ᠨᠡᠪᠲᠡᠷᠡᠨ ᠤᠷᠤᠬᠤ
ᠲᠤᠯᠤᠳᠤᠭᠠᠷ ᠪᠦᠯᠦᠭ ᠂ ᠸᠠᠩ ᠬᠠᠨ ᠰᠦᠨᠦᠭᠰᠡᠨ ᠨᠢ

186᠂ ᠬᠡᠷᠡᠢ᠌ᠳ ᠢᠷᠬᠡᠨ ᠢ ᠲᠣᠷᠣᠢ᠌ᠳᠣᠭᠣᠯᠵᠣ᠂ ᠵᠦᠭ᠌ ᠵᠦᠭ᠌ ᠬᠣᠪᠢᠶᠠᠵᠣ ᠠᠪᠣᠪᠠ᠃ ᠰᠥᠯᠲᠦᠳᠡᠢ ᠣᠪᠣᠭ ᠤᠨ ᠲᠠᠬᠠᠢ ᠪᠠᠭᠠᠳᠣᠷ ᠤᠨ ᠵᠠᠷᠣᠴᠠ ᠪᠣᠯᠭᠠᠵᠣ᠂ ᠨᠢᠬᠡ ᠵᠠᠭᠣᠨ ᠵᠢᠷᠬᠢᠨ ᠢ ᠦᠭ᠍ᠪᠡ᠃ ᠪᠠᠰᠠ ᠸᠠᠩ ᠬᠠᠨ ᠤ ᠲᠡᠬᠥᠤ ᠵᠠᠬ᠎ᠠ ᠭᠣᠮᠪᠣ ᠳᠤ ᠬᠣᠶᠠᠷ ᠦᠬᠢᠨ ᠪᠠᠢ᠌ᠭᠰᠠᠨ ᠢ ᠡᠬᠡᠴᠢ ᠢᠪᠠᠭ᠎ᠠ ᠶᠢ ᠴᠢᠩᠬᠢᠰ ᠬᠠᠭᠠᠨ ᠦᠪᠡᠷ ᠶᠢᠠᠨ ᠠᠪᠴᠣ᠂ ᠲᠡᠬᠥᠤ ᠰᠣᠷᠬᠠᠭᠳᠠᠨᠢ ᠶᠢ ᠬᠦᠪᠡᠬᠥᠨ ᠲᠣᠯᠣᠢ ᠳᠤ ᠦᠭ᠍ᠪᠡ᠃ ᠡᠢ᠌ᠮᠣ ᠶᠢᠨ ᠲᠣᠯᠠ ᠵᠠᠬ᠎ᠠ ᠭᠣᠮᠪᠣ ᠶᠢᠨ ᠬᠠᠷᠢᠶᠠᠳᠣ ᠦᠮᠴᠢ ᠶᠢᠨ ᠢᠷᠬᠡᠨ ᠢ ᠬᠠᠯᠳᠠᠵᠣ ᠠᠪᠣᠭᠰᠠᠨ ᠦᠭᠡᠶ᠃ ᠬᠠᠷᠢᠨ ᠵᠠᠬ᠎ᠠ ᠭᠣᠮᠪᠣ ᠵᠢ ᠲᠡᠷᠬᠡᠨ ᠤ ᠨᠦᠬᠥᠬᠡ ᠠᠷᠠᠯ ᠮᠠᠳᠣ [ᠨᠠᠳᠠᠳᠣ ᠲᠣᠰᠠ ᠪᠣᠯᠵᠣ] ᠶᠠᠪᠣ ᠬᠡᠵᠦ ᠰᠣᠶᠣᠷᠬᠠᠵᠣ ᠦᠷᠥᠰᠢᠶᠡᠪᠡ᠃

187᠂ ᠪᠠᠰᠠ ᠴᠢᠩᠬᠢᠰ ᠬᠠᠭᠠᠨ᠂ ᠸᠠᠩ ᠬᠠᠨ ᠤ ᠰᠠᠭᠣᠳᠠᠭ ᠠᠯᠳᠠᠨ ᠠᠰᠠᠷ᠂ ᠬᠡᠷᠩᠯᠠᠳᠡᠭ ᠠᠯᠳᠠᠨ ᠵᠠᠪᠢᠶ᠎ᠠ ᠠᠶᠠᠭ᠎ᠠ ᠪᠠ ᠠᠰᠠᠷᠠᠵᠣ ᠶᠠᠪᠣᠭᠰᠠᠨ ᠠᠷᠠᠳ ᠰᠠᠯᠳᠠ᠂ ᠸᠠᠩ ᠤᠨ ᠬᠠᠵᠠᠭᠣ ᠳᠤ ᠪᠠᠷ᠎ᠠ ᠪᠣᠯᠣᠭᠴᠢ ᠬᠡᠷᠡᠢ᠌ᠳ ᠴᠦᠮ ᠢ ᠪᠠᠳᠠᠢ᠂ ᠬᠢᠰᠢᠯᠢᠭ ᠬᠣᠶᠠᠷ ᠲ᠋ᠤ ᠣᠯᠭᠣᠵᠣ

《ᠬᠣᠪᠢ ᠳᠠᠭᠠᠨ ᠵᠠᠷᠣᠴᠠᠯᠠᠵᠣ

ᠬᠣᠠᠳᠠᠭ᠎ᠠ ᠪᠠᠨ ᠪᠠᠷᠢᠭᠣᠯᠵᠣ

ᠬᠣᠷᠣᠮᠰᠬ᠎ᠠ ᠪᠠᠨ ᠵᠠᠬᠥᠯᠬᠡᠵᠦ

ᠣᠷᠣᠭ ᠤᠨ ᠣᠷᠣᠭ ᠲᠤ

ᠬᠦᠷᠳᠡᠯ᠎ᠡ ᠣᠳᠠᠳᠠᠯ᠎ᠠ ᠲᠠᠷᠬᠠᠯᠠᠨ ᠵᠢᠷᠭᠠᠭᠳᠣᠨ

[ᠲ᠋ᠨ ᠬᠣᠶᠠᠷ]

ᠠᠯᠠᠯᠳᠣᠭᠠᠨ ᠲᠠᠢ᠌ᠨ ᠳᠤ ᠶᠠᠪᠣᠵᠣ

ᠠᠪᠣᠭᠰᠠᠨ ᠣᠯᠵᠠ ᠪᠠᠨ ᠴᠦᠮ ᠢ

ᠠᠮᠢᠨ ᠳᠠᠭᠠᠨ ᠠᠰᠢᠭᠯᠠᠵᠣ ᠪᠠᠢ᠌ᠭᠳᠣᠨ᠃

ᠡᠠᠩ ᠠᠪᠠ ᠳᠤ ᠶᠠᠪᠣᠵᠣ

ᠠᠯᠠᠭᠰᠠᠨ ᠬᠦᠷᠥᠬᠡᠰᠦ ᠪᠠᠨ ᠴᠦᠮ ᠢ

ᠬᠣᠪᠢᠨ ᠳᠠᠭᠠᠨ ᠬᠡᠷᠩᠯᠠᠵᠦ ᠪᠠᠢ᠌ᠭᠳᠤᠨ 》

ᠬᠡᠥᠨ ᠴᠢᠩᠬᠢᠰ ᠬᠠᠭᠠᠨ ᠪᠠᠰᠠ ᠵᠠᠷᠯᠢᠭ ᠪᠣᠯᠣᠷᠣᠨ᠄ 《ᠪᠠᠳᠠᠢ ᠬᠢᠰᠢᠯᠢᠭ ᠬᠣᠶᠠᠷ᠂ ᠮᠢᠨᠣ ᠠᠮᠢ ᠶᠢ ᠠᠪᠣᠷᠠᠵᠣ ᠲᠣᠰᠠ ᠬᠦᠷᠬᠡᠭ᠍ᠰᠡᠨ  ᠤ ᠲᠣᠯᠠ ᠮᠦᠩᠬᠡ ᠲᠡᠭ᠍ᠷᠢ  ᠳᠤ ᠢᠪᠡᠬᠡᠭ᠍ᠳᠡᠵᠦ᠂ ᠬᠡᠷᠡᠢ᠌ᠳ ᠣᠯᠣᠰ ᠢ ᠲᠣᠷᠣᠢ᠌ᠳᠣᠭᠣᠯᠵᠣ᠂ ᠦᠨᠳᠥᠷ ᠰᠠᠭᠣᠷᠢᠨ ᠳᠤ ᠬᠦᠷᠪᠡ ᠪᠢ᠃ ᠣᠳᠣ ᠪᠠ ᠢᠷᠡᠬᠡᠳᠥᠢ ᠳᠤ ᠣᠷᠣᠭ ᠤᠨ ᠣᠷᠣᠭ ᠬᠦᠷᠳᠡᠯ᠎ᠡ ᠮᠢᠨᠣ ᠰᠠᠭᠣᠷᠢ ᠶᠢ ᠵᠠᠯᠭᠠᠮᠵᠢᠯᠠᠭᠴᠢᠳ᠂ ᠡᠨᠠ ᠬᠣᠶᠠᠷ ᠤᠨ ᠬᠦᠷᠬᠡᠭ᠍ᠰᠡᠨ ᠲᠣᠰᠠ ᠶᠢ ᠡᠬᠥᠷᠢᠳᠡ ᠰᠠᠨᠠᠵᠣ ᠶᠠᠪᠣᠳᠣᠭᠠᠢ》 ᠬᠡᠵᠦ ᠵᠠᠷᠯᠢᠭ ᠪᠣᠯᠪᠠ᠃

ᠬᠡᠷᠡᠢ᠌ᠳ ᠣᠯᠣᠰ ᠢ ᠡᠵᠠᠯᠠᠵᠣ

ᠬᠡᠨ ᠳᠤ ᠴᠤ ᠲᠣᠳᠠᠭᠠᠯ ᠦᠭᠡᠶ

ᠬᠡᠰᠩᠯᠠᠵᠦ ᠬᠣᠪᠢᠶᠠᠵᠣ ᠠᠪᠣᠪᠠ

ᠲᠥᠮᠡᠨ ᠲᠦᠪᠡᠬᠡᠨ ᠢ ᠨᠣᠮᠣᠭᠠᠳᠬᠠᠵᠣ

ᠲᠡᠬᠥᠨ ᠢ ᠪᠦᠷᠢᠨ᠎ᠡ ᠲᠠᠰᠣᠴᠠᠵᠣ

ᠲᠦᠬᠡᠬᠡᠨ ᠬᠣᠪᠢᠶᠠᠵᠣ ᠣᠷᠬᠢᠪᠠ

ᠣᠯᠠᠨ ᠲᠣᠩᠭ᠋ᠠᠢ᠌ᠳ ᠢ ᠲᠠᠷᠣᠵᠣ

ᠣᠷᠣᠢ ᠪᠣᠯᠬᠣ ᠶᠢᠨ ᠡᠮᠣᠨ᠎ᠠ

ᠣᠭᠳᠣᠴᠢᠨ ᠬᠣᠪᠢᠶᠠᠵᠣ ᠠᠪᠣᠪᠠ

ᠴᠢᠰᠤ ᠣᠷᠣᠰᠬᠠᠬᠣ ᠲᠣᠷᠠᠳᠠᠢ

ᠴᠣᠣᠳᠣ ᠵᠢᠷᠬᠢᠨ ᠣᠪᠣᠭ ᠢ

ᠴᠣᠭ ᠢ ᠬᠣᠪᠢᠶᠠᠵᠣ ᠡᠵᠠᠯᠠᠪᠠ᠃

ᠬᠡᠷᠡᠢ᠌ᠳ ᠢᠷᠬᠡᠨ ᠢ ᠰᠦᠨᠦᠬᠡᠵᠦ ᠲᠠᠷᠠ ᠡᠪᠣᠯ᠂ ᠠᠪᠵᠢᠭ᠎ᠠ ᠬᠦᠳᠡᠬᠡᠷ ᠬᠡᠳᠡᠭ ᠭᠠᠵᠠᠷ ᠡᠪᠣᠯᠵᠢᠪᠠ᠃

188᠂ ᠸᠠᠩ ᠬᠠᠨ ᠰᠠᠩᠬᠥᠮ ᠬᠣᠶᠠᠷ ᠲᠣᠳᠠᠭᠠᠵᠣ ᠭᠠᠷᠣᠭᠠᠳ ᠲᠢᠳᠢᠭ᠌ ᠰᠠᠬᠠᠯ ᠤᠨ ᠨᠡᠬᠥᠨ ᠣᠰᠣ ᠬᠡᠳᠡᠭ ᠭᠠᠵᠠᠷ ᠸᠠᠩ ᠬᠠᠨ ᠠᠩᠭ᠋ᠠᠵᠣ ᠣᠰᠣᠨ ᠲᠡᠬᠡᠷ᠎ᠡ ᠣᠴᠢᠭᠠᠳ ᠨᠢ᠋ᠮᠠᠨ ᠤ ᠬᠠᠷᠠᠭᠣᠯ ᠤᠨ ᠬᠣᠷᠢᠰᠤ ᠪᠠᠴᠢ ᠬᠡᠭ᠍ᠴᠢ ᠬᠦᠮᠥᠨ ᠲᠡᠶ ᠲᠣᠬᠢᠶᠠᠯᠳᠣᠪᠠ᠃ ᠬᠣᠷᠢᠰᠤ ᠪᠠᠴᠢ ᠳᠤ ᠸᠠᠩ ᠬᠠᠨ 《ᠪᠢ ᠸᠠᠩ ᠬᠠᠨ ᠮᠦᠨ》 ᠬᠡᠵᠦ ᠬᠡᠯᠡᠭ᠍ᠰᠡᠨ ᠪᠣᠯᠪᠠᠴᠣ ᠲᠠᠷᠠ ᠲᠠᠨᠢᠭᠰᠠᠨ ᠦᠭᠡᠶ ᠪᠠ ᠦᠨᠡᠮᠰᠢᠭ᠍ᠰᠡᠨ ᠦᠭᠡᠶ᠂ ᠸᠠᠩ ᠬᠠᠨ ᠢ ᠪᠠᠷᠢᠵᠣ ᠠᠪᠣᠭᠠᠳ ᠠᠯᠠᠵᠠᠢ᠃ ᠰᠠᠩᠬᠥᠮ ᠲᠢᠳᠢᠭ᠌ ᠰᠠᠬᠠᠯ ᠤᠨ ᠨᠡᠬᠥᠨ ᠣᠰᠣᠨ ᠲᠡᠬᠡᠷ᠎ᠡ ᠣᠴᠢᠯ ᠦᠭᠡᠶ ᠲᠣᠭᠣᠷᠢᠨ ᠭᠠᠷᠴᠣ᠂ ᠴᠦᠯ ᠭᠠᠵᠠᠷ ᠣᠰᠣ ᠡᠷᠢᠵᠣ ᠶᠠᠪᠣᠳᠠᠯ᠎ᠠ᠂ ᠬᠡᠰᠡᠭ ᠬᠣᠯᠠᠨ ᠢᠯᠠᠭᠠᠷᠬᠠᠨ ᠵᠤᠭᠰᠣᠵᠣ ᠪᠠᠢ᠌ᠬᠣ ᠶᠢ ᠦᠵᠡᠬᠡᠥᠨ ᠰᠠᠩᠬᠥᠮ᠂ ᠮᠣᠷᠢᠨ ᠡᠴᠡ ᠪᠠᠭᠣᠵᠣ ᠮᠣᠷᠢ ᠪᠠᠨ ᠠᠭᠳᠠᠴᠢ ᠬᠦᠬᠡᠴᠦ ᠳᠤ ᠪᠠᠷᠢᠭᠣᠯᠣᠭᠠᠳ᠂ ᠬᠣᠯᠠᠨ ᠢ ᠮᠢᠷᠢᠶᠠᠵᠣ ᠤᠳᠪᠠ᠃ ᠰᠠᠩᠬᠥᠮ᠂ ᠠᠭᠳᠠᠴᠢ ᠬᠦᠬᠡᠴᠦ᠂ ᠬᠦᠬᠡᠴᠦ ᠶᠢᠨ ᠡᠬᠡᠨᠡᠷ ᠭᠣᠷᠪᠠᠭᠣᠯᠠ ᠶᠠᠪᠣᠭᠰᠠᠨ ᠠᠵᠠᠢ᠃ ᠬᠡᠳᠡᠯ᠎ᠡ ᠠᠭᠳᠠᠴᠢ ᠬᠦᠬᠡᠴᠦ᠂ ᠰᠠᠩᠬᠥᠮ ᠤᠨ ᠮᠣᠷᠢ ᠶᠢ ᠬᠦᠳᠥᠯᠣᠬᠡᠥᠨ ᠬᠡᠳᠡᠷᠬᠥ ᠪᠣᠴᠠᠨ ᠬᠠᠳᠤᠷᠢᠪᠠᠯ ᠲᠡᠬᠥᠨ ᠤ ᠡᠮ᠎ᠠ ᠦᠬᠥᠯᠡᠷᠥᠨ᠄

《ᠠᠯᠳᠠᠳᠣ ᠶᠢ ᠡᠮᠥᠰᠬᠥ ᠳᠤ

ᠠᠮᠳᠠᠳᠣ ᠶᠢ ᠢᠳᠡᠬᠥ ᠳᠤ

ᠠᠮᠠᠷᠠᠭ ᠬᠦᠬᠡᠴᠦ ᠮᠢᠨᠢ ᠬᠡᠵᠦ ᠬᠠᠢ᠌ᠷᠠᠯᠠᠵᠣ

ᠠᠰᠠᠷᠠᠨ ᠰᠠᠨᠠᠵᠣ ᠪᠢᠯᠠ

ᠬᠠᠷᠢᠨ ᠣᠳᠣ ᠴᠢ

ᠬᠠᠨ ᠰᠠᠩᠬᠥᠮ ᠢ ᠣᠷᠬᠢᠵᠣ

ᠬᠠᠶᠠᠵᠣ ᠲᠣᠳᠠᠭᠠᠬᠣ ᠪᠣᠶᠣ︖》 ᠬᠡᠵᠦ ᠬᠣᠴᠣᠷᠬᠣ ᠶᠢ ᠵᠠᠪᠳᠣᠪᠠᠯ᠂ ᠬᠦᠬᠡᠴᠦ ᠦᠬᠥᠯᠡᠷᠥᠨ᠄ 《ᠴᠢ ᠰᠠᠩᠬᠥᠮ ᠤᠨ ᠡᠬᠡᠨᠡᠷ ᠪᠣᠯᠬᠣ ᠬᠡᠪᠡ ᠦᠦ︖》 ᠬᠡᠪᠡᠯ ᠡᠮ᠎ᠠ ᠨᠢ ᠦᠬᠥᠯᠡᠷᠠᠥᠨ᠄ 《ᠴᠢ ᠨᠠᠮᠢ᠋ᠢ ᠨᠣᠬᠠᠢ ᠮᠠᠳᠣ ᠢᠴᠢᠩᠬᠥᠷᠢ ᠦᠭᠡᠶ ᠠᠮᠢᠳᠠᠨ ᠬᠡᠬᠥ ᠪᠣᠶᠣ︖ ᠴᠢ ᠠᠯᠳᠠᠨ ᠬᠣᠠᠳᠠᠭ᠎ᠠ ᠶᠢ ᠨᠢ ᠣᠷᠬᠢᠳᠣᠭᠠᠢ᠃ ᠶᠠᠳᠠᠬᠣ ᠳᠠᠭᠠᠨ ᠣᠰᠣ ᠣᠣᠭᠣᠬᠣ ᠰᠠᠪᠠ ᠲᠡᠶ ᠦᠯᠡᠳᠡᠭ》 ᠬᠡᠪᠡᠯ᠂ ᠬᠦᠬᠡᠴᠦ ᠠᠯᠳᠠᠨ ᠬᠣᠠᠳᠠᠭ᠎ᠠ ᠶᠢ ᠨᠢ ᠬᠤᠢ᠌ᠰᠢ ᠬᠠᠶᠠᠭᠠᠳ ᠬᠠᠳᠤᠷᠢᠨ ᠣᠳᠪᠠ᠃ ᠠᠭᠳᠠᠴᠢ ᠬᠦᠬᠡᠴᠦ ᠪᠣᠴᠠᠵᠣ ᠢᠷᠡᠬᠡᠥᠨ ᠴᠢᠩᠬᠢᠰ ᠬᠠᠭᠠᠨ ᠳᠤ ᠣᠴᠢᠵᠣ᠄ 《ᠰᠠᠩᠬᠥᠮ ᠢ ᠲᠡᠢ᠌ᠠᠬᠥ ᠴᠦᠯ ᠳᠤ ᠶᠠᠪᠠᠭᠠᠨ ᠬᠠᠶᠠᠭᠠᠳ ᠢᠷᠠᠪᠠ》 ᠬᠡᠵᠦ ᠶᠠᠷᠢᠯᠴᠠᠭᠰᠠᠨ ᠦᠬᠡ ᠪᠠᠨ ᠪᠦᠷᠢᠨ ᠶᠢᠠᠷ ᠠᠢ᠌ᠯᠠᠳᠬᠠᠪᠠᠯ ᠴᠢᠩᠬᠢᠰ ᠬᠠᠭᠠᠨ ᠵᠠᠷᠯᠢᠭ ᠪᠣᠯᠣᠷᠣᠨ᠄

