ᠲᠤᠯᠤᠳᠤᠭᠠᠷ ᠪᠦᠯᠦᠭ ᠂ ᠬᠦᠰᠡᠯ ᠬᠦᠭᠡᠭᠡᠴᠡᠯᠳᠦᠯ ᠤᠨ ᠵᠠᠢ᠌ᠴᠠ
ᠭᠤᠷᠪᠠᠳᠤᠭᠠᠷ ᠬᠡᠰᠡᠭ ᠂ ᠬᠦᠰᠡᠯᠡᠩ ᠪᠤᠯᠤᠨ ᠵᠡᠷᠯᠢᠭ᠌ ᠰᠠᠨᠠᠭ᠎ᠠ
ᠮᠠᠷᠱᠠᠯ ᠪᠣᠯᠬᠤ ᠭᠦᠰᠡᠯ ᠦᠭᠡᠶ ᠴᠡᠷᠢᠭ᠌ ᠪᠣᠯ ᠰᠠᠢ᠌ᠨ ᠴᠡᠷᠢᠭ᠌ ᠪᠢᠰᠢ᠃
᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠠᠫᠣᠯᠢᠶᠤᠨ
1998 ᠣᠨ ᠳᠤ᠂ ᠹᠷᠠᠠᠼᠢ ᠶᠢᠨ ᠳᠡᠷᠢᠭᠦᠨ ᠪᠠᠶᠠᠨ ᠪᠠᠷᠢᠶᠠᠩ ᠨᠠᠰᠤ ᠨᠥᠭ᠍ᠴᠢᠭᠦ ᠳᠡᠭᠡᠨ 4.6 ᠳ᠋ᠦᠩᠰᠢᠭᠤᠷ ᠹᠷᠠᠩᠺ ᠤᠨ ᠳᠤᠮᠤ ᠭᠦᠷᠦᠩᠭᠡ ᠪᠠᠨ ᠡᠮᠨᠡᠯᠭᠡ ᠶᠢᠨ ᠬᠤᠷᠢᠶᠠᠨ ᠳᠤ ᠡᠷᠭᠦᠵᠤ᠂ ᠡᠦᠮᠡᠳᠡᠭ ᠪᠣᠯᠴᠢᠷᠬᠠᠢ ᠶᠢᠨ ᠦᠮᠠᠨ ᠢ ᠰᠤᠳᠤᠯᠬᠤ ᠰᠠᠭᠤᠷᠢ ᠮᠥᠩᠭᠦ ᠪᠣᠯᠭᠠᠭᠰᠠᠨ ᠪᠦᠭᠡᠤᠨ᠂ ᠥᠯᠡᠳᠡᠭ᠍ᠰᠡᠨ ᠵᠠᠭᠤᠨ ᠲᠦᠮᠡᠨ ᠹᠷᠠᠩᠺ ᠪᠠᠨ ᠶᠠᠳᠠᠭᠤ ᠬᠤᠭᠤᠰᠤᠨ ᠤ ᠣᠨᠢᠰᠤᠭ᠎ᠠ ᠶᠢ ᠳᠠᠢ᠌ᠯᠤᠭᠰᠠᠤᠨ ᠲᠤ ᠱᠠᠩᠨᠠᠬᠤ ᠪᠠᠷ ᠪᠣᠯᠵᠠᠢ᠃
ᠪᠠᠷᠢᠶᠠᠩ ᠢ ᠨᠠᠰᠤ ᠨᠥᠭ᠍ᠴᠢᠭ᠍ᠰᠡᠨ ᠤ ᠳᠠᠷᠠᠭ᠎ᠠ᠂ ᠹᠷᠠᠠᠼᠢ ᠵᠢᠨ 《ᠺᠦᠰᠢᠺᠠᠠᠰ》 ᠰᠤᠨᠢᠨ ᠳᠡᠭᠡᠷ᠎ᠡ ᠳᠡᠭᠦᠨ ᠤ ᠭᠡᠷᠢᠶᠡᠰ ᠢ ᠨᠠᠢ᠌ᠳᠠᠯᠠᠵᠠᠢ᠄
