ ᠴᠢᠰᠤ ᠰᠢᠭ᠌ ᠭᠦᠷᠡᠩ ᠬᠠᠷ᠎ᠠ ᠱᠥᠭᠦᠰᠤ ᠬᠤᠷᠤᠭᠤ ᠶᠢ ᠨᠢ ᠳᠠᠭᠠᠵᠤ ᠣᠷᠤᠰᠤᠨ ᠢᠷᠠᠯ᠎ᠠ᠃ ᠠᠮᠠᠨ ᠳᠠᠭᠠᠨ ᠭᠢᠭᠦ ᠭᠡᠰᠡᠨ ᠶᠢᠡᠨ ᠪᠣᠯᠢᠪᠠ᠃ ᠬᠤᠩᠭ᠋ᠤᠷ ᠤᠨ ᠭᠦᠤ ᠭᠦᠶ‍ᠦᠵᠤ ᠢᠷᠡᠭᠡᠳ 《ᠪᠠᠳᠤ ᠠᠬ᠎ᠠ ᠡ ᠨᠠᠳᠠ ᠳᠤ ᠮᠣᠢ᠌ᠯ ᠠᠪᠴᠤ ᠦᠭ‍ᠭᠦᠭᠡᠷᠡᠢ》 ᠭᠡᠯ᠎ᠡ᠃

᠊᠊᠊᠊᠊᠊᠊᠊᠊᠊᠊᠊᠊᠊᠊ ᠪᠣᠯᠤᠭᠠᠳᠤᠢ ᠪᠠᠢ᠌ᠨ᠎ᠠ᠂ ᠳᠡᠭᠦᠤ ᠮᠢᠨᠢ᠃ ᠡᠨᠠ ᠮᠤᠳᠤ ᠶᠢ ᠬᠠᠢ᠌ᠷᠠᠯᠠᠵᠤ ᠬᠠᠮᠠᠭᠠᠯᠠᠵᠤ ᠶᠠᠪᠣᠭᠠᠷᠠᠢ᠃ ᠡᠨᠠ ᠪᠣᠯ ᠦᠯᠡᠮᠵᠢ ᠰᠠᠢ᠌ᠠᠠᠠᠨ ᠰᠡᠳᠭᠢᠯ ᠲᠡᠶ ᠳᠦᠭᠡᠷᠢᠵᠤ ᠪᠣᠳᠤᠯᠢᠠᠠᠰᠠᠨ ᠭᠦᠮᠤᠨ ᠤ ᠮᠤᠳᠤ ᠶᠤᠮ ᠰᠢᠤ ᠭᠡᠳ ᠪᠠᠳᠤ ᠶᠢᠨ ᠨᠢᠳᠤᠨ ᠳᠤ ᠳᠤᠩᠭ᠋ᠠᠯᠠᠭ ᠪᠦᠯᠢᠶᠡᠨ ᠨᠢᠯᠪᠣᠰᠤ ᠳᠤᠨᠤᠷᠠᠪᠠ᠃


ᠳᠡᠭᠦᠰᠪᠡ


1967 ᠣᠨ ᠤ 4 ᠳ᠋ᠦᠭᠡᠷ ᠰᠠᠷ᠎ᠠ ᠶᠢᠨ 6


ᠳᠡᠭᠦᠰᠭᠡᠯ ᠤᠨ ᠥᠭᠡ


《ᠳᠤᠩᠭ᠋ᠠᠯᠠᠭ ᠳᠠᠮᠢᠷ》 ᠷᠤᠮᠠᠨ ᠳᠠᠭᠤᠰᠤᠯ᠎ᠠ᠃ ᠶᠠᠭᠤ ᠣᠩᠰᠢᠭᠰᠠᠨ ᠶᠢᠡᠨ ᠡᠷᠭᠢᠨ ᠪᠣᠳᠤᠶ᠎ᠠ᠃ ᠡᠨᠡ ᠷᠤᠮᠠᠨ ᠳᠤ ᠬᠤᠷᠢᠳᠤᠭᠠᠷ ᠵᠠᠭᠤᠨ ᠤ ᠡᠭᠢᠨ ᠤ ᠭᠤᠴᠢᠭᠠᠤᠨ ᠵᠢᠯ ᠤᠨ ᠮᠠᠨ ᠤ ᠠᠷᠠᠤᠨ ᠲᠦᠮᠡᠨ ᠤ ᠠᠮᠢᠳᠤᠷᠠᠯ ᠳᠠᠮᠠᠴᠠᠯ ᠢ ᠳᠠᠮᠢᠷ ᠤᠨ ᠭᠤᠤᠯ ᠤᠨ ᠭᠢᠨ ᠶᠢᠡᠷ ᠭᠤᠤᠯ ᠳᠡᠪᠢᠰᠭᠡᠷ ᠪᠣᠯᠭᠠᠨ ᠬᠠᠷᠠᠭᠤᠯᠵᠠᠢ᠃ ᠡᠨᠡ ᠨᠢ ᠮᠤᠩᠭ᠋ᠤᠯ ᠤᠨ ᠡᠵᠡᠡᠳᠤ ᠣᠯᠤᠰ ᠪᠠᠢ᠌ᠭᠤᠯᠤᠭᠰᠠᠨ ᠦᠶ᠎ᠡ ᠡᠴᠡ ᠡᠭᠢᠯᠡᠭᠡᠳ᠂ ᠳᠡᠯᠡᠭᠡᠢ ᠶᠢᠨ ᠨᠢᠭᠡᠳᠦᠭᠡᠷ ᠳᠠᠢ᠌ᠨ᠂ ᠣᠺᠲ᠋ᠤᠪᠸᠷ ᠤᠨ ᠰᠤᠼᠢᠶᠠᠯᠢᠰᠲ᠋ ᠶᠡᠭᠡ ᠬᠤᠪᠢᠰᠬᠠᠯ ᠤᠨ ᠢᠯᠠᠯᠳᠠ᠂ ᠨᠥᠯᠦᠭᠡ᠂ 1921 ᠣᠨ ᠤ ᠠᠷᠠᠤᠨ ᠤᠨ ᠬᠤᠪᠢᠰᠬᠠᠯ ᠤᠨ ᠢᠯᠠᠯᠳᠠ ᠪᠠᠭᠢᠵᠢᠯᠳᠠ ᠶᠢᠨ ᠦᠶ᠎ᠡ ᠶᠢ ᠬᠠᠮᠤᠷᠴᠤ ᠪᠠᠢ᠌ᠭ᠎ᠠ ᠨᠡᠢ᠌ᠭᠡᠮ ᠤᠨ ᠭᠦᠭ᠍ᠵᠢᠯ ᠤᠨ ᠪᠣᠭᠤᠨᠢᠬᠠᠨ ᠬᠤᠭᠤᠴᠠᠭ᠎ᠠ ᠪᠣᠯᠪᠠᠴᠤ ᠳᠠᠮᠠᠴᠠᠯ ᠤᠨ ᠰᠢᠭᠤᠷᠭ᠎ᠠ ᠪᠠᠷ ᠠᠰᠤᠷᠤ ᠭᠦᠴᠦᠳᠡᠢ ᠦᠶ᠎ᠡ ᠪᠢᠯᠠ᠃ ᠳᠠᠮᠠᠴᠠᠯ ᠤᠨ ᠡᠯ᠎ᠡ ᠰᠢᠭᠤᠷᠭ᠎ᠠ ᠠᠷᠪᠠᠭᠠᠤᠨ ᠣᠨ ᠤ ᠡᠴᠦᠰ ᠶᠢᠡᠷ ᠰᠠᠠᠰᠠᠷ ᠤᠨ ᠭᠦᠷᠳᠤ ᠶᠢ ᠡᠷᠴᠢ ᠲᠡᠶ ᠪᠣᠯᠭᠠᠭᠰᠠᠨ ᠶᠤᠮ᠃

ᠭᠢᠳᠠᠤᠨ ᠤᠨ ᠴᠡᠷᠢᠭ᠌ ᠤᠨ ᠡᠷᠭᠡᠳᠡᠨ ᠡᠵᠡᠷᠭᠡᠭ᠌ ᠳᠦᠷᠢᠮᠡᠭᠡᠢ ᠨᠡᠷ ᠳᠤᠳᠤᠭᠠᠳᠤ ᠶᠢᠨ ᠬᠠᠷ᠎ᠠ ᠰᠢᠷ᠎ᠠ ᠬᠠᠮᠵᠢᠯᠭ᠎ᠠ ᠶᠢᠨ ᠡᠵᠡᠳ ᠲᠡᠶ ᠬᠤᠤᠪᠢᠯᠳᠤᠨ᠂ ᠡᠵᠡᠡᠳᠤ ᠪᠠ ᠠᠦ᠋ᠲ᠋ᠤᠨᠤᠮᠢᠲ ᠳᠦᠷᠤ ᠶᠢ ᠣᠨᠠᠭᠠᠵᠤ ᠮᠤᠩᠭ᠋ᠤᠯ ᠣᠷᠤᠨ ᠢ ᠭᠦᠯ ᠤᠨ ᠶᠢᠡᠨ ᠳᠤᠤᠷ᠎ᠠ ᠳᠠᠪᠰᠠᠯᠤᠨ᠂ ᠭᠦᠮᠤᠨ ᠠᠷᠠᠤᠨ ᠢ ᠭᠠᠯ ᠣᠰᠤᠨ ᠤ ᠭᠠᠰᠢᠭᠤᠨ ᠵᠤᠪᠠᠯᠠᠩ ᠳᠤ ᠣᠴᠠᠷᠠᠭᠤᠯᠵᠤ ᠪᠠᠢ᠌ᠭᠰᠠᠨ ᠨᠢ ᠪᠠᠳᠮᠠᠳᠤᠷᠵᠢ ᠱᠠᠠᠵᠠᠪ᠂ ᠭᠢᠳᠠᠤᠨ ᠤᠨ ᠡᠯᠴᠢᠨ ᠴᠢᠨ ᠡᠢ᠂ ᠴᠡᠷᠢᠭ᠌ ᠤᠨ ᠬᠠᠷᠭᠢᠰ ᠡᠷᠭᠡᠳᠡᠨ ᠰᠢᠤᠢ ᠱᠤ ᠵᠸᠩ᠂ ᠭᠤᠤ ᠰᠢ ᠯᠢᠨ ᠨᠡᠷ ᠤᠨ ᠬᠤᠤᠪᠢᠯᠳᠤᠭᠠᠨ ᠶᠠᠷᠭᠠᠯᠠᠯ ᠶᠢᠡᠷ ᠪᠠᠳᠤᠯᠠᠭᠳᠠᠵᠤ ᠪᠠᠢ᠌ᠨ᠎ᠠ᠃ ᠳᠠᠳᠠᠨ ᠳᠤ ᠴᠤ ᠭᠢᠳᠠᠤᠨ ᠤᠨ ᠰᠢᠨᠤᠬᠠᠢ ᠬᠤᠳᠠᠯᠳᠤᠭᠠᠴᠢᠨ᠂ ᠳᠡᠭᠡᠷᠡᠩᠭᠦᠢ ᠦᠵᠡᠯᠳᠠᠨ ᠨᠥᠭᠦᠤᠨ ᠨᠠᠢ᠌ᠳᠠᠪᠣᠷᠢ ᠳᠠᠯᠪᠢᠵᠤ ᠰᠢᠤᠢ ᠱᠤ ᠵᠸᠩ ᠢ ᠶᠠᠫᠣᠨ ᠤ ᠢᠮᠫᠧᠷᠢᠶᠠᠯᠢᠰᠲ᠋ ᠤᠳ ᠳᠤᠭᠢᠷᠴᠤ ᠪᠠᠢ᠌ᠭᠰᠠᠨ ᠳᠡᠦᠭᠡ ᠲᠡᠶ᠃ ᠭᠤᠤ ᠰᠢ ᠯᠢᠨ᠄

᠊᠊᠊᠊᠊᠊᠊᠊᠊᠊᠊᠊᠊᠊᠊ ᠮᠤᠩᠭ᠋ᠤᠯ᠂ ᠭᠢᠳᠠᠤᠨ ᠬᠤᠶ‍ᠷ ᠭᠡᠵᠢᠶᠡᠨᠡᠢ ᠡᠴᠡ ᠢᠨᠠᠭᠰᠢ ᠳᠦᠷᠤ ᠣᠯᠤᠰ ᠶᠢᠡᠨ ᠬᠠᠮᠳᠤᠷᠠᠨ ᠪᠠᠢ᠌ᠭᠤᠯᠵᠤ ᠡᠭᠡᠯᠵᠢᠯᠡᠨ ᠪᠠᠷᠢᠵᠤ ᠢᠷᠡᠭ᠍ᠰᠡᠨ ᠪᠢᠯᠠ᠃ ᠭᠡᠳᠡᠯ᠎ᠡ ᠣᠳᠤ ᠦᠶ᠎ᠡ ᠳᠤ ᠵᠠᠷᠢᠮ ᠣᠬᠠᠪᠣᠷᠢ ᠮᠦᠴᠢᠳ ᠭᠦᠮᠦᠰ ᠭᠠᠳᠠᠭᠠᠳᠤ ᠣᠷᠤᠨ ᠤ ᠳᠠᠮᠠᠢ ᠪᠠᠯᠠᠢ ᠥᠭᠡᠨ ᠳᠤ ᠣᠷᠤᠵᠤ᠂ ᠨᠢᠭᠡᠨ ᠭᠡᠷ ᠪᠦᠯᠢ ᠶᠢ ᠳᠠᠰᠤᠯᠵᠤ᠂ ᠲᠦᠮᠡᠨ ᠢ ᠥᠢᠮᠡᠭᠦᠯᠵᠤ ᠵᠤᠪᠠᠯᠠᠩ ᠳᠤ ᠣᠴᠠᠷᠠᠭᠤᠯᠬᠤ ᠳᠤ ᠭᠦᠷᠦᠯ᠎ᠡ᠃ ᠵᠦᠢ ᠶᠤᠰᠤ ᠶᠢ ᠳᠤᠭᠳᠠᠭᠠᠨ᠂ ᠨᠢᠭᠡᠨ ᠭᠡᠷ ᠪᠦᠯᠢ ᠶᠢᠨ ᠰᠠᠢ᠌ᠬᠠᠨ ᠶᠤᠰᠤ ᠶᠢ ᠰᠠᠭᠢᠬᠤ ᠶᠡᠭᠡ ᠣᠢ᠌ᠯᠠ ᠭᠡᠷᠡᠭ᠌ ᠲᠤ ᠡᠷᠭᠢᠮ ᠵᠠᠩᠵᠤᠨ ᠨᠢᠭᠡᠨ ᠮᠦᠷᠤᠨ ᠤ ᠭᠦᠴᠤᠨ ᠳᠤᠰᠠᠯᠠᠪᠠᠯ ᠮᠠᠨ ᠤ ᠣᠯᠤᠰ ᠤᠨ ᠵᠠᠰᠠᠭ ᠤᠨ ᠭᠠᠵᠠᠷ ᠳᠠᠨ ᠤ ᠭᠠᠪᠢᠶ᠎ᠠ ᠶᠢ ᠶᠠᠭᠠᠭᠢᠵᠤ ᠮᠠᠷᠳᠠᠬᠤ ᠪᠢᠯᠠ ᠁ ᠭᠡᠵᠤ ᠨᠢᠯᠭᠠᠨᠠᠨ ᠥᠭᠦᠯᠡᠭᠦ ᠳᠤ ᠡᠷᠡᠯᠭᠡᠭ᠌ ᠵᠤᠷᠢᠭᠳᠤ ᠬᠠᠳᠠᠨ ᠪᠠᠭᠠᠳᠤᠷ ᠮᠠᠭᠰᠤᠷᠵᠠᠪ᠄

᠊᠊᠊᠊᠊᠊᠊᠊᠊᠊᠊᠊᠊᠊᠊ ᠳᠠ ᠁ ᠳᠡᠦᠭᠡ ᠰᠤᠳᠤᠷ ᠢ ᠮᠠᠷᠳᠠᠵᠤ ᠪᠠᠢ᠌ᠭ᠎ᠠ ᠪᠣᠯᠤᠯᠳᠠᠢ᠃ ᠪᠢᠳᠠ ᠳᠦᠷᠤ ᠬᠠᠮᠳᠤᠷᠠᠨ ᠪᠠᠢ᠌ᠭᠤᠯᠵᠤ ᠪᠠᠢ᠌ᠭᠰᠠᠨ ᠣᠳᠠᠭ᠎ᠠ ᠦᠭᠡᠶ᠃ ᠬᠠᠷᠢᠨ ᠨᠢᠭᠡ ᠨᠢ ᠭᠦᠴᠦᠷᠭᠡᠢ᠌ᠯᠡᠵᠤ ᠨᠥᠭᠦᠭᠡ ᠨᠢ ᠳᠠᠷᠤᠭᠳᠠᠨ ᠵᠠᠭᠢᠷᠤᠭᠳᠠᠵᠤ ᠪᠠᠢ᠌ᠭᠰᠠᠨ ᠁ ᠳᠠᠨᠠᠷ ᠨᠡᠷ ᠴᠡᠷᠢᠭ᠌ ᠤᠨ ᠭᠦᠴᠤ ᠪᠠᠷ ᠳᠦᠷᠢᠵᠤ ᠪᠢᠳᠠᠨ ᠢ ᠡᠵᠡᠯᠡᠭ᠍ᠰᠡᠨ ᠪᠢᠯᠠ᠃ ᠭᠡᠪᠠᠴᠤ ᠡᠵᠡᠯᠡᠭ᠍ᠳᠡᠭᠦ ᠳᠠᠷᠤᠭᠳᠠᠬᠤ ᠬᠤᠶᠠᠷ ᠱᠠᠯ ᠥᠭᠡᠷ᠎ᠡ ᠵᠣᠢ᠌ᠯ ᠪᠣᠯᠬᠤᠷ ᠪᠢᠳᠠ ᠡᠵᠡᠯᠡᠭ᠍ᠳᠡᠭ᠍ᠰᠡᠨ ᠪᠣᠯᠪᠠᠴᠤ ᠳᠠᠷᠤᠭᠳᠠᠭ᠎ᠠ ᠦᠭᠡᠶ ᠪᠠᠢ᠌ᠭ᠎ᠠ ᠶᠢ ᠡᠷᠭᠢᠮ ᠵᠠᠩᠵᠤᠨ ᠣᠢ᠌ᠯᠠᠭᠠᠪᠠᠯ ᠵᠥᠭᠡᠷ ᠶᠤᠮ ᠳ᠋ᠠ ᠭᠡᠵᠤ ᠡᠷᠡᠰ ᠰᠢ᠌ᠳᠮᠡᠭᠡᠢ ᠬᠠᠷᠢᠭᠤᠯᠵᠤ ᠪᠠᠢ᠌ᠨ᠎ᠠ᠃ ᠮᠠᠭᠰᠤᠷᠵᠠᠪ ᠢᠩᠭᠢᠵᠤ ᠳᠡᠦᠭᠡ ᠶᠢᠨ ᠦᠨᠡᠨ ᠢ ᠭᠡᠯᠡᠵᠤ᠂ ᠪᠠᠭ ᠢ ᠨᠢ ᠣᠷᠠᠵᠤ ᠬᠠᠶᠠᠬᠤ ᠲᠡᠶ ᠵᠡᠷᠭᠡ ᠭᠤᠤ ᠰᠢ ᠯᠢᠨ ᠤ ᠥᠩᠭᠦᠯᠴᠡᠭ᠌ ᠨᠢ ᠬᠠᠭᠠᠷᠠᠬᠤ ᠰᠢᠬᠠᠨ᠂ ᠱᠠᠯᠠ ᠳᠠᠪᠰᠠᠵᠤ᠂ 《ᠥᠭᠡᠷ ᠮᠤᠩᠭ᠋ᠤᠯ》᠂ 《ᠳᠡᠨᠡᠭ᠌ ᠮᠤᠩᠭ᠋ᠤᠯ》᠂ 《ᠳᠠᠨ ᠤ ᠴᠠᠭᠠᠨ ᠰᠠᠷ᠎ᠠ ᠶᠢ ᠪᠢ ᠣᠯᠠᠭᠠᠨ ᠰᠠᠷ᠎ᠠ ᠪᠣᠯᠭᠠᠭᠠᠤᠨ᠂ ᠳᠠ ᠨᠡᠷ ᠥᠡᠳᠡᠭᠡ ᠪᠠᠨ ᠶᠠᠭᠠᠭᠢᠵᠤ ᠬᠠᠮᠠᠭᠠᠯᠠᠬᠤ ᠶᠢ ᠦᠵᠡᠨ᠎ᠠ》 ᠭᠡᠵᠤ ᠬᠠᠰᠭᠢᠷᠴᠤ ᠪᠠᠢ᠌ᠨ᠎ᠠ᠃