《ᠭᠠᠭᠴᠡᠬᠥ ᠡᠮ᠎ᠠ ᠶᠢᠨ ᠬᠢᠨᠢ ᠠᠮᠢ ᠶᠢ ᠦᠷᠥᠰᠢᠶᠡᠶ᠎ᠡ᠂ ᠨᠦᠬᠥᠬᠡ ᠠᠭᠳᠠᠴᠢ ᠬᠦᠬᠡᠴᠦ᠂ ᠬᠠᠨ ᠡᠵᠠᠨ ᠶᠢᠠᠨ ᠬᠠᠶᠠᠵᠣ ᠢᠷᠠᠪᠠ᠃ ᠬᠠᠷᠠᠬᠠᠨ ᠢᠳᠡᠬᠡᠵᠦ ᠪᠣᠯᠬᠣ ᠦᠭᠡᠶ ᠬᠦᠮᠥᠨ》 ᠬᠡᠵᠦ ᠴᠠᠪᠴᠢᠵᠣ ᠠᠯᠠᠪᠠ᠃ [ᠰᠠᠩᠬᠥᠮ᠂ ᠠᠰᠢᠭ ᠪᠠᠯᠭᠠᠰᠣ ᠶᠢ ᠲᠠᠭᠠᠷᠢᠵᠣ᠂ ᠲᠦᠪᠡᠥᠨ ᠣᠷᠣᠨ ᠳᠤ ᠰᠠᠭᠣᠵᠣ ᠪᠠᠢ᠌ᠭᠰᠠᠨ ᠪᠣᠯᠪᠠᠴᠣ ᠨᠣᠳᠣᠭ ᠤᠨ ᠠᠷᠠᠳ ᠲᠤ ᠬᠠᠪᠴᠢᠭᠳᠠᠵᠣ ᠲᠣᠳᠠᠭᠠᠵᠣ ᠭᠠᠷᠣᠭᠠᠳ ᠺᠠᠰᠢᠭᠠᠷ ᠲᠤ ᠢᠷᠠᠪᠠ᠃ ᠲᠠᠠᠳᠠᠬᠢ ᠶᠢᠨ ᠨᠣᠶᠠᠨ ᠺᠠᠯᠵᠣ᠂ ᠰᠠᠩᠬᠥᠮ ᠢ ᠪᠠᠷᠢᠵᠣ ᠠᠯᠠᠭᠰᠠᠨ ᠪᠠ ᠡᠬᠡᠨᠡᠷ ᠬᠡᠣᠬᠡᠥᠨ ᠢ ᠴᠢᠩᠬᠢᠰ ᠬᠠᠭᠠᠨ ᠳᠤ ᠬᠦᠷᠬᠡᠵᠦ ᠦᠭ᠍ᠪᠡ ᠬᠡᠳᠡᠭ ᠦᠬᠡ ᠪᠠᠢ᠌ᠳᠠᠭ᠂ ᠷᠠᠰᠢᠳ᠋]

189᠂ ᠨᠢ᠋ᠮᠠᠨ ᠤ ᠲᠠᠶᠠᠨ ᠬᠠᠨ ᠤ ᠡᠬᠡ ᠬᠦᠷᠪᠡᠰᠦ ᠦᠬᠥᠯᠡᠷᠥᠨ᠄ 《ᠸᠠᠩ ᠬᠠᠨ᠂ ᠡᠷᠳᠠᠨ ᠤ ᠶᠡᠬᠡ ᠬᠠᠨ ᠪᠢᠯᠠ᠃ ᠲᠣᠯᠣᠭᠠᠢ ᠵᠢ ᠨᠢ ᠠᠪᠴᠢᠷᠠᠭᠳᠣᠨ᠂ ᠬᠡᠷᠪᠡ ᠮᠦᠨ ᠪᠣᠯ ᠪᠢᠳᠠ ᠲᠠᠬᠢᠶ᠎ᠠ》 ᠬᠡᠵᠦ ᠬᠣᠷᠢᠰᠤ ᠪᠠᠴᠢ ᠳᠤ ᠡᠯᠴᠢ ᠢᠯᠡᠬᠡᠨ᠂ ᠸᠠᠩ ᠬᠠᠨ ᠤ ᠲᠣᠯᠣᠭᠠᠢ ᠶᠢ ᠣᠭᠳᠣᠯᠵᠣ ᠠᠪᠴᠢᠷᠠᠭᠣᠯᠪᠠᠯ ᠴᠤᠬᠤᠮ ᠮᠦᠨ ᠲᠣᠯᠠ ᠴᠠᠭᠠᠨ ᠣᠯᠪᠣᠭ ᠲᠡᠬᠡᠷ᠎ᠡ ᠣᠷᠣᠰᠢᠭᠣᠯᠵᠣ᠂ ᠢᠳᠡᠬᠡ ᠰᠢᠬᠥᠰᠦ ᠡᠷᠬᠥᠨ᠂ ᠪᠠᠷᠢᠶᠠᠳ ᠶᠢᠠᠨ (ᠪᠡᠷᠦᠭᠦᠳ) ᠪᠡᠷᠢᠯᠡᠬᠦᠯᠵᠦ᠂ ᠬᠤᠭᠤᠷ ᠬᠤᠭᠤᠷᠳᠠᠭᠤᠯᠵᠤ᠂ ᠢᠳᠡᠭᠡ ᠰᠢᠭᠦᠰᠦ ᠲᠠᠯᠪᠢᠵᠤ᠂ ᠬᠤᠨᠳᠠᠭ᠎ᠠ ᠡᠷᠭᠦᠭᠦᠯᠵᠦ ᠲᠠᠬᠢᠪᠠ᠃ ᠲᠡᠭᠡᠵᠦ ᠲᠠᠬᠢᠵᠦ ᠪᠠᠢ᠌ᠲᠠᠯ᠎ᠠ᠂ ᠲᠡᠷᠡ ᠲᠤᠯᠤᠭᠠᠢ ᠢᠨᠢᠶᠡᠭᠰᠡᠨ ᠳᠤ ᠢᠨᠢᠶᠡᠪᠡ ᠭᠡᠵᠦ ᠲᠠᠶᠠᠨ ᠬᠠᠨ ᠬᠢᠯᠢᠩᠯᠠᠵᠣ ᠬᠡᠮᠬᠡᠴᠡᠨ ᠬᠢᠰᠬᠢᠯᠡᠬᠥᠯᠪᠡ᠃ ᠡᠬᠥᠨ ᠳᠤ ᠬᠥᠭ᠍ᠰᠠᠬᠥᠤ ᠰᠠᠪᠷᠠᠭ ᠦᠬᠥᠯᠡᠷᠥᠨ᠄ 《ᠦᠬᠥᠭ᠍ᠰᠡᠨ ᠬᠠᠨ ᠤ ᠲᠣᠯᠣᠭᠠᠢ ᠶᠢ ᠣᠭᠳᠣᠯᠵᠣ ᠠᠪᠴᠢᠷᠠᠭᠠᠳ ᠬᠡᠮᠬᠡᠴᠡᠨ ᠬᠠᠶᠠᠵᠣ ᠶᠠᠭᠠᠬᠢᠵᠣ ᠵᠤᠬᠢᠬᠤ ᠪᠣᠢ︖ ᠮᠠᠨᠠᠢ᠌ᠬᠢᠨ ᠨᠣᠬᠠᠢ ᠮᠠᠭᠣᠬᠠᠢ ᠪᠠᠷ ᠣᠯᠢᠨ ᠬᠣᠴᠠᠬᠣ ᠪᠣᠯᠪᠠ᠂ ᠣᠷᠢᠳᠣ ᠢᠨᠠᠠᠴᠠ ᠪᠢᠯᠬᠡ ᠬᠠᠭᠠᠨ ᠤ ᠬᠡᠯᠡᠭ᠍ᠰᠡᠨ ᠨᠢ᠄

〈ᠡᠷ᠎ᠠ ᠨᠠᠮᠢ᠋ᠢ ᠦᠳᠡᠯᠥᠭᠰᠡᠨ ᠬᠤᠢ᠌ᠨ᠎ᠠ

ᠡᠬᠡᠨᠡᠷ ᠤᠨ ᠮᠢᠨᠢ ᠵᠠᠯᠠᠭᠣ ᠪᠠᠢ᠌ᠬᠣ ᠳᠤ

ᠡᠷᠬᠡᠲᠦ ᠲᠡᠭ᠍ᠷᠢ ᠶᠢᠨ ᠡᠯᠪᠠᠷᠢᠯ ᠶᠢᠠᠷ

ᠡᠨᠠ ᠲᠠᠶᠠᠨ ᠲᠥᠷᠥᠭᠰᠡᠨ ᠪᠢᠯᠠ

ᠲᠣᠷᠯᠠᠭ ᠭᠣᠸ᠎ᠠ ᠪᠠᠶ᠎ᠠ ᠲᠡᠶ

ᠲᠣᠷᠮᠣᠭᠣᠷ ᠪᠣᠷᠣ ᠬᠦᠤ ᠮᠢᠨᠢ

ᠠᠷᠠᠳ ᠲᠣᠣᠷᠠᠳᠣ ᠣᠯᠠᠨ ᠶᠢᠠᠨ

ᠠᠰᠠᠷᠠᠨ ᠵᠠᠬᠢᠷᠴᠣ ᠴᠢᠳᠠᠬᠣ ᠪᠣᠯᠪᠠ ᠦᠦ︖〉

ᠬᠡᠵᠦ ᠪᠠᠢ᠌ᠭᠰᠠᠨ ᠪᠢᠯᠠ᠂ ᠣᠳᠣ

〈ᠬᠠᠷ᠎ᠠ ᠨᠣᠬᠠᠢ ᠮᠠᠭᠣ ᠢᠷᠸ᠎ᠠ ᠪᠠᠷ ᠬᠣᠴᠠᠬᠣ ᠪᠣᠯᠪᠠ

ᠬᠠᠳᠣᠨ ᠬᠦᠷᠪᠡᠰᠦ

ᠬᠠᠮᠣᠭ ᠬᠡᠷᠡᠭ ᠢ ᠮᠡᠳᠡᠬᠥ ᠪᠣᠯᠪᠠ

ᠬᠠᠨ ᠲᠠᠶᠠᠨ ᠴᠢ

ᠬᠠᠯᠠᠰᠢᠷᠠᠬᠣ ᠵᠦᠬᠡᠯᠡᠨ ᠬᠦᠮᠥᠨ ᠪᠠᠢ᠌ᠨ᠎ᠠ

ᠡᠠᠩ ᠬᠦᠷᠥᠬᠡ ᠬᠢᠬᠥ ᠡᠴᠡ ᠦᠬᠡᠷ᠎ᠡ᠂ ᠮᠡᠳᠡᠬᠥ ᠡᠷᠳᠠᠮ ᠴᠢᠳᠠᠯ ᠦᠭᠡᠶ ᠠᠵᠠᠢ〉 ᠬᠡᠪᠡᠯ᠂ ᠲᠠᠶᠠᠨ ᠬᠠᠨ ᠦᠬᠥᠯᠡᠷᠥᠨ᠄ 《ᠲᠣᠷᠣᠨ᠎ᠠ ᠵᠦᠭ ᠤᠨ ᠴᠦᠬᠡᠨ ᠮᠣᠩᠭ᠋ᠣᠯ ᠣᠮᠣᠭᠳᠠᠭᠠᠳ ᠪᠠᠢ᠌ᠬᠣ ᠪᠦᠯᠦᠬᠡ᠃ ᠡᠷᠳᠠᠨ ᠤ ᠰᠣᠷᠪᠣᠯᠵᠢᠳᠣ ᠸᠠᠩ ᠬᠠᠨ ᠢ ᠡᠯᠳᠠᠪ ᠶᠢᠠᠷ ᠠᠶᠣᠯᠭᠠᠨ ᠲᠣᠳᠠᠭᠠᠯᠭᠠᠵᠣ ᠡᠨᠠ ᠰᠠᠢ᠌ᠬᠠᠨ ᠦᠬᠥᠬᠥᠯᠪᠡ᠃ ᠲᠡᠬᠡᠬᠡᠥᠨ ᠲᠠᠳᠠ᠂ ᠪᠦᠬᠥᠳᠡ ᠶᠢ ᠡᠵᠠᠯᠠᠨ ᠬᠠᠭᠠᠨ ᠪᠣᠯᠬᠣ ᠰᠠᠨᠠᠭ᠎ᠠ ᠲᠡᠶ ᠦᠦ︖ ᠲᠡᠭ᠍ᠷᠢ ᠵᠢ  ᠣᠯᠠᠮ ᠬᠡᠬᠡᠨ ᠬᠡᠷᠡᠯ ᠲᠡᠶ ᠪᠣᠯᠭᠠᠬᠣ ᠶᠢᠨ ᠲᠣᠯᠠ ᠨᠠᠷᠠ ᠰᠠᠷᠠ ᠬᠣᠶᠠᠷ ᠪᠠᠢ᠌ᠳᠠᠭ ᠪᠢᠵᠠ᠃ ᠬᠡᠳᠡᠯ᠎ᠡ ᠭᠠᠵᠠᠷ ᠲᠡᠬᠡᠷ᠎ᠡ ᠬᠣᠶᠠᠷ ᠬᠠᠨ ᠪᠠᠢ᠌ᠵᠤ ᠶᠠᠭᠠᠬᠢᠵᠤ ᠪᠤᠯᠤᠨ᠎ᠠ (ᠭᠠᠵᠠᠷ ᠳᠡᠭᠡᠷ᠎ᠠ ᠶᠠᠭᠤᠨ ᠤ ᠳᠤᠯᠠ ᠬᠤᠶᠠᠷ ᠬᠠᠨ ᠪᠠᠢ᠌ᠬᠤ ᠬᠡᠷᠡᠭᠳᠡᠢ ᠪᠤᠢ) ᠤᠳᠤ ᠳᠡᠷᠡ ᠬᠡᠳᠦᠨ ᠮᠤᠩᠭ᠋ᠤᠯ  ᠢ ᠡᠵᠠᠯᠠᠵᠣ ᠠᠪᠴᠢᠷᠠᠶ᠎ᠠ》 ᠬᠡᠵᠡᠢ᠃ ᠲᠡᠬᠥᠨ ᠳᠤ ᠡᠬᠡ ᠬᠦᠷᠪᠡᠰᠦ ᠨᠢ ᠦᠬᠥᠯᠡᠷᠥᠨ᠄

《ᠶᠠᠭᠣ ᠬᠢᠨ᠎ᠠ︖ ᠲᠠᠳᠠᠨ ᠢ ᠮᠣᠩᠭ᠋ᠣᠯᠴᠣᠳ ᠬᠠᠩᠬᠣᠯᠣᠮ᠎ᠠ ᠮᠠᠭᠣ ᠦᠨᠥᠷᠳᠡᠢ ᠬᠠᠷ᠎ᠠ ᠮᠠᠭᠣᠬᠠᠢ ᠬᠣᠪᠴᠠᠰᠣ ᠲᠡᠶ ᠲᠣᠯᠠ ᠠᠪᠴᠢᠷᠠᠵᠣ ᠶᠠᠭᠣ ᠬᠢᠨ᠎ᠠ︖ ᠬᠣᠯᠠᠬᠠᠨ ᠪᠠᠢ᠌ᠪᠠᠯ ᠲᠡᠬᠡᠷ᠎ᠡ ᠪᠢᠯᠠ᠃ ᠭᠠᠭᠴᠡᠬᠥ ᠰᠢᠯᠢᠳᠡᠭ ᠰᠠᠢ᠌ᠨ ᠦᠬᠢᠥᠨ ᠪᠠᠷᠢᠶᠠᠳ ᠢ ᠨᠢ ᠠᠪᠴᠢᠷᠠᠭᠠᠳ ᠭᠠᠷ ᠬᠦᠯ ᠢ ᠨᠢ ᠣᠬᠢᠶᠠᠯᠭᠠᠪᠠᠯ ᠦᠨᠢᠶ᠎ᠡ᠂ ᠬᠣᠨᠢ ᠰᠠᠭᠠᠯᠭᠠᠵᠣ ᠪᠣᠯᠬᠣ ᠮᠠᠳᠣ》 ᠬᠡᠪᠡᠯ ᠲᠠᠶᠠᠨ ᠬᠠᠨ ᠦᠬᠥᠯᠡᠷᠥᠨ᠄ 《ᠲᠠᠳᠠ ᠶᠠᠮᠠᠷ ᠪᠣᠯᠪᠠᠴᠣ [ᠬᠠᠮᠢᠶ᠎ᠠ ᠦᠭᠡᠶ] ᠪᠢᠳᠠ ᠮᠣᠩᠭ᠋ᠣᠯ ᠳᠤ ᠣᠴᠢᠵᠣ ᠬᠣᠷᠮᠣᠰᠬ᠎ᠠ ᠰᠠᠭᠠᠳᠠᠭ ᠢ ᠬᠣᠷᠢᠶᠠᠨ ᠠᠪᠴᠢᠷᠠᠶ᠎ᠠ (ᠡᠵᠠᠯᠠᠨ ᠠᠪᠴᠢᠷᠠᠶ᠎ᠠ)》 ᠬᠡᠵᠡᠢ᠃

190᠂ ᠡᠳᠡᠬᠡᠷ ᠦᠬᠡ ᠶᠢ ᠰᠣᠨᠣᠰᠣᠭᠠᠳ ᠬᠥᠭ᠍ᠰᠠᠬᠥᠤ ᠰᠠᠪᠷᠠᠭ ᠪᠠᠭᠠᠳᠣᠷ ᠦᠬᠥᠯᠡᠷᠥᠨ᠄ 《ᠲ᠋ᠨ ᠬᠡᠳᠥᠷᠬᠡᠢ ᠶᠡᠬᠡ ᠦᠬᠡ ᠬᠡᠯᠡᠵᠦ ᠪᠠᠢ᠌ᠨ᠎ᠠ᠂ ᠡᠠᠶ᠎ᠠ᠂ ᠲᠣᠷᠯᠣᠭ ᠬᠠᠨ ᠮᠢᠨᠢ ᠢᠩᠬᠢᠵᠣ ᠪᠣᠯᠬᠣ ᠪᠣᠶᠣ︖ ᠪᠣᠯᠢᠭᠳᠣᠨ》 ᠬᠡᠵᠦ ᠬᠥᠭ᠍ᠰᠠᠬᠥᠤ ᠰᠠᠪᠷᠠᠭ ᠬᠡᠳᠦᠢ᠌ᠪᠡᠷ ᠢᠳᠬᠠᠪᠠᠴᠣ [ᠦᠬᠡ ᠶᠢ ᠨᠢ ᠰᠣᠨᠣᠰᠣᠭᠰᠠᠨ ᠦᠭᠡᠶ]᠂ ᠲᠣᠷᠪᠢᠳᠠᠰᠢ ᠨᠠᠷᠠᠳᠣ ᠡᠯᠴᠢ ᠶᠢ ᠣᠩᠭ᠋ᠣᠳ ᠠᠢ᠌ᠮᠠᠭ ᠤᠨ ᠠᠯᠠᠬᠣᠰᠢ ᠲᠢᠭᠢᠳ ᠬᠣᠷᠢ ᠳᠤ ᠲᠣᠮᠢᠯᠠᠨ ᠶᠠᠪᠣᠭᠣᠯᠵᠣ ᠬᠡᠯᠡᠬᠥᠯᠥᠭᠰᠡᠨ ᠨᠢ᠄ 《ᠡᠨᠠ ᠲᠣᠷᠣᠨ᠎ᠠ ᠵᠦᠭ᠌ ᠤᠨ ᠴᠦᠬᠡᠨ ᠮᠣᠩᠭ᠋ᠣᠯ ᠣᠮᠣᠭᠳᠠᠬᠣ ᠪᠣᠯᠪᠠ᠂ ᠴᠢ ᠪᠠᠷᠠᠭᠣᠨ ᠭᠠᠷ ᠪᠣᠯᠵᠣ ᠮᠣᠷᠳᠠ᠃ ᠪᠢ ᠡᠠᠳᠠ ᠡᠴᠡ ᠬᠠᠮᠰᠠᠵᠣ ᠬᠣᠶᠠᠭᠣᠯᠠ ᠲᠠᠷᠠ ᠬᠡᠳᠥᠨ ᠮᠣᠩᠭ᠋ᠣᠯ ᠤᠨ ᠬᠣᠷᠮᠣᠰᠬ᠎ᠠ ᠶᠢ ᠪᠣᠯᠢᠶᠠᠨ ᠠᠪᠣᠶ᠎ᠠ》 ᠬᠡᠵᠦ ᠢᠯᠡᠬᠡᠵᠡᠢ᠃ ᠲᠠᠷᠠ ᠦᠬᠡᠨ ᠳᠤ ᠠᠯᠠᠬᠣᠰᠢ ᠲᠢᠭᠢᠳ ᠬᠣᠷᠢ ᠬᠠᠷᠢᠭᠣ ᠦᠬᠥᠯᠡᠷᠥᠨ᠄ 《ᠪᠢ ᠴᠢᠨᠣ ᠪᠠᠷᠠᠭᠣᠨ ᠭᠠᠷ ᠪᠣᠯᠵᠣ ᠴᠢᠳᠠᠬᠣ ᠦᠬᠡᠢ》 ᠬᠡᠵᠦ ᠶᠠᠪᠣᠭᠣᠯᠣᠭᠠᠳ᠂ ᠶᠣᠬᠣᠨᠠᠨ ᠨᠠᠷᠠᠳᠣ ᠡᠯᠴᠢ ᠪᠠᠨ ᠵᠠᠷᠣᠵᠣ ᠴᠢᠩᠬᠢᠰ ᠬᠠᠭᠠᠨ ᠳᠤ ᠬᠡᠯᠡᠬᠥᠯᠥᠭᠰᠡᠨ ᠨᠢ᠄ 《ᠨᠢ᠋ᠮᠠᠨ ᠤ ᠲᠠᠶᠠᠨ ᠬᠠᠨ᠂ ᠴᠢᠨᠣ ᠬᠣᠷᠮᠣᠰᠬ᠎ᠠ ᠶᠢ ᠪᠣᠯᠢᠶᠠᠵᠣ ᠠᠪᠣᠶ᠎ᠠ᠂ ᠨᠠᠮᠢ᠋ᠢ ᠪᠠᠷᠠᠭᠣᠨ ᠭᠠᠷ ᠪᠣᠯ ᠬᠡᠰᠡᠨ ᠳᠤ ᠪᠢ ᠡᠰᠠ ᠵᠦᠪᠰᠢᠶᠡᠷᠠᠪᠡ᠃ ᠣᠳᠣ ᠪᠢ ᠴᠢᠮᠢ᠋ᠢ ᠪᠣᠯᠭᠣᠮᠵᠢᠯᠠᠳᠣᠭᠠᠢ ᠬᠡᠵᠦ ᠡᠨᠠ ᠣᠴᠢᠷ ᠢ ᠮᠠᠳᠠᠵᠣ ᠢᠯᠡᠬᠡᠪᠡ᠃ ᠲᠠᠢ᠌ᠰᠣᠨ ᠳᠤ ᠴᠢ ᠬᠣᠷᠮᠣᠰᠬ᠎ᠠ ᠪᠠᠨ ᠠᠪᠳᠣᠭᠣᠵᠠᠢ》 ᠬᠡᠵᠦ ᠢᠯᠡᠬᠡᠵᠡᠢ᠃ ᠲᠠᠷᠠ ᠴᠠᠭ ᠲᠤ ᠴᠢᠩᠬᠢᠰ ᠬᠠᠭᠠᠨ᠂ ᠲᠡᠮᠠᠬᠡᠨ ᠬᠡᠬᠡᠷ᠎ᠡ ᠬᠡᠳᠡᠭ ᠭᠠᠵᠠᠷ ᠠᠪᠠ ᠬᠢᠵᠣ ᠪᠠᠢ᠌ᠭᠰᠠᠨ ᠪᠠ ᠲᠥᠯᠬᠢᠠᠴᠡᠭᠦᠳ ᠬᠡᠳᠡᠭ ᠭᠠᠵᠠᠷ ᠢ ᠬᠣᠮᠣᠷᠠᠨ ᠠᠩᠨᠠᠵᠣ ᠪᠠᠢ᠌ᠬᠣ ᠳᠤ ᠠᠯᠠᠬᠣᠰᠢ ᠲᠢᠭᠢᠳ ᠬᠣᠷᠢ ᠶᠢᠨ ᠶᠠᠪᠣᠭᠣᠯᠣᠭᠰᠠᠨ ᠡᠯᠴᠢ ᠶᠣᠬᠣᠨᠠᠨ ᠢᠷᠠᠵᠣ ᠬᠡᠯᠡ ᠬᠦᠷᠬᠡᠪᠡ᠃ ᠡᠨᠠ ᠮᠡᠳᠡᠬᠡ ᠶᠢ ᠰᠣᠨᠣᠰᠣᠭᠠᠳ ᠮᠦᠨ ᠠᠪᠠ ᠶᠢᠨ ᠭᠠᠵᠠᠷ 《ᠶᠠᠭᠠᠬᠢᠬᠣ ᠪᠣᠢ︖》 ᠬᠡᠵᠦ ᠵᠦᠪᠯᠡᠯᠲᠦᠪᠡᠯ᠂ ᠣᠯᠠᠨ ᠬᠦᠮᠥᠨ ᠦᠬᠥᠯᠡᠷᠥᠨ᠄ 《ᠪᠢᠳᠠᠨ ᠤ ᠠᠭᠳᠠ ᠲᠣᠷᠠᠩᠬᠠᠢ ᠪᠠᠢ᠌ᠨ᠎ᠠ᠃ ᠣᠳᠣ ᠶᠠᠭᠠᠬᠢᠬᠣ ᠴᠤ ᠠᠷᠭ᠎ᠠ ᠦᠭᠡᠶ [ᠨᠠᠮᠣᠷ᠂ ᠠᠭᠳᠠ ᠪᠠᠨ ᠲᠠᠷᠭᠣᠯᠠᠭᠰᠠᠨ ᠬᠤᠢ᠌ᠨ᠎ᠠ ᠪᠠᠢ᠌ᠯᠳᠣᠶ᠎ᠠ᠂ ᠷᠠᠰᠢᠳ᠋] ᠬᠡᠪᠡᠯ᠂ ᠤᠳᠴᠢᠬᠢᠨ ᠨᠣᠶᠠᠨ ᠦᠬᠥᠯᠡᠷᠥᠨ᠄ 《ᠠᠭᠳᠠ ᠶᠢ ᠲᠣᠷᠠᠩᠬᠠᠢ ᠬᠡᠵᠦ ᠰᠢᠯᠳᠠᠭᠯᠠᠵᠣ ᠶᠠᠭᠠᠬᠢᠵᠣ ᠪᠣᠯᠣᠨ᠎ᠠ︖ ᠮᠢᠨᠣ ᠮᠣᠷᠢᠳ ᠲᠠᠷᠭᠣᠨ ᠪᠠᠢ᠌ᠨ᠎ᠠ᠃ ᠡᠢ᠌ᠮᠣ ᠮᠡᠳᠡᠬᠡ ᠶᠢ ᠰᠣᠨᠣᠰᠣᠭᠠᠳ ᠵᠦᠬᠡᠷ ᠰᠠᠭᠣᠵᠣ ᠪᠣᠯᠬᠣ ᠤᠤ︖ [ᠨᠢᠬᠡᠠᠳᠡ ᠡᠢ᠌ᠮᠣ ᠮᠡᠳᠡᠬᠡ ᠰᠣᠨᠣᠰᠣᠭᠰᠠᠨ ᠲᠣᠯᠠ ᠲᠠᠷᠣᠢ ᠪᠠᠢ᠌ᠯᠳᠣᠷ᠎ᠠ ᠮᠤᠷᠳᠠᠶ᠎ᠠ᠃ ᠬᠦᠳᠡᠯᠥᠯ ᠦᠭᠡᠶ ᠰᠠᠭᠣᠵᠣ ᠪᠠᠢ᠌ᠭᠠᠳ ᠲᠠᠶᠠᠨ ᠬᠠᠨ ᠳᠤ ᠠᠪᠳᠠᠭᠳᠠᠪᠠᠯ ᠡᠨᠠ ᠭᠠᠵᠠᠷ ᠮᠣᠩᠭ᠋ᠣᠯᠴᠣᠳ᠂ ᠲᠠᠶᠠᠨ ᠬᠠᠨ ᠳᠤ ᠡᠵᠡᠯᠡᠭ᠍ᠳᠡᠭ᠍ᠰᠡᠨ ᠬᠡᠬᠥ ᠮᠠᠭᠣ ᠨᠡᠷ᠎ᠡ ᠦᠯᠠᠳᠡᠬᠥ ᠪᠢᠰᠢᠤ᠃ ᠪᠠᠢ᠌ᠯᠳᠣᠭᠰᠠᠨ ᠤ ᠬᠤᠢ᠌ᠨ᠎ᠠ ᠲᠠᠳᠠ ᠲᠡᠢ᠌ᠯᠬᠥ᠂ ᠪᠢᠳᠠ ᠲᠡᠢ᠌ᠯᠬᠥ ᠠᠯᠢ ᠨᠢ ᠪᠣᠯᠬᠣ ᠶᠢ ᠭᠠᠭᠴᠡᠬᠥ ᠮᠦᠩᠬᠡ ᠲᠡᠭ᠍ᠷᠢ ᠮᠠᠳᠠᠨ᠎ᠠ᠂ ᠷᠠᠰᠢᠳ᠋]》 ᠬᠡᠪᠡ᠃ ᠪᠡᠯᠬᠥᠳᠡᠢ ᠨᠣᠶᠠᠨ ᠦᠬᠥᠯᠡᠷᠥᠨ᠄

《ᠠᠮᠢᠳᠣ ᠶᠠᠪᠣᠭ᠎ᠠ ᠪᠠᠢ᠌ᠳᠠᠯ᠎ᠠ

ᠠᠯᠳᠠᠨ ᠬᠣᠷᠮᠣᠰᠬ᠎ᠠ ᠪᠠᠨ ᠠᠯᠳᠠᠪᠠᠯ

ᠠᠮᠢᠳᠣ ᠶᠠᠪᠣᠭᠰᠠᠨ ᠤ ᠬᠡᠷᠡᠭ ᠶᠠᠭᠣᠨ︖

ᠨᠣᠮᠣ ᠰᠣᠮᠣ ᠪᠠᠨ ᠪᠠᠷᠢᠭᠰᠠᠭᠠᠷ

ᠰᠠᠭᠠᠳᠠᠭ ᠬᠣᠷᠮᠣᠰᠠᠬ᠎ᠠ ᠪᠠᠨ ᠲᠡᠷᠡᠯᠡᠭ᠍ᠰᠠᠬᠡᠷ

ᠶᠠᠰᠣ ᠪᠠᠨ ᠬᠡᠬᠡᠷ᠎ᠡ ᠣᠷᠬᠢᠬᠣ ᠡᠴᠡ

ᠡᠷᠬᠢᠮ ᠰᠠᠢ᠌ᠨ ᠦᠬᠥᠯ

ᠡᠷ᠎ᠠ ᠬᠦᠮᠥᠨ ᠳᠤ ᠪᠠᠢ᠌ᠬᠣ ᠪᠣᠶᠣ︖

ᠠᠷᠤ ᠨᠢ᠋ᠮᠠᠨ ᠣᠯᠣᠰ

ᠠᠭᠣᠤ ᠶᠡᠬᠡ ᠨᠣᠳᠣᠭ ᠲᠡᠶ

ᠠᠷᠠᠳ ᠢᠷᠬᠡᠨ ᠣᠯᠠᠨ ᠲᠡᠶ

ᠠᠳᠣᠭᠣ ᠮᠠᠯ ᠪᠠᠶᠠᠯᠢᠭ ᠲᠡᠶ ᠬᠡᠵᠦ

ᠶᠡᠬᠡ ᠰᠦᠷ ᠪᠠᠳᠠᠷᠠᠭᠣᠯᠣᠨ

ᠡᠢ᠌ᠮᠣ ᠦᠬᠡ ᠬᠡᠯᠡᠵᠦ ᠪᠠᠢ᠌ᠨ᠎ᠠ

ᠬᠠᠷᠢᠨ ᠡᠨᠠ ᠲᠠᠯᠢᠮ ᠳᠤ

ᠬᠠᠯᠳᠠᠵᠣ ᠪᠢᠳᠠ ᠣᠴᠢᠪᠠᠯ

ᠨᠣᠳᠣᠭ ᠣᠰᠣ ᠶᠢ ᠡᠵᠠᠯᠠᠵᠣ

ᠨᠣᠮᠣ ᠰᠣᠮᠣ ᠶᠢ ᠪᠣᠯᠢᠶᠠᠬᠣ ᠳᠤ

ᠪᠡᠷᠬᠡ ᠦᠭᠡᠶ

ᠣᠳᠣ ᠪᠢᠳᠠ ᠲᠣᠪᠳᠣᠯᠣᠨ ᠣᠴᠢᠪᠠᠯ

ᠣᠯᠠᠨ ᠠᠳᠣᠭᠣ ᠪᠠᠨ ᠬᠣᠷᠢᠶᠠᠵᠣ ᠠᠮᠵᠢᠬᠤ ᠦᠭᠡᠶ᠂

ᠣᠷᠬᠢᠭᠠᠳ ᠲᠣᠳᠠᠭᠠᠬᠣ ᠨᠢ ᠮᠠᠭᠠᠳ ᠦᠭᠡᠶ ᠪᠢᠰᠢᠤ

ᠣᠷᠳᠣ ᠬᠡᠷ ᠶᠢᠠᠨ ᠠᠴᠢᠵᠣ ᠴᠢᠳᠠᠬᠣ ᠦᠭᠡᠶ

ᠬᠠᠶᠠᠭᠠᠳ ᠵᠠᠢ᠌ᠯᠠᠬᠣ ᠨᠢ ᠯᠠᠪᠳᠠᠢ ᠪᠢᠰᠢᠤ

ᠣᠯᠠᠨ ᠬᠠᠷᠢᠶᠠᠳᠣ ᠠᠷᠠᠳ ᠨᠢ

ᠣᠢ ᠲᠠᠢ᠌ᠭ᠎ᠠ ᠳᠤ ᠰᠢᠷᠭᠣᠵᠣ

ᠣᠰᠣᠯᠳᠠᠨ ᠰᠠᠮᠠᠭᠣᠷᠠᠬᠣ ᠪᠢᠵᠠ

ᠣᠳᠣ ᠡᠢ᠌ᠮᠣ ᠦᠬᠡ ᠶᠢ ᠰᠣᠨᠣᠰᠣᠭᠰᠠᠭᠠᠷ ᠪᠠᠢ᠌ᠵᠣ

ᠣᠭᠳᠣ ᠵᠦᠬᠡᠷ ᠥᠩᠬᠡᠷᠡᠬᠥᠯᠵᠦ ᠪᠣᠯᠬᠣ ᠦᠭᠡᠶ

ᠣᠯᠠᠨ ᠲᠠᠶᠠᠭᠠᠷ ᠪᠠᠢ᠌ᠯᠳᠣᠷ᠎ᠠ ᠮᠣᠷᠳᠠᠶ᠎ᠠ》 ᠬᠡᠪᠡ᠃

191᠂ ᠪᠡᠯᠬᠥᠳᠡᠢ ᠨᠣᠶᠠᠨ ᠤ ᠡᠨᠠ ᠦᠬᠡ ᠶᠢ ᠴᠢᠩᠬᠢᠰ ᠬᠠᠭᠠᠨ ᠵᠦᠪᠰᠢᠶᠡᠷᠠᠵᠦ᠂ ᠠᠪᠠ ᠡᠴᠡ ᠪᠠᠭᠣᠭᠠᠳ ᠠᠪᠵᠢᠭ᠎ᠠ ᠬᠦᠳᠡᠬᠡᠷ ᠡᠴᠠ ᠨᠡᠬᠥᠵᠦ᠂ ᠬᠠᠯᠬ᠎ᠠ ᠭᠣᠣᠯ ᠤᠨ ᠣᠷᠣᠨᠣᠭᠣ ᠶᠢᠨ ᠬᠡᠯᠳᠡᠬᠡᠢ ᠬᠠᠳᠠ ᠬᠡᠳᠡᠭ ᠭᠠᠵᠠᠷ ᠣᠴᠢᠵᠣ ᠪᠠᠭᠣᠭᠠᠳ ᠴᠡᠷᠢᠭ᠌ ᠠᠷᠠᠳ ᠶᠢᠠᠨ ᠪᠦᠷᠢᠳᠬᠡᠨ ᠲᠣᠭᠠᠯᠠᠪᠠ᠃ ᠴᠢᠩᠬᠢᠰ ᠬᠠᠭᠠᠨ᠂ ᠴᠡᠷᠢᠭ᠌ ᠶᠢᠠᠨ ᠬᠣᠪᠢᠶᠠᠷᠢᠯᠠᠵᠣ᠂ ᠮᠢᠩᠭ᠋ᠠᠨ ᠤ ᠨᠣᠶᠠᠨ᠂ ᠵᠠᠭᠣᠨ ᠤ ᠨᠣᠶᠠᠨ᠂ ᠠᠷᠪᠠᠨ ᠤ ᠨᠣᠶᠠᠨ ᠪᠠ [ᠲ᠋ᠡᠷᠢᠬᠥᠯᠡᠨ ᠵᠠᠬᠢᠷᠬᠣ] ᠶᠡᠬᠡ ᠴᠠᠷᠪᠢ ᠨᠡᠷ ᠢ ᠲᠣᠮᠢᠯᠠᠪᠠ᠃ ᠲᠣᠳᠠᠢ ᠴᠠᠷᠪᠢ᠂ ᠲᠣᠭᠣᠯᠬᠣ ᠴᠠᠷᠪᠢ᠂ ᠦᠬᠡᠯᠡᠨ ᠴᠠᠷᠪᠢ᠂ ᠲᠣᠯᠣᠨ ᠴᠠᠷᠪᠢ᠂ ᠪᠣᠴᠠᠷᠠᠨ ᠴᠠᠷᠪᠢ᠂ ᠰᠦᠬᠡᠲᠦ ᠴᠠᠷᠪᠢ ᠡᠨᠠ ᠵᠢᠷᠭᠣᠭᠠᠨ ᠴᠠᠷᠪᠢ ᠲᠥᠰᠢᠮᠡᠯ ᠢ ᠲᠠᠠᠳᠠ ᠲᠣᠮᠢᠯᠠᠪᠠ᠃ ᠴᠡᠷᠢᠭ᠌ ᠤᠳ ᠶᠢᠠᠨ ᠠᠷᠪᠠᠨ᠂ ᠵᠠᠭᠣᠨ᠂ ᠮᠢᠩᠭ᠋ᠠᠨ ᠪᠣᠯᠭᠠᠨ ᠬᠣᠪᠢᠶᠠᠷᠢᠯᠠᠵᠣ ᠲᠠᠭᠣᠰᠣᠭᠠᠳ᠂ ᠪᠠᠰᠠ ᠨᠠᠶᠠᠨ ᠬᠡᠪᠳᠡᠬᠦᠯ (ᠰᠦᠨᠢ ᠶᠢᠨ ᠮᠠᠨᠠᠭᠤᠯ) ᠳᠠᠯᠠᠨ ᠳᠤᠷᠬᠠᠭ ᠤᠳ (ᠳᠤᠷᠭᠠᠨ ᠴᠡᠷᠢᠭ᠌) ᠬᠡᠰᠢᠭ᠌ᠳᠡᠨ (ᠡᠭᠡᠯᠵᠢ ᠶᠢᠨ ᠬᠠᠷᠠᠭᠠᠯᠵᠠᠭᠴᠢ) ᠨᠡᠷ ᠢ ᠳᠤᠰᠬᠠᠢ᠌ᠯᠠᠨ ᠳᠤᠮᠢᠯᠠᠵᠤ᠂ ᠡᠬᠦᠨ ᠳᠤ ᠮᠢᠩᠭ᠋ᠠᠨ ᠤ ᠨᠤᠶᠠᠳ᠂ ᠵᠠᠭᠤᠨ ᠤ ᠨᠤᠶᠠᠳ ᠤᠨ ᠬᠦᠪᠡᠬᠦᠳ ᠳᠡᠬᠦᠦ ᠨᠠᠷ ᠪᠠ ᠰᠤᠯᠠ ᠠᠷᠠᠳ ᠤᠨ (ᠴᠢᠯᠦᠭᠡᠳᠤ ᠢᠷᠭᠡᠨ ᠤ) ᠬᠦᠪᠡᠬᠦᠳ ᠳᠡᠬᠦᠤ ᠨᠠᠷ ᠤᠨ ᠳᠤᠳᠤᠷ᠎ᠠ ᠡᠴᠡ ᠡᠷᠳᠡᠮ ᠴᠢᠳᠠᠯ ᠲᠠᠢ᠂ ᠪᠠᠶ᠎ᠠ ᠪᠢᠯᠳᠠᠷ ᠰᠠᠢ᠌ᠳᠠᠢ ᠵᠢ ᠨᠢ ᠢᠯᠭᠠᠵᠤ ᠤᠷᠤᠭᠤᠯᠪᠠ᠃ ᠴᠢᠩᠬᠢᠰ ᠬᠠᠭᠠᠨ ᠳᠠᠨᠳᠠ ᠠᠷᠬᠠᠢ ᠬᠠᠰᠠᠷ ᠢ ᠦᠷᠦᠰᠢᠶᠠᠨ ᠳᠤᠳᠤᠨᠤᠯᠠᠵᠤ᠄ 《 ᠮᠢᠩᠭ᠋ᠠᠨ ᠰᠠᠢ᠌ᠨ ᠪᠠᠭᠠᠳᠤᠷ ᠢ ᠰᠢᠯᠢᠵᠦ ᠠᠪᠳᠤᠭᠠᠢ! ᠪᠠᠢ᠌ᠯᠳᠤᠬᠤ ᠡᠳᠦᠷ ᠡᠮᠦᠨ᠎ᠠ ᠮᠢᠨᠢ ᠶᠠᠪᠤᠵᠤ ᠪᠠᠢ᠌ᠯᠳᠤᠳᠤᠭᠠᠢ ! ᠶᠡᠷᠦ ᠶᠢᠨ ᠡᠳᠦᠷ ᠮᠢᠨᠤ ᠰᠢᠳᠠᠷ ᠬᠡᠰᠢᠭ᠌ᠳᠡᠨ ᠪᠤᠯᠵᠤ ᠶᠠᠪᠤᠳᠤᠭᠠᠢ! 》 ᠬᠡᠵᠦ ᠵᠠᠷᠯᠢᠭ ᠪᠣᠯᠪᠠ᠃ ᠪᠠᠰᠠ 《ᠲᠠᠯᠠᠨ ᠲᠣᠷᠬᠠᠭ ᠤᠳ ᠢ ᠦᠬᠡᠯᠡᠨ ᠴᠠᠷᠪᠢ ᠠᠬᠠᠯᠠᠵᠣ ᠶᠠᠪᠣᠳᠣᠭᠠᠢ︕ ᠬᠣᠳᠣᠰ ᠬᠠᠯᠴᠠᠨ ᠲᠡᠶ ᠵᠦᠪᠯᠠᠵᠦ ᠶᠠᠪᠣᠳᠣᠭᠠᠢ︕》 ᠬᠡᠪᠡ᠃

192᠂ ᠪᠠᠰᠠ ᠴᠢᠩᠬᠢᠰ ᠬᠠᠭᠠᠨ ᠵᠠᠷᠯᠢᠭ ᠪᠣᠯᠣᠷᠣᠨ᠄ 《 ᠬᠤᠷᠴᠢᠨ (ᠨᠤᠮᠤ ᠰᠤᠮᠤ ᠠᠭᠰᠠᠭᠴᠢᠳ)᠂ ᠳᠤᠷᠭᠤᠳ᠂ ᠬᠡᠰᠢᠭ᠌ᠳᠡᠨ ᠪᠠᠭᠤᠷᠢᠴᠢ (ᠳᠤᠭᠤᠭᠠᠴᠢ)᠂ ᠬᠠᠭᠠᠯᠭᠠᠴᠢ ᠠᠭᠳᠠᠴᠢ ᠨᠠᠷ ᠡᠳᠦᠷ ᠪᠦᠷᠢ ᠬᠡᠰᠢᠭᠯᠡᠨ (ᠡᠭᠡᠯᠵᠢᠯᠡᠨ) ᠰᠡᠷᠬᠡᠢ᠌ᠯᠡᠬᠦ ᠬᠠᠮᠠᠭᠠᠯᠠᠬᠤ ᠠᠵᠢᠯ ᠢ ᠬᠦᠢᠴᠡᠳᠭᠡᠵᠤ ᠪᠠᠢ᠌ᠭᠠᠳ ᠤᠭ ᠡᠬᠦᠷᠭᠡ ᠪᠠᠨ ᠨᠠᠷᠠ ᠰᠢᠩᠭᠡᠬᠦ ᠶᠢᠨ ᠤᠷᠢᠳ ᠬᠡᠪ ᠤᠨ ᠬᠡᠪᠳᠡᠬᠦᠯ ᠤᠨ ᠬᠦᠮᠦᠰ  ᠲᠤ ᠰᠢᠯᠵᠢᠬᠦᠯᠵᠤ ᠦᠪᠡᠷᠰᠡᠳ ᠶᠢᠠᠨ ᠠᠭᠳᠠᠨ ᠳᠤ ᠭᠠᠷᠴᠤ ᠬᠤᠨᠤᠳᠤᠭᠠᠢ! ᠬᠡᠪᠳᠡᠬᠦᠯ ᠤᠨ ᠬᠦᠮᠦᠰ ᠰᠦᠨᠢ ᠡᠭᠡᠯᠵᠢ ᠪᠠᠷ ᠡᠬᠦᠳᠤᠨ ᠳᠤ ᠵᠤᠭᠰᠤᠵᠤ᠂ ᠭᠡᠷ ᠢ ᠳᠤᠭᠤᠷᠢᠵᠤ ᠮᠠᠨᠠᠵᠤ ᠪᠠᠢ᠌ᠳᠤᠭᠠᠢ! ᠬᠤᠷᠴᠢᠨ᠂ ᠳᠤᠷᠬᠠᠭ ᠤᠳ ᠪᠢᠳᠡᠨ ᠢ ᠦᠷᠯᠦᠭᠡ ᠶᠢᠨ ᠬᠤᠭᠤᠯᠠ ᠢᠳᠡᠮᠡᠭᠴᠠ ᠢᠷᠡᠵᠤ ᠬᠡᠪᠳᠡᠬᠦᠯ ᠤᠨ ᠬᠦᠮᠦᠰ ᠡᠴᠡ ᠡᠬᠦᠷᠭᠡ ᠬᠦᠯᠢᠶᠠᠨ ᠠᠪᠴᠤ᠂ ᠤᠷᠢᠳ ᠶᠤᠰᠤ ᠪᠠᠷ ᠰᠠᠭᠤᠷᠢ ᠪᠠᠨ ᠡᠵᠡᠯᠡᠵᠤ ᠬᠠᠷᠠᠭᠠᠯᠵᠠᠵᠤ᠂ ᠰᠠᠬᠢᠵᠤ ᠶᠠᠪᠤᠳᠤᠭᠠᠢ! ᠭᠤᠷᠪᠠᠨ ᠡᠳᠦᠷ᠂ ᠭᠤᠷᠪᠠᠨ ᠰᠦᠨᠢ ᠵᠢᠠᠠᠰᠠᠭᠠᠯᠠᠨ ᠶᠠᠪᠤᠵᠤ ᠳᠠᠭᠤᠰᠤᠭᠠᠳ ᠭᠤᠷᠪᠠᠨ ᠰᠦᠨᠢ (ᠠᠮᠠᠷᠠᠵᠤ) ᠬᠤᠨᠤᠳᠤᠭᠠᠢ! ᠬᠤᠷᠴᠢᠨ ᠨᠠᠷ ᠬᠡᠪᠳᠡᠬᠦᠯ ᠤᠨ ᠡᠬᠦᠷᠭᠡ ᠵᠢ ᠰᠤᠯᠢᠵᠤ ᠶᠠᠪᠤᠳᠤᠭᠠᠢ! 》 ᠬᠡᠵᠦ ᠵᠠᠷᠯᠢᠭ ᠪᠣᠯᠪᠠ᠃ ᠲᠡᠬᠡᠬᠡᠥᠨ᠂ ᠴᠡᠷᠢᠭ᠌ ᠤᠳ ᠶᠢᠠᠨ ᠮᠢᠩᠭ᠎ᠠ ᠮᠢᠩᠭ᠎ᠠ ᠪᠠᠷ ᠬᠣᠪᠢᠶᠠᠷᠢᠯᠠᠵᠣ ᠲᠠᠭᠣᠰᠣᠭᠠᠳ᠂ ᠴᠠᠷᠪᠢ ᠨᠣᠶᠠᠳ ᠢ ᠲᠣᠮᠢᠯᠠᠵᠣ᠂ ᠨᠠᠶᠠᠨ ᠬᠡᠪᠳᠡᠬᠥᠯ᠂ ᠲᠠᠯᠠᠨ ᠲᠣᠷᠬᠠᠭ ᠤᠳ᠂ ᠬᠡᠰᠢᠭ᠍ᠳᠡᠨ ᠨᠠᠷ ᠢ ᠲᠣᠮᠢᠯᠠᠵᠣ᠂ ᠠᠷᠬᠠᠢ ᠬᠠᠰᠠᠷ ᠢ ᠰᠢᠯᠢᠳᠡᠭ ᠪᠠᠭᠠᠳᠣᠷ ᠤᠳ ᠤᠨ ᠲᠠᠷᠣᠭ᠎ᠠ ᠪᠣᠯᠭᠠᠵᠣ᠂ ᠬᠠᠯᠬ᠎ᠠ ᠭᠣᠣᠯ ᠤᠨ ᠣᠷᠣᠨᠣᠭᠣ ᠶᠢᠨ ᠬᠡᠯᠳᠡᠬᠡᠢ ᠬᠠᠳᠠ ᠬᠡᠳᠡᠭ ᠭᠠᠵᠠᠷ ᠡᠴᠡ ᠨᠢ᠋ᠮᠠᠨ ᠣᠯᠣᠰ ᠲᠡᠶ ᠪᠠᠢ᠌ᠯᠳᠣᠬᠣ ᠪᠠᠷ ᠮᠣᠷᠳᠠᠪᠠ᠃ [ᠲᠠᠷᠠ ᠴᠠᠭ ᠲᠤ ᠮᠠᠷᠭᠢᠳ ᠤᠨ ᠲᠣᠭᠳᠠᠬ᠎ᠠ᠂ ᠬᠡᠷᠡᠢ᠌ᠳ ᠠᠢ᠌ᠮᠠᠭ ᠤᠨ ᠨᠣᠶᠠᠳ ᠤᠨ ᠨᠢᠬᠡᠨ ᠪᠦᠬᠡᠥᠨ ᠲᠣᠳᠠᠭᠠᠵᠣ ᠢᠷᠡᠭ᠍ᠰᠡᠨ ᠠᠯᠢᠨ ᠲᠠᠢ᠌ᠵᠢ᠂ ᠬᠣᠳᠣᠭ ᠪᠠᠬᠢ ᠪᠠᠷ ᠲᠣᠯᠣᠭᠠᠢ᠌ᠯᠠᠭᠣᠯᠣᠭᠰᠠᠨ ᠣᠢ᠌ᠷᠠᠳ ᠠᠢ᠌ᠮᠠᠭ᠂ ᠵᠠᠵᠢᠷᠳᠠᠢ ᠠᠢ᠌ᠮᠠᠭ ᠤᠨ ᠵᠠᠮᠣᠬ᠎ᠠ᠂ ᠲᠥᠷᠪᠡᠨ ᠲᠠᠲ᠋ᠠᠷ᠂ ᠬᠠᠳᠠᠬᠢᠨ᠂ ᠰᠠᠯᠵᠢᠭᠣᠳ ᠠᠢ᠌ᠮᠠᠭ ᠤᠳ ᠴᠦᠮ ᠨᠢ᠋ᠮᠠᠨ ᠲᠡᠶ ᠨᠢᠬᠡᠳᠥᠭᠰᠡᠨ ᠪᠠᠢ᠌ᠵᠠᠢ᠂ ᠷᠠᠰᠢᠳ᠋]

193᠂ ᠬᠣᠯᠣᠭᠠᠨ᠎ᠠ ᠵᠢᠯ ᠤᠨ (1204 ᠤᠨ) ᠵᠤᠨ ᠤ ᠳᠡᠷᠢᠬᠦᠨ ᠰᠠᠷ᠎ᠠ ᠶᠢᠨ ᠠᠷᠪᠠᠨ ᠵᠢᠷᠭᠣᠭᠠᠨ ᠤ ᠣᠯᠠᠭᠠᠨ ᠲᠡᠷᠬᠡᠯ ᠡᠳᠣᠷ ᠲ᠋ᠣᠭ ᠶᠢᠠᠨ ᠲᠠᠬᠢᠵᠣ ᠮᠣᠷᠳᠠᠭᠠᠳ ᠵᠠᠪᠠ ᠬᠣᠪᠢᠯᠠᠢ ᠬᠣᠶᠠᠷ ᠢ ᠬᠡᠷᠥᠯᠥᠨ ᠦᠬᠡᠳᠡ ᠲᠠᠩᠨᠠᠭᠣᠯ ᠪᠣᠯᠭᠠᠵᠣ ᠶᠠᠪᠣᠭᠣᠯᠪᠠ᠃ ᠲᠠᠷᠠ ᠬᠣᠶᠠᠷ ᠶᠠᠪᠣᠵᠣ ᠰᠠᠭᠠᠷᠢ ᠭᠡᠭᠡᠷ᠎ᠠ ᠳᠤ ᠬᠦᠷᠴᠤ᠂ ᠬᠠᠩᠭ᠋ᠠᠷ ᠬᠠᠨ ᠤ (ᠬᠠᠩᠭ᠋ᠠᠢ ᠬᠠᠨ) ᠡᠬᠢᠨ ᠳᠡᠭᠡᠷ᠎ᠠ ᠪᠠᠢ᠌ᠭᠰᠠᠨ ᠨᠢ᠋ᠮᠠᠨ ᠤ ᠬᠠᠷᠠᠭᠤᠯ ᠲᠠᠢ ᠤᠴᠡᠷᠠᠪᠠ᠃ ᠲᠠᠳᠠ ᠬᠠᠷᠢᠯᠴᠠᠨ ᠲᠣᠯᠣᠯᠳᠣᠵᠣ ᠪᠠᠢ᠌ᠭᠠᠳ ᠨᠢ᠋ᠮᠠᠨ ᠤ ᠬᠠᠷᠠᠭᠣᠯ ᠳᠤ ᠮᠠᠨ ᠤ ᠬᠠᠷᠠᠭᠣᠯ ᠡᠮᠠᠬᠡᠯ ᠲᠡᠶ ᠡᠴᠠᠩᠬᠡᠢ ᠰᠠᠷᠠᠯ ᠮᠣᠷᠢ ᠶᠢ ᠠᠪᠳᠠᠵᠠᠢ᠃ ᠨᠢ᠋ᠮᠠᠨ ᠤ ᠬᠠᠷᠠᠭᠣᠯ ᠲᠠᠷᠠ ᠮᠣᠷᠢ ᠶᠢ ᠪᠠᠷᠢᠵᠣ ᠠᠪᠣᠭᠠᠳ 《ᠮᠣᠩᠭ᠋ᠣᠯ ᠤᠨ ᠠᠭᠳᠠ ᠲᠣᠷᠠᠩᠬᠠᠢ ᠠᠵᠢ》 ᠬᠡᠯᠴᠡᠪᠡ᠃ ᠮᠠᠨᠠᠢ ᠶᠡᠬᠡ ᠴᠡᠷᠢᠭ᠌ ᠰᠠᠭᠠᠷᠢ ᠬᠡᠬᠡᠷ᠎ᠡ ᠳᠤ ᠬᠦᠷᠴᠦ ᠪᠠᠭᠣᠭᠠᠳ 《ᠣᠳᠣ ᠶᠠᠭᠠᠬᠢᠬᠣ ᠪᠣᠢ︖》 ᠬᠡᠵᠦ ᠬᠡᠯᠡᠯᠴᠡᠬᠥ ᠳᠤ ᠲᠣᠳᠣᠢ ᠴᠠᠷᠪᠢ᠂ ᠴᠢᠩᠬᠢᠰ ᠬᠠᠭᠠᠨ ᠳᠤ ᠲᠣᠷᠠᠳᠬᠠᠨ ᠠᠢ᠌ᠯᠠᠳᠬᠠᠭᠰᠠᠠᠨ ᠨᠢ 《ᠪᠢᠳᠠᠨ ᠤ ᠴᠡᠷᠢᠭ᠌ ᠴᠦᠬᠡᠨ ᠪᠦᠬᠡᠥᠨ ᠵᠠᠮ ᠳᠤ ᠴᠢᠯᠠᠵᠣ ᠶᠠᠳᠠᠷᠠᠪᠠ᠃ ᠡᠢ᠌ᠮᠣ ᠶᠢᠨ ᠲᠣᠯᠠ ᠡ᠊ᠠᠳᠠ ᠪᠠᠬᠠᠨ ᠰᠠᠭᠠᠳᠣᠵᠣ ᠠᠭᠳᠠ ᠪᠠᠨ ᠴᠠᠳᠭᠠᠶ᠎ᠠ᠂ ᠰᠠᠭᠠᠷᠢ ᠬᠡᠬᠡᠷ᠎ᠡ ᠶᠢ ᠲᠡᠯᠬᠡᠨ ᠪᠠᠭᠣᠵᠣ᠂ ᠠᠮᠢᠳᠣ ᠬᠦᠮᠥᠨ ᠲᠣᠳᠣᠮ ᠡᠷ᠎ᠠ ᠪᠦᠷᠢ ᠰᠦᠨᠢ ᠲᠠᠪᠣᠨ ᠠᠩᠬᠢ ᠭᠠᠯ ᠲᠥᠯᠠᠵᠦ ᠭᠠᠯ ᠶᠢᠠᠷ ᠰᠦᠷ ᠪᠠᠳᠠᠷᠠᠭᠣᠯᠣᠶ᠎ᠠ᠃ ᠨᠢ᠋ᠮᠠᠨ ᠨᠠᠷ ᠣᠯᠠᠨ ᠬᠡᠨ᠎ᠡ᠂ ᠬᠡᠪᠡᠴᠦ ᠲᠠᠳᠠᠨ ᠤ ᠬᠠᠨ ᠨᠢ ᠬᠡᠷ ᠡᠴᠡ ᠭᠠᠷᠴᠣ ᠦᠵᠡᠬᠡ ᠦᠭᠡᠶ ᠲᠠᠩᠬᠠᠢ ᠬᠦᠮᠥᠨ ᠬᠡᠨ᠎ᠡ᠃ ᠪᠢᠳᠠ ᠭᠠᠯ ᠶᠢᠠᠷ ᠰᠥᠷᠳᠡᠬᠥᠯᠥᠨ ᠲᠠᠳᠠᠨ ᠢ ᠬᠦᠯᠥᠷᠠᠬᠥᠯᠵᠦ ᠪᠠᠢ᠌ᠬᠣ ᠵᠠᠪᠰᠠᠷ ᠪᠢᠳᠠᠨ ᠤ ᠠᠭᠳᠠ ᠴᠠᠳᠬᠣ ᠪᠢᠵᠠ᠃ ᠠᠭᠳᠠ ᠪᠠᠨ ᠠᠮᠠᠷᠠᠵᠣ ᠴᠠᠳᠮᠠᠭᠴᠠ ᠨᠢ᠋ᠮᠠᠨ ᠤ ᠬᠠᠷᠠᠭᠣᠯ ᠢ ᠲᠠᠭᠠᠷᠢᠵᠣ ᠭᠣᠣᠯ ᠬᠦᠴᠥᠨ ᠳᠤ ᠨᠢ ᠬᠦᠷᠳᠡᠯ᠎ᠡ ᠬᠦᠬᠡᠬᠡᠵᠦ ᠣᠷᠣᠭᠣᠯᠣᠭᠠᠳ ᠲᠠᠳᠠᠨ ᠢ ᠰᠠᠮᠭᠠᠷᠳᠠᠬᠣ ᠰᠠᠮᠪᠠᠭᠠᠨ ᠳᠤ ᠪᠠᠢ᠌ᠯᠳᠣᠨ ᠣᠷᠣᠪᠠᠯ ᠪᠣᠯᠬᠣ ᠦᠦ︖》 ᠬᠡᠵᠦ ᠲᠣᠷᠠᠳᠬᠠᠪᠠᠯ᠂ ᠡᠨᠠ ᠦᠬᠡ ᠶᠢ ᠵᠦᠪᠰᠢᠶᠡᠷᠠᠵᠦ ᠴᠢᠩᠬᠢᠰ ᠬᠠᠭᠠᠨ ᠵᠠᠷᠯᠢᠭ ᠪᠣᠯᠣᠷᠣᠨ᠄ 《ᠲ᠋ᠠᠢ᠌ᠮᠣ ᠪᠣᠯ ᠭᠠᠯ ᠤᠳ ᠢ ᠲᠥᠯᠡᠭ᠍ᠳᠥᠨ》 ᠬᠡᠵᠦ ᠴᠡᠷᠢᠭ᠌ ᠤᠳ ᠲᠤ ᠲᠣᠰᠢᠶᠠᠯ ᠲᠣᠩᠬᠠᠭᠯᠠᠪᠠ᠃ ᠴᠡᠷᠢᠭ᠌ ᠤᠳ ᠰᠠᠭᠠᠷᠢ ᠬᠡᠬᠡᠷ᠎ᠡ ᠳᠤ ᠲᠠᠷᠬᠠᠵᠣ ᠪᠠᠭᠣᠭᠠᠳ ᠠᠮᠢᠳᠣ ᠬᠦᠮᠥᠨ ᠪᠦᠷᠢ ᠲᠠᠪᠣᠨ ᠠᠩᠬᠢ ᠭᠠᠯ ᠲᠥᠯᠠᠪᠡ᠃ ᠨᠢ᠋ᠮᠠᠨ ᠤ ᠬᠠᠷᠠᠭᠣᠯ᠂ ᠬᠠᠩᠭ᠋ᠠᠢ ᠬᠠᠨ ᠤ ᠲᠡᠷᠢᠬᠥᠨ ᠡᠴᠡ ᠰᠦᠨᠢ ᠣᠯᠠᠨ ᠭᠠᠯ ᠢ ᠦᠵᠡᠵᠦ 《ᠮᠣᠩᠭ᠋ᠣᠯ ᠴᠦᠬᠡᠨ ᠬᠡᠰᠡᠨ ᠪᠢᠰᠢ ᠪᠢᠯᠢᠤ︖ ᠣᠳᠣᠨ ᠡᠴᠡ ᠣᠯᠠᠨ ᠭᠠᠯ ᠨᠤᠴᠤᠵᠤ ᠪᠠᠢ᠌ᠨ᠎ᠠ》 ᠬᠡᠵᠦ ᠲᠠᠶᠠᠨ ᠬᠠᠨ ᠳᠤ ᠦᠨᠦᠬᠢ ᠪᠠᠷᠢᠭᠰᠠᠨ ᠮᠠᠭᠣ ᠡᠮᠠᠬᠡᠯ ᠲᠡᠶ ᠰᠠᠷᠠᠯ ᠮᠣᠷᠢ ᠶᠢ ᠬᠦᠷᠬᠡᠬᠥᠯᠪᠡ᠃ ᠪᠠᠰᠠ ᠲᠠᠶᠠᠨ ᠬᠠᠨ ᠳᠤ ᠮᠡᠳᠡᠬᠥᠯᠥᠭᠰᠡᠨ ᠨᠢ᠄ 《ᠮᠤᠩᠭ᠋ᠤᠯ ᠤᠨ ᠴᠡᠷᠢᠭ᠌ ᠤᠳ ᠰᠠᠭᠠᠷᠢ ᠬᠡᠭᠡᠷ᠎ᠠ ᠵᠢ ᠳᠦᠬᠦᠷᠡᠳᠡᠯ᠎ᠠ ᠪᠠᠭᠤᠵᠠᠢ᠃ ᠡᠳᠦᠷ ᠪᠦᠷᠢ ᠤᠨᠳᠤᠷᠠᠬᠤ ᠤᠰᠤ ᠰᠢᠭ ᠨᠡᠮᠡᠨ ᠢᠷᠡᠵᠤ ᠪᠠᠢ᠌ᠬᠤ ᠪᠤᠯᠤᠯᠳᠠᠢ᠂ ᠤᠳᠤᠨ ᠡᠴᠡ ᠤᠯᠠᠨ ᠭᠠᠯ ᠨᠤᠴᠤᠵᠤ ᠪᠠᠢ᠌ᠨ᠎ᠠ᠃ (ᠡᠳᠦᠷ ᠦᠨᠳᠤᠷ ᠠᠭᠤᠯᠠᠨ ᠳᠤ ᠭᠠᠷᠴᠤ ᠪᠠᠢ᠌ᠳᠠᠭ ᠪᠤᠯᠪᠠ ᠤᠤ ᠰᠦᠨᠢ ᠳᠠᠯ᠎ᠠ ᠳᠤ ᠤᠳᠤ ᠮᠡᠳᠦ ᠤᠯᠠᠨ ᠭᠠᠯ ᠨᠤᠴᠤᠭᠠᠵᠤ ᠪᠠᠢ᠌ᠨ᠎ᠠ)》 ᠭᠡᠵᠦ ᠢᠯᠡᠭᠡᠪᠡ᠃

