ᠨᠡᠪᠲᠡᠷᠡᠨ ᠤᠷᠤᠬᠤ
ᠨᠢᠭᠡᠳᠦᠭᠡᠷ ᠪᠦᠯᠦᠭ ᠂ ᠶᠢᠷᠲᠢᠨᠴᠦ ᠲᠠᠢ ᠲᠠᠨᠢᠯᠴᠠᠶ᠎ᠠ
ᠲᠦᠷᠪᠡᠳᠦᠭᠡᠷ ᠬᠡᠰᠡᠭ ᠂ ᠭᠦᠮᠤᠨ ᠪᠣᠯᠬᠤᠢ ᠶᠢᠨ ᠭᠦᠴᠢᠷ

ᠬᠤᠪᠢ ᠵᠠᠶ‍ᠠᠭ᠎ᠠ ᠪᠠᠨ ᠭᠦᠮᠤᠨ ᠦᠪᠠᠷ ᠶᠢᠡᠨ ᠡᠵᠡᠮᠳᠡᠵᠤ ᠪᠠᠢ᠌ᠭ᠎ᠠ ᠶ‍ᠤᠮ᠃


᠊᠊᠊᠊᠊᠊᠊᠊᠊᠊᠊᠊᠊᠊᠊᠊᠊᠊᠊᠊ ᠪᠸᠢ᠌ᠺᠧᠨ


ᠭᠦᠮᠤᠨ ᠤ ᠶ‍ᠢᠷᠳᠢᠠᠴᠤ ᠳᠤ ᠭᠡᠵᠢᠶ‍ᠡᠳᠡ ᠨᠠᠯᠠᠭᠠᠷ ᠨᠠᠷᠠᠨ ᠳᠤᠨᠤᠷᠠᠵᠤ᠂ ᠲ᠋ᠠᠷᠳᠠᠩ ᠵᠠᠮ ᠨᠢ ᠳᠤᠷᠠᠢ᠌ᠵᠤ ᠪᠠᠢ᠌ᠳᠠᠭ ᠦᠭᠡᠶ᠃ ᠭᠦᠴᠢᠷ ᠪᠠᠷᠭᠡᠰᠢᠶ‍ᠡᠯ ᠭᠡᠳᠡᠭ᠌ ᠶ‍ᠠᠭᠤᠮ᠎ᠠ ᠭᠦᠮᠤᠨ ᠢ ᠨᠠᠰᠤᠨ ᠳᠤᠷᠰᠢ ᠴᠠᠭ ᠢᠮᠠᠭᠳᠠ ᠳᠠᠭᠠᠯᠳᠤᠭᠠᠤᠨ ᠪᠠᠢ᠌ᠳᠠᠭ᠃ ᠠᠮᠢᠳᠤᠷᠠᠶ᠎ᠠ ᠯᠠ ᠭᠡᠪᠠᠯ ᠦᠪᠠᠷ ᠤᠨ ᠭᠦᠴᠤᠨ ᠳᠡᠭᠡᠨ ᠳᠦᠰᠢᠭᠯᠡᠵᠤ ᠪᠠᠷᠭᠡ ᠪᠠᠷᠳᠠᠭ᠎ᠠ ᠶᠢ ᠢᠯᠠᠨ ᠣᠷᠤᠰᠢᠨ ᠳᠤᠭᠳᠠᠨᠢᠬᠤ ᠣᠷᠤᠨ ᠵᠠᠢ ᠪᠠᠨ ᠳᠠᠯᠠᠵᠤ ᠠᠪᠬᠤ ᠭᠡᠷᠡᠭ᠍ᠳᠡᠢ᠃ ᠭᠢᠳᠡᠳ ᠥᠭᠡᠨ ᠳ᠋ᠤ 《ᠭᠦᠮᠤᠨ ᠪᠣᠯᠬᠤ ᠳᠤ ᠭᠦᠴᠢᠷ ᠡᠴᠡ ᠠᠶ‍ᠤᠵᠤ ᠪᠣᠯᠬᠤ ᠦᠭᠡᠶ᠂ ᠭᠦᠴᠢᠷ ᠡᠴᠡ ᠠᠶ‍ᠤᠪᠠᠯ ᠭᠦᠮᠤᠨ ᠪᠣᠯᠵᠤ ᠴᠢᠳᠠᠬᠤ ᠦᠭᠡᠶ》 ᠭᠡᠳᠡᠭ᠌ ᠨᠢ ᠡᠨᠡ ᠶ‍ᠤᠰᠤ ᠶᠢ ᠶ‍ᠠᠷᠢᠭᠰᠠᠨ ᠶ‍ᠤᠮ᠃