ᠣᠺᠲ᠋ᠤᠪᠧᠷ ᠤᠨ ᠬᠤᠪᠢᠰᠬᠠᠯ ᠤᠨ ᠳᠠᠷᠠᠭ᠎ᠠ ᠫᠡᠪᠠᠯᠦᠧ ᠤᠨ ᠭᠢᠨ ᠪᠠᠯᠠᠷᠠᠵᠤ᠂ ᠬᠠᠮᠤᠭ ᠨᠠᠢ᠌ᠳᠠᠪᠣᠷᠢ ᠪᠠᠨ ᠠᠭᠮᠠᠨ ᠰᠢᠮᠦᠨᠦᠧ᠂ ᠪᠠᠷᠤᠨ ᠦᠩᠭᠧᠷᠠᠨ ᠨᠡᠷ ᠲᠤ ᠰᠢᠯᠵᠢᠭᠦᠯᠵᠤ᠂ ᠴᠦᠯᠳᠠᠮ ᠪᠠᠢ᠌ᠰᠠ᠂ ᠴᠠᠸᠠᠩ ᠳᠡᠷᠢᠭᠦᠨ ᠮᠠᠳᠤ ᠶᠢᠨ ᠬᠠᠮᠵᠢᠯᠭ᠎ᠠ ᠶᠢᠨ ᠡᠵᠡᠳ ᠢ ᠭᠠᠷ ᠭᠦᠯ ᠭᠡᠯᠡ ᠠᠮᠠ ᠪᠠᠨ ᠪᠣᠯᠭᠠᠵᠤ ᠪᠠᠢ᠌ᠨ᠎ᠠ᠃ ᠳᠡᠭᠦᠪᠠᠷ ᠴᠤ ᠦᠯᠦ ᠪᠠᠷᠠᠮ ᠬᠠᠳᠠᠨ ᠪᠠᠭᠠᠳᠤᠷ ᠮᠠᠭᠰᠤᠷᠵᠠᠪ ᠢ ᠦᠪᠡᠷᠰᠠᠤᠨ ᠤᠨ ᠶᠢᠡᠨ ᠬᠤᠤᠷᠳᠤ ᠪᠣᠳᠤᠯᠭ᠎ᠠ ᠳᠤ ᠠᠰᠢᠭᠯᠠᠬᠤ ᠭᠡᠵᠤ ᠣᠷᠤᠯᠳᠤᠵᠤ ᠪᠠᠢ᠌ᠨ᠎ᠠ᠃ ᠪᠠᠷᠤᠨ ᠦᠩᠭᠧᠷᠠᠨ ᠨᠠᠢ᠌ᠰᠯᠠᠯ ᠭᠦᠷᠢᠶ᠎ᠡ ᠶᠢ ᠡᠵᠡᠯᠡᠵᠤ᠂ ᠪᠣᠭᠳᠠ ᠶᠢ ᠱᠤᠷᠤᠩ ᠡᠴᠡ ᠭᠠᠷᠭᠠᠭᠠᠤᠨ ᠳᠡᠷᠢᠭᠦᠨ ᠳᠤᠬᠤᠭᠠᠨ ᠳᠤᠮᠢᠯᠠᠭᠰᠠᠨ ᠶᠢᠡᠨ ᠥᠭᠡᠷᠡᠴᠢᠯᠡᠵᠤ᠂ ᠮᠠᠭᠰᠤᠷᠵᠠᠪ ᠢ ᠪᠠᠷᠠᠭᠤᠨ ᠭᠢᠵᠠᠭᠠᠷ ᠢ ᠳᠤᠬᠤᠨᠢᠭᠤᠯᠬᠤ ᠰᠠᠢ᠌ᠳ ᠶᠢᠡᠷ ᠳᠤᠮᠢᠯᠠᠵᠤ ᠪᠠᠢ᠌ᠨ᠎ᠠ᠃ ᠮᠠᠭᠰᠤᠷᠵᠠᠪ ᠪᠠᠷᠤᠨ ᠤ ᠥᠮᠡᠭᠡᠢ ᠰᠠᠨᠠᠭ᠎ᠠ ᠶᠢ ᠮᠠᠳᠠᠵᠤ ᠪᠠᠢ᠌ᠵᠠᠢ᠃

ᠭᠤᠷᠪᠠᠨ ᠬᠠᠭᠠᠨ ᠢ ᠰᠢᠷᠡᠭᠡᠨ ᠳᠤ ᠨᠢ ᠡᠭᠡᠭᠦᠯᠤᠨ ᠵᠠᠯᠠᠭᠠᠤᠨ᠂ ᠣᠷᠤᠰ ᠤᠨ ᠣᠯᠠᠭᠠᠨ ᠨᠠᠮ ᠢ ᠣᠰᠠᠳᠬᠠᠬᠤ ᠵᠤᠷᠢᠯᠭ᠎ᠠ ᠲᠡᠶ ᠪᠠᠨ ᠶᠠᠷᠢᠭᠠᠤᠨ᠄ 《ᠡᠨᠡ ᠭᠡᠷᠡᠭ᠌ ᠲᠤ ᠮᠢᠨᠢ ᠪᠠᠭᠠᠳᠤᠷ ᠳᠠ ᠳᠤᠰᠠᠯᠠᠨ᠎ᠠ ᠭᠡᠵᠤ ᠪᠢ ᠢᠳᠡᠭᠡᠵᠤ ᠪᠠᠢ᠌ᠨ᠎ᠠ》 ᠭᠡᠵᠤ ᠦᠩᠭᠧᠷᠠᠨ ᠢ ᠭᠡᠯᠡᠭᠦ ᠳᠤ ᠬᠠᠳᠠᠨ ᠪᠠᠭᠠᠳᠤᠷ ᠮᠠᠭᠰᠤᠷᠵᠠᠪ᠄

᠊᠊᠊᠊᠊᠊᠊᠊᠊᠊᠊᠊᠊᠊᠊ ᠭᠠᠠᠵᠤᠭᠠᠨ ᠤ ᠰᠤᠮᠤ ᠲᠡᠶ ᠳᠠ ᠨᠡᠷ ᠭᠠᠵᠠᠷ ᠨᠤᠳᠤᠭ ᠳᠡᠭᠡᠷ᠎ᠡ ᠪᠠᠨ ᠪᠠᠢ᠌ᠭ᠎ᠠ ᠣᠯᠠᠭᠠᠨ ᠨᠠᠮ ᠢ ᠶᠠᠭᠠᠭᠢᠵᠤ ᠳᠡᠢ᠌ᠯᠭᠦ ᠪᠢᠯᠠ ᠭᠡᠵᠤ ᠳᠤᠭᠤᠮᠵᠢᠷ ᠦᠭᠡᠶ ᠪᠦᠭᠡᠳ ᠵᠤᠷᠢᠮᠠᠭ ᠬᠠᠷᠢᠭᠤᠯᠵᠤ ᠪᠠᠢ᠌ᠨ᠎ᠠ᠃ ᠴᠢᠩᠭᠢᠭᠡᠳ ᠴᠠᠰᠢ ᠨᠢ ᠵᠡᠪᠰᠡᠭ᠍ᠳᠤ ᠳᠡᠭᠡᠷᠡᠮᠴᠢᠳ ᠢ ᠡᠰᠡᠷᠭᠦᠴᠡᠭ᠍ᠰᠡᠨ ᠰᠢᠷᠦᠭᠦᠨ ᠳᠠᠮᠠᠴᠠᠯ ᠤᠨ ᠳᠤᠮᠳᠠᠭᠤᠷ ᠮᠠᠭᠰᠤᠷᠵᠠᠪ ᠤᠨ ᠡᠭᠡ ᠣᠷᠤᠠᠴᠢ᠂ ᠬᠤᠪᠢᠰᠬᠠᠯᠴᠢ ᠴᠢᠨᠠᠷ ᠢ ᠳᠤᠷᠠᠢ᠌ᠯᠭᠠᠵᠠᠢ᠃

ᠴ·ᠯᠤᠳᠣᠢ᠌ᠳᠠᠮᠪᠠ 《ᠳᠤᠩᠭ᠋ᠠᠯᠠᠭ ᠳᠠᠮᠢᠷ》 ᠷᠤᠮᠠᠨ ᠳᠠᠭᠠᠨ ᠭᠠᠳᠠᠭᠠᠳᠤ ᠶᠢᠨ ᠡᠵᠡᠷᠭᠡᠭ᠌ ᠤᠳ ᠲᠡᠶ ᠰᠥᠯᠪᠠᠭᠡᠯᠳᠦᠭ᠍ᠰᠡᠨ ᠳᠤᠳᠤᠭᠠᠳᠤ ᠶᠢᠨ ᠬᠠᠷ᠎ᠠ ᠰᠢᠷ᠎ᠠ ᠬᠠᠮᠵᠢᠯᠭ᠎ᠠ ᠶᠢᠨ ᠡᠵᠡᠳ ᠤᠨ ᠶᠡᠭᠡ ᠰᠠᠨᠠᠭ᠎ᠠ᠂ ᠬᠠᠷᠭᠢᠰ ᠶᠠᠪᠣᠳᠠᠯ ᠢ ᠣᠷᠠᠨ ᠶᠢᠡᠷ ᠠᠭᠤᠳᠠᠯᠤᠨ ᠢᠯᠡᠷᠡᠭᠦᠯᠵᠡᠢ᠃ ᠡᠭᠦᠨ ᠢ ᠪᠠᠳᠤᠯᠠᠬᠤ ᠶᠢᠨ ᠳᠤᠯᠠᠳᠠ ᠵᠠᠶ᠎ᠠ ᠭᠡᠭᠡᠨ ᠤ ᠵᠠᠯᠢᠬᠠᠢ ᠶᠠᠪᠣᠳᠠᠯ᠂ ᠣᠵᠢᠳ ᠴᠡᠩᠭᠡᠯ᠂ ᠰᠥᠰᠦᠭ᠍ᠳᠡᠨ ᠣᠯᠠᠨ ᠤ ᠳᠤᠳᠤᠷ᠎ᠠ ᠠᠮᠢᠳᠤ ᠪᠣᠷᠬᠠᠨ ᠭᠡᠵᠤ ᠣᠯᠠᠨ ᠦᠶ᠎ᠡ ᠶᠢᠨ ᠳᠤᠷᠰᠢ ᠰᠢᠳᠦᠭ᠍ᠳᠡᠭ᠍ᠰᠡᠨ ᠪᠣᠭᠳᠠ ᠵᠢᠪᠵᠤᠨᠳᠠᠮᠪᠠ ᠶᠢᠨ ᠳᠠᠮᠪᠤᠷᠠᠯ᠂ ᠪᠣᠷᠬᠠᠨ ᠱᠠᠰᠢᠨ ᠶᠢᠡᠷ ᠳᠦᠷᠦᠭᠦᠤ ᠪᠠᠷᠢᠵᠤ᠂ ᠠᠷᠠᠤᠨ ᠲᠦᠮᠡᠨ ᠤ ᠡᠰᠡᠷᠭᠦ ᠬᠤᠪᠢᠰᠬᠠᠯ ᠤᠨ ᠡᠰᠡᠷᠭᠦᠤ ᠵᠡᠪᠰᠡᠭ᠍ᠳᠤ ᠪᠣᠰᠤᠯᠭ᠎ᠠ ᠭᠠᠷᠭᠠᠵᠤ ᠳᠡᠭᠦᠨ ᠳᠡᠭᠡᠨ ᠳᠦᠭ᠍ᠵᠢᠯ ᠮᠠᠳᠤ ᠶᠢᠨ ᠳᠠᠩᠬᠠᠢ ᠪᠠᠯᠠᠮᠠᠤᠨ ᠡᠳᠡᠭᠡᠳ ᠢ ᠠᠰᠢᠭᠯᠠᠵᠤ ᠪᠠᠢ᠌ᠭ᠎ᠠ ᠯᠠᠮᠠ ᠨᠡᠷ ᠤᠨ ᠵᠠᠨᠤᠯᠳᠤ ᠶᠠᠪᠣᠳᠠᠯ ᠢ ᠥᠭᠦᠯᠡᠵᠤ ᠪᠣᠯᠬᠤ ᠶᠤᠮ᠃ ᠪᠠᠰᠠ ᠰᠢᠷ᠎ᠠ ᠶᠢ ᠦᠵᠡᠨ ᠰᠢᠷᠪᠠᠵᠤ ᠣᠯᠠᠭᠠᠨ ᠢ ᠦᠵᠡᠨ ᠣᠷᠪᠠᠵᠤ ᠶᠠᠪᠣᠳᠠᠭ ᠭᠡᠷᠡᠭ᠌ ᠭᠡᠷᠴᠡᠭᠡᠢ᠂ ᠵᠢᠰᠤᠷ ᠪᠢᠯᠳᠠᠤᠴᠢ ᠴᠢᠨᠠᠷ ᠢ ᠨᠢᠳᠤᠨ ᠤ ᠡᠮᠦᠨ᠎ᠡ ᠥᠵᠡᠭ᠍ᠳᠡᠳᠡᠯ᠎ᠡ ᠳᠦᠷᠰᠤᠯᠠᠵᠠᠢ᠃ ᠡᠨᠡ ᠨᠢ ᠳᠤᠪᠴᠢᠨ ᠤ ᠵᠠᠩ ᠴᠢᠨᠠᠷ ᠶᠢᠡᠷ ᠳᠤᠳᠤᠷᠠᠵᠤ ᠪᠠᠢ᠌ᠨ᠎ᠠ᠃ ᠭᠤᠷᠪᠠᠨ ᠣᠯᠤᠰ ᠤᠨ ᠭᠡᠷ᠎ᠡ ᠶᠢ ᠳᠠᠷᠵᠠ ᠶᠢᠨ ᠰᠢᠭᠦᠮᠵᠢᠯᠡᠨ ᠶᠠᠷᠢᠬᠤ ᠳᠤ ᠳᠤᠪᠴᠢᠨ᠄

᠊᠊᠊᠊᠊᠊᠊᠊᠊᠊᠊᠊᠊᠊᠊ ᠳᠠ ᠨᠡᠷ ᠲᠤ ᠳᠡᠭᠡᠳᠦᠰ ᠢ ᠰᠢᠭᠦᠮᠵᠢᠯᠡᠨ ᠭᠡᠯᠡᠯᠴᠡᠭᠦ ᠶᠤᠰᠤ ᠪᠠᠢ᠌ᠬᠤ ᠦᠭᠡᠶ ᠭᠡᠵᠤ ᠠᠭᠤᠷᠯᠠᠵᠤ ᠪᠠᠢ᠌ᠨ᠎ᠠ᠃ ᠬᠤᠵᠢᠮ ᠨᠢ ᠳᠦᠷᠤ ᠣᠯᠤᠰ ᠢ ᠣᠰᠠᠳᠬᠠᠬᠤ ᠬᠤᠤᠪᠢᠯᠳᠤᠭᠠᠨ ᠪᠣᠯᠵᠤ ᠪᠠᠢ᠌ᠬᠤ ᠳᠤ ᠳᠤᠪᠴᠢᠨ ᠠᠯᠠᠭ᠎ᠠ ᠬᠠᠪᠰᠤᠷᠤᠨ᠂ ᠦᠷᠦᠭᠡᠰᠤᠨ ᠨᠢᠳᠤ ᠪᠠᠨ ᠠᠨᠢᠵᠤ ᠬᠤᠭᠤᠯᠠᠢ ᠳᠠᠭᠠᠨ ᠢᠨᠢᠶᠠᠨ᠂

᠊᠊᠊᠊᠊᠊᠊᠊᠊᠊᠊᠊᠊᠊᠊ ᠪᠢᠴᠢᠭ᠌ ᠴᠡᠷᠢᠭ᠌ ᠤᠨ ᠲᠦᠰᠢᠮᠠᠤᠨ ᠪᠢᠳᠠᠨ ᠢ ᠳᠦᠷᠤ ᠶᠢᠨ ᠠᠯᠪᠠᠨ ᠳᠤ ᠭᠡᠷᠡᠭᠯᠡᠨ᠂ ᠴᠡᠯᠢᠩ ᠹᠦᠩᠯᠤ ᠶᠢ ᠭᠦᠷᠳᠡᠭᠡᠵᠤ ᠪᠠᠢ᠌ᠬᠤ ᠶᠢ ᠭᠦᠰᠡᠵᠤ ᠪᠠᠢ᠌ᠨ᠎ᠠ᠃ ᠭᠠᠮᠢᠩ ᠨᠢᠷᠭᠡᠭᠦᠯᠵᠤ᠂ ᠪᠠᠷᠤᠨ ᠳᠤᠪᠳᠤᠯᠤᠨ ᠣᠷᠤᠵᠤ ᠢᠷᠡᠭᠦ ᠳᠤ ᠳᠤᠪᠴᠢᠨ ᠭᠡᠮ ᠦᠭᠡᠶ ᠴᠢᠷᠠᠢ᠌ᠯᠠᠵᠤ᠂ ᠨᠢᠯᠤᠭᠤᠨ ᠠᠷᠭ᠎ᠠ ᠭᠡᠷᠡᠭᠯᠡᠨ᠂ ᠮᠦᠨ ᠴᠤ ᠦᠨᠳᠦᠷ ᠳᠤᠰᠢᠶᠠᠯ ᠭᠦᠷᠳᠡᠭᠡᠳ᠂ ᠬᠤᠪᠢᠰᠬᠠᠯᠴᠢᠳ ᠲᠤ ᠪᠠᠯᠠᠭ ᠳᠠᠷᠢᠵᠤ ᠡᠭᠡᠨᠡᠷ ᠶᠢᠡᠨ ᠭᠦᠷᠳᠡᠯ᠎ᠡ ᠣᠯᠠᠭᠠᠨ ᠤ ᠳᠠᠩᠨᠠᠭᠤᠯ ᠭᠡᠮᠡᠨ ᠬᠠᠷᠠᠳᠠᠵᠤ᠂ ᠴᠠᠭᠠᠠᠳᠠᠨ ᠤ ᠭᠠᠷ ᠲᠤ ᠳᠠᠮᠤᠯᠠᠭᠤᠯᠵᠤ ᠪᠠᠢ᠌ᠨ᠎ᠠ᠃ ᠳᠤᠪᠴᠢᠨ ᠰᠢᠭ ᠡᠢ᠌ᠮᠤ ᠭᠡᠷᠡᠭ᠌ ᠭᠡᠷᠴᠡᠭᠡᠢ᠂ ᠵᠢᠰᠤᠷ ᠪᠢᠯᠳᠠᠤᠴᠢ ᠨᠡᠷ ᠬᠤᠪᠢ ᠭᠦᠮᠤᠨ ᠤ ᠠᠮᠢᠳᠤᠷᠠᠯ ᠳᠤ ᠴᠤ ᠳᠠᠷᠠ ᠬᠤᠪᠢᠰᠬᠠᠯ ᠤᠨ ᠭᠡᠷᠡᠭ᠌ ᠲᠤ ᠴᠤ ᠳᠠᠷᠠ ᠬᠤᠤᠷ ᠲᠡᠶ ᠪᠢᠯᠠ᠃

ᠴ·ᠯᠤᠳᠣᠢ᠌ᠳᠠᠮᠪᠠ 《ᠳᠤᠩᠭ᠋ᠠᠯᠠᠭ ᠳᠠᠮᠢᠷ》 ᠭᠡᠮᠡᠭᠦ ᠷᠤᠮᠠᠨ ᠳᠠᠭᠠᠨ ᠭᠠᠳᠠᠭᠠᠳᠤ ᠶᠢᠨ ᠡᠵᠡᠷᠭᠡᠭ᠌ ᠳᠦᠷᠢᠮᠡᠭᠡᠢ ᠨᠡᠷ ᠭᠢᠭᠡᠳ ᠳᠤᠳᠤᠭᠠᠳᠤ ᠶᠢᠨ ᠰᠢᠷ᠎ᠠ ᠬᠠᠷ᠎ᠠ ᠬᠠᠷᠭᠢᠰ ᠤᠳ ᠤᠨ ᠡᠰᠡᠷᠭᠦ ᠠᠶᠠᠠᠳᠠᠭᠠᠨ ᠭᠠᠷᠤᠭᠰᠠᠨ ᠠᠷᠠᠤᠨ ᠲᠦᠮᠡᠨ ᠤ ᠳᠤᠷ᠎ᠠ ᠥᠭᠡᠢ᠌ᠴᠡᠯ ᠰᠦᠷᠳᠤ ᠬᠤᠪᠢᠰᠬᠠᠯ ᠪᠣᠯᠤᠨ ᠳᠡᠯᠭᠡᠷᠡᠵᠤ ᠪᠠᠢ᠌ᠭ᠎ᠠ ᠶᠢ ᠬᠠᠷᠠᠭᠤᠯᠵᠠᠢ᠃