194᠂ ᠬᠠᠷᠠᠭᠣᠯ ᠤᠨ ᠡᠨᠠ ᠬᠡᠯᠡ ᠢᠷᠡᠬᠥ ᠳᠤ ᠲᠠᠶᠠᠨ ᠬᠠᠨ ᠬᠠᠩᠭ᠋ᠠᠢ ᠶᠢᠨ ᠬᠠᠴᠢᠷ ᠣᠰᠣᠨ ᠳᠤ ᠪᠠᠢ᠌ᠪᠠ᠃ ᠲᠠᠶᠠᠨ ᠬᠠᠨ᠂ ᠡᠨᠠ ᠬᠡᠯᠡ ᠶᠢ ᠠᠪᠣᠭᠠᠳ ᠬᠦᠴᠥᠯᠥᠭ ᠬᠠᠨ ᠬᠦᠪᠡᠬᠥᠨ ᠳᠡᠭᠡᠨ ᠬᠡᠯᠡᠵᠦ ᠢᠯᠡᠬᠡᠷᠥᠨ᠄ 《ᠮᠣᠩᠭ᠋ᠣᠯ ᠤᠨ ᠠᠭᠳᠠ ᠲᠣᠷᠠᠩᠬᠠᠢ ᠠᠵᠠᠢ᠂ ᠣᠳᠣᠨ ᠡᠴᠠ ᠣᠯᠠᠨ ᠭᠠᠯ ᠨᠣᠴᠣᠵᠣ ᠪᠠᠢ᠌ᠨ᠎ᠠ ᠬᠡᠨ᠎ᠡ᠃ ᠮᠣᠩᠭ᠋ᠣᠯ ᠣᠯᠠᠨ ᠠᠵᠠᠢ᠃ ᠣᠳᠣ ᠪᠢᠳᠠ᠂

ᠬᠠᠷ᠎ᠠ ᠮᠣᠣᠰᠠᠢ᠌ᠨ ᠮᠣᠩᠭ᠋ᠣᠯ ᠲᠡᠶ

ᠬᠠᠳᠬᠣᠯᠳᠣᠵᠣ ᠨᠢᠬᠡᠠᠳᠡ ᠡᠬᠢᠯᠠᠪᠠᠯ

ᠬᠠᠭᠠᠴᠠᠬᠣ ᠳᠤ ᠪᠡᠷᠬᠡ ᠪᠣᠯᠣᠨ᠎ᠠ᠃

ᠬᠠᠴᠠᠷ ᠢ ᠵᠢᠳᠠᠯᠠᠵᠣ ᠪᠠᠢ᠌ᠪᠠᠴᠣ

ᠬᠠᠷᠠᠭᠰᠠᠨ ᠨᠢᠳᠣ ᠪᠠᠨ ᠴᠠᠪᠴᠢᠳᠠᠭ ᠦᠭᠡᠶ

ᠬᠠᠷ᠎ᠠ ᠴᠢᠰᠣᠨ ᠣᠷᠣᠰᠴᠣ ᠪᠠᠢ᠌ᠪᠠᠴᠣ

ᠬᠠᠷᠢᠵᠣ ᠣᠭᠳᠣ ᠪᠣᠴᠠᠳᠠᠭ ᠦᠭᠡᠶ

ᠬᠠᠳᠠᠭᠣᠵᠢᠯ ᠶᠡᠬᠡᠲᠦ ᠮᠣᠩᠭ᠋ᠣᠯ ᠲᠡᠶ

ᠬᠠᠮᠢᠶ᠎ᠠ ᠦᠭᠡᠶ ᠪᠠᠢ᠌ᠯᠳᠣᠵᠣ ᠪᠣᠯᠬᠣ ᠦᠭᠡᠶ᠃ ᠣᠳᠣ ᠮᠣᠩᠭ᠋ᠣᠯ ᠤᠨ ᠠᠭᠳᠠ ᠲᠣᠷᠠᠩᠬᠠᠢ ᠪᠠᠢ᠌ᠨ᠎ᠠ᠃ ᠪᠢᠳᠠ᠂ ᠣᠯᠣᠰ ᠶᠢᠠᠨ ᠠᠯᠳᠠᠢ ᠲᠠᠪᠠᠭᠣᠯᠣᠨ ᠬᠦᠳᠡᠯᠬᠡᠵᠦ᠂ ᠴᠡᠷᠢᠭ᠌ ᠶᠢᠠᠨ ᠵᠠᠰᠠᠵᠠᠭᠠᠵᠣ ᠮᠣᠩᠭ᠋ᠣᠯᠴᠣᠳ ᠢ ᠦᠲᠦᠬᠡᠨ ᠲᠠᠯᠠᠯᠵᠣ᠂ ᠠᠯᠳᠠᠢ ᠶᠢᠨ ᠦᠯᠬᠡᠰ ᠬᠦᠷᠳᠡᠯ᠎ᠡ ᠨᠣᠬᠠᠢ ᠬᠡᠷᠥᠬᠥᠯ ᠬᠡᠷᠥᠵᠦ ᠵᠠᠢ᠌ᠮᠣᠷᠣᠭᠣᠯᠣᠨ ᠴᠢᠷᠥᠭᠳᠡᠬᠥᠯᠵᠦ ᠠᠪᠠᠴᠢᠪᠠᠯ ᠪᠢᠳᠠᠨ ᠤ ᠠᠭᠳᠠ ᠲᠠᠷᠭᠣᠨ ᠲᠣᠯᠠ ᠬᠡᠳᠡᠰᠤ ᠲᠠᠳᠠᠷᠠᠨ ᠰᠢᠪᠬᠠᠷᠠᠨ᠎ᠠ᠃ ᠮᠣᠩᠭ᠋ᠣᠯ ᠤᠨ ᠠᠭᠳᠠ ᠣᠯᠠᠮ ᠲᠣᠷᠠᠩᠬᠠᠢ᠌ᠯᠠᠨ ᠶᠠᠳᠠᠷᠠᠬᠣ ᠪᠣᠯᠣᠨ᠎ᠠ᠃ ᠲᠠᠷᠠ ᠴᠠᠭ ᠲᠤ ᠪᠢᠳᠠ ᠡᠮᠣᠨ᠎ᠠ ᠡᠴᠡ ᠨᠢ ᠲᠣᠪᠳᠣᠯᠣᠨ ᠣᠷᠣᠶ᠎ᠠ》 ᠬᠡᠵᠦ ᠢᠯᠡᠬᠡᠵᠡᠢ᠃ ᠲᠠᠷᠠ ᠦᠬᠡ ᠶᠢ ᠰᠣᠨᠣᠰᠣᠭᠠᠳ ᠬᠦᠴᠥᠯᠥᠭ ᠬᠠᠨ ᠦᠬᠥᠯᠡᠷᠥᠨ᠄ 《ᠲᠠᠶᠠᠨ ᠬᠠᠨ ᠮᠦᠨ ᠠᠨᠠᠢ (ᠮᠤᠤᠰᠠᠢ᠌ᠨ ) ᠡᠮ᠎ᠠ ᠮᠠᠳᠣ ᠵᠢᠷᠥᠬᠡ ᠠᠯᠳᠠᠵᠣ᠂ ᠡᠢ᠌ᠮᠣ ᠦᠬᠡ ᠬᠡᠯᠡᠵᠡᠢ᠃ ᠮᠣᠩᠭ᠋ᠣᠯᠴᠣᠳ ᠬᠠᠮᠢᠭ᠎ᠠ ᠡᠴᠡ ᠣᠯᠠᠨ ᠪᠠᠢ᠌ᠬᠣ ᠪᠣᠢ︖ ᠮᠣᠩᠭ᠋ᠣᠯ ᠤᠨ ᠣᠯᠠᠩᠬᠢ᠂ ᠵᠠᠮᠣᠬ᠎ᠠ ᠶᠢ ᠲᠠᠭᠠᠵᠣ ᠡ᠊ᠠᠳᠠ ᠪᠢᠳᠠᠨ ᠳᠤ ᠪᠠᠢ᠌ᠨ᠎ᠠ᠃

ᠵᠢᠷᠮᠣᠰᠣᠨ ᠡᠮ᠎ᠠ ᠶᠢᠨ ᠰᠢᠬᠡᠬᠥ ᠭᠠᠵᠠᠷ ᠡᠴᠡ

ᠬᠣᠯᠠ ᠶᠠᠪᠣᠭ᠎ᠠ ᠦᠭᠡᠶ

ᠵᠢᠵᠢᠭ᠌ ᠲᠣᠭᠣᠯ ᠤᠨ ᠪᠡᠯᠴᠢᠬᠥ ᠭᠠᠵᠠᠷ ᠡᠴᠡ

ᠭᠠᠷᠴᠣ ᠦᠵᠡᠬᠡ ᠦᠭᠡᠶ

ᠡᠮ᠎ᠠ ᠲᠠᠶᠠᠨ ᠵᠢᠷᠥᠬᠡ ᠠᠯᠳᠠᠵᠣ

ᠡᠨᠠ ᠦᠬᠡ ᠶᠢ ᠬᠡᠯᠡᠵᠡᠢ》 ᠬᠡᠵᠦ

ᠡᠴᠢᠬᠡ ᠲᠠᠶᠠᠨ ᠬᠠᠨ ᠢ

ᠡᠯᠳᠠᠪ ᠶᠢᠠᠷ ᠲᠠᠭᠠᠷᠢᠨ ᠲᠣᠷᠣᠮᠵᠢᠯᠠᠵᠣ

ᠡᠯᠴᠢ ᠬᠦᠮᠥᠨ ᠢ ᠢᠯᠡᠬᠡᠪᠡ᠃

ᠡᠮ᠎ᠠ ᠬᠡᠬᠥ ᠵᠠᠷᠬᠡ ᠲᠣᠷᠣᠮᠵᠢᠯᠠᠨ ᠬᠠᠷᠢᠶᠠᠭᠰᠠᠨ ᠡᠨᠠ ᠦᠬᠡ ᠶᠢ ᠰᠣᠨᠣᠰᠣᠭᠠᠳ ᠲᠠᠶᠠᠨ ᠬᠠᠨ ᠦᠬᠥᠯᠡᠷᠥᠨ᠄

《ᠬᠦᠴᠥᠯᠥᠭ ᠬᠦᠪᠡᠬᠥᠨ ᠴᠢᠨᠣ

ᠬᠦᠴᠥᠷᠬᠡᠬᠥ ᠪᠠᠷᠳᠠᠬᠣ ᠶᠡᠬᠡ ᠪᠣᠯᠪᠠᠴᠣ

ᠬᠦᠷᠥᠯᠴᠡᠨ ᠠᠯᠠᠯᠳᠣᠬᠣ ᠴᠠᠭ ᠲᠤ

ᠬᠦᠮᠥᠨ ᠡᠴᠡ ᠣᠷᠢᠳᠠ ᠱᠠᠩᠳᠠᠷᠠᠬᠣ ᠪᠢᠵᠠ᠃

ᠲᠠᠷᠠ ᠶᠡᠬᠡ ᠣᠮᠣᠭ ᠶᠢᠠᠨ

ᠲᠠᠷᠰ ᠲᠠᠢ᠌ᠰᠣᠨ ᠳᠤ ᠭᠠᠷᠭᠠᠭᠠᠰᠠᠢ︕

ᠲᠠᠮᠠᠴᠠᠵᠣ ᠨᠢᠬᠡᠠᠳᠡ ᠡᠬᠢᠯᠠᠪᠠᠯ

ᠵᠦᠬᠡᠷ ᠰᠠᠯᠬᠣ ᠠᠷᠭ᠎ᠠ ᠦᠭᠡᠶ》

ᠬᠡᠪᠡ᠃ ᠲᠠᠷᠠ ᠦᠬᠡ ᠶᠢ ᠰᠣᠨᠣᠰᠣᠭᠠᠳ᠂ ᠲᠠᠶᠠᠨ ᠬᠠᠨ ᠤ ᠲᠠᠷᠠᠭᠠᠬᠢ ᠶᠡᠬᠡ ᠨᠣᠶᠠᠨ ᠬᠣᠷᠢᠰᠤ ᠪᠠᠴᠢ ᠦᠬᠥᠯᠡᠷᠥᠨ᠄

《ᠢᠨᠠᠠᠴᠢ ᠪᠢᠯᠬᠡ ᠬᠠᠨ ᠡᠴᠢᠬᠡ ᠴᠢᠨᠢ

ᠠᠳᠠᠯᠢ ᠵᠠᠷᠬᠡ ᠶᠢᠨ ᠲᠠᠢ᠌ᠰᠣᠨ ᠳᠤ

ᠠᠷᠠᠭ᠎ᠠ ᠦᠵᠡᠬᠥᠯᠵᠦ ᠶᠠᠪᠣᠭ᠎ᠠ ᠦᠭᠡᠶ

ᠠᠯᠠᠯᠳᠣᠬᠣ ᠲᠣᠯᠣᠯᠳᠣᠬᠣ ᠡᠳᠣᠷ ᠲᠤ

ᠠᠭᠳᠠ ᠪᠠᠨ ᠣᠬᠣᠷᠢᠭᠣᠯᠵᠣ ᠦᠵᠡᠬᠡ ᠦᠭᠡᠶ ᠪᠢᠯᠠ᠃

ᠦᠨᠦ ᠴᠢ ᠶᠠᠭᠣᠨ ᠳᠤ ᠮᠠᠷᠭᠠᠰᠢ ᠶᠢᠨ ᠲᠥᠯᠣᠬᠡ ᠵᠢᠷᠥᠬᠡ ᠠᠯᠳᠠᠨ᠎ᠠ᠃ ᠴᠢᠨᠣ ᠢᠩᠬᠢᠵᠣ ᠵᠢᠷᠥᠬᠡ ᠱᠠᠩᠳᠠᠷᠠᠬᠣ ᠶᠢ ᠮᠡᠳᠡᠭ᠍ᠰᠡᠨ ᠪᠣᠯ ᠴᠢᠨᠣ ᠬᠠᠳᠣᠨ ᠡᠬᠡ ᠬᠦᠷᠪᠡᠰᠦ ᠶᠢ ᠠᠪᠴᠢᠷᠠᠵᠣ ᠴᠡᠷᠢᠭ᠌ ᠵᠠᠬᠢᠷᠠᠭᠣᠯᠬᠣ ᠪᠢᠯᠢᠤ︖ ᠬᠦᠬᠡᠷᠥᠬᠥᠢ ᠬᠥᠭ᠍ᠰᠠᠬᠥᠤ ᠰᠠᠪᠷᠠᠭ ᠪᠠᠭᠠᠳᠣᠷ ᠦᠳᠡᠯᠣᠬᠡᠥᠨ ᠴᠡᠷᠢᠭ᠌ ᠤᠨ ᠴᠠᠭᠠᠵᠠ ᠰᠣᠯᠠᠷᠠᠪᠠ᠃ ᠮᠣᠩᠭ᠋ᠣᠯ ᠤᠨ ᠵᠠᠪᠰᠢᠶᠠᠨ ᠪᠣᠯᠬᠣ ᠪᠢᠵᠠ᠃ ᠪᠢᠳᠠ ᠲᠡᠢ᠌ᠯᠳᠡᠬᠥ ᠪᠣᠯᠣᠨ᠎ᠠ᠃ ᠡᠠᠢ ᠲᠣᠷᠯᠣᠭ ᠲᠠᠶᠠᠨ ᠴᠢ ᠶᠠᠯᠢᠬᠤ ᠦᠭᠡᠶ ᠬᠦᠮᠥᠨ ᠠᠵᠠᠢ》 ᠬᠡᠥᠨ ᠬᠣᠷᠮᠣᠰᠬ᠎ᠠ ᠪᠠᠨ ᠲᠠᠯᠠᠳᠴᠣ ᠡᠷᠬᠢᠵᠣ ᠬᠠᠳᠤᠷᠢᠨ ᠤᠳᠪᠠ᠃

195᠂ ᠲᠡᠬᠥᠨ ᠳᠤ ᠲᠠᠶᠠᠨ ᠬᠠᠨ ᠬᠢᠯᠢᠩᠯᠠᠵᠣ ᠦᠬᠥᠯᠡᠷᠥᠨ᠄ 《ᠦᠬᠥᠬᠥ ᠠᠮᠢ᠂ ᠵᠤᠪᠠᠬᠣ ᠪᠠᠶ᠎ᠠ ᠪᠦᠬᠥᠳᠡ ᠨᠢᠬᠡᠨ ᠠᠳᠠᠯᠢ ᠪᠢᠵᠠ ᠡ᠃ ᠲᠠᠢ᠌ᠮᠣ ᠪᠣᠯ ᠬᠠᠳᠬᠣᠯᠳᠣᠶ᠎ᠠ》 ᠬᠡᠵᠦ ᠬᠠᠴᠢᠷ ᠣᠰᠣᠨ ᠡᠴᠡ ᠬᠦᠳᠡᠯᠵᠦ᠂ ᠲᠠᠮᠢᠷ ᠣᠷᠣᠭᠣ ᠶᠠᠪᠣᠭᠠᠳ ᠤᠷᠬᠤᠨ ᠢ ᠬᠡᠳᠥᠯᠵᠦ᠂ ᠨᠠᠬᠣ ᠬᠣᠨ ᠤ ᠵᠠᠬᠥᠨ ᠬᠣᠷᠮᠣᠢ ᠶᠢ ᠲᠠᠭᠠᠷᠢᠨ᠂ ᠴᠠᠬᠢᠷ ᠮᠣᠭᠣᠳ ᠬᠡᠳᠡᠭ ᠭᠠᠵᠠᠷ ᠬᠦᠷᠴᠦ ᠢᠷᠡᠬᠥ ᠳᠤ ᠴᠢᠩᠬᠢᠰ ᠬᠠᠭᠠᠨ ᠤ ᠬᠠᠷᠠᠭᠣᠯ ᠦᠵᠡᠵᠦ᠂ 《ᠨᠢ᠋ᠮᠠᠨ ᠬᠦᠷᠴᠦ ᠠᠢ᠌ᠰᠣᠢ》 ᠬᠡᠵᠦ ᠬᠡᠯᠡ ᠬᠦᠷᠬᠡᠪᠡᠯ ᠡᠬᠥᠨ ᠢ ᠰᠣᠨᠣᠰᠣᠭᠠᠳ ᠴᠢᠩᠬᠢᠰ ᠬᠠᠭᠠᠨ ᠵᠠᠷᠯᠢᠭ ᠪᠣᠯᠣᠷᠣᠨ᠄ 《ᠣᠯᠠᠨ ᠡᠴᠡ ᠣᠯᠠᠨ ᠭᠠᠷᠣᠵᠠ ᠭᠠᠷᠣᠨ᠎ᠠ᠂ ᠴᠦᠬᠡᠨ ᠡᠴᠡ ᠴᠦᠬᠡᠨ ᠭᠠᠷᠣᠵᠠ ᠭᠠᠷᠣᠨ᠎ᠠ》ᠭᠡᠳ ᠡᠰᠡᠷᠬᠦ ᠨᠢ ᠮᠤᠷᠢᠯᠠᠵᠤ (ᠡᠮᠦᠨ᠎ᠠ ᠡᠴᠡ ᠨᠢ ᠤᠴᠢᠵᠤ) ᠳᠡᠳᠡᠨ ᠤ ᠬᠠᠷᠠᠭᠤᠯ ᠢ ᠬᠦᠭᠡᠭᠡᠳ ᠴᠡᠷᠢᠭ᠌ ᠶᠢᠠᠨ ᠵᠠᠰᠠᠬᠤ ᠳᠠᠭᠠᠨ

《ᠬᠠᠷᠠᠭᠠᠨ᠎ᠠ ᠵᠤᠷᠴᠢᠯ ᠶᠢᠠᠷ ᠬᠠᠳᠬᠣᠯᠳᠣᠵᠣ

ᠨᠠᠭᠣᠷ ᠪᠠᠢ᠌ᠷᠢᠯᠠᠯ ᠶᠢᠠᠷ ᠪᠠᠢ᠌ᠯᠳᠣᠵᠣ

ᠴᠦᠴᠡ ᠬᠠᠳᠬᠤᠯᠳᠤᠭᠠᠨ  ᠶᠢᠠᠷ ᠴᠥᠮᠥᠷᠴᠦ ᠲᠣᠯᠣᠶ᠎ᠠ》ᠬᠡᠯᠳᠡᠪᠡ᠃

ᠲᠡᠬᠡᠬᠡᠥᠨ ᠴᠢᠩᠬᠢᠰ ᠬᠠᠭᠠᠨ ᠦᠪᠡᠷ ᠶᠢᠠᠨ ᠮᠠᠩᠯᠠᠢ ᠳᠤ ᠶᠠᠪᠣᠵᠣ᠂ ᠬᠠᠰᠠᠷ ᠲᠤ ᠭᠣᠣᠯ ᠬᠦᠴᠦ ᠪᠠᠨ ᠵᠠᠬᠢᠷᠠᠭᠣᠯᠪᠠ᠃ ᠣᠳᠴᠢᠬᠢᠨ ᠨᠣᠶᠠᠨ ᠶᠢᠠᠷ ᠪᠡᠯᠡᠳᠬᠡᠯ ᠠᠭᠳᠠ ᠶᠢ ᠵᠠᠬᠢᠷᠠᠭᠣᠯᠪᠠ᠃ ᠨᠢ᠋ᠮᠠᠨ᠂ ᠴᠠᠬᠢᠷ ᠮᠣᠭᠣᠳ ᠡᠴᠡ ᠪᠣᠴᠠᠵᠣ᠂ ᠨᠠᠬᠣ ᠬᠣᠨ ᠤ ᠦᠪᠥᠷ ᠠᠭᠣᠯᠠ ᠶᠢᠨ ᠬᠣᠷᠮᠣᠢ ᠬᠢᠵᠢᠨ ᠪᠠᠢ᠌ᠵᠠᠢ᠃ ᠲᠡᠬᠡᠬᠡᠥᠨ ᠨᠢ᠋ᠮᠠᠨ ᠤ ᠬᠠᠷᠠᠭᠣᠯ ᠢ ᠪᠢᠳᠠᠨ ᠤ ᠬᠠᠷᠠᠭᠣᠯ ᠬᠦᠬᠡᠬᠡᠵᠦ᠂ ᠨᠠᠬᠣ ᠬᠤᠨ ᠤ ᠦᠪᠥᠷ ᠲᠤ ᠪᠠᠢ᠌ᠭ᠎ᠠ ᠭᠣᠣᠯ ᠬᠦᠴᠥᠨ ᠳᠤ ᠨᠢ ᠬᠦᠷᠴᠦ ᠣᠴᠢᠪᠠᠯ ᠲᠠᠶᠠᠨ ᠬᠠᠨ ᠦᠵᠡᠵᠦ᠂ ᠨᠢ᠋ᠮᠠᠨ ᠤ ᠬᠠᠮᠳᠣ ᠪᠠᠢ᠌ᠯᠳᠣᠬᠣ ᠪᠠᠷ ᠢᠷᠡᠭ᠍ᠰᠡᠨ ᠵᠠᠮᠤᠬ᠎ᠠ ᠡᠴᠡ ᠠᠰᠠᠭᠣᠷᠣᠨ᠄ 《ᠲᠠᠷᠠ ᠰᠥᠷᠥᠭ ᠬᠣᠨᠢᠨ ᠳᠤ ᠣᠷᠣᠵᠣ ᠬᠣᠳᠠᠨ ᠳᠤ ᠨᠢ ᠬᠦᠷᠳᠡᠯ᠎ᠡ ᠬᠦᠬᠡᠬᠡᠵᠦ ᠶᠠᠪᠣᠭ᠎ᠠ ᠴᠢᠨ᠋ᠸ᠎ᠠ ᠮᠠᠳᠣ ᠲᠣᠪᠳᠣᠯᠣᠭᠴᠢ ᠶᠠᠮᠠᠷ ᠬᠦᠮᠥᠰ ᠪᠣᠢ︖》 ᠬᠡᠪᠡᠯ᠂ ᠵᠠᠮᠣᠬ᠎ᠠ ᠦᠬᠥᠯᠡᠷᠥᠨ᠄ 《ᠲᠠᠮᠣᠵᠢᠨ ᠠᠨᠳᠠ ᠮᠢᠨᠢ᠂ ᠲᠥᠷᠪᠡᠨ ᠨᠣᠬᠠᠢ ᠶᠢ ᠬᠦᠮᠥᠨ ᠤ ᠮᠢᠬ᠎ᠠ ᠪᠠᠷ ᠲᠡᠵᠢᠬᠡᠵᠦ ᠬᠢᠠᠵᠢᠨ ᠡᠴᠡ ᠣᠶᠠᠵᠣ ᠪᠠᠢ᠌ᠳᠠᠭ ᠪᠢᠯᠠ᠃ ᠣᠳᠣ ᠮᠠᠨ ᠤ ᠬᠠᠷᠠᠭᠣᠯ ᠢ ᠬᠦᠬᠡᠬᠡᠵᠦ ᠢᠷᠡᠭ᠍ᠴᠢᠥᠨ ᠲᠠᠷᠠ ᠲᠥᠷᠪᠡᠨ ᠨᠣᠬᠠᠢ ᠪᠢᠵᠠ᠃

ᠰᠢᠷᠠᠮᠣᠨ ᠲᠠᠮᠣᠷ ᠮᠠᠩᠨᠠᠢ ᠲᠡᠶ

ᠰᠢᠪᠡᠬᠡ ᠬᠣᠷᠴᠠ ᠬᠡᠯᠡ ᠲᠡᠶ

ᠭᠠᠩ ᠲᠠᠮᠣᠷ ᠵᠢᠷᠥᠬᠡ ᠲᠡᠶ

ᠭᠠᠳᠠᠰᠣ ᠴᠦᠴᠡ ᠶᠢᠨ ᠬᠣᠰᠢᠭᠣ ᠲᠡᠶ

ᠭᠠᠯᠵᠠᠭᠣ ᠲᠥᠷᠪᠡᠨ ᠨᠣᠬᠠᠢ᠃

ᠲᠥᠮᠡᠨ ᠠᠮᠢᠳᠠᠨ ᠢ ᠬᠢᠳᠣᠬᠣ ᠪᠠᠷ

ᠲᠠᠮᠣᠷ ᠬᠢᠠᠵᠢ ᠡᠴᠡ ᠮᠣᠯᠳᠣᠷᠴᠣ

ᠰᠢᠭᠣᠳ ᠪᠠᠷᠢᠵᠣ ᠢᠳᠡᠬᠥ ᠪᠠᠷ

ᠰᠢᠨᠣᠬᠠᠢ ᠰᠢᠯᠣᠰᠣ ᠪᠠᠨ ᠰᠠᠪᠢᠷᠠᠭᠣᠯᠵᠣ ᠠᠢ᠌ᠰᠣᠢ

ᠰᠢᠬᠥᠳᠡᠷᠢ ᠪᠠᠷ ᠣᠮᠳᠠ ᠬᠢᠵᠣ

ᠰᠢᠯᠣᠰᠣ ᠪᠠᠷ ᠬᠣᠭᠣᠯᠠ ᠬᠢᠵᠣ

ᠰᠠᠯᠬᠢ ᠪᠠᠷ ᠣᠨᠣᠭ᠎ᠠ ᠬᠢᠵᠣ

ᠰᠠᠭᠠᠳᠠᠭ ᠶᠢᠠᠷ ᠨᠦᠬᠥᠷ ᠬᠢᠵᠣ ᠶᠠᠪᠣᠳᠠᠭ

ᠵᠠᠪᠠ᠂ ᠬᠣᠪᠢᠯᠠᠢ ᠲᠡᠷᠢᠬᠥᠳᠡᠢ

ᠵᠠᠯᠠᠮ᠎ᠠ᠂ ᠰᠦᠪᠡᠭ᠍ᠳᠡᠢ ᠲᠠᠷᠠᠭ᠎ᠠ ᠲᠡᠶ

ᠲᠠᠮᠣᠵᠢᠨ ᠠᠨᠳᠠ ᠶᠢᠨ ᠲᠡᠵᠢᠬᠡᠭ᠍ᠰᠡᠨ

ᠲᠠᠷᠠ ᠲᠥᠷᠪᠡᠨ ᠨᠣᠬᠠᠳ

ᠲᠠᠮᠠᠣᠯᠠᠨ ᠬᠦᠷᠴᠦ ᠢᠷᠠᠪᠠ》

ᠬᠡᠵᠡᠢ᠃ ᠲᠠᠶᠠᠨ ᠬᠠᠨ ᠦᠬᠥᠯᠡᠷᠥᠨ᠄ 《ᠲ᠋ᠠᠢ᠌ᠮᠣ ᠪᠣᠯ ᠲᠠᠷᠠ ᠮᠣᠣᠰᠠᠢ᠌ᠨ ᠠᠮᠢᠳᠠᠳ ᠡᠴᠡ ᠬᠣᠯᠠ ᠪᠠᠢ᠌ᠶ᠎ᠠ》 ᠬᠡᠥᠨ ᠬᠤᠢ᠌ᠰᠢ ᠣᠬᠣᠷᠢᠵᠣ ᠠᠭᠣᠯᠠ ᠦᠬᠡᠳᠡ ᠦᠭᠰᠦᠪᠡ᠃ ᠪᠠᠰᠠ ᠲᠠᠳᠠᠨ ᠤ ᠬᠤᠢ᠌ᠨ᠎ᠠ ᠡᠴᠡ ᠬᠠᠷᠠᠢ᠌ᠯᠠᠨ ᠲᠡᠬᠥᠯᠢᠨ ᠶᠠᠪᠣᠭ᠎ᠠ ᠬᠦᠮᠥᠰ ᠢ ᠦᠵᠡᠵᠦ᠂ ᠲᠠᠶᠠᠨ ᠬᠠᠨ᠂ ᠵᠠᠮᠣᠬ᠎ᠠ ᠡᠴᠡ ᠠᠰᠠᠭᠣᠷᠣᠨ᠄

《ᠡᠷᠳᠠ ᠲᠠᠯᠪᠢᠭᠰᠠᠨ ᠣᠨᠠᠭ᠎ᠠ

ᠡᠬᠡ ᠶᠢᠨ ᠰᠥ᠋ ᠶᠢ ᠬᠦᠬᠥᠵᠦ

ᠡᠷᠬᠡᠯᠡᠨ ᠲᠠᠪᠬᠢᠨ ᠨᠠᠭᠠᠳᠣᠬᠣ ᠮᠠᠳᠣ

ᠡᠷᠴᠢᠯᠠᠨ ᠦᠰᠥᠷᠴᠦ ᠶᠠᠪᠣᠭ᠎ᠠ

ᠡᠨᠠ ᠬᠡᠳᠥᠨ ᠬᠦᠮᠥᠨ ᠢ

ᠡᠷᠬᠢᠮ ᠵᠠᠮᠣᠬ᠎ᠠ ᠮᠡᠳᠡᠬᠥ ᠦᠦ︖》

ᠬᠡᠪᠡᠯ᠂ ᠵᠠᠮᠣᠬ᠎ᠠ ᠦᠬᠥᠯᠡᠷᠥᠨ᠄

《ᠵᠡᠪᠰᠡᠭᠳᠤ ᠡᠷ᠎ᠠ ᠶᠢ ᠠᠶᠣᠯᠭᠠᠵᠣ

ᠵᠠᠪᠠ ᠲᠣᠨᠣᠭ ᠢ ᠪᠣᠯᠢᠶᠠᠳᠠᠭ

ᠢᠯᠳᠣᠳᠣ ᠡᠷ᠎ᠠ ᠶᠢ ᠨᠢᠴᠤᠭᠠᠵᠤ

ᠢᠯᠡᠬᠥᠤ ᠲᠣᠳᠠᠭᠣ ᠶᠢ ᠪᠣᠯᠢᠶᠠᠳᠠᠭ

ᠢᠳᠠᠳᠣ ᠣᠷᠣᠭᠣᠳ᠂ ᠮᠠᠩᠭ᠋ᠣᠳ ᠨᠡᠷ ᠪᠢᠵᠠ᠃

ᠪᠠᠭᠠᠳᠣᠷ ᠵᠤᠷᠢᠭᠳᠣ ᠲᠠᠳᠠ

ᠪᠠᠢ᠌ᠯᠳᠣᠭᠠᠨ ᠪᠣᠯᠬᠣ ᠣᠶ᠋‍ᠢᠷᠠᠳᠣᠭᠰᠠᠨ ᠳᠤ

ᠪᠠᠶᠠᠷᠯᠠᠨ ᠬᠠᠷᠠᠢ᠌ᠵᠣ ᠶᠠᠪᠣᠨ᠎ᠠ》 ᠬᠡᠵᠡᠢ᠃

ᠲᠠᠠᠳᠠ ᠡᠴᠡ ᠲᠠᠶᠠᠨ ᠬᠠᠨ ᠦᠬᠥᠯᠡᠷᠥᠨ᠄ 《ᠲ᠋ᠠᠢ᠌ᠮᠣ ᠪᠣᠯ ᠲᠠᠷᠠ ᠮᠣᠣᠰᠠᠢ᠌ᠨ ᠡᠴᠡ ᠬᠣᠯᠠ ᠪᠠᠢ᠌ᠶ᠎ᠠ》 ᠬᠡᠵᠦ ᠪᠠᠰᠠ ᠣᠬᠣᠷᠢᠨ ᠠᠭᠣᠯᠠ ᠦᠬᠡᠳᠡ ᠠᠪᠠᠷᠢᠪᠠ᠃ 《ᠪᠠᠰᠠ ᠲᠠᠳᠠᠨ ᠤ ᠬᠤᠢ᠌ᠨ᠎ᠠ ᠡᠴᠡ ᠦᠯᠥᠰᠥᠭᠰᠡᠨ ᠰᠢᠪᠠᠭᠣ ᠮᠠᠳᠣ ᠦᠷᠪᠥᠯᠵᠡᠨ ᠰᠥᠷᠪᠥᠯᠵᠡᠨ ᠢᠷᠡᠭ᠍ᠴᠢᠥᠨ ᠬᠡᠨ ᠪᠣᠢ︖》 ᠬᠡᠵᠦ ᠲᠠᠶᠠᠨ ᠬᠠᠨ ᠠᠰᠠᠭᠣᠪᠠᠯ᠂ ᠵᠠᠮᠣᠬ᠎ᠠ ᠬᠠᠷᠢᠭᠣ ᠦᠬᠥᠯᠡᠷᠥᠨ᠄

ᠲᠠᠷᠠ ᠬᠤᠢ᠌ᠨ᠎ᠠ ᠡᠴᠡ ᠢᠷᠡᠭ᠍ᠴᠢ ᠨᠢ

ᠲᠠᠮᠣᠵᠢᠨ ᠠᠨᠳᠠ ᠮᠦᠨ ᠪᠠᠢ᠌ᠨ᠎ᠠ

ᠬᠠᠨ ᠲᠠᠮᠣᠵᠢᠨ ᠲᠠᠷᠠ

ᠬᠠᠮᠣᠭ ᠪᠠᠶ᠎ᠠ ᠳᠡᠭᠡᠨ ᠴᠦᠮ

ᠰᠢᠪᠥᠬᠡ ᠬᠠᠳᠬᠣᠬᠣ ᠵᠠᠢ ᠦᠭᠡᠶ

ᠰᠢᠷᠥᠭ ᠲᠠᠮᠣᠷ ᠡᠮᠣᠰᠴᠣ

ᠵᠠᠬᠥᠤ ᠰᠢᠪᠡᠬᠥ ᠵᠠᠪᠰᠠᠷ ᠦᠭᠡᠶ

ᠵᠦᠢᠮᠡᠯ ᠬᠣᠶᠠᠭ ᠡᠮᠣᠰᠴᠣ

ᠦᠯᠥᠰᠥᠭᠰᠡᠨ ᠰᠢᠪᠠᠭᠣ ᠮᠠᠳᠣ

ᠦᠷᠪᠥᠯᠵᠡᠨ ᠰᠥᠷᠪᠥᠯᠵᠡᠨ ᠠᠢ᠌ᠰᠣᠢ᠃

ᠠᠭᠣᠷᠯᠠᠭᠰᠠᠨ ᠠᠷᠢᠶᠠᠳᠠᠨ ᠮᠠᠳᠣ

ᠣᠷᠣᠭᠰᠢ ᠲᠡᠬᠥᠯᠢᠨ ᠠᠢ᠌ᠰᠣᠢ᠃

ᠨᠢ᠋ᠮᠠᠨ ᠠᠢ᠌ᠮᠠᠭ ᠲᠠ ᠨᠡᠷ ᠮᠣᠩᠭ᠋ᠣᠯ ᠢ ᠦᠵᠡᠮᠡᠭ᠍ᠴᠡ᠂ ᠢᠰᠢᠬᠡ ᠶᠢᠨ ᠭᠣᠳ ᠴᠤ ᠦᠯᠠᠳᠡᠬᠥ ᠦᠭᠡᠶ [ᠡᠢ᠌ᠰᠢ ᠲᠠᠢ᠌ᠰᠢ ᠬᠣᠪᠢᠶᠠᠵᠣ ᠡᠵᠠᠯᠠᠨ᠎ᠠ] ᠬᠡᠳᠡᠭ ᠪᠠᠢ᠌ᠭᠰᠠᠨ ᠪᠢᠰᠢ ᠪᠢᠯᠢᠤ︖ ᠣᠳᠣ ᠲᠠ ᠨᠡᠷ ᠦᠵᠡᠲᠦᠬᠡᠢ》 ᠬᠡᠪᠡ᠃ ᠡᠨᠠ ᠦᠬᠡ ᠶᠢ ᠰᠣᠨᠣᠰᠣᠭᠠᠳ ᠲᠠᠶᠠᠨ ᠬᠠᠨ ᠦᠬᠥᠯᠡᠷᠥᠨ᠄ 《ᠡᠠᠢ ᠲᠠᠢ᠌ᠮᠣ ᠪᠣᠯ ᠡᠨᠠ ᠠᠭᠣᠯᠠ ᠶᠢᠨ ᠠᠮᠨ ᠦᠬᠡᠳᠡ ᠪᠠᠰᠠ ᠠᠪᠠᠷᠢᠶ᠎ᠠ》 ᠬᠡᠵᠦ ᠠᠭᠣᠯᠠ ᠦᠭᠰᠦᠵᠦ ᠨᠠᠯᠢᠶᠠᠳ ᠶᠠᠪᠣᠭᠠᠳ ᠲᠠᠶᠠᠨ ᠬᠠᠨ᠂ ᠵᠠᠮᠣᠬ᠎ᠠ ᠡᠴᠡ ᠠᠰᠠᠭᠣᠪᠠ᠄ 《ᠪᠠᠰᠠ ᠲᠠᠷᠠ ᠬᠤᠢ᠌ᠨ᠎ᠠ ᠡᠴᠡ ᠨᠢ ᠢᠷᠠᠵᠣ ᠶᠠᠪᠣᠭ᠎ᠠ ᠨᠥᠰᠡᠷ ᠠᠮᠢᠳᠠᠨ ᠬᠡᠨ ᠪᠣᠢ︖》 ᠬᠡᠪᠡᠯ᠂ ᠵᠠᠮᠣᠬ᠎ᠠ ᠦᠬᠥᠯᠡᠷᠥᠨ᠄

《ᠬᠦᠠᠲᠦᠲᠦ ᠦᠬᠡᠯᠥᠨ ᠬᠠᠳᠣᠨ ᠤ

ᠬᠦᠮᠥᠨ ᠤ ᠮᠢᠬ᠎ᠠ ᠪᠠᠷ ᠲᠡᠵᠢᠬᠡᠭ᠍ᠰᠡᠨ

ᠬᠦᠴᠥᠲᠦ ᠬᠠᠰᠠᠷ ᠬᠡᠳᠡᠭ

ᠬᠦᠤ ᠨᠢ ᠲᠠᠷᠠ ᠮᠦᠨ

ᠭᠣᠷᠪᠠᠨ ᠪᠠᠭᠣᠬᠣ ᠪᠠᠷ ᠵᠢᠣᠠᠬᠥᠪᠡᠴᠦ

ᠭᠣᠯᠵᠠᠢ᠌ᠬᠣ ᠦᠭᠡᠶ ᠬᠦᠴᠦ ᠲᠡᠶ

ᠭᠣᠠᠵᠢᠨ ᠦᠬᠡᠷ ᠢ ᠢᠳᠠᠪᠠᠴᠣ

ᠴᠠᠳᠬᠣ ᠦᠭᠡᠶ ᠬᠣᠳᠣᠭᠣᠳᠣ ᠲᠡᠶ

ᠬᠡᠳᠥᠨ ᠠᠯᠳᠠ ᠪᠠᠶ᠎ᠠ ᠳᠡᠭᠡᠨ

ᠬᠡᠯᠬᠢᠢ᠎ᠡ ᠬᠣᠶᠠᠭ ᠡᠮᠥᠰᠥᠭᠰᠡᠨ

ᠬᠡᠷᠴᠡᠬᠡᠢ ᠲᠣᠭᠰᠢᠨ ᠬᠠᠰᠠᠷ

ᠬᠡᠨ ᠪᠦᠬᠥᠨ ᠢ ᠢᠳᠡᠬᠥ ᠪᠠᠷ ᠠᠢ᠌ᠰᠣᠢ︕

ᠬᠣᠷᠮᠣᠰᠬ᠎ᠠ ᠰᠠᠭᠠᠳᠠᠭ ᠳᠠᠢ ᠬᠦᠮᠥᠨ ᠢ

ᠬᠣᠪᠬᠣ ᠲᠠᠳᠠᠭᠠᠳ ᠵᠠᠯᠬᠢᠬᠣ ᠳᠤ

ᠬᠣᠮᠬᠣᠢ ᠲᠠᠷᠠ ᠬᠠᠰᠠᠷ ᠤᠨ

ᠬᠣᠭᠣᠯᠠᠢ ᠳᠤ ᠲᠣᠷᠳᠠᠭ ᠦᠭᠡᠶ ᠬᠡᠨ᠎ᠡ᠃

ᠠᠮᠢᠳᠣ ᠬᠦᠮᠥᠨ ᠢ ᠪᠦᠬᠥᠯᠢ ᠪᠠᠷ

ᠠᠪᠴᠣ ᠰᠢᠬᠥᠷᠥᠬᠡᠥᠨ ᠵᠠᠯᠬᠢᠬᠣ ᠳᠤ

ᠠᠶᠣᠯᠳᠣ ᠲᠠᠷᠠ ᠭᠠᠢ᠌ᠬᠠᠯ ᠤᠨ

ᠠᠮᠠᠨ ᠳᠤ ᠲᠡᠬᠡᠭ᠍ᠯᠠᠬᠥ ᠦᠭᠡᠶ ᠬᠡᠨ᠎ᠡ᠃

ᠠᠭᠣᠷ ᠨᠢ ᠶᠡᠬᠡ ᠬᠦᠷᠴᠦ

ᠣᠷᠢᠳᠠᠬᠢ ᠰᠣᠮᠣ ᠪᠠᠨ ᠰᠢᠬᠥᠷᠴᠦ

ᠣᠬᠣᠰᠬᠢᠨ ᠬᠠᠷᠪᠣᠬᠣ ᠳᠤ

ᠠᠭᠣᠯᠠ ᠶᠢᠨ ᠴᠠᠭᠠᠳᠣᠬᠢ ᠬᠦᠮᠥᠰ ᠴᠤ

ᠤᠤᠯ ᠰᠣᠮᠣᠨ ᠳᠤ ᠣᠨᠣᠭᠳᠠᠵᠣ

ᠣᠠᠳᠣᠢ ᠰᠣᠠᠳᠣᠢ ᠦᠬᠥᠵᠡᠬᠡᠨ᠎ᠡ᠃

ᠬᠢᠯᠢᠩ ᠨᠢ ᠶᠡᠬᠡ ᠬᠦᠷᠴᠦ

ᠬᠡᠢ᠌ᠰᠪᠥᠷᠢ ᠰᠣᠮᠣ ᠪᠠᠨ ᠰᠢᠬᠥᠷᠴᠦ

ᠬᠡᠢ ᠶᠢᠨ ᠵᠦᠭ᠌ ᠬᠠᠷᠪᠣᠬᠣ ᠳᠤ

ᠬᠢᠷ᠎ᠠ ᠶᠢᠨ ᠴᠠᠭᠠᠳᠣᠬᠢ ᠬᠦᠮᠥᠰ ᠴᠤ

ᠬᠢᠷᠭᠠᠬᠣ ᠲᠠᠷᠠ ᠰᠣᠮᠣᠨ ᠳᠤ

ᠬᠢᠳᠣᠭᠳᠠᠵᠣ ᠣᠯᠠᠨ ᠶᠢᠠᠷ ᠦᠬᠥᠵᠡᠬᠡᠨ᠎ᠡ᠃

ᠶᠡᠬᠡ ᠲᠠᠯᠢᠵᠣ ᠬᠠᠷᠪᠣᠪᠠᠯ

ᠶᠢᠰᠣᠨ ᠵᠠᠭᠣᠨ ᠠᠯᠳᠠ ᠭᠠᠵᠠᠷ ᠬᠠᠷᠪᠣᠳᠠᠭ

ᠲᠠᠳᠠᠭᠣ ᠲᠠᠯᠢᠵᠣ ᠬᠠᠷᠪᠣᠪᠠᠯ

ᠲᠠᠪᠣᠨ ᠵᠠᠭᠣᠨ ᠠᠯᠳᠠ ᠭᠠᠵᠠᠷ ᠬᠠᠷᠪᠣᠳᠠᠭ

ᠬᠦᠮᠥᠨ ᠲᠡᠶ ᠠᠳᠠᠯᠢ ᠬᠦᠮᠥᠨ ᠪᠢᠰᠢ

ᠬᠦᠮᠥᠨ ᠢ ᠢᠳᠡᠬᠥ ᠮᠠᠩᠭ᠋ᠣᠰ

ᠬᠦᠴᠥᠲᠦ ᠬᠠᠰᠠᠷ ᠲᠠᠷᠠ

ᠬᠦᠷᠴᠦ ᠢᠷᠠᠵᠣ ᠶᠠᠪᠣᠨ᠎ᠠ》

ᠬᠡᠪᠡᠯ᠂ ᠲᠠᠶᠠᠨ ᠬᠠᠨ ᠦᠬᠥᠯᠡᠷᠥᠨ᠄ 《ᠲ᠋ᠠᠢ᠌ᠮᠣ ᠪᠣᠯ ᠦᠨᠳᠥᠷ ᠠᠭᠣᠯᠠᠨ ᠳᠤ ᠬᠣᠷᠭᠣᠳᠣᠶ᠎ᠠ᠂ ᠲᠡᠬᠡᠭ᠍ᠰᠢ ᠠᠪᠠᠷᠢᠳᠣᠭᠠᠢ》 ᠬᠡᠵᠦ ᠠᠭᠣᠯᠠ ᠦᠬᠡᠳᠡ ᠣᠯᠠᠮ ᠠᠪᠠᠷᠢᠪᠠ᠃ ᠪᠠᠰᠠ ᠲᠠᠶᠠᠨ ᠬᠠᠨ ᠵᠠᠮᠣᠬ᠎ᠠ ᠡᠴᠡ ᠠᠰᠠᠭᠣᠪᠠ᠄ 《ᠲᠡᠬᠥᠨ ᠤ ᠬᠤᠢ᠌ᠨ᠎ᠠ ᠢᠷᠠᠵᠣ ᠶᠠᠪᠣᠭ᠎ᠠ ᠬᠡᠨ ᠪᠣᠢ︖》 ᠬᠡᠪᠡᠯ᠂ ᠵᠠᠮᠣᠬ᠎ᠠ ᠦᠬᠥᠯᠡᠷᠥᠨ᠄

《ᠦᠬᠡᠯᠥᠨ ᠡᠬᠡ ᠶᠢᠨ ᠣᠳᠬᠣᠨ ᠬᠦᠤ

ᠦᠨᠦᠬᠢ ᠣᠳᠴᠢᠬᠢᠨ ᠲᠠᠷᠠ ᠮᠦᠨ᠃

ᠡᠷᠬᠢᠮᠰᠥᠭ ᠲᠠᠩᠬᠠᠢ ᠣᠴᠢᠷ ᠡᠴᠡ

ᠡᠷᠳᠠ ᠣᠠᠳᠠᠳᠠᠭ ᠪᠣᠯᠪᠠᠴᠣ

ᠡᠷᠡᠯᠬᠡᠭ᠌ ᠵᠤᠷᠢᠭᠳᠠᠢ ᠬᠦᠮᠥᠨ

ᠤᠳᠬᠤᠨ ᠬᠦᠪᠡᠬᠥᠨ ᠣᠴᠢᠷ ᠡᠴᠡ ᠣᠷᠣᠢ ᠪᠣᠰᠳᠠᠭ ᠪᠣᠯᠪᠠᠴᠣ

ᠣᠮᠣᠭ ᠴᠢᠳᠠᠯᠳᠠᠢ ᠡᠷ᠎ᠠ

ᠪᠠᠢ᠌ᠯᠳᠣᠭᠠᠨ ᠦᠢᠮᠡᠬᠡᠨ ᠪᠣᠯᠬᠣ ᠳᠤ

ᠪᠠᠢ᠌ᠷᠢᠨ ᠳᠠᠭᠠᠨ ᠬᠤᠴᠤᠷᠳᠠᠭ ᠦᠭᠡᠶ

ᠪᠠᠭᠠᠳᠣᠷ ᠤᠳᠴᠢᠬᠢᠨ ᠲᠠᠷᠠ ᠶᠠᠪᠣᠨ᠎ᠠ》 ᠬᠡᠪᠡᠯ᠂ 《ᠲ᠋ᠠᠢ᠌ᠮᠣ ᠪᠣᠯ ᠠᠭᠣᠯᠠ ᠶᠢᠨ ᠣᠷᠬᠢᠯ ᠲᠡᠬᠡᠷ᠎ᠡ ᠭᠠᠷᠣᠶ᠎ᠠ》 ᠬᠡᠵᠦ ᠲᠠᠶᠠᠨ ᠬᠠᠨ ᠬᠡᠯᠡᠪᠡ᠃

196᠂ ᠵᠠᠮᠣᠬ᠎ᠠ᠂ ᠲᠠᠶᠠᠨ ᠬᠠᠨ ᠳᠤ ᠡᠢ᠌ᠮᠣ ᠦᠬᠡ ᠶᠢ ᠬᠡᠯᠡᠬᠡᠥᠨ᠂ ᠨᠢ᠋ᠮᠠᠨ ᠡᠴᠡ ᠬᠠᠭᠠᠴᠠᠨ ᠰᠠᠯᠵᠣ᠂ ᠴᠢᠩᠬᠢᠰ ᠬᠠᠭᠠᠨ ᠳᠤ ᠬᠦᠮᠥᠨ ᠶᠠᠪᠣᠭᠣᠯᠵᠣ ᠬᠡᠯᠡᠬᠥᠯᠥᠭᠰᠡᠨ ᠨᠢ᠄

《ᠲᠠᠶᠠᠨ ᠬᠠᠨ ᠴᠢᠮ᠎ᠠ ᠡᠴᠡ ᠠᠶᠣᠵᠣ

ᠲᠠᠢ᠌ᠭ᠎ᠠ ᠠᠭᠣᠯᠠᠨ ᠳᠤ ᠰᠢᠷᠭᠣᠵᠣ ᠣᠷᠣᠪᠠ᠂

ᠣᠬᠠᠭᠠᠨ ᠠᠯᠳᠠᠳᠠᠯ᠎ᠠ ᠠᠶᠣᠭᠠᠳ ᠲᠠᠷᠠ

ᠠᠭᠣᠯᠠᠨ ᠳᠤ ᠬᠣᠷᠭᠣᠳᠣᠨ ᠠᠪᠠᠷᠢᠵᠣ ᠪᠠᠢ᠌ᠨ᠎ᠠ

ᠲᠠᠮᠣᠵᠢᠨ ᠴᠢ ᠬᠠᠳᠠᠭᠣᠵᠢᠵᠣ ᠬᠢᠴᠢᠶᠠ

ᠲᠠᠳᠠ ᠰᠠᠠᠳᠣᠷᠣᠨ ᠲᠣᠳᠠᠭᠠᠵᠣ ᠪᠠᠢ᠌ᠨ᠎ᠠ᠂

ᠡᠳᠠᠨ ᠤ ᠴᠠᠷ ᠢ ᠠᠵᠢᠵᠣ ᠬᠠᠷᠠᠬᠣ ᠳᠤ

ᠡᠰᠡᠷᠬᠥᠴᠡᠬᠥ ᠴᠢᠳᠠᠯ ᠦᠭᠡᠶ ᠪᠣᠯᠵᠠᠢ᠃

ᠪᠢᠳᠠ ᠨᠦᠭᠦᠳ ᠤᠨ ᠬᠠᠮᠳᠣ ᠨᠢ᠋ᠮᠠᠨ ᠡᠴᠡ ᠬᠠᠭᠠᠴᠠᠪᠠ》 ᠬᠡᠵᠦ ᠢᠯᠡᠬᠡᠪᠡ᠃ ᠴᠢᠩᠬᠢᠰ ᠬᠠᠭᠠᠨ᠂ ᠨᠠᠷᠠᠨ ᠣᠷᠣᠢ ᠪᠣᠯᠬᠣ ᠬᠢᠷᠢ ᠳᠤ ᠨᠠᠬᠣ ᠬᠣᠨ ᠤ ᠠᠭᠣᠯᠠ ᠶᠢ ᠪᠦᠰᠡᠯᠠᠵᠦ ᠠᠪᠣᠭᠠᠳ ᠬᠣᠨᠣᠪᠠ᠃ ᠲᠠᠷᠠ ᠰᠦᠨᠢ ᠨᠢ᠋ᠮᠠᠨ ᠤᠳ ᠪᠣᠷᠣᠭᠣᠯᠠᠨ ᠲᠣᠳᠠᠭᠠᠬᠣ ᠬᠡᠥᠨ ᠨᠠᠬᠣ ᠬᠣᠨ ᠤ ᠠᠭᠣᠯᠠᠨ ᠲᠡᠬᠡᠷ᠎ᠡ ᠡᠴᠡ ᠬᠠᠯᠳᠣᠷᠢᠨ ᠣᠨᠠᠵᠣ᠂ ᠨᠣᠷᠠᠭᠰᠠᠨ ᠲᠥᠯᠠᠬᠡ ᠮᠠᠳᠣ ᠪᠠᠶ᠎ᠠ ᠪᠠᠶ᠎ᠠ ᠪᠠᠨ ᠲᠠᠷᠣᠯᠴᠠᠵᠣ ᠶᠠᠰᠣ ᠪᠠᠨ ᠬᠡᠮᠬᠡᠴᠢᠵᠦ ᠦᠬᠥᠵᠡᠬᠡᠪᠡ᠃ ᠮᠠᠷᠭᠠᠰᠢ ᠨᠢ ᠲᠠᠶᠠᠨ ᠬᠠᠨ ᠢ ᠮᠣᠬᠣᠭᠠᠵᠣ ᠪᠠᠷᠢᠪᠠ᠃ [ᠲᠠᠶᠠᠨ ᠬᠠᠨ ᠬᠦᠠᠲᠦ ᠰᠢᠷᠬᠠᠳᠣᠭᠰᠠᠨ ᠲᠣᠯᠠ ᠲᠠᠷᠣᠢ ᠦᠬᠥᠪᠡ᠃ ᠷᠠᠰᠢᠳ᠋] ᠬᠦᠴᠥᠯᠥᠭ ᠬᠠᠨ ᠲᠣᠰᠠᠭᠠᠷ ᠪᠠᠢ᠌ᠭᠰᠠᠨ ᠲᠣᠯᠠ ᠴᠦᠬᠡᠨ ᠬᠦᠮᠥᠨ ᠤ ᠬᠠᠮᠳᠣ ᠲᠣᠳᠠᠭᠠᠵᠣ᠂ ᠲᠠᠮᠢᠷ ᠭᠣᠣᠯ ᠬᠦᠷᠴᠦ ᠨᠡᠬᠡᠭ᠍ᠰᠡᠨ ᠴᠡᠷᠢᠭ᠌ ᠲᠤ ᠬᠦᠢᠴᠡᠭ᠍ᠳᠡᠬᠡᠥᠨ ᠬᠦᠷᠢᠶ᠎ᠡ ᠪᠠᠬᠢᠯᠠᠯᠳᠠ ᠶᠢ ᠪᠠᠷᠢᠵᠣ ᠪᠠᠢ᠌ᠯᠳᠣᠭᠰᠠᠨ ᠪᠣᠯᠪᠠᠴᠣ ᠪᠠᠰᠠ ᠲᠡᠰᠪᠥᠷᠢᠯᠡᠭ᠍ᠰᠡᠨ ᠦᠬᠡᠢ᠂ ᠴᠠᠰᠢ ᠲᠣᠳᠠᠭᠠᠵᠣ [ᠪᠣᠢ᠌ᠷᠣᠭ ᠬᠠᠨ ᠠᠪᠠᠭ᠎ᠠ ᠳᠠᠭᠠᠨ] ᠣᠴᠢᠪᠠ᠃ ᠨᠢ᠋ᠮᠠᠨ ᠤ ᠣᠯᠣᠰ ᠢᠷᠬᠡᠨ ᠢ ᠠᠯᠳᠠᠢ ᠶᠢᠨ ᠦᠯᠣᠬᠡᠢ ᠳᠤ ᠮᠣᠬᠣᠭᠠᠵᠣ ᠴᠦᠮ ᠢ ᠨᠢ ᠡᠷᠬᠡᠨ ᠳᠡᠭᠡᠨ ᠣᠷᠣᠭᠣᠯᠵᠣ ᠠᠪᠣᠪᠠ᠃ [ᠵᠠᠮᠤᠬ᠎ᠠ ᠪᠠᠷᠠᠭᠣᠨ ᠵᠦᠭ᠌ ᠲᠣᠳᠠᠭᠠᠪᠠ᠃] ᠵᠠᠮᠣᠬ᠎ᠠ ᠶᠢ ᠲᠠᠭᠠᠵᠣ ᠶᠠᠪᠣᠭᠰᠠᠨ ᠵᠠᠳᠠᠷᠠᠨ᠂ ᠬᠠᠳᠠᠬᠢᠨ᠂ ᠰᠠᠯᠵᠢᠭᠣᠳ᠂ ᠲᠥᠷᠪᠡᠨ᠂ ᠲᠠᠢ᠌ᠴᠢᠭᠣᠳ ᠬᠣᠩᠬᠢᠷᠠᠳ ᠲᠡᠷᠢᠬᠥᠳᠡᠨ ᠠᠢ᠌ᠮᠠᠭ ᠤᠳ ᠲᠠᠠᠳᠠ ᠴᠢᠩᠬᠢᠰ ᠬᠠᠭᠠᠨ ᠳᠤ ᠲᠠᠭᠠᠵᠣ ᠣᠷᠣᠪᠠ᠃ ᠲᠠᠶᠠᠨ ᠤ ᠡᠬᠡ ᠬᠦᠷᠪᠡᠰᠦ ᠬᠠᠳᠣᠨ ᠢ ᠴᠢᠩᠬᠢᠰ ᠬᠠᠭᠠᠨ ᠠᠪᠴᠢᠷᠠᠭᠣᠯᠵᠣ ᠦᠬᠥᠯᠡᠷᠥᠨ᠄ 《ᠴᠢ ᠮᠣᠩᠭ᠋ᠣᠯ ᠬᠦᠮᠥᠨ ᠢ ᠮᠠᠭᠣᠬᠠᠢ ᠦᠨᠥᠷ ᠲᠡᠶ ᠬᠡᠳᠡᠭ ᠪᠢᠯᠠ ᠦᠦ︖ ᠴᠢ ᠣᠳᠣ ᠶᠠᠭᠣᠨ ᠳᠤ ᠢᠷᠠᠪᠠ︖》 ᠬᠡᠵᠦ ᠲᠡᠬᠥᠨ ᠢ ᠴᠢᠩᠬᠢᠰ ᠬᠠᠭᠠᠨ ᠦᠪᠡᠷ ᠶᠢᠠᠨ ᠠᠪᠣᠯ᠎ᠠ᠃ [ᠲᠠᠶᠠᠨ ᠤ ᠠᠢ᠌ᠮᠠᠭ ᠡᠴᠡ] ᠨᠢᠬᠡ ᠬᠦᠮᠥᠨ ᠲᠣᠳᠠᠭᠠᠪᠠ᠃ ᠬᠠᠰᠠᠷ ᠲᠡᠬᠥᠨ ᠢ ᠠᠮᠢᠳᠣ ᠪᠠᠷ ᠪᠠᠷᠢ ᠬᠡᠰᠡᠨ ᠳᠤ ᠪᠠᠳᠣ ᠬᠦᠢᠴᠡᠬᠡᠥᠨ ᠠᠮᠢᠳᠣ ᠪᠠᠷ ᠪᠠᠷᠢᠨ ᠢᠷᠠᠪᠠ᠃ ᠦᠵᠡᠪᠡᠯ᠂ ᠡᠪᠣᠷ ᠲᠤ ᠨᠢ ᠨᠢᠬᠡᠨ ᠲᠠᠮᠠᠭ᠎ᠠ ᠪᠣᠢ᠃ ᠬᠠᠰᠠᠷ ᠦᠬᠥᠯᠡᠷᠥᠨ᠄ 《ᠲ᠋ᠠᠨ ᠤ ᠣᠯᠠᠨ ᠠᠢ᠌ᠮᠠᠭ ᠴᠡᠷᠢᠭ᠌ ᠴᠦᠮ ᠮᠠᠨ ᠢ ᠲᠠᠭᠠᠵᠣ ᠪᠠᠢ᠌ᠬᠣ ᠳᠤ᠂ ᠴᠢ ᠡᠨᠠ ᠶᠠᠭᠣᠮ᠎ᠠ ᠶᠢ ᠡᠪᠣᠷᠯᠠᠵᠣ ᠬᠠᠮᠢᠭᠠᠰᠢ ᠤᠳᠪᠠ︖》 ᠬᠡᠪᠡᠯ᠂ ᠲᠠᠷᠠ ᠬᠦᠮᠥᠨ ᠦᠬᠥᠯᠡᠷᠥᠨ᠄ 《ᠮᠢᠨᠣ ᠪᠠᠶ᠎ᠠ᠂ ᠲᠣᠰᠢᠶᠠᠯ ᠤᠨ ᠭᠠᠵᠠᠷ ᠶᠢᠠᠨ ᠦᠬᠥᠳᠡᠯ᠎ᠡ ᠰᠠᠬᠢᠨ᠎ᠠ᠃ ᠡᠨᠠ ᠲᠠᠮᠠᠭ᠎ᠠ ᠵᠢ ᠬᠠᠭᠣᠴᠢᠨ ᠡᠵᠠᠨ ᠳᠡᠭᠡᠨ ᠬᠦᠷᠬᠡᠵᠦ ᠦᠭ‍ᠬᠦᠢ᠎ᠡ ᠬᠡᠰᠡᠨ ᠪᠢᠯᠠ᠃ ᠠᠵᠠ ᠲᠣᠳᠠᠵᠣ ᠪᠠᠷᠢᠭᠳᠠᠪᠠ》 ᠬᠡᠬᠥ ᠳᠤ᠂ ᠬᠠᠰᠠᠷ ᠦᠬᠥᠯᠡᠷᠥᠨ᠄ 《ᠴᠢ ᠠᠯᠢ ᠣᠪᠣᠭ ᠤᠨ ᠬᠦᠮᠥᠨ᠂ ᠶᠠᠮᠠᠷ ᠲᠣᠰᠢᠶᠠᠯ ᠲᠡᠶ ᠪᠠᠢ᠌ᠭᠰᠠᠨ ᠪᠣᠢ︖》 ᠬᠡᠪᠡᠯ᠂ ᠲᠠᠷᠠ ᠬᠦᠮᠥᠨ ᠦᠬᠥᠯᠡᠷᠥᠨ᠄ 《ᠪᠢ ᠢᠵᠠᠭᠣᠷ ᠡᠴᠡ ᠣᠢ᠌ᠭᠣᠷ ᠭᠠᠵᠠᠷ ᠤᠨ ᠬᠦᠮᠥᠨ᠂ ᠨᠡᠷ᠎ᠡ ᠲᠠᠳᠠᠳᠣᠩᠭ᠎ᠠ᠂ ᠮᠢᠨᠣ ᠡᠵᠠᠨ ᠡᠨᠠ ᠲᠠᠮᠠᠭ᠎ᠠ ᠶᠢ ᠨᠠᠳᠠᠳᠣ ᠲᠣᠰᠢᠶᠠᠵᠣ᠂ ᠡᠳ᠋ ᠢᠳᠠᠰᠢ ᠶᠢ ᠭᠠᠷᠭᠠᠬᠣ ᠪᠠ ᠣᠷᠣᠭᠣᠯᠬᠣ ᠶᠠᠪᠣᠳᠠᠯ ᠢ ᠨᠠᠳᠠᠳᠣ ᠲᠣᠰᠢᠶᠠᠭᠰᠠᠨ ᠪᠢᠯᠠ᠃》 ᠢᠩᠬᠢᠳᠠᠯ᠎ᠠ᠂ ᠬᠠᠰᠠᠷ ᠪᠠᠰᠠ ᠠᠰᠠᠭᠣᠷᠣᠨ᠄ 《ᠡᠨᠠ ᠲᠠᠮᠠᠭ᠎ᠠ ᠶᠢ ᠶᠠᠭᠣᠨ ᠳᠤ ᠬᠡᠷᠩᠯᠡᠨ᠎ᠡ︖》 ᠲᠠᠳᠠᠳᠣᠩᠭ᠎ᠠ ᠦᠬᠥᠯᠡᠷᠥᠨ᠄ 《ᠰᠠᠢ᠌ᠨ ᠬᠦᠮᠥᠨ ᠢ ᠰᠣᠩᠭ᠋ᠣᠵᠣ ᠵᠠᠷᠯᠢᠭ ᠪᠢᠴᠢᠭ᠌ ᠶᠠᠪᠣᠭᠣᠯᠬᠣ ᠠᠯᠢᠪᠠ ᠣᠢ᠌ᠯᠠᠰ ᠲᠤ ᠬᠡᠷᠩᠯᠡᠨ᠎ᠡ》 ᠬᠡᠪᠡᠯ᠂ ᠬᠠᠰᠠᠷ ᠰᠠᠢ᠌ᠰᠢᠶᠠᠵᠣ ᠰᠢᠳᠣᠷᠭᠣ ᠡᠯᠪᠠᠷᠢᠯᠳᠣ ᠬᠦᠮᠥᠨ ᠬᠡᠵᠦ ᠲᠠᠮᠣᠵᠢᠨ ᠳᠤ ᠮᠡᠳᠡᠬᠥᠯᠵᠦ᠂ ᠠᠯᠢᠪᠠ ᠪᠢᠴᠢᠭ᠌ ᠶᠠᠪᠣᠭᠣᠯᠬᠣ ᠳᠤ ᠬᠡᠷᠩᠯᠠᠬᠥ ᠪᠠᠷ ᠲᠠᠷᠠ ᠲᠠᠮᠠᠭ᠎ᠠ ᠶᠢ ᠮᠦᠨ ᠬᠥ ᠲᠠᠳᠠᠳᠤᠩᠭ᠎ᠠ ᠳᠤ ᠲᠣᠰᠢᠶᠠᠪᠠ᠃ ᠬᠠᠰᠠᠷ᠂ ᠲᠠᠳᠠᠳᠣᠩᠭ᠎ᠠ ᠶᠢ ᠪᠠᠭᠰᠢ ᠪᠠᠷᠢᠨ᠂ ᠪᠢᠴᠢᠭ᠌ ᠬᠠᠣᠯᠢ᠂ ᠴᠡᠷᠢᠭ᠌ ᠤᠨ ᠪᠣᠳᠣᠯᠭ᠎ᠠ ᠲᠡᠷᠢᠬᠥᠳᠡᠨ ᠣᠯᠠᠨ ᠵᠦᠢᠯ ᠪᠢᠴᠢᠭ᠌ ᠤᠳᠬ᠎ᠠ ᠵᠢᠭᠠᠯᠭᠠᠵᠣ ᠣᠳᠠᠯ ᠦᠭᠡᠶ ᠰᠣᠷᠪᠠ᠃ [ᠮᠡᠷᠬᠡᠨ ᠬᠡᠬᠡᠨ ᠤ ᠠᠯᠳᠠᠨ ᠲᠣᠪᠴᠢ ᠶᠢᠨ 23 ᠳ᠋ᠣᠭᠠᠷ ᠪᠦᠯᠥᠭ ᠲᠤ ᠪᠣᠢ]