ᠰᠤᠷᠭᠠᠭᠤᠯᠢ ᠪᠠᠨ ᠳᠡᠭᠦᠰᠴᠤ ᠨᠡᠢ᠌ᠭᠡᠮ ᠤᠨ ᠪᠣᠱᠤᠭ᠎ᠠ ᠶᠢ ᠰᠠᠶ‍ᠢ ᠳᠠᠪᠠᠬᠤ ᠭᠡᠵᠤ ᠪᠠᠢ᠌ᠭ᠎ᠠ ᠨᠢᠭᠡ ᠵᠡᠯᠡᠭᠤ᠂ ᠠᠩᠭ᠍ᠯᠢ ᠶᠢᠨ ᠶ‍ᠡᠭᠡ ᠵᠤᠭᠢᠶ‍ᠠᠯᠴᠢ ᠪᠢᠴᠧ ᠳᠤ ᠵᠠᠭᠢᠳᠠᠯ ᠪᠢᠴᠢᠵᠤ᠂ ᠶ‍ᠠᠮᠠᠷ ᠠᠵᠢᠯ ᠰᠤᠩᠭ᠋ᠤᠪᠠᠯ ᠭᠦᠴᠤ ᠭᠦᠯᠦᠰᠤ ᠣᠷᠤᠰᠬᠠᠬᠤ ᠦᠭᠡᠶ᠂ ᠪᠠᠶ᠎ᠠ ᠰᠠᠤᠠᠭᠢᠯ ᠳᠤ ᠳᠠᠭᠠᠯᠠᠮᠵᠢᠳᠠᠢ ᠪᠤᠢ ᠭᠡᠵᠤ ᠠᠰᠡᠭᠤᠵᠡᠢ᠃ ᠪᠢᠴᠧ ᠬᠠᠷᠢᠭᠤ ᠵᠠᠭᠢᠳᠠᠯ ᠳᠠᠭᠠᠨ ᠢᠩᠭᠢᠵᠤ ᠪᠢᠴᠢᠪᠠ᠄

ᠬᠠᠮᠤᠭ ᠳᠡᠷᠢᠭᠦᠨ ᠳᠤ ᠵᠤᠭᠢᠶ‍ᠠᠯᠴᠢ ᠪᠣᠶ‍ᠤ ᠨᠠᠢ᠌ᠷᠠᠭᠤᠯᠤᠭᠴᠢ ᠪᠢᠳᠡᠭᠡᠢ ᠪᠣᠯᠤᠭᠠᠰᠠᠢ ᠭᠡᠵᠤ ᠰᠠᠨᠠᠭᠤᠯᠦᠶ᠎ᠠ᠃ ᠡᠳᠦᠷ ᠰᠦᠨᠢ ᠶᠢᠨ ᠬᠤᠪᠢᠨ ᠳᠤ ᠢᠳᠠᠵᠤ ᠣᠮᠳᠠᠬᠤ ᠪᠠᠨ ᠣᠮᠠᠷᠳᠠᠨ ᠴᠠᠭᠠᠰᠤᠨ ᠳᠡᠭᠡᠷ᠎ᠡ ᠥᠵᠦᠭ᠌ ᠳᠤᠭᠯᠠᠭᠤᠯᠳᠠᠭ ᠡᠨᠡ ᠠᠵᠢᠯ ᠨᠢ ᠳᠠᠷᠢᠭᠢ ᠳᠤᠯᠤᠭᠠᠢ ᠳᠤ ᠳᠤᠩ ᠬᠠᠯᠠᠳᠠᠢ ᠪᠠᠢ᠌ᠵᠤ᠂ ᠡᠴᠦᠰ ᠤᠨ ᠳ᠋ᠦ᠋ᠩ ᠳᠤ ᠨᠢᠳᠤ ᠮᠠᠭᠤᠳᠠᠨ ᠭᠦᠵᠦᠭᠦᠤ ᠭᠠᠵᠢᠭᠠᠤᠨ ᠬᠤᠷᠢᠶ‍ᠠᠮᠠᠷ ᠬᠤᠭᠰᠢᠯ ᠦᠭᠡᠶ ᠳᠡᠭᠦᠰᠦᠨ᠎ᠡ᠃ ᠲ᠋ᠡᠷᠡᠭ᠎ᠠ ᠳ᠋ᠤᠨᠢ ᠬᠠᠤᠯᠢᠴᠢ ᠪᠣᠯᠬᠤ ᠠᠵᠢᠯ ᠢ ᠯᠠ ᠪᠣᠤ ᠰᠤᠩᠭ᠋ᠤ᠃ ᠬᠠᠤᠯᠢ ᠴᠠᠭᠠᠵᠠ ᠶᠢᠨ ᠥᠷᠭᠡᠨ ᠮᠡᠳᠡᠯᠭᠡ᠂ ᠬᠤᠷᠴᠠᠯᠢᠭ ᠳᠡᠷᠢᠭᠢ᠂ ᠭᠡᠯᠡᠮᠡᠭᠡᠢ ᠬᠤᠩᠰᠢᠶ‍ᠠᠷ ᠲᠤ ᠳᠦᠰᠢᠭᠯᠡᠨ ᠬᠤᠭᠤᠯᠠ ᠢᠳᠡᠳᠡᠭ᠌ ᠡᠨᠡ ᠠᠵᠢᠯ ᠨᠢ ᠵᠠᠷᠭᠤ ᠳᠡᠢ᠌ᠯᠭᠦ ᠦᠶ‍ᠠᠰ ᠯᠠ ᠥᠩᠭᠡ ᠭᠡᠷᠡᠯᠳᠡᠢ ᠡᠴᠡ ᠪᠢᠰᠢ᠂ ᠱᠥᠭᠦᠭ᠍ᠳᠡᠭᠦ ᠴᠠᠭ ᠲᠤ ᠮᠦᠨ ᠯᠠ ᠰᠢᠪᠰᠢᠭ᠍ᠳᠡᠢ ᠶ‍ᠤᠮ ᠳ᠋ᠠ᠃ ᠲ᠋ᠠᠭᠢᠪᠠᠯ ᠳᠠᠯᠠᠢ᠌ᠴᠢᠨ ᠪᠣᠶ‍ᠤ ᠣᠰᠤᠴᠢᠨ ᠤ ᠠᠵᠢᠯ ᠭᠢᠷᠢ ᠵᠡᠷᠭᠡ ᠠᠶ‍ᠤᠯ ᠳᠦᠭ᠍ᠰᠢᠭᠦᠷᠢᠳᠡᠢ ᠶᠢ ᠪᠢ ᠭᠡᠯᠡᠭᠦ ᠦᠭᠡᠶ ᠳᠤ ᠴᠢ ᠯᠠᠪ ᠳᠤᠳᠤᠷᠬᠠᠢ ᠮᠠᠳᠠᠨ᠎ᠠ᠃ ᠲ᠋ᠠᠭᠢᠪᠠᠯ ᠠᠷᠠᠯᠵᠢᠶ‍ᠠᠴᠢᠨ ᠪᠣᠯᠪᠠᠯ ᠮᠥᠩᠭᠦ ᠵᠤᠭᠤᠰ ᠬᠤᠠᠵᠢᠵᠤ ᠪᠣᠯᠬᠤ ᠪᠣᠯᠪᠠᠴᠤ᠂ ᠪᠠᠭ᠎ᠠ ᠯᠠ ᠪᠣᠳᠤᠯᠭ᠎ᠠ ᠠᠯᠳᠠᠭᠰᠠᠭᠠᠷ ᠪᠠᠯᠠ ᠪᠠᠨ ᠠᠯᠳᠠᠨ ᠪᠦᠭ᠍ᠳᠡᠷ ᠮᠤᠳᠤ ᠡᠷᠢᠭᠦ ᠳᠤ ᠭᠦᠷᠦᠨ᠎ᠡ᠃ ᠬᠠᠮᠤᠭ ᠴᠢᠬᠤᠯᠠ ᠨᠢᠭᠡ ᠵᠤᠷᠪᠣᠰ ᠨᠢ ᠣᠯᠤᠰ ᠳᠦᠷᠤᠴᠢᠨ ᠯᠠ ᠪᠣᠤ ᠪᠣᠯ ᠭᠡᠮᠡᠨ ᠰᠠᠨᠠᠭᠤᠯᠤᠶ᠎ᠠ᠃ ᠴᠢᠰᠤ ᠣᠷᠤᠰᠬᠠᠬᠤ ᠦᠭᠡᠶ ᠳᠠᠢ᠌ᠨ ᠭᠢᠳᠡᠭ᠌ ᠡᠨᠡ ᠠᠵᠢᠯ ᠨᠢ ᠠᠯᠢ ᠡᠳᠦᠷ ᠭᠦᠯ ᠠᠯᠳᠠᠪᠠᠯ ᠳᠤᠯᠤᠭᠠᠢ ᠪᠠᠨ ᠶ‍ᠠᠭᠠᠭᠢᠵᠤ ᠠᠪᠳᠠᠭᠰᠠᠨ ᠶᠢᠡᠨ ᠴᠤ ᠮᠡᠳᠡᠭᠦ ᠦᠭᠡᠶ ᠪᠠᠢ᠌ᠳᠠᠭ᠃ ᠡᠭᠦᠨ ᠡᠴᠡ ᠭᠠᠳᠠᠨ᠎ᠠ᠂ ᠡᠮᠴᠢ ᠭᠡᠵᠤ ᠡᠷᠭᠢᠭᠦᠤ ᠭᠦᠮᠤᠨ ᠤ ᠰᠤᠩᠭ᠋ᠤᠳᠠᠭ ᠠᠵᠢᠯ ᠪᠠᠢ᠌ᠬᠤ ᠦᠭᠡᠶ ᠦᠦ︖ ᠲ᠋ᠦᠮᠠᠨ ᠭᠦᠮᠤᠨ ᠢ ᠡᠳᠡᠭᠡᠷᠡᠭᠦᠯᠦᠭᠡᠤᠨ ᠰᠠᠢ᠌ᠨ ᠨᠠᠷ᠎ᠠ ᠭᠠᠷᠬᠤ ᠦᠭᠡᠶ᠂ ᠨᠢᠭᠡ ᠯᠠ ᠪᠣᠷᠤᠭᠤ ᠵᠠᠰᠠᠭᠰᠠᠭᠠᠷ ᠵᠠᠷᠭᠤ ᠵᠠᠭᠠᠯᠢᠬᠠᠢ ᠳᠤ ᠤᠷᠢᠶ‍ᠠᠭᠳᠠᠨ᠎ᠠ᠃ ᠡᠨᠡ ᠠᠵᠢᠯ ᠴᠢᠨᠢ ᠭᠦᠮᠤᠨ ᠤ ᠠᠮᠢ ᠨᠠᠰᠤ ᠪᠠᠷ ᠳᠤᠷᠰᠢᠯᠳᠠ ᠭᠢᠵᠤ ᠪᠠᠢ᠌ᠭᠠᠤᠨ ᠮᠡᠷᠭᠡᠵᠢᠯ ᠰᠤᠷᠳᠠᠭ ᠶ‍ᠤᠮ ᠰᠢᠤ᠃ ᠣᠤ ᠪᠠᠢ᠌ᠵᠠ᠂ ᠮᠠᠯᠴᠢᠨ ᠳᠠᠷᠢᠶ‍ᠠᠴᠢᠨ ᠪᠣᠯᠬᠤ ᠶᠢᠨ ᠭᠦᠴᠢᠷ ᠪᠠᠷᠭᠡᠰᠢᠶ‍ᠡᠯ ᠢ ᠪᠢ ᠶ‍ᠠᠷᠢᠬᠤ ᠦᠭᠡᠶ ᠳᠤ ᠳᠠ ᠰᠢᠭ ᠰᠠᠴᠠᠨ ᠰᠡᠷᠭᠦᠯᠡᠩ ᠭᠦᠮᠤᠨ ᠶ‍ᠠᠭᠤᠨᠠᠢ ᠮᠠᠳᠠᠵᠤ ᠶ‍ᠠᠳᠠᠬᠤ ᠪᠢᠯᠡ᠃ ᠡᠭᠦᠨ ᠡᠴᠡ ᠥᠭᠡᠷ᠎ᠡ ᠪᠠᠭᠰᠢᠯᠠᠨ᠎ᠠ ᠭᠡᠭ᠍ᠴᠢ ᠵᠠᠭᠤᠬᠤ ᠳᠤ ᠪᠠᠷᠭᠡᠳᠡᠢ ᠪᠣᠳᠠᠭᠠᠨ ᠠᠶ‍ᠠᠭ᠎ᠠ ᠪᠠᠢ᠌ᠳᠠᠭ ᠶ‍ᠤᠮ ᠳ᠋ᠠ᠃ ᠵᠢᠭᠠᠬᠤ ᠳᠠᠪᠴᠠᠩ ᠳᠡᠭᠡᠷ᠎ᠡ ᠣᠸ᠎ᠠ ᠶᠢᠨ ᠪᠢᠷ ᠲᠡᠶ ᠨᠠᠰᠤ ᠪᠠᠷ ᠶᠢᠡᠨ ᠨᠤᠴᠤᠯᠳᠤᠵᠤ᠂ ᠬᠠᠮᠤᠭ ᠰᠡᠭᠦᠯ ᠳ᠋ᠤᠨᠢ ᠪᠦᠭ᠍ᠳᠡᠷ ᠨᠢᠷᠤᠭᠤ ᠪᠣᠭᠤᠷᠤᠯ ᠳᠤᠯᠤᠭᠠᠢ ᠡᠴᠡ ᠥᠭᠡᠷ᠎ᠡ ᠬᠤᠭᠰᠢᠯ ᠦᠭᠡᠶ ᠡᠴᠦᠰᠯᠡᠳᠡᠭ᠌ ᠡᠨᠡ ᠠᠵᠢᠯ ᠯᠠᠪ ᠴᠢᠨᠤ ᠳᠠᠭᠠᠯᠠᠯ ᠳᠤ ᠨᠡᠢ᠌ᠴᠡᠭᠦ ᠦᠭᠡᠶ᠃ ᠶ‍ᠠᠭ ᠠᠷᠭ᠎ᠠ ᠪᠠᠨ ᠪᠠᠷᠠᠬᠤ ᠦᠶ‍ᠠᠰ ᠠᠵᠢᠯᠴᠢᠨ ᠪᠣᠯᠬᠤ ᠭᠡᠰᠡᠨ ᠣᠢ᠌ᠯᠠ ᠪᠠᠨ ᠥᠵᠡᠭ᠍ᠰᠡᠨ ᠠᠵᠤ ᠪᠠᠢ᠌ᠳᠠᠭ ᠶ‍ᠤᠮ᠃ ᠣᠢ᠌ᠯᠠᠤᠠᠪᠣᠷᠢ ᠶᠢᠨ ᠡᠵᠡᠨ ᠪᠣᠶ‍ᠤ ᠺᠤᠮᠫᠠᠨᠢ ᠶᠢᠨ ᠳᠠᠭᠠᠭᠠᠮᠠᠯ ᠳᠤ ᠨᠡᠮᠡᠭᠦᠤ ᠥᠷᠳᠡᠭ᠌ ᠪᠦᠳᠦᠭᠡᠵᠤ ᠥᠭ᠍ᠳᠡᠭ᠌ ᠶᠢᠠᠷ ᠶᠢᠡᠨ ᠮᠦᠯᠵᠢᠯ ᠤᠨ ᠶ‍ᠠᠯ᠎ᠠ ᠭᠢᠯᠢᠠᠴᠠ ᠶᠢ ᠬᠠᠮᠤᠭ ᠭᠡᠴᠡᠭᠦᠤ ᠠᠮᠰᠠᠳᠠᠭ ᠪᠠᠢ᠌ᠬᠤ ᠦᠭᠡᠶ ᠦᠦ︖ ᠬᠠᠮᠤᠭ ᠤᠨ ᠰᠡᠭᠦᠯ ᠳᠤ ᠶ‍ᠠᠮᠠᠷ ᠴᠤ ᠠᠵᠢᠯ ᠦᠭᠡᠶ ᠭᠠᠴᠢᠭᠳᠠᠪᠠᠴᠤ ᠪᠣᠤ ᠯᠠ ᠴᠡᠷᠢᠭ᠌ ᠲᠤ ᠣᠷᠤᠬᠤ ᠪᠠᠷ ᠰᠢ᠌ᠳ ᠳ᠋ᠠ᠃ ᠪᠣᠯᠪᠠᠰᠤᠷᠠᠯ ᠭᠡᠳᠡᠭ᠌ ᠭᠡᠴᠡᠭᠦᠤ ᠬᠠᠯᠠ ᠶᠢ ᠳᠡᠰᠦᠭᠡᠤᠨ ᠭᠠᠷᠴᠢᠬᠤ ᠪᠠᠷ ᠪᠣᠳᠤᠪᠠᠴᠤ ᠠᠯᠢ ᠨᠢᠭᠡᠨ ᠡᠳᠦᠷ ᠳᠠᠢ᠌ᠨ ᠭᠦᠳᠡᠯᠪᠠᠯ ᠠᠮᠢ ᠨᠠᠰᠤ ᠭᠡᠳᠡᠭ᠌ ᠴᠢᠨᠢ ᠰᠠᠯᠭᠢᠨ ᠤ ᠠᠮᠠᠨ ᠳᠡᠭᠡᠷᠡᠭᠢ ᠵᠤᠯᠠ ᠭᠡᠵᠤ ᠮᠡᠳᠡᠭᠡᠷᠡᠢ᠃ ᠲ᠋ᠡᠭᠡᠪᠠᠯ ᠳᠠ ᠰᠤᠷᠤᠨ᠎ᠠ ᠭᠡᠮᠡᠨ ᠭᠦᠴᠢᠷ ᠢ ᠳᠤᠭᠤᠯᠵᠤ᠂ ᠰᠤᠳᠤᠯᠤᠨ᠎ᠠ ᠭᠡᠤᠨ ᠳᠠᠷᠢᠭᠢ ᠪᠠᠨ ᠰᠢᠪᠬᠠᠭᠰᠠᠨ ᠤ ᠭᠡᠷᠡᠭ᠌ ᠦᠭᠡᠶ᠂ ᠪᠦᠷ ᠯᠠ ᠪᠠᠶ‍ᠠᠨ ᠳᠤ ᠬᠠᠯᠠᠳᠠᠢ ᠪᠣᠳᠤᠯᠭᠠᠨ ᠳᠤ ᠵᠥᠳᠡᠭᠦᠷᠢᠳᠡᠢ ᠣᠢ᠌ᠯᠠ ᠤᠳ ᠶ‍ᠤᠮ᠃ ᠡᠡᠢ ᠭᠦᠭᠡᠷᠦᠭᠦᠢ ᠭᠦᠤ ᠮᠢᠨᠢ ᠡ᠂ ᠴᠢ ᠡᠨᠡ ᠣᠢ᠌ᠯᠠ ᠵᠤᠪᠠᠯᠠᠩ ᠶ‍ᠡᠭᠡᠳᠡᠢ ᠡᠷᠢᠶ‍ᠡᠨ ᠬᠤᠷᠸ᠎ᠠ ᠳᠤ ᠢᠷᠡᠭ᠍ᠰᠡᠨ ᠴᠢᠨᠢ ᠳᠤᠩ ᠠᠵᠠ ᠪᠣᠰᠤ ᠣᠴᠢᠷ ᠪᠣᠯᠤᠯ᠎ᠠ᠂ ᠴᠢᠨᠤ ᠭᠦᠰᠡᠳᠡᠭ᠌ ᠳᠠᠢ᠌ᠮᠤ ᠠᠵᠢᠯ ᠡᠨᠡ ᠳᠡᠯᠡᠭᠡᠢ ᠳᠡᠭᠡᠷ᠎ᠡ ᠪᠠᠢ᠌ᠬᠤ ᠦᠭᠡᠶ ᠪᠣᠯᠪᠠᠴᠤ ᠴᠢᠨᠤ ᠭᠤᠷᠢᠯᠠᠳᠠᠭ ᠳᠠᠢ᠌ᠮᠤ ᠳᠠᠭᠠᠯᠠᠮᠵᠢᠳᠠᠢ ᠭᠠᠵᠠᠷ ᠬᠠᠷᠢᠨ ᠨᠢᠭᠡ ᠦᠯᠠᠳᠠᠵᠤ ᠪᠠᠢ᠌ᠨ᠎ᠠ᠄ ᠲ᠋ᠠᠷᠠ ᠪᠣᠯ ᠳᠠᠷᠤᠢ ᠪᠣᠩᠬᠤᠨ ᠪᠣᠯᠤᠨ᠎ᠠ ᠭᠡᠵᠡᠢ᠃

ᠵᠤᠬᠢᠶᠠᠭᠴᠢ᠄ ᠨᠣ᠋·ᠪᠠᠭᠠᠳᠤᠷ
ᠳᠠᠷᠤᠮ᠄ 11560
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