ᠭᠠᠮᠢᠩ ᠪᠠᠷᠤᠨ ᠤ ᠶᠠᠷᠭᠠᠯᠠᠯ ᠪᠠᠳᠮᠠᠳᠤᠷᠵᠢ ᠱᠠᠠᠵᠠᠪ᠂ ᠵᠠᠶ᠎ᠠ ᠶᠢᠨ ᠭᠡᠭᠡᠨ ᠤ ᠭᠢᠨ ᠤ ᠪᠣᠵᠠᠷ ᠪᠣᠯᠠᠢ ᠭᠡᠷᠡᠭ᠌᠂ ᠳᠤᠪᠴᠢᠨ ᠨᠤᠭᠤᠳ ᠤᠨ ᠭᠦᠮᠤᠨ ᠤ ᠦᠨᠦᠷ ᠦᠭᠡᠶ ᠰᠢᠠᠵᠢ ᠶᠢ ᠮᠠᠯᠴᠢᠨ ᠲᠦᠮᠡᠨ ᠡᠷᠳᠡᠨᠢ ᠰᠢᠭ᠌ ᠣᠬᠠᠭᠠᠷᠠᠵᠤ᠂ ᠰᠦᠬᠡ‍ᠪᠠᠭᠠᠲᠤᠷ ᠤᠨ ᠵᠢᠯᠤᠭᠤᠳᠤᠯᠭ᠎ᠠ ᠪᠠᠷ ᠫᠧᠲ᠋ᠷᠴᠤᠳ ᠤᠨ ᠳᠤᠰᠠᠯᠠᠮᠵᠢᠳᠠᠢ ᠪᠠᠷ ᠳᠠᠮᠠᠴᠠᠯ ᠳᠤ ᠨᠢᠭᠡᠳᠤᠨ ᠪᠣᠰᠴᠤ ᠬᠤᠪᠢᠰᠬᠠᠯ ᠭᠢᠵᠤ ᠪᠠᠢ᠌ᠨ᠎ᠠ᠃ ᠳᠦᠷᠤ ᠶᠢᠨ ᠭᠡᠷᠡᠭ᠌ ᠨᠠᠳᠠ ᠬᠠᠮᠢᠶ᠎ᠠ ᠦᠭᠡᠶ ᠭᠡᠵᠤ ᠦᠵᠡᠨ᠂ ᠠᠮᠢ ᠬᠤᠪᠢ ᠪᠠᠨ ᠪᠣᠳᠤᠵᠤ ᠶᠠᠪᠣᠭᠰᠠᠨ ᠭᠡᠷᠡᠯ ᠭᠡᠦᠭᠡᠨ ᠰᠢᠭ᠌ ᠭᠦᠮᠦᠰ ᠭᠦᠷᠳᠡᠯ᠎ᠡ ᠡᠨᠡ ᠳᠠᠮᠠᠴᠠᠯ ᠳᠤ ᠬᠠᠮᠤᠷᠤᠭᠳᠠᠨ᠂ ᠬᠤᠪᠢᠰᠬᠠᠯ ᠤᠨ ᠭᠡᠷᠡᠭ᠌ ᠢ ᠠᠮᠢ ᠪᠠᠷ ᠶᠢᠡᠨ ᠬᠠᠮᠠᠭᠠᠯᠠᠵᠤ ᠪᠠᠢ᠌ᠨ᠎ᠠ᠂ ᠬᠤᠪᠢᠰᠬᠠᠯ ᠢᠯᠠᠬᠤ ᠲᠡᠶ ᠵᠡᠷᠭᠡ ᠭᠦᠳᠡᠯᠮᠦᠷᠢᠴᠢ ᠲᠦᠮᠡᠨ ᠳᠦᠷᠤ ᠶᠢᠨ ᠠᠵᠢᠯ ᠢ ᠭᠠᠷ ᠲᠠᠭᠠᠨ ᠠᠪᠴᠤ᠂ 《ᠣᠷᠢᠳᠤ ᠪᠣᠳᠤᠵᠤ ᠪᠠᠢ᠌ᠭ᠎ᠠ ᠦᠭᠡᠶ ᠶᠠᠭᠤᠮ᠎ᠠ ᠶᠢ ᠪᠣᠳᠤᠵᠤ ᠣᠯᠬᠤ᠂ ᠰᠢ᠌ᠤᠠᠴᠤ ᠪᠠᠢ᠌ᠭ᠎ᠠ ᠦᠭᠡᠶ ᠶᠠᠭᠤᠮ᠎ᠠ ᠶᠢ ᠰᠢ᠌ᠳᠭᠦ᠂ ᠪᠦᠭᠦ ᠶᠠᠭᠤᠮ᠎ᠠ ᠶᠢ ᠳᠦᠷᠤ ᠣᠯᠤᠰ ᠤᠨ ᠡᠮᠦᠨ᠎ᠡ ᠡᠴᠡ ᠬᠠᠷᠠᠬᠤ ᠭᠡᠷᠡᠭ᠍ᠳᠡᠢ》 ᠪᠣᠯᠵᠤ ᠪᠠᠢ᠌ᠨ᠎ᠠ᠃ ᠰᠦᠬᠡ‍ᠪᠠᠭᠠᠲᠤᠷ ᠤᠨ ᠣᠳᠤᠷᠢᠳᠤᠭᠰᠠᠨ ᠨᠠᠮ ᠳᠦᠷᠤ ᠶᠢ ᠣᠳᠤᠷᠢᠳᠤᠨ ᠴᠢᠭᠯᠡᠭᠦᠯᠵᠤ ᠡᠷᠳᠡᠨᠢ᠂ ᠪᠠᠳᠤ᠂ ᠵᠢᠷᠭᠠᠯ ᠨᠡᠷ ᠪᠠᠷᠭᠡᠰᠢᠶᠡᠯ ᠰᠠᠭᠠᠤᠨ ᠡᠴᠡ ᠠᠶᠤᠵᠤ ᠬᠤᠯᠴᠢᠯ ᠦᠭᠡᠶ ᠵᠤᠷᠢᠭᠯᠠᠨ ᠶᠠᠪᠣᠵᠤ᠂ ᠳᠦᠷᠤ ᠶᠢᠨ ᠪᠣᠳᠤᠯᠭ᠎ᠠ ᠶᠢ ᠪᠠᠶᠡᠯᠡᠭᠦᠯᠵᠤ ᠪᠠᠢ᠌ᠯ᠎ᠠ᠃ ᠨᠠᠮ᠂ ᠳᠦᠷᠤ ᠪᠠᠨ ᠳᠠᠮᠤᠷ᠂ ᠳᠤᠯᠵᠢᠨ᠂ ᠳᠤᠯᠮ᠎ᠠ᠂ ᠨᠢᠮ᠎ᠠ᠂ ᠢᠳᠡᠭᠡᠯᠳᠤ ᠰᠢᠭ᠌ ᠦᠢ ᠲᠦᠮᠡᠨ ᠭᠦᠷᠢᠶᠡᠯᠡᠨ ᠨᠢᠭᠳᠠᠷᠠᠵᠤ᠂ ᠳᠠᠳᠠᠨ ᠤ ᠪᠠᠷᠢᠮᠳᠠᠯᠠᠭᠰᠠᠨ ᠦᠨᠡᠨ ᠢ ᠳᠠᠭᠠᠵᠤ᠂ ᠡᠷᠭᠡ ᠴᠢᠯᠦᠭᠡ᠂ ᠵᠤᠯ ᠵᠢᠷᠭᠠᠯ ᠢ ᠠᠮᠢ ᠪᠠᠶ᠎ᠠ ᠪᠠᠷ ᠶᠢᠡᠨ ᠬᠠᠮᠠᠭᠠᠯᠠᠵᠤ ᠪᠠᠢ᠌ᠨ᠎ᠠ᠃ ᠡᠰᠡᠷᠭᠦᠤ ᠪᠣᠰᠤᠯᠭ᠎ᠠ ᠳᠠᠷᠤᠭᠳᠠᠮᠠᠭᠴᠠ ᠠᠮᠢ ᠨᠠᠭᠠᠨ᠎ᠠ ᠳᠠᠮᠤ ᠴᠠᠭᠠᠨ᠎ᠠ ᠠᠭᠤᠯᠠᠨ ᠳᠤ ᠣᠷᠭᠤᠨ ᠭᠠᠷᠤᠭᠰᠠᠨ ᠳᠦᠭ᠍ᠵᠢᠯ᠂ ᠴᠠᠮᠪᠠ ᠬᠤᠶᠠᠷ ᠢ ᠣᠷᠠᠨ ᠠᠷᠭ᠎ᠠ᠂ ᠡᠷᠡᠮᠡᠭ᠌ ᠵᠤᠷᠢᠭ᠂ ᠣᠷᠠᠨ ᠭᠦᠳᠡᠯᠭᠡᠭᠡᠨ ᠶᠢᠡᠷ ᠶᠢᠡᠨ ᠮᠠᠢ᠌ᠬᠠᠨ ᠳᠤᠤᠷ᠎ᠠ ᠨᠢ ᠳᠠᠷᠤᠭᠠᠤᠨ ᠳᠤᠯᠮ᠎ᠠ᠄ 《ᠣᠪᠣᠢ᠌ᠭᠰᠠᠨ ᠭᠠᠵᠠᠷ ᠨᠢ ᠪᠦᠳᠦᠭᠦᠨ ᠪᠠᠭᠠᠨ᠎ᠠ ᠪᠠᠷ ᠴᠤᠭᠢᠬᠤ ᠪᠦᠷᠢ ᠳᠡᠭᠡᠨ 〈ᠳᠠᠮᠤᠷ ᠤᠨ ᠮᠢᠨᠢ ᠬᠠᠷᠢᠭᠤ〉 ᠭᠡᠵᠤ ᠰᠡᠳᠭᠢᠯ ᠳᠡᠭᠡᠨ ᠥᠭᠡᠯᠡᠵᠤ》 ᠪᠠᠢ᠌ᠨ᠎ᠠ᠃

ᠪᠢᠳᠠ 《ᠳᠤᠩᠭ᠋ᠠᠯᠠᠭ ᠳᠠᠮᠢᠷ》 ᠊ᠢ ᠣᠩᠰᠢᠭᠠᠤᠨ᠂ ᠮᠤᠩᠭ᠋ᠤᠯ ᠊᠊᠊᠊᠊᠊᠊᠊᠊᠊᠊᠊᠊᠊᠊ ᠵᠦᠪᠯᠠᠯᠳᠤ ᠶᠢᠨ ᠠᠷᠠᠤᠨ ᠲᠦᠮᠡᠨ ᠤ ᠢᠠᠲ᠋ᠸᠷᠨᠠᠼᠢᠤᠨᠠᠯᠴᠢ᠂ ᠠᠬ᠎ᠠ ᠳᠡᠭᠦᠤ ᠶᠢᠨ ᠨᠠᠢ᠌ᠷᠠᠮᠳᠠᠯ ᠤᠨ ᠡᠭᠦᠰᠦᠯ ᠭᠦᠭ᠍ᠵᠢᠯ᠂ ᠰᠢᠯᠭᠠᠯᠳᠠ ᠶᠢ ᠳᠤᠩᠭ᠋ᠠᠯᠠᠭ ᠳᠤᠯᠢ ᠳᠤ ᠬᠠᠷᠠᠵᠤ ᠪᠠᠢ᠌ᠭ᠎ᠠ ᠶᠤᠮ ᠰᠢᠭ ᠬᠠᠷᠠᠯ᠎ᠠ᠃ ᠪᠦᠷ ᠬᠤᠪᠢᠰᠬᠠᠯ ᠡᠴᠡ ᠡᠮᠦᠨ᠎ᠡ ᠬᠤᠳᠠᠯᠳᠤᠭᠠᠴᠢᠨ ᠫᠡᠪᠯᠦᠧ ᠤᠨ ᠵᠠᠷᠤᠴᠠ᠂ ᠪᠤᠯᠱᠸᠸᠢᠭ᠌ ᠫᠧᠲ᠋ᠷ᠂ ᠮᠠᠯᠴᠢᠨ ᠠᠷᠠᠤᠨ ᠤᠨ ᠶᠠᠳᠠᠭᠤ ᠵᠦᠳᠡᠭᠦᠤ ᠠᠮᠢᠳᠤᠷᠠᠯ᠂ ᠡᠵᠡᠳ ᠨᠤᠶᠠᠤᠨ ᠤᠨ ᠳᠡᠭᠡᠷᠡᠩᠭᠦᠢ ᠬᠠᠷᠭᠢᠰ ᠰᠢᠠᠵᠢ ᠶᠢᠨ ᠣᠴᠢᠷ ᠰᠢᠯᠳᠠᠭᠠᠨ ᠢ ᠥᠭᠦᠯᠡᠭᠡᠳ᠂

᠊᠊᠊᠊᠊᠊᠊᠊᠊᠊᠊᠊᠊᠊᠊ ᠭᠤᠤᠯ ᠨᠢ ᠣᠯᠠᠨ ᠭᠦᠮᠤᠨ ᠨᠢᠭᠡᠳᠪᠠᠯ ᠶᠠᠭᠤ ᠶᠢ ᠴᠤ ᠳᠠᠢ᠌ᠯᠵᠤ ᠣᠯᠵᠤ ᠴᠢᠳᠠᠳᠠᠭ ᠶᠤᠮ ᠭᠡᠵᠤ ᠡᠷᠳᠡᠨᠢ ᠳᠤ ᠳᠤᠳᠤᠨᠤᠴᠢᠯᠠᠨ ᠭᠡᠯᠡᠵᠤ ᠪᠠᠢ᠌ᠨ᠎ᠠ᠃ ᠡᠭᠦᠨ ᠤ ᠦᠨᠡᠨ ᠪᠣᠯᠬᠤ ᠶᠢ ᠡᠷᠳᠡᠨᠢ ᠦᠪᠡᠷ ᠤᠨ ᠶᠢᠡᠨ ᠠᠮᠢᠳᠤᠷᠠᠯ ᠶᠢᠡᠷ ᠣᠢ᠌ᠯᠠᠭᠠᠵᠤ ᠶᠠᠪᠣᠨ᠎ᠠ᠃ ᠫᠧᠲ᠋ᠷ ᠤᠨ ᠡᠨᠡ ᠥᠭᠡ ᠮᠠᠯᠴᠢᠨ ᠣᠯᠠᠨ ᠤ ᠰᠡᠳᠭᠢᠯ ᠢ ᠡᠵᠡᠮᠳᠡᠨ ᠠᠪᠴᠤ᠂ ᠶᠠᠮᠠᠷ ᠴᠤ ᠬᠠᠷᠭᠢᠰᠯᠠᠯ ᠳᠤ ᠢᠯᠠᠭᠳᠠᠰᠢ ᠦᠭᠡᠶ ᠭᠦᠴᠤᠨ ᠪᠣᠯᠵᠤ ᠬᠤᠪᠢᠷᠠᠭᠰᠠᠨ ᠶᠤᠮ᠃ ᠠᠷᠠᠤᠨ ᠤᠨ ᠬᠤᠪᠢᠰᠬᠠᠯ ᠤᠨ ᠳᠠᠷᠠᠭ᠎ᠠ ᠴᠤ ᠭᠡᠰᠡᠨ ᠫᠧᠲ᠋ᠷ ᠵᠦᠪᠯᠠᠯᠳᠤ ᠵᠠᠰᠠᠭ ᠤᠨ ᠪᠣᠳᠤᠯᠭ᠎ᠠ᠂ ᠯᠸᠨᠢᠨ ᠤ ᠦᠵᠡᠯ ᠢ ᠡᠷᠳᠡᠨᠢ ᠳᠤ ᠳᠠᠢ᠌ᠯᠪᠣᠷᠢᠯᠠᠨ ᠶᠠᠷᠢᠵᠤ ᠶᠠᠪᠣᠨ᠎ᠠ᠃ ᠡᠷᠳᠡᠨᠢ ᠵᠦᠪᠯᠠᠯᠳᠤ ᠶᠢᠨ ᠠᠷᠠᠤᠨ ᠲᠦᠮᠡᠨ ᠤ ᠳᠤᠰᠠᠯᠠᠮᠵᠢ ᠶᠢ ᠨᠢᠳᠤ ᠪᠠᠷ ᠶᠢᠡᠨ ᠦᠵᠡᠵᠤ᠂ ᠠᠮᠢᠳᠤᠷᠠᠯ ᠶᠢᠡᠷ ᠶᠢᠡᠨ ᠭᠦᠷᠳᠡᠵᠤ ᠶᠠᠪᠣᠭ᠎ᠠ ᠳᠠᠭᠠᠨ ᠪᠠᠬᠠᠷᠬᠠᠨ ᠭᠡᠯᠡᠭᠦ ᠳᠡᠭᠡᠨ᠄

᠊᠊᠊᠊᠊᠊᠊᠊᠊᠊᠊᠊᠊᠊᠊ ᠳᠠ ᠨᠡᠷ ᠪᠢᠳᠠᠨ ᠳᠤ ᠶᠡᠭᠡ ᠳᠤᠰᠠ ᠪᠣᠯᠤᠯ᠎ᠠ ᠳ᠋ᠠ᠃ ᠳᠠ ᠪᠦᠭᠦᠨ ᠤ ᠠᠴᠢ ᠭᠦᠴᠤ ᠪᠠᠷ ᠣᠯᠤᠰ ᠣᠷᠤᠨ ᠳᠠᠭᠠᠨ ᠪᠢᠳᠠ ᠡᠵᠡᠨ ᠨᠢ ᠪᠣᠯᠪᠠ᠃ ᠮᠤᠩᠭ᠋ᠤᠯ ᠭᠦᠮᠤᠨ ᠡᠨᠡ ᠠᠴᠢ ᠶᠢ ᠦᠶ᠎ᠡ ᠶᠢᠨ ᠦᠶ᠎ᠡ ᠳᠤ ᠮᠠᠷᠳᠠᠬᠤ ᠦᠭᠡᠶ ᠭᠡᠵᠤ ᠪᠠᠢ᠌ᠨ᠎ᠠ᠃ ᠢᠩᠭᠢᠭᠡᠳ ᠳᠠᠷᠠ ᠬᠤᠶᠠᠷ ᠠᠷᠠᠤᠨ ᠤᠨ ᠬᠤᠪᠢᠰᠬᠠᠯ ᠤᠨ ᠰᠢᠠᠵᠢ ᠴᠢᠨᠠᠷ ᠤᠨ ᠳᠤᠬᠠᠢ᠂ ᠮᠤᠩᠭ᠋ᠤᠯ ᠊᠊᠊᠊᠊᠊᠊᠊᠊᠊᠊᠊᠊᠊᠊ ᠵᠦᠪᠯᠠᠯᠳᠤ ᠶᠢᠨ ᠠᠷᠠᠤᠨ ᠲᠦᠮᠡᠨ ᠤ ᠠᠬ᠎ᠠ ᠳᠡᠭᠦᠤ ᠶᠢᠨ ᠨᠠᠢ᠌ᠷᠠᠮᠳᠠᠯ ᠤᠨ ᠭᠡᠳᠤ ᠶᠢᠨ ᠲᠦᠯᠤᠪ ᠤᠨ ᠳᠤᠬᠠᠢ ᠭᠦᠭᠡᠷᠦᠯᠳᠦᠵᠤ ᠪᠠᠢ᠌ᠨ᠎ᠠ᠃ ᠡᠷᠳᠡᠨᠢ ᠫᠧᠲ᠋ᠷ ᠬᠤᠶᠠᠷ ᠤᠨ ᠨᠥᠭᠦᠷᠯᠡᠯ ᠪᠣᠯ ᠮᠤᠩᠭ᠋ᠤᠯ ᠊᠊᠊᠊᠊᠊᠊᠊᠊᠊᠊᠊᠊᠊᠊ ᠵᠦᠪᠯᠠᠯᠳᠤ ᠶᠢᠨ ᠠᠷᠠᠤᠨ ᠲᠦᠮᠡᠨ ᠤ ᠠᠬ᠎ᠠ ᠳᠡᠭᠦᠤ ᠶᠢᠨ ᠪᠠᠷᠢᠯᠳᠤᠯᠭ᠎ᠠ ᠶᠢᠨ ᠳᠤᠯᠢ ᠮᠦᠨ᠃

ᠣᠩᠰᠢᠭᠴᠢ ᠶᠢᠨ ᠰᠡᠳᠭᠢᠯ ᠢ ᠪᠣᠯᠢᠶᠠᠬᠤ ᠣᠷᠠᠨ ᠵᠤᠬᠢᠶᠠᠯ ᠤᠨ ᠣᠪᠠᠳᠢᠰ ᠪᠣᠯ ᠭᠦᠮᠦᠵᠢᠯ ᠤᠨ ᠬᠠᠮᠳᠤ ᠰᠢᠮ᠎ᠠ ᠶᠢ ᠰᠢᠩᠭᠡᠭᠡᠭ᠍ᠰᠡᠨ ᠣᠷᠠᠨ ᠳᠦᠷᠢ ᠪᠢᠯᠠ᠃ ᠵᠤᠬᠢᠶᠠᠯᠴᠢ ᠯ·ᠳᠦᠳᠤᠪ 1967 ᠣᠨ ᠳᠤ ᠪᠢᠴᠢᠭ᠍ᠰᠡᠨ 《ᠰᠡᠳᠭᠢᠯ ᠡᠵᠡᠮᠳᠡᠨ ᠳᠠᠭᠤᠯᠠᠭᠴᠢ》 ᠭᠡᠮᠡᠭᠦ ᠥᠭᠦᠯᠡᠯ ᠳᠡᠭᠡᠨ᠄

᠊᠊᠊᠊᠊᠊᠊᠊᠊᠊᠊᠊᠊᠊᠊ ᠭᠦᠮᠤᠨ ᠤ ᠠᠮᠢᠳᠤᠷᠠᠯ ᠢ ᠨᠠᠪᠳᠠ ᠬᠠᠷᠠᠵᠤ ᠰᠡᠳᠭᠢᠯ ᠤᠨ ᠲᠦᠮᠡᠨ ᠡᠭᠡᠰᠢᠭ᠌ ᠠᠪᠢᠶ᠎ᠠ ᠶᠢ ᠨᠢᠭᠡ ᠳᠤ ᠨᠢᠭᠡᠨ ᠦᠭᠡᠶ ᠰᠤᠩᠭ᠋ᠤᠨ ᠢᠯᠭᠠᠵᠤ᠂ ᠵᠢᠷᠦᠭᠡᠨ ᠤ ᠳᠤᠰᠢᠶᠠᠯ ᠶᠢᠡᠷ ᠪᠢᠴᠢᠳᠡᠭ᠌ ᠭᠦᠮᠤᠨ ᠤ ᠥᠵᠦᠭ᠌ ᠤᠨ ᠳᠤᠤᠷ᠎ᠠ ᠡᠴᠡ 《ᠳᠤᠩᠭ᠋ᠠᠯᠠᠭ ᠳᠠᠮᠢᠷ》 ᠣᠷᠤᠰᠤᠨ ᠭᠠᠷᠴᠠᠢ ᠭᠡᠵᠤ ᠪᠢᠴᠢᠵᠠᠢ᠃ ᠥᠨᠡᠭᠡᠷ ᠳᠠᠢ᠌ᠮᠤ ᠡ᠃ 《ᠳᠤᠩᠭ᠋ᠠᠯᠠᠭ ᠳᠠᠮᠢᠷ》 ᠷᠤᠮᠠᠨ ᠤ ᠨᠢᠭᠡ ᠵᠠᠭᠤᠨ ᠭᠤᠴᠢᠭᠠᠤᠨ ᠪᠠᠭᠠᠳᠤᠷ ᠪᠦᠷᠢ ᠶᠢᠨ ᠵᠠᠩ ᠳᠦᠷᠭᠦ᠂ ᠬᠤᠪᠢ ᠵᠠᠶᠠᠭ᠎ᠠ᠂ ᠥᠭᠡᠷ᠎ᠡ ᠥᠭᠡᠷ᠎ᠡ ᠪᠢᠯᠠ᠃ ᠳᠠᠷᠠ ᠨᠢ ᠶᠡᠷᠦᠩᠭᠡᠢ ᠳᠡᠭᠡᠨ ᠭᠤᠷᠪᠠᠨ ᠦᠶ᠎ᠡ ᠶᠢᠨ ᠭᠦᠮᠤᠨ ᠤ ᠰᠢᠠᠵᠢ ᠳᠦᠷᠭᠦ᠂ ᠦᠵᠡᠯ ᠰᠠᠨᠠᠭ᠎ᠠ᠂ ᠬᠤᠪᠢ ᠵᠠᠶᠠᠭ᠎ᠠ ᠶᠢ ᠳᠤᠷᠠᠢ᠌ᠯᠭᠠᠵᠤ ᠪᠠᠢ᠌ᠨ᠎ᠠ᠃ ᠨᠢᠭᠡᠳᠦᠭᠡᠷ ᠦᠶ᠎ᠡ ᠶᠢᠨ ᠭᠢᠨ ᠨᠢ ᠬᠠᠮᠵᠢᠯᠭᠠᠳᠤ ᠨᠡᠢ᠌ᠭᠡᠮ ᠤᠨ ᠬᠠᠷᠠᠩᠭ᠋ᠤᠢ ᠶᠤᠰᠤ᠂ ᠪᠣᠷᠬᠠᠨ ᠱᠠᠰᠢᠨ ᠤ ᠪᠣᠷᠤᠩᠬᠤᠢ ᠨᠤᠮᠯᠠᠯ ᠳᠤ ᠳᠣᠢ᠌ᠷᠠᠨ ᠮᠠᠩᠰᠢᠭᠤᠷᠠᠵᠤ᠂ ᠠᠮᠢᠳᠤᠷᠠᠯ ᠤᠨ ᠶᠢᠡᠨ ᠰᠠᠢ᠌ᠨ ᠰᠠᠢ᠌ᠬᠠᠨ ᠢ ᠬᠣᠢ᠌ᠳᠤ ᠨᠠᠰᠤᠨ ᠳᠠᠭᠠᠨ ᠳᠠᠭᠠᠳᠬᠠᠨ ᠵᠠᠯᠪᠠᠷᠢᠵᠤ᠂ ᠡᠨᠡ ᠨᠠᠰᠤᠨ ᠤ ᠪᠠᠨ ᠵᠤᠪᠠᠯᠠᠩ ᠵᠦᠳᠡᠭᠦᠷᠢ᠂ ᠣᠢ ᠭᠠᠰᠢᠭᠤᠨ ᠢ ᠭᠦᠯᠢᠴᠡᠨ ᠨᠠᠮᠠᠠᠴᠢᠯᠠᠵᠤ ᠶᠠᠪᠣᠨ᠎ᠠ᠃ ᠳᠤᠯᠵᠢᠨ᠂ ᠭᠡᠰᠢᠭ᠍ᠳᠤ ᠨᠡᠷ ᠤᠨ ᠳᠦᠷᠢ ᠶᠠᠭ ᠡᠢ᠌ᠮᠤ ᠪᠢᠯᠠ᠃ ᠡᠢ᠌ᠮᠤ ᠪᠠᠢ᠌ᠳᠠᠯ ᠨᠢ ᠨᠡᠢ᠌ᠭᠡᠮ ᠤᠨ ᠪᠦᠭ᠍ᠴᠢᠮ ᠬᠠᠷᠠᠩᠭ᠋ᠤᠢ ᠡᠴᠡ ᠭᠠᠷᠴᠤ ᠣᠬᠠᠭᠠᠨ ᠮᠠᠳᠠᠷᠠᠯ ᠶᠢᠡᠨ ᠰᠡᠷᠭᠦᠭᠡᠭᠦ ᠳᠤ ᠶᠠᠮᠠᠷ ᠴᠤ ᠬᠤᠪᠢ ᠨᠠᠮᠠᠷᠢ ᠣᠷᠤᠭᠤᠯᠵᠤ ᠴᠢᠳᠠᠭ᠎ᠠ ᠦᠭᠡᠶ ᠬᠠᠷᠢᠨ ᠨᠡᠷᠮᠡᠭᠡᠰᠤ ᠪᠣᠯᠵᠤ ᠪᠠᠢ᠌ᠭᠰᠠᠨ ᠳᠡᠦᠭᠡ ᠲᠡᠶ᠃ ᠡᠭᠦᠨ ᠤ ᠭᠠᠢ ᠪᠠᠷ ᠮᠤᠩᠭ᠋ᠤᠯ ᠣᠷᠤᠨ ᠬᠤᠴᠤᠷᠴᠤ ᠭᠦᠮᠤᠨ ᠠᠷᠠᠤᠨ ᠨᠢ ᠪᠣᠶᠠᠨ ᠭᠡᠰᠢᠭ᠌ ᠶᠢᠡᠨ ᠣᠭᠢᠶᠠᠴᠢᠬᠠᠭᠤᠵᠠᠢ ᠭᠡᠵᠤ ᠡᠮᠢᠶᠡᠭ᠍ᠰᠡᠭᠡᠷ ᠶᠠᠪᠣᠭᠠᠤᠨ ᠊ᠭ᠍‍ᠬᠢᠷ ᠪᠣᠷᠳᠠᠭ ᠡᠴᠡ ᠪᠠᠨ ᠰᠠᠯᠵᠤ ᠴᠢᠳᠠᠬᠤ ᠪᠠᠨ ᠪᠣᠯᠢᠭᠰᠠᠨ ᠪᠠᠢ᠌ᠯ᠎ᠠ᠃ ᠬᠤᠶᠠᠳᠤᠭᠠᠷ ᠦᠶ᠎ᠡ ᠶᠢᠨ ᠭᠢᠨ ᠨᠢ ᠳᠠᠮᠠᠴᠠᠯ ᠪᠣᠯ ᠨᠢᠭᠦᠯ ᠪᠢᠰᠢ ᠪᠣᠶᠠᠨ᠂ ᠭᠦᠳᠡᠯᠮᠦᠷᠢ ᠪᠣᠯ ᠳᠠᠮᠤ ᠪᠢᠰᠢ ᠵᠢᠷᠭᠠᠯ ᠮᠦᠨ ᠭᠡᠮᠡᠭ᠍ᠰᠡᠨ ᠬᠤᠪᠢᠰᠬᠠᠯ ᠤᠨ ᠪᠦᠷᠢᠶᠡᠨ ᠳᠠᠭᠤ ᠪᠠᠷ ᠣᠯᠠᠨ ᠵᠠᠭᠤᠨ ᠵᠢᠯ ᠤᠨ ᠨᠣᠢ᠌ᠷ ᠡᠴᠡ ᠰᠠᠷᠢᠵᠤ ᠪᠠᠢ᠌ᠨ᠎ᠠ᠃ ᠴᠢᠩ ᠵᠤᠷᠢᠭᠳᠤ ᠰᠦᠬᠡ‍ᠪᠠᠭᠠᠲᠤᠷ᠄

᠊᠊᠊᠊᠊᠊᠊᠊᠊᠊᠊᠊᠊᠊᠊ ᠪᠢᠳᠠ ᠨᠢᠭᠡᠨ ᠰᠠᠨᠠᠭ᠎ᠠ ᠨᠠᠢ᠌ᠳᠠ ᠶᠢᠨ ᠭᠦᠴᠤ ᠪᠠᠨ ᠨᠢᠭᠡᠳᠭᠡᠨ ᠵᠢᠳᠭᠦᠪᠠᠯ ᠭᠦᠷᠭᠦ ᠦᠭᠡᠶ ᠭᠠᠵᠠᠷ᠂ ᠮᠡᠳᠡᠭᠦ ᠦᠭᠡᠶ᠂ ᠴᠢᠳᠠᠬᠤ ᠦᠭᠡᠶ ᠶᠠᠭᠤᠮ᠎ᠠ ᠪᠠᠢ᠌ᠬᠤ ᠦᠭᠡᠶ᠃ ᠪᠢᠳᠠᠨ ᠳᠤ ᠣᠷᠤᠰ ᠤᠨ ᠠᠵᠢᠯᠴᠢᠨ᠂ ᠳᠠᠷᠢᠶᠠᠴᠢᠨ᠂ ᠵᠤᠪᠯᠠᠯᠳᠤ ᠵᠠᠰᠠᠭ ᠪᠤᠯᠱᠸᠸᠢᠭ᠌ ᠨᠠᠮ ᠳᠤᠰᠠᠯᠠᠨ᠎ᠠ ᠭᠡᠵᠤ ᠣᠯᠠᠨ ᠲᠦᠮᠡᠨ ᠳᠤ ᠢᠳᠡᠭᠡᠯ ᠳᠡᠭᠦᠰ ᠳᠤᠩᠬᠠᠭᠯᠠᠵᠤ ᠪᠠᠢ᠌ᠨ᠎ᠠ᠃ ᠰᠦᠬᠡ‍ᠪᠠᠭᠠᠲᠤᠷ ᠤᠨ ᠡᠨᠡ ᠥᠭᠡ ᠪᠠᠷ ᠢᠳᠡᠭᠡᠯ᠂ ᠵᠤᠷᠢᠭ ᠡᠪ ᠨᠢᠭᠡᠳᠦᠯ ᠶᠢᠡᠨ ᠪᠣᠯᠭᠠᠭᠰᠠᠨ ᠡᠷᠳᠡᠨᠢ᠂ ᠭᠠᠯᠰᠠᠩ᠂ ᠬᠤᠶᠠᠭ᠂ ᠳᠤᠷᠵᠢ᠂ ᠳᠤᠯᠭᠠᠷ᠂ ᠳᠤᠯᠮ᠎ᠠ ᠨᠡᠷ ᠨᠡᠢ᠌ᠭᠡᠮ ᠢ ᠰᠢᠨᠠᠴᠢᠯᠠᠵᠤ᠂ ᠠᠭᠤᠯᠠ ᠶᠢ ᠡᠷᠭᠢᠭᠦᠯᠭᠦ ᠭᠦᠴᠦᠳᠡᠨ ᠨᠤᠭᠦᠳ ᠪᠣᠯᠵᠠᠢ᠃ ᠳᠠᠳᠠ ᠬᠤᠪᠢᠰᠬᠠᠯ ᠭᠢᠵᠤ ᠠᠮᠢᠳᠤᠷᠠᠯ ᠶᠢᠡᠨ ᠰᠢᠨ᠎ᠠ ᠪᠠᠷ ᠵᠤᠬᠢᠶᠠᠵᠤ ᠡᠭᠢᠯᠡᠯ᠎ᠡ᠃ ᠭᠤᠷᠪᠠᠳᠤᠭᠠᠷ ᠦᠶ᠎ᠡ ᠶᠢᠨ ᠭᠢᠨ ᠨᠢ ᠬᠤᠪᠢᠰᠬᠠᠯ ᠤᠨ ᠭᠡᠷᠡᠭ᠌ ᠢ ᠵᠠᠯᠭᠠᠮᠵᠢᠯᠠᠨ ᠠᠪᠴᠤ᠂ ᠭᠦᠡᠵᠡᠭᠡᠢ᠌ᠷᠡᠭᠦᠯᠤᠨ ᠰᠢᠨ᠎ᠠ ᠨᠡᠢ᠌ᠭᠡᠮ ᠢ ᠪᠠᠢ᠌ᠭᠤᠯᠬᠤ ᠰᠢᠡᠵᠢᠯᠡᠭᠦ ᠣᠬᠠᠭᠠᠨ ᠢ ᠡᠵᠡᠮᠰᠢᠭᠦ ᠬᠤᠪᠢ ᠵᠠᠶᠠᠭ᠎ᠠ ᠶᠢ ᠳᠡᠦᠭᠡ ᠶᠢᠨ ᠶᠠᠪᠣᠴᠠ ᠪᠠᠷ ᠭᠦᠯᠢᠶᠡᠵᠤ ᠠᠪᠣᠭᠰᠠᠨ ᠶᠤᠮ᠃ ᠳᠠᠢ᠌ᠮᠤ ᠬᠤᠪᠢ ᠵᠠᠶᠠᠭ᠎ᠠ ᠪᠠᠨ ᠬᠠᠮᠠᠭᠠᠯᠠᠨ ᠳᠠᠮᠠᠴᠠᠵᠤ ᠶᠠᠪᠣᠭ᠎ᠠ ᠪᠠᠳᠤ᠂ ᠵᠢᠷᠭᠠᠯ ᠨᠡᠷ ᠤᠨ ᠳᠦᠷᠢ ᠶᠢ ᠥᠵᠡᠭᠦ ᠳᠤ ᠪᠠᠬ᠎ᠠ ᠲᠡᠶ᠃