197᠂ ᠮᠦᠨ ᠬᠣᠯᠣᠭᠠᠨ᠎ᠠ ᠵᠢᠯ ᠤᠨ ᠨᠠᠮᠣᠷ ᠬᠠᠷ᠎ᠠ ᠲᠠᠯ᠎ᠠ ᠶᠢᠨ ᠢᠵᠠᠭᠣᠷ ᠬᠡᠳᠡᠭ ᠭᠠᠵᠠᠷ ᠮᠠᠷᠭᠢᠳ ᠤᠨ ᠲᠣᠭᠳᠣᠬ᠎ᠠ ᠪᠠᠬᠢ ᠲ᠋ᠠᠢ ᠴᠢᠩᠬᠢᠰ ᠬᠠᠭᠠᠨ ᠪᠠᠢ᠌ᠯᠳᠣᠵᠣ᠂ ᠲᠣᠭᠳᠣᠬ᠎ᠠ ᠶᠢ ᠲᠡᠢ᠌ᠯᠦᠬᠡᠥᠨ ᠬᠦᠬᠡᠬᠡᠵᠦ ᠰᠠᠭᠠᠷᠢ ᠬᠡᠬᠡᠷ᠎ᠡ ᠬᠡᠳᠡᠭ ᠭᠠᠵᠠᠷ ᠮᠠᠷᠭᠢᠳ ᠤᠨ ᠠᠢ᠌ᠮᠠᠭ ᠣᠯᠠᠨ ᠢ ᠲᠠᠭᠠᠭᠣᠯᠣᠨ ᠠᠪᠣᠪᠠ᠃ ᠲᠣᠭᠳᠣᠬ᠎ᠠ᠂ ᠬᠣᠳᠣ᠂ ᠴᠢᠯᠠᠭᠣᠨ ᠬᠣᠶᠠᠷ ᠬᠦᠪᠡᠬᠥᠨ ᠪᠠ ᠴᠦᠬᠡᠨ ᠬᠦᠮᠥᠨ ᠢ ᠠᠪᠴᠣ ᠲᠣᠳᠠᠭᠠᠵᠣ ᠣᠳᠪᠠ᠃ [ᠬᠣᠳᠣ᠂ ᠴᠢᠯᠠᠭᠣᠨ ᠤ ᠡᠬᠡᠨᠡᠷ ᠢ ᠴᠢᠩᠬᠢᠰ ᠬᠠᠭᠠᠨ ᠤ ᠬᠦᠪᠡᠬᠥᠨ ᠦᠬᠡᠳᠡᠢ ᠳᠤ ᠦᠭ᠍ᠪᠡ] ᠮᠠᠷᠭᠢᠳ ᠢᠷᠬᠡᠨ ᠢ ᠡᠵᠡᠯᠡᠭ᠍ᠳᠡᠬᠥ ᠳᠤ ᠣᠧᠨᠰ ᠮᠠᠷᠭᠢᠳ ᠤᠨ ᠲᠡᠷᠢᠬᠥᠯᠡᠭ᠍ᠴᠢ ᠲᠠᠢ᠌ᠷ ᠣᠰᠣᠨ ᠬᠡᠭ᠍ᠴᠢ ᠬᠦᠮᠥᠨ [ᠪᠠᠢ᠌ᠯᠳᠣᠬᠣ ᠰᠠᠨᠠᠯ ᠦᠭᠡᠶ ᠬᠡᠵᠦ] ᠦᠪᠡᠷ ᠤᠨ ᠦᠬᠢᠨ ᠬᠣᠯᠠᠨ ᠢ ᠴᠢᠩᠬᠢᠰ ᠬᠠᠭᠠᠨ ᠳᠤ ᠦᠵᠡᠬᠥᠯᠬᠥ ᠪᠠᠷ ᠠᠪᠴᠢᠷᠠᠵᠣ ᠶᠠᠪᠣᠳᠠᠯ᠎ᠠ᠂ ᠵᠠᠮ ᠳᠤ ᠲᠣᠬᠢᠶᠠᠯᠳᠣᠭᠰᠠᠨ ᠮᠣᠩᠭ᠋ᠣᠯ ᠴᠡᠷᠢᠭ᠌ ᠰᠠᠭᠠᠳᠠᠭᠤᠯᠬᠤ ᠳᠤ ᠲᠣᠯᠠ ᠪᠠᠭᠠᠷᠢᠳᠠᠢ ᠶᠢᠨ ᠨᠠᠶᠠᠭ᠎ᠠ ᠨᠣᠶᠠᠨ ᠳᠤ ᠲᠠᠢ᠌ᠷ ᠣᠰᠣᠨ ᠣᠴᠠᠷᠠᠵᠣ ᠦᠬᠥᠯᠡᠷᠥᠨ᠄ 《ᠪᠢ ᠡᠨᠠ ᠦᠬᠢᠨ ᠶᠢᠠᠨ ᠴᠢᠩᠬᠢᠰ ᠬᠠᠭᠠᠨ ᠳᠤ ᠦᠵᠡᠬᠥᠯᠬᠥ ᠪᠠᠷ ᠶᠠᠪᠣᠵᠣ ᠪᠠᠢ᠌ᠨ᠎ᠠ》 ᠬᠡᠪᠡᠯ᠂ ᠨᠠᠶᠠᠭ᠎ᠠ ᠨᠣᠶᠠᠨ ᠦᠬᠥᠯᠡᠷᠥᠨ᠄ 《ᠦᠬᠢᠨ ᠢ ᠴᠢᠨᠢ ᠪᠢᠳᠠ ᠬᠠᠮᠳᠣ ᠠᠪᠠᠴᠢᠵᠣ ᠦᠵᠡᠬᠥᠯᠥᠢ᠎ᠡ᠃ ᠴᠢ ᠭᠠᠭᠴᠠᠭᠠᠷ ᠤᠳᠪᠠᠯ ᠡᠢ᠌ᠮᠣ ᠰᠠᠮᠠᠭᠣᠨ ᠴᠠᠭ ᠲᠤ ᠲᠣᠬᠢᠶᠠᠯᠳᠣᠭᠰᠠᠨ ᠴᠡᠷᠢᠭ᠌ ᠤᠳ ᠴᠢᠮ᠎ᠠ ᠶᠢ ᠬᠣᠣᠷᠯᠠᠬᠣ ᠪᠠ ᠴᠢᠨᠣ ᠦᠬᠢᠨ ᠲᠡᠶ ᠰᠠᠮᠠᠭᠣᠷᠠᠬᠣ ᠲᠣᠯᠠ ᠬᠣᠶᠠᠭᠣᠯᠠ ᠬᠠᠮᠳᠣ ᠣᠴᠢᠶ᠎ᠠ᠃ ᠴᠢ ᠨᠠᠮᠢ᠋ᠢ ᠭᠣᠷᠪᠠ ᠬᠣᠨᠣᠭ ᠬᠦᠯᠢᠶᠡ》 ᠬᠡᠵᠦ ᠲᠣᠷᠠᠳᠬᠠᠵᠣ ᠬᠦᠯᠢᠶᠡᠯᠬᠡᠪᠡ᠃ ᠲᠠᠠᠳᠠ ᠡᠴᠡ ᠨᠠᠶᠠᠭ᠎ᠠ ᠨᠣᠶᠠᠨ ᠲᠠᠢ᠌ᠷ ᠣᠰᠣᠨ ᠬᠣᠶᠠᠷ᠂ ᠬᠣᠯᠠᠨ ᠢ ᠠᠪᠴᠣ ᠴᠢᠩᠬᠢᠰ ᠬᠠᠭᠠᠨ ᠳᠤ ᠬᠦᠷᠬᠡᠪᠡ᠃ ᠴᠢᠩᠬᠢᠰ ᠬᠠᠭᠠᠨ ᠬᠣᠯᠠᠨ ᠢ ᠨᠠᠶᠠᠭ᠎ᠠ ᠨᠣᠶᠠᠨ᠂ ᠬᠡᠷ ᠲᠡᠭᠡᠨ ᠭᠣᠷᠪᠠ ᠬᠣᠨᠣᠭ ᠬᠦᠯᠢᠶᠡᠯᠬᠡᠭ᠍ᠰᠡᠨ ᠢ ᠰᠣᠨᠣᠰᠣᠭᠠᠳ ᠮᠠᠰᠢ ᠬᠢᠯᠢᠩᠨᠡᠵᠤ 《ᠴᠢ ᠡᠨᠠ ᠬᠣᠯᠠᠨ ᠢ ᠶᠠᠮᠠᠷ ᠣᠴᠢᠷ ᠲᠡᠶ ᠬᠡᠷ ᠲᠡᠭᠡᠨ ᠬᠦᠯᠢᠶᠡᠯᠬᠡᠵᠦ ᠪᠠᠢ᠌ᠭᠰᠠᠨ ᠪᠣᠢ︖》 ᠬᠡᠵᠦ ᠴᠢᠩᠭ᠋ᠠᠳᠠ ᠲᠣᠯᠭᠠᠨ ᠠᠰᠠᠭᠣᠵᠣ ᠵᠠᠰᠠᠭᠯᠠᠨ ᠰᠢᠳᠬᠡᠬᠥ ᠬᠡᠵᠦ ᠪᠠᠢ᠌ᠳᠠᠯ᠎ᠠ᠂ ᠬᠣᠯᠠᠨ ᠦᠬᠥᠯᠡᠷᠥᠨ᠄ 《ᠨᠠᠳᠠᠳᠣ ᠨᠠᠶᠠᠭ᠎ᠠ ᠨᠣᠶᠠᠨ ᠤ ᠬᠡᠯᠡᠭ᠍ᠰᠡᠨ ᠨᠢ 〈ᠪᠢ ᠴᠢᠩᠬᠢᠰ ᠬᠠᠭᠠᠨ ᠤ ᠶᠡᠬᠡ ᠨᠣᠶᠠᠨ ᠪᠢᠯᠠ᠃ ᠪᠢᠳᠠ ᠬᠠᠮᠳᠣ ᠬᠠᠭᠠᠨ ᠳᠤ ᠪᠠᠷᠠᠭᠠᠯᠬᠠᠵᠣ ᠣᠴᠢᠶ᠎ᠠ᠃ ᠵᠠᠮ ᠤᠨ ᠵᠠᠭᠣᠷ᠎ᠠ ᠴᠡᠷᠢᠭ᠌ ᠤᠳ ᠰᠠᠮᠠᠭᠣᠷᠠᠨ ᠪᠣᠯᠵᠣᠰᠢ ᠦᠭᠡᠶ〉 ᠬᠡᠵᠦ ᠢᠳᠬᠠᠪᠠ᠃ ᠬᠡᠷᠪᠡ ᠨᠠᠶᠠᠭ᠎ᠠ ᠨᠣᠶᠠᠨ ᠣᠴᠠᠷᠠᠵᠣ ᠲᠣᠰᠠᠯᠠᠭᠰᠠᠨ ᠦᠭᠡᠶ ᠪᠣᠯ ᠪᠢᠳᠠ ᠵᠠᠪᠰᠠᠷ ᠤᠨ ᠴᠡᠷᠢᠭ᠌ ᠲᠤ ᠪᠠᠷᠢᠭᠳᠠᠵᠣ᠂ ᠲᠠᠳᠠᠨ ᠤ ᠵᠠᠪᠰᠢᠶᠠᠨ ᠪᠣᠯᠬᠣ ᠪᠢᠰᠢᠤ᠃ ᠬᠠᠷᠢᠨ ᠨᠠᠶᠠᠭ᠎ᠠ ᠲᠡᠶ ᠣᠴᠠᠷᠠᠭᠰᠠᠨ ᠮᠢᠨᠢ ᠰᠠᠢ᠌ᠨ ᠪᠣᠯᠪᠠ᠃ ᠣᠳᠣ ᠡᠨᠠ ᠨᠠᠶᠠᠭ᠎ᠠ ᠨᠣᠶᠠᠨ ᠡᠴᠠ ᠠᠰᠠᠭᠣᠬᠣ ᠶᠢᠨ ᠣᠷᠣᠨ ᠳᠤ ᠬᠠᠭᠠᠨ ᠰᠣᠶᠣᠷᠬᠠᠪᠠᠯ᠂ ᠲᠡᠭ᠍ᠷᠢ ᠡᠴᠡ ᠵᠠᠶᠠᠭᠠᠭᠰᠠᠨ᠂ ᠡᠴᠢᠬᠡ ᠡᠬᠡ ᠡᠴᠡ ᠲᠥᠷᠣᠬᠥᠯᠥᠭᠰᠡᠨ ᠮᠠᠬᠠᠪᠣᠳ ᠢ ᠮᠢᠨᠢ ᠰᠢᠯᠭᠠᠵᠣ ᠦᠵᠡᠲᠦᠬᠡᠢ》 ᠬᠡᠵᠡᠢ᠃ ᠪᠠᠰᠠ ᠨᠠᠶᠠᠭ᠎ᠠ ᠨᠣᠶᠠᠨ ᠦᠬᠥᠯᠡᠷᠥᠨ᠄

《ᠬᠠᠮᠣᠭ ᠣᠯᠠᠨ ᠤ ᠡᠵᠠᠨ

ᠬᠠᠭᠠᠨ ᠴᠢᠩᠬᠢᠰ ᠴᠢᠮᠢ᠋ᠢ

ᠬᠠᠢ᠌ᠷᠠᠯᠠᠵᠣ ᠬᠦᠠᠳᠥᠯᠠᠬᠥ ᠡᠴᠡ ᠦᠬᠡᠷ᠎ᠡ

ᠬᠠᠷ᠎ᠠ ᠰᠠᠨᠠᠯ ᠨᠠᠳᠠᠳᠣ ᠦᠭᠡᠶ᠃

ᠬᠠᠷᠢ ᠣᠯᠣᠰ ᠡᠴᠡ ᠣᠯᠵᠠᠯᠠᠭᠰᠠᠨ

ᠬᠠᠴᠠᠷ ᠭᠣᠸ᠎ᠠ ᠬᠠᠳᠣᠳ ᠪᠠ

ᠬᠠᠳᠤᠷᠢᠶ᠎ᠠ ᠳᠠᠢ ᠰᠠᠢ᠌ᠨ ᠮᠣᠷᠢᠳ ᠢ

ᠬᠠᠭᠠᠨ ᠴᠢᠨᠤ ᠶᠠᠭᠣᠮ᠎ᠠ ᠬᠡᠵᠦ

ᠬᠠᠯᠳᠣᠯ ᠦᠭᠡᠶ ᠬᠠᠷᠠᠵᠣ

ᠬᠠᠪᠢᠷᠠᠯ ᠦᠭᠡᠶ ᠰᠠᠬᠢᠳᠠᠭ ᠪᠢᠯᠠ᠃

ᠡᠬᠥᠨ ᠡᠴᠡ ᠦᠬᠡᠷ᠎ᠡ ᠰᠠᠳᠬᠢᠯ ᠢ

ᠦᠨᠡᠬᠡᠷ ᠰᠠᠨᠠᠭᠰᠠᠨ ᠪᠣᠶᠣ

ᠦᠢᠯᠡᠳᠥᠭᠰᠡᠨ ᠵᠦᠢᠯ ᠪᠠᠢ᠌ᠪᠠᠯ

ᠦᠬᠥᠬᠥ ᠳᠤ ᠨᠠᠳᠠᠳᠣ ᠭᠣᠮᠣᠳᠠᠯ ᠦᠭᠡᠶ᠃》

ᠬᠡᠵᠡᠢ᠃ ᠴᠢᠩᠬᠢᠰ ᠬᠠᠭᠠᠨ᠂ ᠬᠣᠯᠠᠨ ᠬᠠᠳᠣᠨ ᠤ ᠦᠬᠡ ᠶᠢ ᠵᠦᠪᠰᠢᠶᠡᠷᠠᠵᠦ᠂ ᠮᠦᠨ ᠡᠳᠣᠷ ᠲᠠᠷᠠ ᠲᠠᠷᠣᠢ ᠰᠣᠷᠢᠵᠣ ᠦᠵᠡᠪᠡᠯ᠂ ᠬᠣᠯᠠᠨ ᠬᠠᠳᠣᠨ ᠤ ᠦᠴᠢᠭ᠍ᠰᠡᠨ ᠦᠬᠡ ᠦᠨᠡᠨ ᠪᠠᠢ᠌ᠭᠰᠠᠨ ᠲᠣᠯᠠ ᠴᠢᠩᠬᠢᠰ ᠬᠠᠭᠠᠨ ᠬᠣᠯᠠᠨ ᠬᠠᠳᠣᠨ ᠢ ᠰᠣᠶᠣᠷᠬᠠᠵᠣ ᠲᠠᠭᠠᠯᠠᠪᠠ᠃ ᠨᠠᠶᠠᠭ᠎ᠠ ᠨᠣᠶᠠᠨ ᠤ ᠦᠬᠡ ᠪᠠᠰᠠ ᠦᠨᠡᠨ ᠪᠣᠯᠣᠭᠰᠠᠨ ᠲᠣᠯᠠ 《ᠦᠨᠡᠨ ᠦᠬᠡ ᠲᠡᠶ ᠰᠢᠳᠣᠷᠭᠣ ᠬᠦᠮᠥᠨ ᠪᠠᠢ᠌ᠨ᠎ᠠ᠃ ᠶᠡᠬᠡ ᠣᠢ᠌ᠯᠠ ᠬᠡᠷᠡᠭ ᠢ ᠲᠣᠰᠢᠶᠠᠶ᠎ᠠ》 ᠬᠡᠵᠦ ᠦᠷᠥᠰᠢᠶᠡᠵᠦ ᠰᠣᠶᠣᠷᠬᠠᠪᠠ᠃

ᠳᠠᠷᠤᠮ᠄ 71308
ᠴᠠᠭ᠄ 2008 ᠤᠨ ᠤ 07 ᠰᠠᠷ᠎ᠠ ᠶᠢᠨ 01
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