ᠣᠯᠠᠨ ᠤ ᠳᠤᠳᠤᠷ᠎ᠠ ᠡᠴᠡ ᠣᠠᠴᠤᠭᠤᠢ᠂ ᠳᠦᠷᠢ ᠨᠤᠭᠦᠳ ᠤᠨ ᠳᠤᠳᠤᠷ᠎ᠠ ᠡᠴᠡ ᠭᠤᠤᠯ ᠭᠡᠵᠤ ᠪᠣᠢ᠃ ᠡᠷᠳᠡᠨᠢ ᠶᠢᠨ ᠳᠦᠷᠢ ᠪᠣᠯ 《ᠳᠤᠩᠭ᠋ᠠᠯᠠᠭ ᠳᠠᠮᠢᠷ》 ᠷᠤᠮᠠᠨ ᠤ ᠣᠢ᠌ᠯᠠ ᠶᠠᠪᠣᠳᠠᠯ᠂ ᠦᠵᠡᠯ ᠰᠠᠨᠠᠭ᠎ᠠ᠂ ᠵᠦᠷᠢᠴᠠᠯ ᠳᠠᠮᠠᠴᠠᠯ ᠤᠨ ᠭᠦᠪᠦᠷᠡᠭᠦ ᠵᠠᠩᠭᠢᠷᠠᠬᠤ ᠭᠤᠤᠯ ᠭᠤᠭᠴᠤᠭ᠎ᠠ ᠪᠣᠯᠵᠤ ᠪᠠᠢ᠌ᠨ᠎ᠠ᠃ ᠵᠦᠪᠯᠠᠯᠳᠤ ᠶᠢᠨ ᠡᠷᠳᠡᠮᠳᠡᠨ ᠯ·ᠺ᠊·ᠭᠧᠷᠡᠰᠢᠮᠦᠸᠢᠴᠢ ᠶᠢᠨ ᠰᠢᠠᠵᠢᠯᠠᠨ ᠳ᠋ᠦᠩᠨᠡᠭ᠍ᠰᠡᠨ ᠶᠢᠡᠷ ᠡᠷᠳᠡᠨᠢ ᠵᠠᠷᠤᠴᠠ ᠶᠠᠳᠠᠭᠤ ᠡᠴᠡ ᠪᠠᠨ ᠣᠬᠠᠮᠰᠠᠷᠳᠠᠢ ᠬᠤᠪᠢᠰᠬᠠᠯᠴᠢ ᠪᠣᠯᠳᠠᠯ᠎ᠠ ᠪᠠᠨ ᠪᠠᠶ᠎ᠠ ᠪᠠᠶ᠎ᠠ ᠲᠡᠶ ᠪᠠᠨ ᠣᠷᠢᠶᠠᠴᠠᠯᠳᠤᠨ ᠡᠭᠡᠳᠡᠷᠡᠭ᠍ᠰᠡᠨ ᠨᠠᠷᠢᠨ ᠳᠦᠪᠠᠭ᠍ᠳᠡᠢ ᠣᠷᠳᠤ ᠵᠠᠮ ᠢ ᠳᠤᠭᠤᠯᠵᠠᠢ᠃ ᠳᠠᠷᠠ ᠨᠢ ᠨᠤᠳᠤᠭ ᠤᠨ ᠳᠠᠢ᠌ᠵᠢ ᠨᠡᠷ ᠤᠨ ᠳᠠᠷᠤᠯᠠᠯ ᠮᠦᠯᠵᠢᠯ ᠢ ᠳᠠᠰᠴᠤ ᠶᠠᠳᠠᠨ᠂ ᠴᠢᠯᠦᠭᠡᠳᠤ ᠠᠮᠢᠳᠤᠷᠠᠯ ᠢ ᠬᠠᠢ᠌ᠵᠤ᠂ ᠭᠡᠳᠤᠨ ᠵᠠᠭᠤᠨ ᠺᠢᠯᠤᠮᠸᠲ᠋ᠷ ᠢ ᠳᠤᠭᠤᠯᠤᠨ ᠨᠡᠭᠦᠵᠤ᠂ ᠠᠯᠳᠠᠢ ᠡᠴᠡ ᠬᠠᠩᠭ᠋ᠠᠢ ᠶᠢᠨ ᠨᠢᠷᠤᠭᠤ᠂ ᠳᠠᠮᠢᠷ ᠤᠨ ᠭᠤᠤᠯ ᠳᠤ ᠭᠦᠷᠴᠤ ᠢᠷᠡᠭ᠍ᠰᠡᠨ ᠪᠣᠯᠪᠠᠴᠤ ᠰᠠᠢ᠌ᠨ ᠰᠠᠢ᠌ᠬᠠᠨ ᠠᠮᠢᠳᠤᠷᠠᠯ ᠢ ᠣᠯᠵᠤ ᠥᠵᠡᠭ᠍ᠰᠡᠨ ᠦᠭᠡᠶ᠃ ᠡᠷᠳᠡᠨᠢ ᠪᠣᠯ ᠡᠴᠡᠵᠤ ᠶᠠᠳᠠᠷᠠᠬᠤ ᠶᠢ ᠮᠡᠳᠡᠳᠡᠭ᠌ ᠦᠭᠡᠶ᠂ ᠡᠷᠡᠯᠭᠡᠭ᠌ ᠵᠤᠷᠢᠭᠳᠠᠢ᠂ ᠳᠤᠩ ᠭᠡᠷᠰᠡᠤ᠂ ᠰᠢᠨᠳᠠᠷᠠᠰᠢ ᠦᠭᠡᠶ ᠡᠷ᠎ᠡ ᠪᠢᠯᠠ᠃ ᠳᠡᠭᠦᠨ ᠤ ᠪᠠᠨ ᠭᠦᠴᠤ ᠪᠠᠷ ᠵᠠᠶ᠎ᠠ ᠶᠢᠨ ᠭᠡᠭᠡᠨ ᠤ ᠭᠡᠢ᠌ᠳ ᠤᠨ ᠭᠢᠨ ᠤ ᠣᠵᠢᠳ ᠴᠡᠩᠭᠡᠯ᠂ ᠢᠳᠡᠭᠡᠯᠳᠤ ᠶᠢᠨ ᠣᠷᠠᠬ᠎ᠠ ᠡᠴᠡ ᠵᠢᠭᠤᠳᠠᠨ ᠵᠠᠢ᠌ᠯᠠᠵᠤ᠂ ᠶᠡᠭᠡ ᠭᠦᠷᠢᠶ᠎ᠡ ᠣᠷᠤᠵᠤ ᠢᠷᠡᠭᠡᠳ᠂ ᠮᠤᠩᠭ᠋ᠠᠨᠢᠵᠤ ᠶᠠᠪᠣᠭᠰᠠᠭᠠᠷ ᠵᠠᠮ ᠶᠢᠡᠨ ᠰᠠ‍‌ᠶᠢ ᠣᠯᠵᠤ ᠪᠠᠢ᠌ᠨ᠎ᠠ᠃ ᠡᠷᠳᠡᠨᠢ ᠶᠢᠨ ᠰᠡᠳᠭᠢᠯ ᠢ ᠴᠠᠭ ᠳᠦᠷᠤ ᠶᠢᠨ ᠥᠢᠮᠡᠭᠡᠨ ᠶᠡᠭᠡ ᠳᠠᠳᠠᠵᠤ᠂ ᠭᠠᠭᠴᠠᠬᠦ ᠬᠤᠪᠢᠰᠬᠠᠯ ᠨᠢᠳᠤ ᠶᠢ ᠨᠢ ᠨᠡᠭᠡᠭᠡᠵᠤ ᠥᠭ᠍ᠴᠡᠢ᠃ ᠠᠮᠢᠳᠤᠷᠠᠯ ᠤᠨ ᠶᠡᠭᠡ ᠰᠤᠷᠭᠠᠭᠤᠯᠢ ᠭᠤᠤᠯᠴᠢ᠂ ᠵᠠᠷᠴᠢᠮᠴᠢ ᠴᠢᠨᠠᠷ ᠢ ᠡᠷᠳᠡᠨᠢ ᠳᠤ ᠪᠣᠢ ᠪᠣᠯᠭᠠᠵᠠᠢ᠃ ᠡᠷᠳᠡᠨᠢ ᠬᠤᠪᠢᠰᠬᠠᠯ ᠤᠨ ᠠᠩᠬᠠᠨ ᠤ ᠡᠳᠦᠷ ᠡᠴᠡ ᠡᠭᠢᠯᠡᠭᠡᠳ ᠨᠠᠮ᠂ ᠣᠯᠤᠰ ᠤᠨ ᠠᠵᠢᠯ ᠳᠤ ᠵᠢᠳᠭᠦᠨ ᠶᠠᠪᠣᠭᠰᠠᠭᠠᠷ ᠶᠠᠮᠠᠷ ᠴᠤ ᠪᠣᠳᠤᠯᠢᠶᠠᠨ ᠲᠡᠶ ᠰᠢᠷᠦᠭᠦᠨ ᠦᠶ᠎ᠡ ᠳᠤ ᠨᠤᠶᠠᠨ ᠨᠢᠷᠤᠭᠤ ᠠᠯᠳᠠᠳᠠᠭ ᠦᠭᠡᠶ ᠨᠡᠢ᠌ᠭᠡᠮ᠂ ᠳᠦᠷᠤ ᠶᠢᠨ ᠵᠢᠳᠭᠦᠯᠳᠡᠨ ᠪᠣᠯᠵᠠᠢ᠃ ᠢᠩᠭᠢᠭᠦ ᠳᠤ ᠢᠳᠡᠭᠡᠯᠳᠤ ᠪᠣᠯ ᠠᠯᠢ ᠴᠤ ᠨᠡᠢ᠌ᠭᠡᠮ ᠤᠨ ᠶᠠᠮᠠᠷ ᠴᠤ ᠦᠶ᠎ᠡ ᠳᠤ᠂ ᠳᠠᠮᠠᠴᠠᠯ ᠳᠤᠯᠤᠯᠳᠤᠭᠠᠨ ᠤ ᠶᠠᠮᠠᠷ ᠴᠤ ᠡᠭᠡᠵᠢᠭ᠌ ᠲᠡᠶ ᠰᠢᠷᠦᠭᠦᠨ ᠴᠠᠭ ᠲᠤ ᠪᠠᠢ᠌ᠳᠠᠯ ᠢ ᠨᠠᠷᠢᠨ ᠠᠵᠢᠭᠯᠠᠵᠤ᠂ ᠠᠮᠢ ᠪᠠᠨ ᠠᠷᠭᠠᠯᠠᠵᠤ ᠠᠶᠠᠳᠠᠢ᠌ᠬᠠᠨ ᠠᠮᠢᠳᠤᠷᠠᠵᠤ ᠴᠢᠳᠠᠳᠠᠭ᠂ ᠶᠠᠭᠤᠮᠠᠨ ᠤ ᠡᠪ ᠢ ᠣᠯᠬᠤ ᠠᠪᠬᠠᠯᠵᠢᠳᠠᠢ ᠣᠪᠵᠢᠨ ᠭᠦᠮᠤᠨ ᠤ ᠳᠦᠷᠢ ᠮᠦᠨ᠃ ᠳᠠᠷᠠ ᠨᠢ ᠮᠠᠨ ᠤ ᠵᠠᠷᠢᠮ ᠰᠢᠭᠦᠮᠵᠢᠯᠡᠭ᠍ᠴᠢ ᠰᠤᠳᠤᠯᠤᠭᠴᠢ ᠨᠡᠷ ᠤᠨ ᠥᠵᠡᠳᠡᠭ᠌ ᠶᠢᠡᠷ ᠭᠧᠦᠷᠭᠢ ᠮᠸᠯᠸᠭᠦᠧ ᠤᠨ ᠬᠠᠭᠤᠯᠪᠣᠷᠢ ᠪᠢᠰᠢ᠂ ᠬᠠᠷᠢᠨ ᠰᠢᠳᠤᠷᠭᠤ᠂ ᠨᠢᠭᠦᠯᠡᠰᠦᠩᠭᠦᠢ᠂ ᠡᠯᠢᠭᠡᠰᠡᠭ᠌ ᠦᠪᠡᠷᠮᠢᠴᠠ ᠰᠢᠠᠵᠢ ᠲᠡᠶ ᠪᠢᠯᠠ᠃ ᠢᠳᠡᠭᠡᠯᠳᠤ ᠶᠠᠪᠣᠭᠠᠨ ᠳᠠᠭᠠᠨ ᠨᠠᠮ ᠤᠨ ᠪᠣᠳᠤᠯᠭ᠎ᠠ ᠶᠢᠨ ᠵᠦᠪ ᠢ ᠣᠢ᠌ᠯᠠᠭᠠᠵᠤ᠂ ᠶ‍ᠢᠷᠳᠢᠠᠴᠤ ᠶᠢ ᠥᠵᠡᠭᠦ ᠦᠵᠡᠯ ᠳᠤ ᠨᠢ ᠡᠷᠭᠢᠯᠳᠡ ᠭᠠᠷᠴᠤ ᠪᠠᠢ᠌ᠨ᠎ᠠ᠃ ᠮᠠᠨ ᠤ ᠣᠯᠠᠩᠭᠢ ᠰᠢᠭᠦᠮᠵᠢᠯᠡᠭ᠍ᠴᠢ᠂ ᠰᠤᠳᠤᠯᠤᠭᠴᠢ ᠢᠳᠡᠭᠡᠯᠳᠤ ᠶᠢ ᠬᠠᠮᠤᠭ ᠤᠨ ᠭᠦᠮᠦᠡᠯᠢᠭ᠌ ᠠᠶᠠᠳᠠᠢ᠌ᠬᠠᠨ ᠳᠦᠷᠢ ᠭᠡᠵᠤ ᠦᠨᠡᠯᠠᠵᠤ ᠢᠷᠠᠵᠠᠢ᠃ ᠳᠠᠮᠤᠷ ᠪᠣᠯ ᠡᠷᠳᠡᠨᠢ ᠲᠡᠶ ᠴᠤ᠂ ᠢᠳᠡᠭᠡᠯᠳᠤ ᠲᠡᠶ ᠴᠤ ᠠᠳᠠᠯᠢ ᠦᠭᠡᠶ᠂ ᠬᠤᠩᠭ᠋ᠤᠷ ᠲᠡᠶ ᠴᠤ ᠳᠦᠰᠭᠦᠢ ᠬᠠᠳᠠᠭᠤ ᠵᠤᠷᠢᠭᠳᠠᠢ᠂ ᠦᠨᠡᠠᠴᠢ ᠰᠢᠳᠤᠷᠭᠤ ᠨᠢᠩᠵᠢᠨ ᠰᠡᠳᠭᠢᠯ ᠲᠡᠶ ᠭᠦᠮᠤᠨ ᠤ ᠳᠦᠷᠢ ᠪᠢᠯᠠ᠃ ᠳᠠᠷᠠ ᠨᠢ ᠬᠠᠭᠤᠴᠢᠨ ᠴᠠᠭ ᠲᠤ ᠰᠠᠪᠠᠭ᠎ᠠ ᠦᠭᠡᠶ ᠳᠡᠭᠡᠨ ᠪᠢᠰᠢ᠂ ᠮᠥᠯᠵᠢᠯᠭᠡ ᠶᠢ ᠦᠵᠡᠨ ᠶᠠᠳᠠᠬᠤ ᠶᠢᠨ ᠡᠷᠭᠡ ᠪᠠᠷ 《ᠰᠠᠢ᠌ᠨ ᠡᠷ᠎ᠡ》 ᠵᠢᠨ ᠵᠠᠮ ᠶᠢᠡᠷ ᠶᠠᠪᠣᠵᠤ᠂ ᠠᠢ᠌ᠮᠠᠭ ᠬᠤᠰᠢᠭᠤ ᠠᠯᠭᠠᠰᠠᠨ ᠬᠤᠯᠠᠭᠠᠢ ᠭᠢᠵᠤ᠂ ᠶᠠᠳᠠᠭᠤᠴᠤᠳ ᠢ ᠲᠡᠳᠬᠦᠵᠤ ᠶᠠᠪᠣᠭᠰᠠᠨ ᠪᠣᠯᠪᠠᠴᠤ ᠰᠢᠨ᠎ᠠ ᠴᠠᠭ ᠲᠤ ᠳᠡᠭᠦᠨ ᠢ ᠪᠠᠨ ᠵᠢᠭ᠍ᠰᠢᠨ ᠥᠵᠡᠭᠦ ᠪᠣᠯᠵᠠᠢ᠃

᠊᠊᠊᠊᠊᠊᠊᠊᠊᠊᠊᠊᠊᠊᠊ ᠣᠳᠤ ᠴᠠᠭ ᠲᠤ ᠳᠠᠢ᠌ᠵᠢ ᠨᠡᠷ ᠡᠴᠡ ᠡᠴᠢᠭᠡ ᠡᠪᠦᠭᠡᠳ ᠤᠨ ᠶᠢᠡᠨ ᠬᠠᠷᠢᠭᠤ ᠶᠢ ᠠᠪᠬᠤ ᠭᠡᠷᠡᠭ᠍ᠳᠡᠢ ᠭᠡᠵᠤ ᠳᠠᠮᠤᠷ ᠭᠡᠯᠡᠵᠤ ᠪᠠᠢ᠌ᠨ᠎ᠠ᠃ ᠡᠨᠡ ᠦᠵᠡᠯ ᠤᠨ ᠡᠭᠦᠳᠡᠨ ᠡᠴᠡ ᠴᠤ ᠬᠤᠩᠭ᠋ᠤᠷ ᠤᠨ ᠪᠦᠳᠦᠯ ᠦᠭᠡᠶ ᠶᠠᠪᠣᠳᠠᠯ ᠢ ᠵᠢᠮᠠᠯᠠᠵᠤ᠂ ᠡᠰᠡᠷᠭᠦᠤ ᠨᠡᠷ ᠤᠨ ᠪᠠᠯᠠᠮᠠᠤᠨ ᠶᠠᠪᠣᠳᠠᠯ ᠢ ᠦᠵᠡᠨ ᠶᠠᠳᠠᠵᠤ᠂ ᠦᠨᠡᠨ ᠢ ᠨᠢ ᠣᠯᠠᠭᠠᠨ ᠨᠢᠭᠤᠷ ᠲᠤ ᠨᠢ ᠰᠢᠭᠤᠳ ᠭᠡᠯᠡᠨ ᠳᠠᠮᠠᠴᠠᠵᠤ ᠪᠠᠢ᠌ᠨ᠎ᠠ᠃

᠊᠊᠊᠊᠊᠊᠊᠊᠊᠊᠊᠊᠊᠊᠊ ᠣᠯᠠᠨ ᠲᠦᠮᠡᠨ ᠮᠢᠨᠢ ᠨᠢᠳᠤ ᠪᠠᠨ ᠨᠡᠭᠡᠭᠡᠵᠡᠭᠡ︕ ᠳᠦᠷᠤ ᠳᠤ ᠳᠡᠷᠰᠯᠡᠭ᠍ᠰᠡᠨ ᠡᠨᠡ ᠵᠠᠠᠳᠠᠯᠴᠢᠨ ᠨᠡᠷ ᠢ ᠪᠠᠷᠢᠵᠠᠭᠠᠶ᠎ᠠ︕ ᠭᠡᠵᠤ ᠳᠠᠮᠤᠷ ᠡᠷᠡᠰ ᠰᠢ᠌ᠳᠮᠡᠭᠡᠢ ᠭᠡᠯᠡᠭᠡᠳ ᠡᠰᠡᠷᠭᠦᠤ ᠨᠡᠷ ᠲᠤ ᠫᠣᠤᠳᠠᠭᠤᠯᠵᠤ ᠪᠠᠢ᠌ᠨ᠎ᠠ᠃ ᠳᠠᠮᠤᠷ ᠳᠡᠭᠡᠵᠤ ᠭᠡᠯᠡᠭᠦ ᠡᠴᠡ ᠥᠭᠡᠷ᠎ᠡ ᠠᠷᠭ᠎ᠠ ᠦᠭᠡᠶ ᠪᠣᠯᠤᠭᠰᠠᠨ ᠪᠢᠯᠠ᠃

ᠴ·ᠯᠤᠳᠣᠢ᠌ᠳᠠᠮᠪᠠ 《ᠳᠤᠩᠭ᠋ᠠᠯᠠᠭ ᠳᠠᠮᠢᠷ》 ᠭᠡᠮᠡᠭᠦ ᠷᠤᠮᠠᠨ ᠳᠠᠭᠠᠨ ᠣᠯᠠᠨ ᠶᠠᠩᠵᠤ ᠶᠢᠨ ᠵᠠᠩ ᠴᠢᠨᠠᠷᠳᠠᠢ ᠡᠮᠡᠭ᠍ᠳᠡᠢ ᠶᠢᠨ ᠳᠦᠷᠢ ᠶᠢ ᠣᠷᠠᠯᠠᠨ ᠪᠦᠳᠦᠭᠡᠭ᠍ᠰᠡᠨ ᠶᠤᠮ᠃ ᠪᠢᠳᠠᠨ ᠤ ᠬᠠᠮᠤᠭ ᠤᠨ ᠬᠠᠢ᠌ᠷᠠᠳᠠᠢ ᠳᠦᠷᠢ ᠶᠢᠨ ᠨᠢᠭᠡ ᠪᠣᠯ ᠳᠤᠯᠭᠠᠷ ᠪᠢᠯᠠ᠃ ᠳᠠᠷᠠ ᠨᠢ ᠢᠳᠠᠷ ᠵᠠᠯᠠᠭᠤ ᠳᠠᠭᠠᠨ ᠡᠷᠳᠡᠨᠢ ᠲᠡᠶ ᠳᠠᠨᠢᠯᠴᠠᠵᠤ ᠬᠠᠨᠢᠯᠠᠭᠰᠠᠨ᠃ ᠬᠠᠳᠠᠭᠤ ᠪᠠᠷᠭᠡ ᠶᠢ ᠴᠤᠭ ᠳᠤᠭᠤᠯᠵᠤ ᠳᠠᠪᠠᠭᠰᠠᠨ᠃ ᠭᠡᠰᠡᠨ ᠴᠤ ᠢᠳᠡᠭᠡᠯᠳᠤ ᠶᠢᠨ ᠣᠷᠰᠢᠭ ᠶᠢᠡᠷ ᠡᠷᠳᠡᠨᠢ ᠶᠢ ᠪᠠᠨ ᠭᠤᠮᠤᠳᠠᠭᠠᠭᠰᠠᠨ᠃ ᠡᠷᠳᠡᠨᠢ ᠴᠤ ᠳᠤᠯᠭᠠᠷ ᠢ ᠭᠤᠮᠤᠳᠠᠭᠠᠭᠰᠠᠨ᠃ ᠭᠡᠭᠦ ᠳᠡᠭᠡᠨ ᠳᠠᠷᠠ ᠬᠤᠶᠠᠷ ᠤᠨ ᠬᠠᠢ᠌ᠷ᠎ᠠ ᠰᠡᠳᠭᠢᠯ ᠴᠠᠷᠴᠠᠵᠤ ᠪᠦᠷ ᠠᠯᠠᠭ᠎ᠠ ᠪᠣᠯᠤᠭ᠎ᠠ ᠦᠭᠡᠶ᠃ ᠠᠯᠢ ᠠᠯᠢᠨ ᠤ ᠭᠢᠨᠢ ᠰᠡᠳᠭᠢᠯ ᠤᠨ ᠣᠭ ᠲᠤ ᠰᠢᠩᠭᠡᠭ᠍ᠰᠡᠨ ᠪᠠᠢ᠌ᠯ᠎ᠠ᠃ ᠳᠤᠯᠭᠠᠷ ᠰᠤᠳᠨᠠᠮ ᠲᠡᠶ ᠰᠠᠭᠤᠭᠰᠠᠨ ᠬᠣᠢ᠌ᠨ᠎ᠠ ᠪᠠᠨ ᠴᠤ ᠡᠷᠳᠡᠨᠢ ᠶᠢ ᠮᠦᠷᠦᠭᠡᠳᠦᠭ᠍ᠰᠡᠭᠡᠷ ᠶᠠᠪᠣᠯ᠎ᠠ᠃ ᠦᠨᠢᠶ᠎ᠡ ᠪᠠᠨ ᠪᠠᠯᠴᠢᠭᠡᠷ ᠲᠤ ᠵᠠᠯᠠᠵᠤ ᠶᠠᠪᠣᠭᠰᠠᠨ ᠳᠤᠯᠭᠠᠷ ᠠᠯᠤᠰ ᠡᠴᠡ ᠢᠷᠠᠵᠤ ᠶᠠᠪᠣᠭ᠎ᠠ ᠮᠤᠷᠢᠳᠠᠢ ᠭᠦᠮᠤᠨ ᠤ ᠪᠠᠷ᠎ᠠ ᠶᠢ ᠬᠠᠷᠠᠭᠠᠤᠨ ᠭᠡᠨᠡᠳᠭᠡᠨ 《ᠡᠷᠳᠡᠨᠢ ᠢᠷᠠᠪᠠ ᠦᠦ ᠳ᠋ᠠ》 ᠭᠡᠵᠤ ᠵᠦᠩᠨᠠᠨ ᠪᠣᠳᠤᠵᠤ ᠶᠠᠪᠣᠨ᠎ᠠ᠃ ᠡᠰᠡᠷᠭᠦᠤ ᠨᠡᠷ ᠤᠨ ᠶᠠᠷᠭᠠᠯᠠᠯ ᠡᠴᠡ ᠡᠷᠳᠡᠨᠢ ᠶᠢ ᠠᠪᠣᠷᠠᠬᠤ ᠭᠡᠵᠤ ᠳᠤᠯᠭᠠᠷ ᠠᠶᠤᠬᠤ ᠶᠢ ᠮᠡᠳᠡᠭᠦ ᠦᠭᠡᠶ ᠠᠮᠢ ᠳᠠᠮᠠᠴᠠᠨ ᠶᠠᠪᠣᠭ᠎ᠠ ᠨᠢ ᠯᠤᠳᠤ ᠶᠡᠭᠡ ᠵᠤᠷᠢᠭ᠂ ᠨᠢᠩᠵᠢᠨ ᠰᠡᠳᠭᠢᠯ ᠢ ᠢᠯᠡᠳᠭᠡᠵᠤ ᠪᠠᠢ᠌ᠨ᠎ᠠ᠃

ᠳᠤᠯᠭᠠᠷ ᠤᠨ ᠳᠦᠷᠢ ᠪᠣᠯ ᠵᠠᠷᠢᠮ ᠭᠦᠮᠤᠨ ᠤ ᠭᠡᠯᠡᠳᠡᠭ᠌ ᠰᠢᠭ᠌ ᠠᠺᠰᠢᠨᠢᠨᠠ ᠶᠢᠨ ᠬᠠᠭᠤᠯᠪᠣᠷᠢ ᠪᠢᠰᠢ ᠬᠠᠷᠢᠨ ᠢᠳᠡᠭᠡᠯ ᠬᠠᠢ᠌ᠷ᠎ᠠ ᠪᠠᠷ ᠳᠦᠭᠦᠷᠡᠩ᠂ ᠡᠭᠡ ᠣᠷᠤᠠᠴᠢ ᠮᠤᠩᠭ᠋ᠤᠯ ᠡᠮᠡᠭ᠍ᠳᠡᠢ ᠶᠢᠨ ᠭᠡᠪ ᠰᠢᠠᠵᠢᠳᠤ ᠳᠦᠷᠢ ᠮᠦᠨ᠃ ᠳᠤᠯᠮ᠎ᠠ ᠶᠢᠨ ᠳᠦᠷᠢ ᠪᠣᠯ ᠳᠤᠯᠭᠠᠷ ᠡᠴᠡ ᠥᠭᠡᠷ᠎ᠡ ᠰᠢᠠᠵᠢᠳᠠᠢ ᠪᠢᠯᠠ᠃ 《ᠮᠤᠷᠢᠨ ᠤ ᠰᠠᠢ᠌ᠨ ᠢ ᠣᠨᠤᠨ ᠶᠠᠪᠣᠵᠤ ᠮᠠᠳᠠ᠃ ᠭᠦᠮᠤᠨ ᠤ ᠴᠢᠨᠠᠷ ᠢ ᠬᠠᠨᠢᠯᠠᠨ ᠶᠠᠪᠣᠵᠤ ᠳᠠᠨᠢ》 ᠭᠡᠵᠤ ᠥᠭᠡ ᠪᠣᠢ᠃ ᠳᠡᠭᠦᠡᠴᠢᠯᠡᠨ ᠳᠤᠯᠮ᠎ᠠ ᠳᠠᠮᠤᠷ ᠤᠨ ᠴᠢᠨᠠᠷ ᠢ ᠳᠠᠨᠢᠨ ᠮᠠᠳᠠᠵᠤ ᠠᠮᠢᠳᠤᠷᠠᠯ ᠤᠨ ᠶᠢᠡᠨ ᠬᠤᠪᠢ ᠵᠠᠶᠠᠭ᠎ᠠ ᠶᠢ ᠬᠤᠯᠪᠣᠭᠰᠠᠨ ᠣᠷᠢᠨ ᠵᠤᠯᠭᠤᠢ ᠣᠬᠠᠭᠠᠨ ᠲᠡᠶ ᠰᠠᠢ᠌ᠬᠠᠨ ᠡᠭᠡᠨᠡᠷ ᠶᠤᠮ᠃ ᠳᠤᠯᠮ᠎ᠠ ᠥᠭᠡ ᠴᠥᠭᠡᠨ ᠲᠡᠶ ᠳᠠᠷᠤᠤ ᠪᠣᠯᠪᠠᠴᠤ ᠳᠤᠯᠵᠢᠨ ᠲᠡᠶ ᠠᠳᠠᠯᠢ ᠨᠤᠮᠤᠬᠠᠨ ᠭᠦᠯᠢᠴᠡᠩᠭᠦᠢ ᠪᠢᠰᠢ᠂ ᠴᠡᠴᠡᠭ᠌ ᠰᠢᠭ᠌ ᠳᠠᠪᠴᠢᠶᠠᠷᠢ ᠦᠭᠡᠶ᠂ ᠪᠣᠭᠢᠨᠢᠳᠤᠭᠤ ᠭᠤᠳᠤᠷᠠᠮᠠᠳᠠᠭᠠᠢ ᠴᠤ ᠪᠣᠰᠤ᠂ ᠡᠷ᠎ᠡ ᠨᠥᠭᠦᠷ ᠲᠡᠭᠡᠨ ᠦᠨᠡᠠᠴᠢ᠂ ᠦᠷ᠎ᠡ ᠬᠡᠦᠬᠡᠳ ᠲᠡᠭᠡᠨ ᠬᠠᠢ᠌ᠷ᠎ᠠ ᠲᠡᠶ᠂ ᠰᠢᠨ᠎ᠠ ᠦᠶ᠎ᠡ ᠶᠢᠨ ᠶᠢᠡᠨ ᠠᠮᠢᠳᠤᠷᠠᠯ ᠤᠨ ᠣᠳᠤ ᠪᠠ ᠢᠷᠡᠭᠡᠳᠦᠢ ᠳᠤ ᠢᠳᠡᠭᠡᠯ ᠲᠡᠶ ᠵᠤᠷᠢᠮᠠᠭ ᠪᠢᠯᠠ᠃ ᠳᠤᠯᠮ᠎ᠠ ᠶᠢᠨ ᠡᠨᠡ ᠴᠢᠨᠠᠷ ᠨᠢ ᠳᠠᠮᠠᠴᠠᠯ ᠤᠨ ᠰᠢᠷᠦᠭᠦᠨ ᠦᠶ᠎ᠡ ᠳᠤ 《ᠦᠰᠢᠶ᠎ᠠ ᠠᠪᠣᠭᠴᠢ ᠪᠠᠷᠰ ᠪᠣᠯᠭᠠᠨ》 ᠬᠤᠪᠢᠷᠠᠭᠠᠵᠤ ᠪᠠᠢ᠌ᠨ᠎ᠠ᠃

ᠡᠢ᠌ᠮᠤ ᠵᠤᠷᠢᠭᠳᠠᠨ ᠭᠦᠮᠦᠰ ᠰᠦᠬᠡ‍ᠪᠠᠭᠠᠲᠤᠷ ᠤᠨ ᠵᠠᠮ ᠶᠢᠡᠷ᠂ ᠨᠠᠮ ᠤᠨ ᠵᠢᠯᠤᠭᠤᠳᠤᠯᠭ᠎ᠠ ᠪᠠᠷ ᠶᠠᠪᠣᠵᠤ᠂ ᠡᠷᠭᠡ ᠴᠢᠯᠦᠭᠡ᠂ ᠳᠡᠨᠢᠭᠦᠨ ᠠᠮᠢᠳᠤᠷᠠᠯ ᠢ ᠪᠠᠢ᠌ᠯᠳᠤᠨ ᠣᠯᠵᠤ᠂ ᠳᠡᠭᠦᠨ ᠶᠢᠡᠨ ᠠᠮᠢ ᠪᠠᠶ᠎ᠠ ᠪᠠᠷ ᠶᠢᠡᠨ ᠬᠠᠮᠠᠭᠠᠯᠠᠵᠤ ᠰᠤᠼᠢᠶᠠᠯᠢᠰᠮ ᠢ ᠪᠠᠢ᠌ᠭᠤᠯᠬᠤ ᠡᠭᠦᠳᠡ ᠬᠠᠭᠠᠯᠭ᠎ᠠ ᠶᠢ ᠨᠡᠭᠡᠭᠡᠵᠤ ᠦᠭ‍ᠭᠦᠭ᠍ᠰᠡᠨ ᠪᠢᠯᠠ᠃ 《ᠳᠤᠩᠭ᠋ᠠᠯᠠᠭ ᠳᠠᠮᠢᠷ》 ᠊ᠤᠨ ᠷᠤᠮᠠᠨ ᠤ ᠪᠠᠭᠠᠳᠤᠷ ᠪᠦᠷᠢ ᠶᠢᠨ ᠵᠠᠩ ᠴᠢᠨᠠᠷ᠂ ᠦᠵᠡᠯ ᠰᠠᠨᠠᠭ᠎ᠠ᠂ ᠣᠢ᠌ᠯᠠ ᠶᠠᠪᠣᠳᠠᠯ ᠵᠦᠷᠢᠴᠠᠯ ᠪᠦᠷᠢ ᠨᠢ ᠳᠤᠳᠤᠷᠬᠠᠢ ᠨᠢᠭᠡᠨ ᠣᠴᠢᠷ ᠤᠳᠬ᠎ᠠ ᠶᠢ ᠢᠯᠡᠳᠭᠡᠵᠤ ᠪᠠᠢ᠌ᠨ᠎ᠠ᠃ ᠳᠠᠷᠠ ᠪᠣᠯᠭᠠᠨ ᠨᠢ ᠴᠠᠭ ᠦᠶ᠎ᠡ ᠲᠡᠶ ᠪᠠᠨ᠂ ᠪᠠᠶ᠎ᠠ ᠪᠠᠶ᠎ᠠ ᠲᠡᠶ ᠪᠠᠨ ᠳ᠋ᠢᠶᠠᠯᠸᠺᠲ᠋ᠢᠭ ᠨᠢᠭᠡᠳᠦᠯ ᠲᠡᠶ ᠪᠦᠭᠡᠳ ᠠᠩᠭᠢ᠂ ᠨᠠᠮ ᠤᠨ ᠴᠢᠨᠠᠷ ᠶᠢᠡᠷ ᠨᠡᠪᠳᠡᠷᠭᠡᠢ ᠪᠢᠯᠠ᠃

《ᠳᠤᠩᠭ᠋ᠠᠯᠠᠭ ᠳᠠᠮᠢᠷ》 ᠷᠤᠮᠠᠨ ᠤ ᠵᠤᠬᠢᠶᠠᠮᠵᠢ ᠨᠠᠯᠢᠶᠠᠤᠨ ᠨᠢᠭᠳᠠ ᠪᠣᠯᠵᠠᠢ᠃ ᠳᠡᠷᠢᠭᠦᠨ ᠳᠠᠪᠳᠠᠷ ᠨᠢ ᠬᠤᠶᠠᠷ ᠭᠡᠰᠡᠭ᠌ ᠲᠡᠶ᠃ ᠨᠢᠭᠡᠳᠦᠭᠡᠷ ᠭᠡᠰᠡᠭ᠌ ᠨᠢ ᠬᠤᠷᠢᠨ ᠳᠠᠪᠤᠨ ᠵᠣᠢ᠌ᠯ ᠡᠴᠡ᠂ ᠬᠤᠶᠠᠳᠤᠭᠠᠷ ᠭᠡᠰᠡᠭ᠌ ᠨᠢ ᠬᠤᠷᠢᠨ ᠨᠢᠭᠡᠨ ᠵᠣᠢ᠌ᠯ ᠡᠴᠡ ᠪᠦᠷᠢᠯᠳᠦᠵᠡᠢ᠃ ᠡᠨᠡ ᠷᠤᠮᠠᠨ ᠤ ᠳᠠᠳ᠋ ᠳᠠᠪᠳᠠᠷ ᠨᠢ ᠮᠦᠨ ᠬᠤᠶᠠᠷ ᠭᠡᠰᠡᠭ᠌ ᠲᠡᠶ᠃ ᠳᠡᠭᠦᠨ ᠤ ᠨᠢᠭᠡᠳᠦᠭᠢ ᠨᠢ ᠬᠤᠷᠢᠨ ᠳᠤᠯᠤᠭ᠎ᠠ᠂ ᠬᠤᠶᠠᠳᠠᠭᠢ ᠨᠢ ᠠᠷᠪᠠᠨ ᠵᠢᠷᠭᠤᠭᠠᠨ ᠵᠣᠢ᠌ᠯ ᠡᠴᠡ ᠪᠦᠷᠢᠯᠳᠦᠵᠡᠢ᠃ 《ᠳᠤᠩᠭ᠋ᠠᠯᠠᠭ ᠳᠠᠮᠢᠷ》 ᠷᠤᠮᠠᠨ ᠤ ᠵᠤᠬᠢᠶᠠᠮᠵᠢ ᠶᠢ ᠠᠵᠢᠭᠯᠠᠵᠤ ᠤᠳᠬ᠎ᠠ ᠵᠤᠬᠢᠶᠠᠯ ᠰᠤᠳᠤᠯᠤᠭᠴᠢ ᠪ᠊·ᠰᠤᠳᠨᠠᠮ ᠪᠢᠴᠢᠭᠦ ᠳᠡᠭᠡᠨ 《ᠵᠤᠬᠢᠶᠠᠯᠴᠢ ᠴ·ᠯᠤᠳᠣᠢ᠌ᠳᠠᠮᠪᠠ ᠷᠤᠮᠠᠨ ᠤ ᠪᠠᠨ ᠪᠦᠯᠦᠭ᠌ ᠪᠦᠷᠢ ᠶᠢ ᠪᠠᠶ᠎ᠠ ᠪᠠᠨ ᠳᠠᠭᠠᠭᠰᠠᠨ ᠵᠤᠬᠢᠶᠠᠯ ᠰᠢᠭ ᠪᠣᠯᠭᠠᠵᠤ ᠴᠢᠳᠠᠭᠰᠠᠨ ᠶᠢᠡᠷ ᠪᠠᠷᠠᠬᠤ ᠦᠭᠡᠶ ᠪᠦᠯᠦᠭ᠌ ᠤᠨ ᠳᠤᠳᠤᠷ᠎ᠠ ᠭᠠᠷᠬᠤ ᠵᠣᠢ᠌ᠯ ᠪᠦᠷᠢ ᠳᠡᠭᠡᠷ᠎ᠡ ᠶᠠᠮᠠᠷ ᠨᠢᠭᠡᠨ ᠰᠢᠨ᠎ᠠ ᠰᠤᠨᠢᠬᠠᠨ ᠣᠢ᠌ᠯᠠ ᠶᠠᠪᠣᠳᠠᠯ ᠢ ᠭᠠᠷᠭᠠᠭᠰᠠᠨ ᠤᠳᠬ᠎ᠠ ᠰᠠᠨᠠᠭ᠎ᠠ ᠪᠠᠨ ᠨᠡᠪᠳᠡᠷᠡᠭᠦᠯᠵᠡᠢ᠃ ᠭᠡᠭᠦ ᠳ᠋ᠭᠡᠨ ᠣᠳᠤ ᠴᠠᠰᠢ ᠨᠢ ᠶᠠᠭᠤ ᠪᠣᠯᠬᠤ ᠪᠣᠯ ᠭᠡᠰᠡᠨ ᠰᠤᠨᠢᠷᠬᠠᠯ ᠳᠦᠷᠦᠭᠦᠯᠦᠭ᠍ᠰᠡᠨ ᠵᠠᠩᠭᠢᠯᠠᠭ᠎ᠠ ᠶᠢ ᠷᠤᠮᠠᠨ ᠤ ᠪᠠᠨ ᠳᠤᠷᠰᠢ ᠬᠠᠳᠠᠭᠠᠯᠠᠵᠤ ᠴᠢᠳᠠᠭᠰᠠᠨ ᠶᠤᠮ᠃ ᠭᠡᠳᠥᠢᠪᠠᠷ ᠪᠦᠯᠦᠭ᠌ ᠪᠦᠷᠢ ᠨᠢ ᠪᠠᠶ᠎ᠠ ᠪᠠᠨ ᠳᠠᠭᠠᠭᠠᠭᠰᠠᠨ ᠶᠠᠩᠵᠤᠳᠠᠢ ᠪᠣᠯᠪᠠᠴᠤ ᠮᠥᠨᠦᠭᠡᠨ ᠷᠤᠮᠠᠨ ᠤ ᠳᠤᠳᠤᠷ᠎ᠠ ᠠᠪᠣᠴᠠᠯᠳᠤᠭ᠎ᠠ ᠦᠭᠡᠶ ᠪᠣᠶᠤ ᠰᠠᠯᠤᠩᠭᠢᠳᠠ ᠪᠣᠯᠤᠭᠰᠠᠨ ᠦᠭᠡᠶ᠃ ᠢᠮᠠᠭᠳᠠ ᠨᠢᠭᠡᠨ ᠵᠣᠢ᠌ᠯ ᠦᠷᠭᠦᠯᠵᠢᠯᠡᠵᠤ ᠶᠠᠪᠣᠭ᠎ᠠ ᠶᠤᠮ ᠰᠢᠤ ᠭᠡᠰᠡᠨ ᠤᠳᠬ᠎ᠠ ᠰᠠᠨᠠᠭ᠎ᠠ ᠶᠢ ᠬᠠᠳᠠᠭᠠᠯᠠᠨ ᠪᠠᠢ᠌ᠭᠰᠠᠭᠠᠷ ᠡᠴᠦᠰ ᠲᠡᠭᠡᠨ ᠭᠤᠤᠯ ᠤᠳᠬ᠎ᠠ ᠪᠠᠨ ᠭᠠᠷᠭᠠᠭᠰᠠᠨ ᠪᠠᠢ᠌ᠬᠤ ᠶᠤᠮ》 ᠭᠡᠵᠡᠢ᠃

ᠴ·ᠯᠤᠳᠣᠢ᠌ᠳᠠᠮᠪᠠ ᠵᠦᠪᠯᠠᠯᠳᠤ ᠶᠢᠨ ᠭᠠᠷᠮᠠᠭᠠᠢ ᠵᠤᠬᠢᠶᠠᠯᠴᠢ ᠱᠦᠯᠦᠭᠦᠧ ᠢ ᠪᠠᠭᠰᠢ ᠶᠢ ᠪᠠᠨ ᠭᠡᠵᠤ ᠦᠵᠡᠵᠤ᠂ ᠳᠡᠭᠦᠨ ᠡᠴᠡ ᠢᠮᠠᠭᠳᠠ ᠰᠤᠷᠴᠤ ᠡᠩ᠌ᠲ᠋ᠮᠡᠲ᠋ᠦᠧ ᠢ ᠶᠡᠭᠡ ᠭᠦᠡᠳᠦᠳᠭᠡᠳᠡᠭ᠌ ᠪᠠᠢ᠌ᠭᠰᠠᠨ᠃ ᠭᠡᠭᠦ ᠳᠡᠭᠡᠨ ᠵᠤᠬᠢᠶᠠᠯ ᠤᠨ ᠶᠢᠡᠨ ᠪᠠᠭᠠᠳᠤᠷ ᠤᠳ ᠤᠨ ᠵᠠᠩ ᠴᠢᠨᠠᠷ᠂ ᠶᠤᠰᠤ ᠰᠤᠷᠳᠠᠬᠤᠨ᠂ ᠦᠵᠡᠯ ᠰᠠᠨᠠᠭ᠎ᠠ ᠶᠢ ᠬᠤᠭᠤᠰᠤᠨ ᠰᠠᠨᠠᠭ᠎ᠠ ᠡᠴᠡ ᠪᠠᠨ ᠶᠤᠮ ᠦᠦ ᠶᠠᠮᠠᠷ ᠨᠢᠭᠡ ᠨᠤᠮ ᠡᠴᠡ ᠳ᠋ᠤᠭᠮᠠᠲ᠋ᠢᠭ ᠶᠢᠡᠷ ᠬᠠᠭᠤᠯᠵᠤ ᠠᠪᠳᠠᠭ ᠦᠭᠡᠶ ᠬᠠᠷᠢᠨ ᠳᠦᠷᠰᠤᠯᠠᠨ ᠥᠵᠡᠭᠦᠯᠵᠤ ᠪᠣᠢ ᠳᠤᠬᠠᠢ ᠶᠢᠨ ᠨᠡᠢ᠌ᠭᠡᠮ ᠤᠨ ᠠᠮᠢᠳᠤᠷᠠᠯ ᠤᠨ ᠭᠦᠨ ᠳᠤᠳᠤᠷ᠎ᠠ ᠡᠴᠡ ᠣᠢ᠌ᠭ᠎ᠠ ᠦᠭᠡᠶ ᠴᠤᠭᠯᠠᠭᠤᠯᠵᠤ ᠰᠤᠳᠤᠯᠤᠭᠰᠠᠨ ᠮᠠᠲ᠋ᠸᠷᠢᠶᠠᠯ ᠡᠴᠡ ᠰᠢᠯᠢᠵᠤ ᠠᠪᠣᠭᠠᠤᠨ ᠣᠷᠠᠨ ᠰᠠᠢ᠌ᠬᠠᠨ ᠤ ᠷᠸᠶᠠᠯᠢᠰᠲ᠋ ᠠᠷᠭ᠎ᠠ ᠪᠠᠷ ᠪᠣᠯᠪᠠᠰᠤᠷᠠᠭᠤᠯᠤᠨ ᠣᠷᠠᠯᠠᠳᠠᠭ ᠪᠠᠢ᠌ᠵᠤ ᠪᠢᠯᠠ᠃ ᠳᠠᠷᠠ ᠵᠢᠯ ᠠᠷᠤ ᠬᠠᠩᠭ᠋ᠠᠢ ᠶᠢᠨ ᠳᠠᠷᠢᠶᠠᠳᠤ᠂ ᠵᠠᠪᠬᠠᠨ ᠤ ᠶᠡᠭᠡ ᠠᠭᠤᠯᠠ ᠵᠡᠷᠭᠡ ᠣᠯᠠᠨ ᠭᠠᠵᠠᠷ ᠶᠢᠡᠷ ᠶᠠᠪᠣᠵᠤ 1932 ᠣᠨ ᠤ ᠡᠰᠡᠷᠭᠦᠤ ᠪᠣᠰᠤᠯᠭ᠎ᠠ ᠶᠢᠨ ᠦᠶ᠎ᠡ ᠳᠤ ᠠᠮᠢᠳᠤᠷᠠᠵᠤ᠂ ᠳᠠᠮᠠᠴᠠᠵᠤ ᠶᠠᠪᠣᠭᠰᠠᠨ ᠭᠦᠮᠦᠰ ᠲᠡᠶ ᠠᠭᠤᠯᠵᠠᠵᠤ᠂ ᠶᠠᠷᠢᠯᠴᠠᠵᠤ ᠪᠢᠯᠠ᠃ ᠡᠨᠡ ᠪᠣᠯ ᠵᠥᠪᠭᠡᠨ ᠨᠢᠭᠡ ᠪᠠᠷᠢᠮᠳᠠ ᠡ᠃ 《ᠳᠤᠩᠭ᠋ᠠᠯᠠᠭ ᠳᠠᠮᠢᠷ》 ᠷᠤᠮᠠᠨ ᠤ ᠣᠯᠠᠩᠭᠢ ᠪᠠᠭᠠᠳᠤᠷ ᠤᠨ ᠡᠭᠡ ᠳᠦᠷᠢ ᠨᠢ ᠳᠤᠳᠤᠷᠬᠠᠢ᠃ ᠴ·ᠯᠤᠳᠣᠢ᠌ᠳᠠᠮᠪᠠ 1969 ᠣᠨ ᠤ ᠡᠪᠦᠯ ᠴᠠᠭᠠᠨ ᠳᠤᠯᠤᠭᠠᠢ ᠶᠢᠨ ᠰᠠᠩ ᠤᠨ ᠠᠵᠤ ᠠᠬᠣᠢ᠌ᠳᠠᠨ ᠲᠡᠶ ᠠᠭᠤᠯᠵᠠᠭᠰᠠᠨ ᠠᠭᠤᠯᠵᠠᠯᠳᠠ ᠳᠡᠭᠡᠷ᠎ᠡ ᠭᠡᠯᠡᠭᠦ ᠳᠡᠭᠡᠨ᠄

᠊᠊᠊᠊᠊᠊᠊᠊᠊᠊᠊᠊᠊᠊᠊ ᠪᠢ ᠡᠨᠡ ᠵᠤᠬᠢᠶᠠᠯ ᠤᠨ ᠡᠷᠳᠡᠨᠢ ᠶᠢᠨ ᠳᠦᠷᠢ ᠪᠠᠷ ᠠᠪᠣ ᠶᠢ ᠪᠠᠨ ᠮᠥᠩᠭᠡᠵᠢᠭᠦᠯᠭᠦ ᠭᠡᠵᠤ ᠰᠠᠨᠠᠵᠤ ᠪᠢᠴᠢᠭ᠍ᠰᠡᠨ ᠶᠤᠮ᠃ ᠮᠢᠨᠤ ᠠᠪᠣ ᠶᠡᠭᠡ ᠯᠠ ᠭᠡᠷᠰᠡᠤ ᠭᠦᠮᠤᠨ ᠪᠠᠢ᠌ᠭᠰᠠᠨ ᠁ ᠮᠠᠨ ᠤ ᠭᠢ ᠣᠭ ᠨᠢ ᠭᠤᠪᠢ ᠊᠊᠊᠊᠊᠊᠊᠊᠊᠊᠊᠊᠊᠊᠊ ᠠᠯᠳᠠᠢ ᠶᠢᠨ ᠬᠠᠨ ᠳᠠᠢ᠌ᠰᠢᠷᠢ ᠡᠴᠡ ᠮᠢᠨᠤ ᠪᠠᠭ᠎ᠠ ᠳᠤ ᠭᠤᠷᠪᠠᠨ ᠮᠤᠷᠢᠨ ᠳᠡᠷᠭᠡ ᠪᠠᠷ ᠨᠡᠭᠦᠵᠤ ᠶᠠᠪᠣᠭᠰᠠᠭᠠᠷ ᠳᠠᠮᠢᠷ ᠤᠨ ᠭᠦᠡᠳᠡᠢ ᠳᠤ ᠢᠷᠡᠭ᠍ᠰᠡᠨ ᠶᠤᠮ᠃ ᠡᠭᠦᠨ ᠢ ᠪᠢ ᠪᠠᠭᠠᠰᠬᠠᠵᠤ ᠁ ᠪᠢᠴᠢᠭ᠍ᠰᠡᠨ ᠪᠢᠯᠠ ᠭᠡᠵᠡᠢ᠃ ᠭᠤᠴᠢᠭᠠᠤᠨ ᠣᠨ ᠤ ᠳᠤᠮᠳᠠᠭᠤᠷ ᠰᠡᠯᠡᠩᠭᠡ ᠶᠢᠨ ᠣᠷᠬᠤᠨ ᠳᠤᠤᠯᠠ ᠰᠤᠮᠤ ᠶᠢᠨ ᠨᠤᠳᠤᠭ ᠲᠤ ᠠᠮᠢᠳᠤᠷᠠᠵᠤ ᠪᠠᠢ᠌ᠭᠰᠠᠨ ᠨᠢᠭᠡ ᠵᠠᠯᠠᠭᠤ ᠶᠢᠨ ᠳᠦᠷᠢ ᠪᠠᠷ ᠬᠤᠩᠭ᠋ᠤᠷ ᠢ ᠣᠷᠠᠯᠠᠭᠰᠠᠨ ᠪᠠᠢ᠌ᠨ᠎ᠠ᠃ ᠰᠦᠬᠡ‍ᠪᠠᠭᠠᠲᠤᠷ᠂ ᠮᠠᠭᠰᠠᠷᠵᠠᠪ᠂ ᠳᠠᠮᠤᠷ ᠨᠡᠷ ᠤᠨ ᠳᠦᠷᠢ ᠴᠦᠮ ᠢᠯᠡᠷᠭᠡᠢ ᠪᠢᠵᠠ ᠳ᠋ᠠ᠃ ᠴ·ᠯᠤᠳᠣᠢ᠌ᠳᠠᠮᠪᠠ ᠡᠨᠡ ᠷᠤᠮᠠᠨ ᠳᠠᠭᠠᠨ ᠠᠷᠠᠤᠨ ᠣᠯᠠᠨ ᠤ ᠳᠤᠳᠤᠷ᠎ᠠ ᠦᠨᠢ ᠡᠷᠳᠡᠨ ᠡᠴᠡ ᠣᠯᠠᠮᠵᠢᠯᠠᠭᠳᠠᠵᠤ ᠢᠷᠡᠭ᠍ᠰᠡᠨ ᠳᠤᠮᠤᠭ ᠶᠠᠷᠢᠶ᠎ᠠ ᠶᠢ ᠪᠦᠳᠦᠭᠡᠯᠴᠢ ᠪᠠᠷ ᠠᠰᠢᠭᠯᠠᠭᠰᠠᠨ ᠪᠠᠢ᠌ᠨ᠎ᠠ᠃ ᠣᠷᠢᠳᠤ ᠰᠠᠢ᠌ᠨ ᠡᠷ᠎ᠡ᠂ ᠰᠠᠢ᠌ᠨ ᠮᠤᠷᠢᠨ ᠤ ᠱᠠᠷᠢᠯ ᠢ ᠨᠤᠳᠤᠭ ᠲᠠᠭᠠᠨ ᠠᠪᠠᠴᠢᠵᠤ ᠣᠷᠤᠰᠢᠭᠤᠯᠪᠠᠯ ᠦᠯᠵᠡᠢ᠌ᠳᠠᠢ ᠭᠡᠳᠡᠭ᠌ ᠪᠠᠢ᠌ᠭᠰᠠᠨ᠃ ᠠᠷᠪᠠᠢ ᠭᠡᠭᠡᠷ᠂ ᠪᠢᠨᠳᠠᠷ ᠤᠨ ᠳᠠᠢ᠌ᠮᠤ ᠳᠤᠮᠤᠭ ᠪᠣᠢ᠃ ᠡᠢ᠌ᠮᠤ ᠵᠠᠩᠰᠢᠯ ᠤᠨ ᠶᠤᠰᠤᠭᠠᠷ ᠬᠠᠨ ᠦᠨᠳᠦᠷ ᠤᠨ ᠭᠢᠨ ᠳᠠᠮᠤᠷ ᠤᠨ ᠱᠠᠷᠢᠯ ᠢ ᠨᠤᠳᠤᠭ ᠲᠠᠭᠠᠨ ᠰᠠᠮ ᠠᠪᠴᠤ ᠣᠳᠤᠭᠰᠠᠨ ᠪᠠᠢ᠌ᠨ᠎ᠠ᠃

ᠴ·ᠯᠤᠳᠣᠢ᠌ᠳᠠᠮᠪᠠ ᠶᠠᠮᠠᠷ ᠨᠢᠭᠡ ᠵᠤᠬᠢᠶᠠᠯ ᠶᠢᠡᠨ ᠪᠠᠭᠡ ᠨᠢ ᠬᠠᠳᠠᠭ᠎ᠠ ᠦᠭᠡᠶ ᠪᠠᠢ᠌ᠬᠤ ᠳᠤ ᠭᠡᠪᠯᠡᠯ᠂ ᠳᠢᠶᠠᠲ᠋ᠷ ᠺᠢᠨᠤ᠋ ᠳᠤ ᠥᠭ᠍ᠳᠡᠭ᠌ ᠦᠭᠡᠶ᠃ ᠭᠦᠮᠤᠨ ᠳᠤ ᠣᠩᠰᠢᠵᠤ᠂ ᠶᠠᠷᠢᠵᠤ ᠣᠯᠠᠨ ᠤ ᠰᠠᠨᠠᠯ ᠢ ᠳᠤᠭᠤᠯᠭᠠᠪᠣᠷᠢᠳᠠᠢ ᠰᠤᠨᠤᠰᠴᠤ᠂ ᠣᠢ᠌ᠭ᠎ᠠ ᠦᠭᠡᠶ ᠵᠠᠰᠠᠳᠠᠭ ᠰᠠᠨ᠃ 《ᠠᠯᠳᠠᠢ ᠳᠤ》 ᠷᠤᠮᠠᠨ ᠢ ᠪᠢᠴᠢᠵᠤ ᠪᠠᠢ᠌ᠬᠤ ᠳᠠᠭᠠᠨ ᠵᠤᠬᠢᠶᠠᠯ ᠶᠢᠡᠨ ᠪᠦᠯᠦᠭ᠌ ᠪᠦᠯᠦᠭ᠌ ᠶᠢᠡᠷ ᠨᠢ ᠨᠥᠭᠦᠤᠨ ᠲᠡᠭᠡᠨ ᠣᠩᠰᠢᠵᠤ᠂ ᠶᠠᠷᠢᠭᠰᠠᠨ ᠤ ᠡᠴᠦᠰ ᠲᠤ᠂ ᠰᠠᠨᠠᠯ ᠢ ᠨᠢᠭᠡᠳᠭᠡᠨ ᠵᠠᠰᠠᠪᠣᠷᠢᠯᠠᠵᠤ᠂ ᠳᠠᠭᠢᠨ ᠬᠠᠭᠤᠯᠵᠤ ᠪᠢᠴᠢᠭᠡᠳ᠂ 1948 ᠣᠨ ᠤ 5 ᠳ᠋ᠤᠭᠠᠷ ᠰᠠᠷ᠎ᠠ ᠪᠢᠯᠠ ᠦᠦ ᠳ᠋ᠠ ᠪᠦᠮᠪᠦᠭᠡᠷ ᠨᠤᠭᠤᠭᠠᠨ ᠤ 《ᠣᠯᠤᠰ ᠤᠨ ᠭᠦᠭ᠍ᠵᠢᠮᠳᠤ ᠳ᠋ᠷᠠᠮ ᠤᠨ ᠳᠢᠶᠠᠲ᠋ᠷ》 ᠪᠦᠵᠢᠭ᠌ ᠤᠨ ᠦᠷᠦᠭᠡᠨ ᠳᠤ ᠴᠤᠭᠯᠠᠭᠰᠠᠨ ᠵᠤᠬᠢᠶᠠᠯᠴᠢᠳ ᠲᠤ ᠣᠩᠰᠢᠵᠤ ᠦᠭ‍ᠭᠦᠭᠡᠳ᠂ ᠰᠦᠨᠢᠵᠢᠨ ᠶᠠᠷᠢᠯᠴᠠᠵᠤ ᠪᠢᠯᠠ᠃ ᠳᠠᠷᠠ ᠦᠶ᠎ᠡ ᠳᠤ ᠮᠠᠨ ᠤ ᠳᠤ ᠠᠵᠢᠯᠯᠠᠵᠤ ᠪᠠᠢ᠌ᠭᠰᠠᠨ ᠶ‍ᠸᠹᠷᠸᠮᠦᠧ ᠳᠦᠷᠦᠭᠦᠳᠡᠢ ᠫᠠᠯᠸᠠᠲ᠋ᠯᠤᠭᠢ ᠶᠢᠨ ᠰᠢᠡᠵᠢᠯᠡᠭᠡᠨ ᠤ ᠭᠢᠨ ᠳᠤ ᠣᠩᠰᠢᠵᠤ ᠵᠥᠪᠯᠡᠯᠭᠡ ᠠᠪᠴᠤ ᠪᠠᠢ᠌ᠭᠰᠠᠨ ᠠᠵᠢ᠃ ᠳᠡᠭᠡᠭᠡᠳ ᠳᠠᠭᠢᠨ ᠵᠠᠰᠠᠪᠣᠷᠢᠯᠠᠭᠠᠤᠨ 1949 ᠣᠨ ᠳᠤ ᠭᠡᠪᠯᠡᠯ ᠳᠤ ᠰᠢᠯᠵᠢᠭᠦᠯᠵᠤ ᠪᠢᠯᠠ᠃ 《ᠳᠤᠩᠭ᠋ᠠᠯᠠᠭ ᠳᠠᠮᠢᠷ》 ᠷᠤᠮᠠᠨ ᠤ ᠪᠠᠨ ᠳᠡᠷᠢᠭᠦᠨ ᠳᠠᠪᠳᠠᠷ ᠢ 1956 ᠣᠨ ᠡᠴᠡ ᠡᠭᠢᠯᠡᠵᠤ ᠪᠢᠴᠢᠭᠡᠳ 1961 ᠣᠨ ᠳᠤ ᠭᠡᠪᠯᠡᠯ ᠳᠤ ᠰᠢᠯᠵᠢᠭᠦᠯᠵᠡᠢ᠃ ᠳᠠᠷᠠ ᠦᠶ᠎ᠡ ᠳᠤ ᠭᠤᠷᠪᠠᠨ ᠳᠤᠭᠣᠢ᠌ᠳᠤ ᠲᠡᠶ ᠪᠠᠢ᠌ᠭᠰᠠᠨ ᠰᠠᠨ᠃ ᠪᠢᠴᠢᠵᠤ ᠶᠠᠪᠣᠭ᠎ᠠ ᠷᠤᠮᠠᠨ ᠶᠢᠡᠨ ᠰᠠᠷᠠᠯ ᠴᠤᠪᠠ ᠶᠢᠨ ᠶᠢᠡᠨ ᠬᠠᠯᠠᠭᠠᠰᠤᠨ ᠳᠤ ᠳᠠᠩᠳᠠᠨ ᠭᠢᠵᠤ ᠶᠠᠪᠣᠳᠠᠭ ᠰᠠᠨ᠃ ᠵᠠᠷᠢᠮ ᠳᠠᠭᠠᠨ ᠵᠤᠰᠠᠯᠠᠩ ᠳᠤ ᠪᠠᠢ᠌ᠭ᠎ᠠ ᠭᠡᠷ ᠲᠡᠭᠡᠨ ᠬᠠᠷᠢᠵᠤ ᠶᠠᠪᠣᠭᠰᠠᠨ ᠶᠢᠡᠨ ᠭᠡᠪ ᠭᠡᠨᠡᠳᠲᠡ ᠵᠠᠮ ᠡᠴᠡ ᠪᠠᠨ ᠭᠠᠷᠴᠤ ᠵᠤᠭᠰᠤᠭᠠᠤᠨ᠂ ᠪᠢᠴᠢᠵᠤ ᠰᠠᠭᠤᠳᠠᠭ ᠰᠠᠨ᠃ ᠴᠢᠩᠭᠢᠵᠤ ᠶᠠᠪᠣᠭᠠᠤᠨ ᠣᠰᠤᠯᠳᠠᠭᠰᠠᠨ ᠴᠤ ᠣᠳᠠᠭ᠎ᠠ ᠪᠣᠢ᠃ ᠬᠠᠷᠢᠨ ᠳᠠᠯ᠎ᠠ ᠪᠡᠷ ᠨᠢᠭᠡ ᠭᠡᠢ᠌ᠰᠦᠭᠡᠳ ᠳᠠᠷᠠᠴᠢᠬᠠᠭᠰᠠᠨ ᠠᠯᠠᠭ᠎ᠠ ᠶᠢᠨ ᠴᠢᠨᠡᠭᠡ ᠪᠢᠴᠢᠮᠠᠯ ᠬᠠᠭᠤᠳᠠᠰᠤ ᠨᠤᠭᠤᠳ ᠢ ᠦᠨᠡᠠᠴᠢ ᠬᠠᠨᠢ ᠳᠤᠯᠭᠠᠷᠰᠦ᠋ᠷᠤᠩ ᠤᠨ ᠶᠢᠡᠨ ᠠᠴᠢ ᠪᠠᠷ ᠴᠤᠭᠯᠠᠭᠤᠯᠵᠤ ᠠᠪᠴᠤ ᠪᠠᠢ᠌ᠭᠰᠠᠨ ᠭᠦᠭ᠌ ᠲᠡᠶ ᠨᠠᠮᠳᠠᠷ ᠴᠤ ᠪᠣᠢ᠃ 《ᠳᠤᠩᠭ᠋ᠠᠯᠠᠭ ᠳᠠᠮᠢᠷ》 ᠷᠤᠮᠠᠨ ᠤ ᠪᠠᠨ ᠳᠠᠳ᠋ ᠳᠠᠪᠳᠠᠷ ᠢ 6 - 7 ᠵᠢᠯ ᠪᠢᠴᠢᠭ᠍ᠰᠡᠨ ᠶᠤᠮ᠃ ᠳᠤᠯᠭᠠᠷ ᠤᠨ ᠳᠤᠬᠠᠢ ᠵᠠᠷᠢᠮ ᠪᠦᠯᠦᠭ᠌ ᠢ 16 ᠳᠠᠭᠢᠨ ᠪᠢᠴᠢᠵᠤ ᠳᠡᠭᠦᠨ ᠤ ᠵᠠᠷᠢᠮ ᠨᠤᠤᠷᠠᠭ ᠢ 《ᠤᠳᠬ᠎ᠠ ᠵᠤᠬᠢᠶᠠᠯ᠂ ᠣᠷᠠᠯᠢᠭ》 ᠰᠤᠨᠢᠨ ᠳᠤ ᠨᠡᠢ᠌ᠳᠡᠯᠡᠭᠦᠯᠤᠨ ᠣᠩᠰᠢᠭᠴᠢ ᠣᠯᠠᠨ ᠤ ᠰᠠᠨᠠᠯ ᠢ ᠠᠪᠴᠤ ᠪᠠᠢ᠌ᠵᠠᠢ᠃ 《ᠬᠤᠩᠭ᠋ᠤᠷ ᠤᠨ ᠳᠤᠬᠠᠢ ᠪᠢᠴᠢᠭ᠍ᠰᠡᠨ ᠭᠡᠳᠤ ᠭᠡᠳᠤᠨ ᠪᠦᠯᠦᠭ᠌ ᠨᠠᠳᠠ ᠳᠤ ᠪᠣᠢ》 ᠭᠡᠵᠤ ᠣᠩᠰᠢᠭᠴᠤᠨ ᠲᠤ ᠶᠠᠷᠢᠵᠤ ᠪᠠᠢ᠌ᠯ᠎ᠠ᠃ 《ᠳᠤᠩᠭ᠋ᠠᠯᠠᠭ ᠳᠠᠮᠢᠷ》 ᠷᠤᠮᠠᠨ ᠠᠩᠬ᠎ᠠ 20000 - 25000 ᠰᠢᠷᠭᠡᠭ᠌ ᠭᠡᠪᠯᠡᠭ᠍ᠳᠡᠭ᠍ᠰᠡᠨ ᠪᠣᠯᠪᠠᠴᠤ ᠣᠳᠤ ᠡᠷᠢᠭᠡᠳ ᠣᠯᠳᠠᠳᠠᠭ ᠦᠭᠡᠶ ᠡᠷᠳᠡᠨᠢ ᠪᠣᠯᠵᠠᠢ᠃ ᠣᠩᠰᠢᠭᠴᠢ ᠲᠦᠮᠡᠨ ᠤ ᠣᠯᠠᠨ ᠵᠢᠯ ᠤᠨ ᠭᠦᠰᠡᠯᠳᠡ᠂ ᠱᠠᠭᠠᠷᠳᠠᠯᠭ᠎ᠠ ᠶᠢᠨ ᠳᠠᠭᠠᠤ 《ᠳᠤᠩᠭ᠋ᠠᠯᠠᠭ ᠳᠠᠮᠢᠷ》 ᠷᠤᠮᠠᠨ ᠤ ᠬᠤᠶᠠᠷ ᠳᠠᠪᠳᠠᠷ ᠢ ᠨᠢᠭᠡ ᠨᠤᠮ ᠪᠣᠯᠭᠠᠨ ᠣᠯᠤᠰ ᠠᠷᠠᠤᠨ ᠤᠨ ᠬᠤᠪᠢᠰᠬᠠᠯ ᠤᠨ 50 ᠵᠢᠯ ᠤᠨ ᠣᠢ ᠳᠤ ᠵᠤᠷᠢᠭᠤᠯᠤᠨ ᠵᠢᠷᠤᠭ ᠴᠢᠮᠡᠭᠯᠡᠯ ᠲᠡᠶ ᠪᠠᠷ ᠳᠠᠭᠢᠨ ᠭᠡᠪᠯᠡᠵᠤ ᠪᠠᠢ᠌ᠨ᠎ᠠ᠃ ᠵᠤᠬᠢᠶᠠᠭᠴᠢ ᠡᠩᠭᠡ ᠳᠤᠩᠬ᠎ᠠ ᠪᠠᠢ᠌ᠬᠤ ᠳᠠᠭᠠᠨ ᠳᠡᠭᠦᠨ ᠢ ᠭᠡᠪᠯᠡᠯ ᠳᠤ ᠪᠡᠯᠡᠳᠭᠡᠵᠤ᠂ ᠵᠠᠷᠢᠮ ᠪᠦᠯᠦᠭ᠌ ᠢ ᠳᠠᠭᠢᠨ ᠵᠠᠰᠠᠵᠤ᠂ ᠵᠠᠷᠢᠮ ᠳᠦᠷᠢ ᠶᠢ ᠳᠤᠳᠤ ᠪᠣᠯᠭᠠᠭᠰᠠᠨ ᠶᠤᠮ᠃

ᠴ·ᠯᠤᠳᠣᠢ᠌ᠳᠠᠮᠪᠠ ᠶᠡᠭᠡ ᠶᠠᠭᠤᠮ᠎ᠠ ᠣᠷᠠᠯᠠᠨ ᠪᠦᠳᠦᠭᠡᠭᠦ ᠰᠠᠨ ᠭᠡᠵᠤ ᠪᠣᠳᠤᠵᠤ ᠲᠦᠯᠤᠪᠯᠠᠵᠤ ᠪᠢᠴᠢᠵᠤ ᠪᠠᠢ᠌ᠵᠠᠢ᠃

᠊᠊᠊᠊᠊᠊᠊᠊᠊᠊᠊᠊᠊᠊᠊ ᠪᠢ ᠨᠢᠭᠡ ᠵᠥᠴᠦᠭᠡ ᠪᠢᠴᠢᠯ᠎ᠠ᠃ ᠳᠡᠭᠦᠰᠭᠡᠯ ᠨᠢ ᠨᠢᠭᠡ ᠯᠠ ᠪᠣᠯᠵᠤ ᠦᠭ‍ᠭᠦ ᠦᠭᠡᠶ ᠪᠠᠢ᠌ᠨ᠎ᠠ᠃ ᠳᠠᠢ᠌ᠰᠠᠨ ᠳᠡᠭᠡᠷ᠎ᠡ ᠭᠦᠮᠤᠨ ᠦᠷᠤᠵᠤ ᠠᠮᠢᠯᠠᠭᠤᠯᠤᠨ᠎ᠠ ᠭᠡᠳᠡᠭ᠌ ᠭᠡᠴᠡᠭᠦᠤ ᠶᠤᠮ ᠳ᠋ᠠ᠃ 《ᠳᠤᠩᠭ᠋ᠠᠯᠠᠭ ᠳᠠᠮᠢᠷ》 ᠊ᠤᠨ ᠶᠢᠡᠨ ᠭᠤᠳᠠᠭᠠᠷ ᠳᠠᠪᠳᠠᠷ ᠢ ᠴᠤ ᠪᠢᠴᠢᠮᠠᠷ ᠪᠠᠢ᠌ᠨ᠎ᠠ᠃ ᠳᠡᠭᠦᠨ ᠤ ᠵᠦᠷᠢᠴᠠᠯ ᠨᠠᠰᠢ ᠪᠠᠨ ᠤᠢ᠌ᠷᠠᠳᠬᠤ ᠳᠤᠳᠤᠮ ᠣᠯᠠᠮ ᠨᠠᠷᠢᠨ ᠳᠦᠪᠠᠭ᠍ᠳᠡᠢ ᠪᠣᠯᠵᠤ ᠪᠠᠢ᠌ᠨ᠎ᠠ᠃ ᠶᠠᠭᠤ ᠴᠤ ᠭᠡᠰᠡᠨ ᠢᠳᠡᠭᠡᠯᠳᠤ ᠣᠯᠤᠰ ᠤᠨ ᠰᠠᠢ᠌ᠨ ᠮᠠᠯᠴᠢᠳ ᠤᠨ ᠠᠩᠬᠠᠳᠤᠭᠠᠷ ᠵᠥᠪᠯᠡᠯᠭᠡᠨ ᠳᠤ ᠰᠢᠯᠭᠠᠷᠠᠵᠤ ᠢᠷᠠᠨ᠎ᠠ᠂ ᠮᠢᠩᠭ᠋ᠠᠨ ᠮᠠᠯᠳᠠᠨ ᠪᠣᠯᠤᠨ᠎ᠠ᠃ ᠡᠷᠳᠡᠨᠢ ᠶᠢᠨ ᠬᠤᠪᠢ ᠵᠠᠶᠠᠭ᠎ᠠ ᠭᠡᠴᠡᠭᠦᠤ ᠪᠠᠢ᠌ᠨ᠎ᠠ᠃ ᠪᠠᠳᠤ ᠨᠠᠷᠠᠳᠠᠢ ᠪᠠᠭᠰᠢ ᠪᠣᠯᠵᠤ᠂ ᠰᠤᠯᠤᠩᠭ᠋᠎ᠠ ᠰᠦᠷᠤᠩ ᠵᠡᠷᠭᠡ ᠣᠯᠠᠨ ᠭᠦᠮᠤᠨ ᠤ ᠬᠤᠪᠢ ᠵᠠᠶᠠᠭ᠎ᠠ ᠰᠤᠨᠢᠨ ᠪᠣᠯᠤᠨ᠎ᠠ᠃ ᠡᠨᠡ ᠪᠦᠭᠦᠳᠡ ᠨᠢᠳᠤᠨ ᠳᠤ ᠬᠠᠷᠠᠭᠳᠠᠭᠠᠤᠨ ᠯᠠ ᠪᠠᠢ᠌ᠨ᠎ᠠ᠃ ᠮᠠᠲ᠋ᠸᠷᠢᠶᠠᠯ ᠳᠤᠩ ᠶᠡᠭᠡ ᠪᠣᠢ᠃ ᠶᠠᠭᠤᠨ ᠤ ᠳᠦᠷᠦᠭᠦᠨ ᠳᠦ ᠪᠠᠬᠠᠨ ᠥᠭᠦᠯᠡᠯᠭᠡ ᠪᠢᠴᠢᠮᠠᠷ ᠪᠠᠢ᠌ᠨ᠎ᠠ ᠭᠡᠵᠤ ᠨᠢᠳᠤᠨᠤᠨ ᠶᠠᠷᠢᠵᠤ ᠪᠢᠯᠠ᠃

ᠴ·ᠯᠤᠳᠣᠢ᠌ᠳᠠᠮᠪᠠ ᠬᠤᠷᠢ ᠭᠠᠷᠤᠢ ᠵᠢᠯ ᠣᠯᠠᠨ ᠰᠠᠢ᠌ᠬᠠᠨ ᠥᠭᠦᠯᠡᠯᠭᠡ᠂ ᠳᠤᠭᠤᠵᠢ᠂ ᠷᠤᠮᠠᠨ᠂ ᠵᠥᠴᠦᠭᠡ᠂ ᠺᠢᠨᠤ᠋ ᠪᠢᠴᠢᠵᠤ ᠬᠠᠢ᠌ᠷᠠᠳᠤ ᠡᠭᠡ ᠣᠷᠤᠨ ᠤ ᠪᠠᠨ ᠰᠤᠼᠢᠶᠠᠯᠢᠰᠲ᠋ ᠤᠳᠬ᠎ᠠ ᠵᠤᠬᠢᠶᠠᠯ ᠤᠨ ᠰᠠᠩ ᠢ ᠠᠷᠪᠢᠵᠢᠭᠤᠯᠬᠤ ᠠᠷᠢᠭᠤᠨ ᠣᠢ᠌ᠯᠠᠰ ᠲᠤ ᠦᠨᠡᠳᠤ ᠬᠤᠪᠢ ᠨᠠᠮᠠᠷᠢ ᠣᠷᠤᠭᠤᠯᠤᠭᠰᠠᠨ ᠶᠤᠮ᠃ ᠳᠠᠷᠠ ᠨᠢ ᠮᠠᠨ ᠤ ᠤᠳᠬ᠎ᠠ ᠵᠤᠬᠢᠶᠠᠯ ᠳᠤ ᠰᠤᠼᠢᠶᠠᠯᠢᠰᠲ᠋ ᠷᠸᠶᠠᠯᠢᠰᠮ ᠪᠦᠷᠢᠯᠳᠤᠨ ᠳᠤᠭᠳᠠᠬᠤ ᠳᠤ ᠮᠡᠳᠡᠭ᠍ᠳᠡᠭᠦᠢᠴᠡ ᠵᠣᠢ᠌ᠯ ᠪᠦᠳᠦᠭᠡᠭ᠍ᠰᠡᠨ ᠵᠤᠬᠢᠶᠠᠯᠴᠢ ᠡ᠃ ᠮᠠᠨ ᠤ ᠤᠳᠬ᠎ᠠ ᠵᠤᠬᠢᠶᠠᠯ ᠢ ᠰᠤᠳᠤᠯᠤᠭᠴᠢ᠂ ᠵᠦᠪᠯᠠᠯᠳᠤ ᠶᠢᠨ ᠡᠷᠳᠡᠮᠳᠡᠨ ᠊ᠭ᠍᠍᠊·ᠢ᠊·ᠮᠢᠭᠡᠢ᠌ᠯᠦᠧ᠂ ᠯ·ᠺ᠊·ᠭᠧᠷᠡᠰᠢᠮᠦᠸᠢᠴ ᠨᠡᠷ ᠣᠷᠴᠢᠨ ᠴᠠᠭ ᠤᠨ ᠮᠤᠩᠭ᠋ᠤᠯ ᠤᠨ ᠠᠩᠬᠠᠨ ᠤ ᠷᠤᠮᠠᠨ ᠢ ᠣᠷᠠᠯᠠᠨ ᠪᠦᠳᠦᠭᠡᠭ᠍ᠰᠡᠨ ᠵᠤᠬᠢᠶᠠᠯᠴᠢ ᠭᠡᠵᠤ ᠰᠢᠠᠵᠢᠯᠠᠯ ᠰᠤᠳᠤᠯᠤᠯ ᠤᠨ ᠶᠢᠡᠨ ᠪᠦᠳᠦᠭᠡᠯ ᠳᠤ ᠴ·ᠯᠤᠳᠣᠢ᠌ᠳᠠᠮᠪᠠ ᠶᠢ ᠦᠨᠡᠯᠠᠵᠤ ᠪᠠᠢ᠌ᠯ᠎ᠠ᠃ ᠡᠨᠡ ᠪᠣᠯ ᠰᠥᠪᠶ‍ᠸᠺᠲ᠋ᠢᠧ ᠳ᠋ᠦ᠋ᠩᠨᠡᠯᠲᠡ ᠪᠣᠰᠤ ᠬᠠᠷᠢᠨ ᠮᠤᠩᠭ᠋ᠤᠯ ᠤᠨ ᠣᠷᠴᠢᠨ ᠦᠶ᠎ᠡ ᠶᠢᠨ ᠤᠳᠬ᠎ᠠ ᠵᠤᠬᠢᠶᠠᠯ ᠤᠨ ᠠᠮᠢᠳᠤᠷᠠᠯ ᠳᠡᠭᠡᠷ᠎ᠡ ᠳᠤᠯᠭᠠᠭᠤᠷᠢᠯᠠᠨ ᠭᠢᠭ᠍ᠰᠡᠨ ᠳ᠋ᠦ᠋ᠩᠨᠡᠯᠲᠡ ᠶᠤᠮ᠃

ᠴ·ᠯᠤᠳᠣᠢ᠌ᠳᠠᠮᠪᠠ ᠶᠢᠨ 《ᠠᠯᠳᠠᠢ ᠳᠤ》 ᠡᠴᠡ ᠡᠭᠢᠯᠡᠭᠡᠳ 《ᠳᠤᠩᠭ᠋ᠠᠯᠠᠭ ᠳᠠᠮᠢᠷ》 ᠊ᠢ ᠭᠦᠷᠳᠡᠯᠡᠭᠢ ᠣᠯᠠᠨ ᠵᠤᠬᠢᠶᠠᠯ ᠭᠢᠯᠢ ᠶᠢᠨ ᠴᠠᠭᠠᠳᠤᠭᠢ ᠦᠢ ᠣᠯᠠᠨ ᠣᠩᠰᠢᠭᠴᠢᠳ ᠤᠨ ᠭᠦᠷᠳᠡᠭᠡᠯ ᠪᠣᠯᠵᠤ 《ᠳᠤᠩᠭ᠋ᠠᠯᠠᠭ ᠳᠠᠮᠢᠷ》 ᠷᠤᠮᠠᠨ ᠵᠦᠪᠯᠠᠯᠳᠤ ᠳᠤ ᠵᠥᠪᠭᠡᠨ ᠣᠷᠤᠰ ᠶᠢᠡᠷ ᠳᠦᠷᠪᠠ ᠳᠠᠭᠢᠨ ᠨᠠᠢ᠌ᠳᠠ ᠳᠡᠭᠡᠨ 4 ᠰᠠᠶ᠎ᠠ ᠰᠢᠷᠭᠡᠭ᠌ ᠶᠢᠡᠷ ᠭᠡᠪᠯᠡᠭ᠍ᠳᠡᠵᠡᠢ᠃ 1968 ᠣᠨ ᠳᠤ ᠵᠦᠪᠯᠠᠯᠳᠤ ᠮᠤᠯᠳᠠᠸᠢ ᠶᠢᠨ ᠨᠠᠢ᠌ᠰᠯᠠᠯ ᠺᠢᠰᠢᠨᠸᠧ ᠬᠤᠳᠠ ᠳ᠋ᠠᠭᠢ ᠳᠠᠷᠠᠺᠲ᠋ᠤᠷ ᠤᠨ ᠵᠠᠪᠣᠳ᠋ ᠤᠨ ᠨᠢᠭᠡ ᠠᠵᠢᠯᠴᠢᠨ᠄

᠊᠊᠊᠊᠊᠊᠊᠊᠊᠊᠊᠊᠊᠊᠊ ᠪᠢ ᠳᠠᠨ ᠤ ᠵᠤᠬᠢᠶᠠᠯᠴᠢ ᠯᠤᠳᠣᠢ᠌ᠳᠠᠮᠪᠠ ᠶᠢᠨ 《ᠳᠤᠩᠭ᠋ᠠᠯᠠᠭ ᠳᠠᠮᠢᠷ》 ᠷᠤᠮᠠᠨ ᠢ ᠣᠩᠰᠢᠯ᠎ᠠ᠃ ᠡᠷᠳᠡᠨᠢ ᠶᠢᠨ ᠭᠡᠷᠰᠡᠤ ᠴᠢᠨᠠᠷ᠂ ᠵᠤᠷᠢᠭ ᠬᠠᠳᠠᠭᠤᠵᠢᠯ᠂ ᠢᠳᠡᠭᠡᠯᠳᠤ ᠶᠢᠨ ᠠᠷᠭ᠎ᠠ ᠰᠠᠮᠪᠠᠭ᠎ᠠ᠂ ᠣᠪᠵᠢᠨ ᠰᠢᠠᠵᠢ᠂ ᠳᠤᠯᠭᠠᠷ ᠤᠨ ᠰᠡᠳᠭᠢᠯ ᠤᠨ ᠭᠦᠳᠡᠯᠭᠡᠭᠡᠨ᠂ ᠠᠮᠢᠳᠤ ᠶᠠᠪᠣᠬᠤ ᠶᠢᠨ ᠭᠦᠰᠡᠯᠡᠩ᠂ ᠢᠳᠡᠭᠡᠯ ᠨᠠᠢ᠌ᠳᠠᠪᠣᠷᠢ ᠰᠡᠳᠭᠢᠯ ᠢ ᠮᠢᠨᠢ ᠶᠡᠭᠡ ᠭᠦᠳᠡᠯᠭᠡᠵᠤ ᠪᠢᠯᠠ᠃ ᠠᠶᠠᠳᠠᠢ᠌ᠬᠠᠨ ᠷᠤᠮᠠᠨ ᠪᠠᠢ᠌ᠨ᠎ᠠ ᠪᠢᠯᠠ ᠰᠢᠤ ᠭᠡᠵᠤ ᠪᠠᠬᠠᠷᠬᠠᠨ ᠶᠠᠷᠢᠵᠤ ᠪᠠᠢ᠌ᠯ᠎ᠠ᠃ 1969 ᠣᠨ ᠤ ᠨᠠᠮᠤᠷ ᠵᠦᠪᠯᠠᠯᠳᠤ ᠯᠠᠲ᠋ᠸᠢᠶ᠎ᠠ ᠶᠢᠨ ᠨᠠᠢ᠌ᠰᠯᠠᠯ ᠷᠢᠭ᠎ᠠ ᠬᠤᠳᠠ ᠳ᠋ᠠᠭᠢ ᠰᠤᠼᠢᠶᠠᠯᠢᠰᠲ᠋ ᠣᠷᠤᠨ ᠤ ᠨᠤᠮ ᠤᠨ ᠳᠡᠯᠭᠡᠭᠦᠷ ᠤᠨ ᠬᠤᠳᠠᠯᠳᠤᠭᠴᠢ ᠪᠦᠰᠡᠭᠦᠢ᠄

᠊᠊᠊᠊᠊᠊᠊᠊᠊᠊᠊᠊᠊᠊᠊ ᠰᠠᠶ‍ᠢᠪᠳᠤᠷ ᠳᠠᠨ ᠤ ᠵᠤᠬᠢᠶᠠᠯᠴᠢ ᠯᠤᠳᠣᠢ᠌ᠳᠠᠮᠪᠠ ᠶᠢᠨ 《ᠳᠤᠩᠭ᠋ᠠᠯᠠᠭ ᠳᠠᠮᠢᠷ》 ᠭᠡᠮᠡᠭᠦ ᠷᠤᠮᠠᠨ ᠮᠠᠨ ᠤ ᠳᠡᠯᠭᠡᠭᠦᠷ ᠲᠤ ᠬᠤᠶᠠᠷᠳᠠᠭᠢ ᠣᠳᠠᠭ᠎ᠠ ᠪᠠᠨ ᠢᠷᠡᠭᠡᠳ ᠳᠠᠭᠤᠰᠴᠢᠬᠠᠯ᠎ᠠ᠃ ᠣᠳᠤ ᠳᠡᠭᠦᠨ ᠢ ᠳᠠᠭᠢᠨ ᠭᠡᠪᠯᠡᠵᠤ ᠪᠠᠢ᠌ᠭ᠎ᠠ ᠭᠡᠨ᠎ᠡ ᠪᠢᠯᠠ᠃ ᠣᠩᠰᠢᠭᠴᠢᠳ ᠤᠨ ᠵᠠᠭᠢᠶᠠᠯᠠᠭ᠎ᠠ ᠶᠡᠭᠡ ᠢᠷᠠᠵᠤ ᠪᠠᠢ᠌ᠨ᠎ᠠ ᠭᠡᠵᠤ ᠶᠠᠷᠢᠵᠤ ᠪᠠᠢ᠌ᠯ᠎ᠠ᠃

1970 ᠣᠨ ᠤ ᠨᠢᠭᠡᠳᠦᠭᠡᠷ ᠰᠠᠷ᠎ᠠ ᠶᠢᠨ ᠡᠮᠭᠡᠨᠢᠯᠳᠤ ᠡᠳᠦᠷ ᠵᠦᠪᠯᠠᠯᠳᠤ ᠶᠢᠨ ᠵᠤᠬᠢᠶᠠᠯᠴᠢᠳ ᠤᠨ ᠬᠤᠷᠢᠶ᠎ᠠ ᠡᠴᠡ ᠮᠤᠩᠭ᠋ᠤᠯ ᠤᠨ ᠵᠤᠬᠢᠶᠠᠯᠴᠢᠳ ᠤᠨ ᠬᠤᠷᠢᠶᠠᠨ ᠳᠤ ᠢᠷᠡᠭᠦᠯᠦᠭ᠍ᠰᠡᠨ ᠪᠢᠴᠢᠭ᠌ ᠲᠡᠭᠡᠨ᠄

᠊᠊᠊᠊᠊᠊᠊᠊᠊᠊᠊᠊᠊᠊᠊ ᠳᠡᠭᠦᠨ ᠤ ᠨᠤᠮ ᠣᠷᠤᠰ ᠭᠡᠯᠡ ᠪᠠᠷ ᠣᠷᠴᠢᠭᠤᠯᠤᠭᠳᠠᠵᠤ᠂ ᠠᠬ᠎ᠠ ᠳᠡᠭᠦᠤ ᠮᠤᠩᠭ᠋ᠤᠯ ᠤᠨ ᠠᠷᠠᠤᠨ ᠲᠦᠮᠡᠨ ᠢ ᠭᠦᠨ ᠳᠠᠨᠢᠵᠤ ᠨᠥᠭᠦᠷᠯᠡᠭᠦ ᠳᠤ ᠵᠦᠪᠯᠠᠯᠳᠤ ᠶᠢᠨ ᠭᠦᠮᠦᠰ ᠲᠤ ᠳᠤᠰᠠᠯᠠᠭᠰᠠᠨ ᠪᠢᠯᠠ ᠭᠡᠵᠤ ᠣᠠᠴᠠᠯᠠᠨ ᠳᠡᠮᠳᠡᠭᠯᠡᠵᠡᠢ᠃

ᠢᠩᠭᠢᠵᠤ ᠴ·ᠯᠤᠳᠣᠢ᠌ᠳᠠᠮᠪᠠ ᠶᠢᠨ ᠣᠷᠠᠨ ᠪᠦᠳᠦᠭᠡᠯ ᠨᠢ ᠡᠩᠭᠦᠷᠡᠢ ᠬᠠᠢ᠌ᠷᠠᠳᠤ ᠡᠭᠡ ᠣᠷᠤᠨ ᠤ ᠪᠠᠨ ᠰᠤᠼᠢᠶᠠᠯᠢᠰᠲ᠋ ᠰᠤᠶᠤᠯ ᠭᠦᠳᠡᠯᠮᠦᠷᠢᠴᠢ ᠭᠦᠮᠤᠨ ᠢ ᠳᠡᠯᠡᠭᠡᠢ ᠶᠢᠨ ᠦᠢ ᠲᠦᠮᠡᠨ ᠲᠡᠶ ᠳᠠᠨᠢᠯᠴᠠᠭᠤᠯᠬᠤ ᠳᠤ ᠦᠨᠡᠳᠤ ᠬᠤᠪᠢ ᠨᠠᠮᠠᠷᠢ ᠪᠠᠨ ᠣᠷᠤᠭᠤᠯᠵᠤ ᠪᠠᠢ᠌ᠨ᠎ᠠ᠃ ᠴ᠂ ᠯᠤᠳᠣᠢ᠌ᠳᠠᠮᠪᠠ ᠣᠩᠰᠢᠭᠴᠢ ᠲᠦᠮᠡᠨ ᠲᠡᠶ ᠪᠠᠨ ᠡᠭᠦᠷᠢᠳᠡ ᠴᠤᠭ ᠶᠠᠪᠣᠵᠤ ᠰᠢᠨ᠎ᠠ ᠦᠶ᠎ᠡ ᠶᠢ ᠭᠦᠮᠦᠵᠢᠭᠦᠯᠤᠨ᠂ ᠰᠤᠼᠢᠶᠠᠯᠢᠰᠲ᠋ ᠡᠭᠡ ᠣᠷᠤᠨ ᠤ ᠪᠠᠨ ᠠᠯᠳᠠᠷ ᠢ ᠳᠡᠯᠡᠭᠡᠢ ᠳᠤ ᠮᠠᠠᠳᠤᠭᠤᠯᠵᠤ ᠪᠠᠢ᠌ᠬᠤ ᠪᠣᠯᠤᠨ᠎ᠠ᠃

ᠭ᠍᠊ · ᠵᠠᠮᠰᠠᠷᠠᠠᠵᠠᠪ

ᠵᠤᠬᠢᠶᠠᠭᠴᠢ᠄ ᠴ·ᠯᠤᠳᠤᠢ᠌ᠳᠠᠮᠪᠠ
ᠳᠠᠷᠤᠮ᠄ 22809
ᠴᠠᠭ᠄ 2007 ᠤᠨ ᠤ 11 ᠰᠠᠷ᠎ᠠ ᠶᠢᠨ 09
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