《ᠪᠢ ᠬᠤᠶᠠᠷ ᠭᠠᠷ ᠬᠤᠭᠤᠰᠤᠨ ᠨᠢᠳᠤᠷᠭ᠎ᠠ ᠡᠴᠡ ᠪᠠᠨ ᠥᠭᠡᠷ᠎ᠡ ᠶᠠᠭᠤ ᠴᠤ ᠦᠭᠡᠶ ᠡᠨᠡ ᠶᠢᠷᠳᠢᠠᠴᠤ ᠳᠡᠭᠡᠷ᠎ᠡ ᠢᠷᠡᠭᠡᠤᠨ ᠪᠠᠶᠠᠨ ᠰᠠᠷᠳᠠᠸᠠᠭᠢ ᠳᠦᠷᠢ ᠪᠠᠷ ᠪᠣᠷᠬᠠᠨ ᠤ ᠣᠷᠤᠨ ᠳᠤ ᠵᠠᠯᠠᠷᠠᠬᠤ ᠪᠠᠷ ᠪᠣᠯᠤᠯ᠎ᠠ᠃ ᠪᠢ ᠶᠠᠪᠣᠬᠤ ᠡᠴᠡ ᠪᠠᠨ ᠡᠮᠦᠨ᠎ᠡ ᠳᠠᠯᠪᠠ ᠪᠠᠶᠠᠵᠢᠭᠰᠠᠨ ᠨᠢᠭᠤᠴᠠ 〈ᠵᠤᠷ〉 ᠶᠢᠡᠨ ᠥᠯᠡᠳᠡᠭᠡᠭᠡᠤᠨ ᠶᠠᠪᠣᠬᠤ ᠶᠢ ᠰᠠᠨᠠᠵᠤ ᠪᠠᠢ᠌ᠨ᠎ᠡ᠃ ᠭᠡᠨ ᠭᠡᠷᠪᠡ 〈ᠶᠠᠳᠠᠭᠤ ᠭᠦᠮᠤᠨ ᠳᠤ ᠬᠠᠮᠤᠭ ᠳᠤᠳᠠᠳᠠᠭ ᠶᠠᠭᠤᠮ᠎ᠠ ᠨᠢ ᠶᠠᠭᠤ ᠪᠣᠢ︖〉 ᠭᠡᠰᠡᠨ ᠰᠠᠳᠤᠪ ᠲᠤ ᠵᠦᠪ ᠬᠠᠷᠢᠭᠤᠯᠳᠠ ᠥᠭ᠍ᠴᠤ ᠴᠢᠳᠠᠪᠠᠯ᠂ ᠪᠢ ᠠᠪᠰᠠᠨ ᠳᠤᠳᠤᠷ᠎ᠠ ᠡᠴᠡ ᠬᠠᠳᠠᠩᠭᠢᠷ ᠭᠠᠷ ᠶᠢᠡᠨ ᠭᠠᠷᠭᠠᠨ ᠪᠠᠶᠠᠷ ᠭᠦᠷᠭᠡᠵᠤ ᠳᠡᠢ᠌ᠯᠭᠦ ᠦᠭᠡᠶ ᠪᠣᠯᠪᠠᠴᠤ᠂ ᠲᠦᠪ ᠤᠨ ᠪᠠᠩᠭᠢ ᠶᠢᠨ ᠪᠠᠳᠤᠯᠭᠠᠳᠤ ᠠᠪᠳᠠᠷ᠎ᠠ ᠳᠤ ᠬᠠᠳᠠᠭᠠᠯᠠᠵᠤ ᠪᠦᠭᠦᠢ ᠵᠠᠭᠤᠨ ᠲᠦᠮᠡᠨ ᠹᠷᠠᠩᠺ ᠪᠠᠨ ᠱᠠᠩᠨᠠᠬᠤ ᠪᠤᠯᠤᠨ᠎ᠠ》 ᠭᠡᠵᠡᠢ᠃
ᠭᠡᠷᠢᠶᠡᠰ ᠪᠢᠴᠢᠭ᠌ ᠨᠡᠢ᠌ᠳᠡᠯᠡᠭ᠍ᠳᠡᠭᠡᠤᠨ ᠧᠥᠷᠦᠫᠡ ᠳ᠋ᠠᠭᠢᠨ᠎ᠠ ᠳᠠᠳᠣᠢ᠌ᠯᠠ ᠶᠡᠭᠡ ᠳᠤᠰᠬᠠᠯ ᠭᠠᠷᠤᠭᠰᠠᠨ ᠦᠭᠡᠶ᠂ ᠵᠥᠪᠭᠡᠨ ᠳᠠᠪᠤᠨ ᠲᠦᠮᠡ ᠰᠢᠬᠠᠮ ᠬᠠᠷᠢᠭᠤ ᠵᠠᠭᠢᠳᠠᠯ ᠳᠤᠰᠴᠤ᠂ ᠣᠯᠠᠩᠭᠢ ᠵᠠᠭᠢᠳᠠᠯ ᠨᠢ ᠶᠠᠳᠠᠭᠤ ᠭᠦᠮᠤᠨ ᠳᠤ ᠬᠠᠮᠤᠭ ᠳᠤᠳᠠᠳᠠᠭ ᠨᠢ ᠵᠤᠭᠤᠰ ᠮᠥᠩᠭᠦ ᠭᠡᠵᠤ ᠬᠠᠷᠢᠭᠤᠯᠤᠭᠰᠠᠨ ᠪᠦᠭᠡᠤᠨ᠂ ᠵᠤᠩᠭᠢᠯᠡᠭᠢ ᠬᠠᠷᠢᠭᠤᠯᠳᠠ ᠨᠢ ᠵᠤᠯ ᠵᠠᠪᠰᠢᠶᠠᠨ᠂ ᠵᠤᠷᠢᠭ ᠳᠡᠪᠴᠢᠶᠡᠷᠢ ᠁ ᠭᠡᠭᠦ ᠮᠠᠳᠤ ᠶᠢᠨ ᠬᠠᠷᠢᠭᠤᠯᠳᠠ ᠪᠠᠢ᠌ᠭᠰᠠᠨ ᠪᠦᠭᠡᠤᠨ᠂ ᠤᠨᠴᠡ ᠵᠠᠷᠢᠮ ᠨᠢ ᠶᠠᠳᠠᠭᠤ ᠭᠦᠮᠤᠨ ᠳᠤ ᠬᠠᠮᠤᠭ ᠡᠴᠡ ᠳᠤᠳᠠᠭᠳᠠᠳᠠᠭ ᠨᠢ 《ᠫᠧᠯ᠂ ᠺᠠᠷᠳᠠᠨ》 ᠨᠠᠷᠠᠮᠵᠢᠳᠤ ᠺᠤᠰᠲ᠋ᠶᠤᠮ᠂ ᠰᠠᠠᠲ᠋ᠷᠣ᠋ ᠬᠤᠳᠠᠨ ᠳᠤ ᠥᠢᠯᠤᠨᠪᠦᠷᠢᠯᠡᠭ᠍ᠰᠡᠨ ᠭᠠᠤᠯᠢᠨ ᠭᠢᠴᠠ ᠲᠡᠶ ᠰᠢᠭᠡᠰᠤᠨ ᠯᠤᠩᠬᠤ ᠭᠡᠵᠤ ᠬᠠᠷᠢᠭᠤᠯᠤᠭᠰᠠᠨ ᠪᠠᠢ᠌ᠨ᠎ᠠ᠃
ᠪᠠᠷᠢᠶᠠᠩ ᠢ ᠨᠠᠰᠤ ᠨᠥᠭ᠍ᠴᠢᠭ᠍ᠰᠡᠨ ᠪᠦᠳᠤᠨ ᠵᠢᠯ ᠤᠨ ᠣᠢ ᠳᠡᠭᠡᠷ᠎ᠡ᠂ ᠲ᠋ᠡᠭᠦᠨ ᠤ ᠨᠠᠢ᠌ᠳᠠᠭᠰᠠᠨ ᠬᠠᠤᠯᠢᠴᠢ ᠡᠴᠡ ᠭᠡᠷᠡᠴᠢᠯᠡᠭ᠍ᠴᠢ ᠪᠠᠢ᠌ᠭᠤᠯᠤᠯᠭ᠎ᠠ ᠶᠢᠨ ᠭᠢᠨ ᠤ ᠭᠢᠨᠠᠯᠳᠠ ᠳᠤᠤᠷ᠎ᠠ ᠪᠠᠳᠤᠯᠭᠠᠳᠤ ᠠᠪᠳᠠᠷ᠎ᠠ ᠶᠢ ᠨᠡᠭᠡᠭᠡᠵᠤ ᠪᠠᠷᠢᠮᠵᠢᠶ᠎ᠠ ᠬᠠᠷᠢᠭᠤᠯᠳᠠ ᠶᠢ ᠭᠠᠷᠭᠠᠭᠰᠠᠨ ᠳᠤ᠂ ᠶᠢᠰᠤᠨ ᠨᠠᠰᠤᠳᠠᠢ ᠳᠢᠯᠧ ᠭᠡᠭ᠍ᠴᠢ ᠦᠬᠢᠨ ᠭᠠᠭᠴᠠᠭᠠᠷ ᠶᠢᠡᠨ ᠵᠦᠪ ᠬᠠᠷᠢᠭᠤᠯᠤᠭᠰᠠᠨ ᠪᠠᠢ᠌ᠪᠠ᠃ ᠬᠠᠷᠢᠭᠤᠯᠳᠠ ᠨᠢ 《ᠵᠡᠷᠯᠢᠭ᠌ ᠰᠠᠨᠠᠭ᠎ᠠ》 ᠪᠣᠯᠤᠨ᠎ᠠ᠃ ᠰᠤᠷᠪᠣᠯᠵᠢᠯᠠᠭᠴᠢ ᠳᠢᠯᠧ ᠡᠴᠡ 《ᠴᠢ ᠡᠢ᠌ᠮᠤ ᠵᠢᠭᠠᠬᠠᠨ ᠪᠠᠢ᠌ᠭᠠᠤᠨ ᠶᠠᠭᠠᠭᠢᠵᠤ ᠵᠡᠷᠯᠢᠭ᠌ ᠰᠠᠨᠠᠭ᠎ᠠ ᠭᠡᠭ᠍ᠴᠢ ᠶᠢ ᠮᠡᠳᠡᠭ᠍ᠰᠡᠨ ᠪᠣᠢ︖》 ᠭᠡᠵᠤ ᠭᠠᠢ᠌ᠬᠠᠨ ᠠᠰᠠᠭᠤᠭᠰᠠᠨ ᠳᠤ :
《ᠠᠷᠪᠠᠨ ᠨᠢᠭᠡᠳᠡᠢ ᠡᠭᠡᠴᠢ ᠮᠢᠨᠢ ᠡᠷᠡᠭ᠍ᠳᠡᠢ ᠨᠠᠢ᠌ᠵᠠ ᠳᠠᠭᠠᠭᠤᠯᠵᠤ ᠢᠷᠡᠭᠦ ᠪᠣᠯᠭᠠᠨ ᠨᠠᠳᠠᠳᠤ 〈ᠪᠢᠳᠡᠭᠡᠢ ᠵᠡᠷᠯᠢᠭ᠌ ᠰᠠᠨᠠᠭ᠎ᠠ ᠡᠪᠦᠷᠯᠡ〉 ᠭᠡᠵᠤ ᠰᠡᠷᠡᠮᠵᠢᠯᠡᠭᠦᠯᠳᠡᠭ᠌ ᠪᠠᠢ᠌ᠭᠰᠡᠨ᠃ ᠲ᠋ᠡᠭᠡᠭᠡᠤᠨ ᠪᠢ 〈ᠵᠡᠷᠯᠢᠭ᠌ ᠰᠠᠨᠠᠭ᠎ᠠ〉 ᠭᠡᠭ᠍ᠴᠢ ᠨᠢ ᠭᠦᠮᠤᠨ ᠤ ᠭᠦᠰᠡᠭ᠍ᠰᠡᠨ ᠪᠦᠭᠦᠨ ᠢ ᠣᠯᠭᠤᠵᠤ ᠥᠭ᠍ᠳᠡᠭ᠌ ᠰᠢᠳᠢᠳᠠᠢ ᠯᠠ ᠶᠠᠭᠤᠮ᠎ᠠ ᠭᠡᠵᠤ ᠣᠢ᠌ᠯᠭᠠᠭᠰᠠᠨ ᠪᠢᠯᠡ》 ᠭᠡᠵᠤ ᠭᠦᠮᠤᠨ ᠤ ᠰᠠᠨᠠᠭᠠᠨ ᠳᠤ ᠣᠷᠤᠮ᠎ᠠ ᠦᠭᠡᠶ ᠬᠠᠷᠢᠭᠤᠯᠳᠠ ᠦᠭᠭᠦᠭ᠍ᠰᠡᠨ ᠪᠠᠢ᠌ᠵᠡᠢ᠃ ᠢᠩᠭᠢᠭᠡᠤᠨ ᠪᠠᠷᠢᠶᠠᠩ ᠤᠨ ᠰᠠᠳᠤᠪ ᠪᠣᠯᠤᠨ ᠳᠢᠯᠧ ᠶᠢᠨ ᠬᠠᠷᠢᠭᠤᠯᠳᠠ ᠨᠢ ᠧᠥᠷᠦᠫᠡ ᠳᠢᠪ ᠤᠨ ᠡᠯ᠎ᠡ ᠰᠤᠨᠢᠨ ᠮᠡᠳᠡᠭᠡᠨ ᠤ ᠭᠤᠤᠯ ᠶᠠᠷᠢᠶᠠᠨ ᠰᠠᠳᠤᠪ ᠪᠣᠯᠵᠤ ᠦᠷᠦᠨᠠᠳᠠᠭᠢᠨ ᠢ ᠥᠢᠮᠡᠭᠦᠯᠦᠭ᠍ᠰᠡᠨ ᠪᠠᠢ᠌ᠨ᠎ᠠ᠃
ᠡᠷᠳᠡᠮᠳᠡᠨ ᠨᠡᠷ᠂ ᠠᠮᠵᠢᠯᠳᠠ ᠶᠡᠭᠡᠳᠡᠢ ᠠᠵᠤ ᠠᠬᠣᠢ᠌ᠯᠠᠯᠳᠠᠨ ᠪᠠ ᠠᠪᠣᠷᠭᠤ ᠭᠦᠷᠦᠩᠭᠡᠳᠡᠢ ᠮᠥᠩᠭᠦᠨ ᠳᠤᠯᠤᠮᠴᠤᠳ ᠤᠨ ᠭᠦᠷᠦᠩᠭᠡᠵᠢᠭ᠍ᠰᠡᠨ ᠥᠩᠭᠡᠷᠡᠯᠳᠡ ᠶᠢ ᠰᠤᠷᠪᠣᠯᠵᠢᠯᠠᠨ ᠳᠠᠩᠨᠡᠭᠠᠳ ᠪᠦᠷ ᠠᠳᠠᠯᠢ ᠨᠢᠭᠡᠨ ᠬᠠᠷᠢᠭᠤᠯᠳᠠ ᠣᠯᠪᠠ᠄ ᠡᠳᠡᠭᠡᠷ ᠭᠦᠮᠦᠰ ᠵᠠᠯᠠᠭᠤ ᠨᠠᠰᠤᠨ ᠳᠠᠭᠠᠨ ᠶᠠᠳᠠᠭᠤ ᠬᠤᠭᠤᠰᠤᠨ ᠤ ᠵᠤᠪᠠᠯᠠᠩ ᠢ ᠠᠮᠰᠠᠵᠤ ᠭᠡᠳᠡᠰᠤ ᠬᠤᠭᠤᠰᠤᠨ ᠳᠠᠪᠠᠯ ᠨᠠᠪᠳᠠᠷᠬᠠᠢ ᠶᠠᠪᠣᠬᠤ ᠳᠠᠭᠠᠨ ᠭᠦᠮᠤᠨ ᠡᠴᠡ ᠳᠠᠪᠠᠭᠰᠠᠨ ᠡᠳ᠋ ᠭᠦᠷᠦᠩᠭᠡ ᠪᠠ ᠪᠠᠢ᠌ᠷᠢ ᠰᠠᠭᠤᠷᠢ ᠲᠡᠶ ᠶᠡᠪᠦᠬᠤ 《ᠵᠡᠷᠯᠢᠭ᠌ ᠰᠡᠨᠠᠭ᠎ᠠ》 ᠡᠪᠦᠷᠯᠡᠭᠦ ᠪᠠᠷ ᠪᠠᠷᠠᠬᠤ ᠦᠭᠡᠶ᠂ ᠡᠨᠡ ᠭᠦᠰᠡᠯ ᠶᠢᠡᠨ ᠪᠠᠶᠡᠯᠡᠭᠦᠯᠭᠦ ᠪᠠᠷ ᠰᠢᠠᠳᠠᠷᠠᠰᠢ ᠦᠭᠡᠶ ᠳᠠᠮᠠᠴᠠᠵᠤ ᠪᠠᠢ᠌ᠭᠠᠤᠨ ᠵᠤᠷᠢᠯᠭ᠎ᠠ ᠳᠠᠭᠠᠨ ᠭᠦᠷᠦᠭ᠍ᠰᠡᠨ ᠪᠠᠢ᠌ᠵᠠᠢ᠃ ᠴᠧᠨ ᠱᠸᠩ ᠢ ᠥᠵᠡᠭᠡᠴᠢ᠂ ᠲ᠋ᠡᠷᠢᠶᠡᠨ ᠵᠤᠷᠬ᠎ᠠ ᠪᠠᠷ ᠠᠷᠴᠢᠭᠤᠷ ᠴᠢᠩᠭ᠋ᠠᠭᠠᠵᠤ ᠪᠠᠢ᠌ᠭᠠᠤᠨ ᠪᠠᠰᠠ ᠪᠣᠰᠤᠳ ᠭᠦᠯᠦᠰᠤᠨ ᠳᠠᠷᠢᠶᠠᠴᠢᠨ ᠳ᠋ᠤ 《ᠬᠤᠵᠢᠮ ᠪᠢ ᠶᠡᠭᠡ ᠡᠷᠭᠡ ᠶᠢ ᠠᠤᠠᠬᠤᠭᠰᠠᠨ ᠤ ᠬᠣᠢ᠌ᠨ᠎ᠠ ᠳᠠᠨᠤᠰ ᠢ ᠪᠦᠷ ᠵᠢᠷᠭᠠᠭᠤᠯᠤᠶ᠎ᠠ》 ᠭᠡᠵᠤ ᠭᠡᠯᠡᠭᠡᠤᠨ ᠰᠥᠷᠡᠭᠡᠢ ᠳᠤᠭᠤᠭᠢᠯᠠᠭᠳᠠᠭᠰᠠᠨ ᠪᠠᠢ᠌ᠯ᠎ᠡ᠃ ᠲ᠋ᠡᠭᠡᠭᠦ ᠳᠤ ᠴᠧᠨ ᠱᠸᠩ 《ᠳᠠᠯᠠᠩ ᠤᠨ ᠪᠣᠯᠵᠤᠮᠤᠷ ᠳᠠᠶᠠᠩ ᠭᠠᠷᠤᠳᠢ ᠶᠢᠨ ᠵᠤᠷᠢᠯᠳᠠ ᠶᠢ ᠶᠠᠭᠤᠨᠠᠢ ᠮᠡᠳᠡᠭᠦ ᠪᠢᠯᠡ》 ᠭᠡᠵᠤ ᠰᠡᠭᠦᠷᠡᠰᠦᠯᠡᠭ᠍ᠰᠡᠨ ᠭᠡᠳᠡᠭ᠌᠃
ᠶᠠᠷᠤᠳᠠ ᠶᠢᠨ ᠵᠤᠷᠰᠢᠯ ᠶᠢᠡᠷ 《ᠵᠡᠷᠯᠢᠭ᠌ ᠰᠡᠨᠠᠭ᠎ᠠ》 ᠭᠡᠳᠡᠭ᠌ ᠨᠢ ᠭᠢᠷᠢᠨ ᠡᠴᠡ ᠪᠠᠨ ᠭᠡᠳᠤ ᠶᠠᠭᠤᠮᠠᠨ ᠳᠤ ᠭᠤᠷᠢᠯᠠᠬᠤ ᠶᠢ ᠬᠤᠱᠤᠩᠨᠠᠬᠤ ᠰᠠᠨᠠᠭ᠎ᠠ ᠲᠡᠶ ᠭᠡᠯᠡᠭ᠍ᠰᠡᠨ ᠥᠭᠡ ᠪᠠᠢ᠌ᠭ᠎ᠠ ᠶᠦᠮ᠃ ᠭᠡᠪᠠᠴᠤ ᠭᠦᠰᠡᠯᠡᠩ ᠪᠣᠯᠤᠨ ᠵᠡᠷᠯᠢᠭ᠌ ᠰᠠᠨᠠᠭ᠎ᠠ ᠬᠤᠶᠠᠷ ᠤᠨ ᠵᠠᠭᠠᠭ ᠢ ᠳᠤᠳᠤᠷᠬᠠᠢ ᠢᠯᠭᠠᠬᠤ ᠶᠢᠨ ᠠᠷᠭ᠎ᠠ ᠦᠭᠡᠶ ᠠᠵᠢ᠃ ᠸᠢᠶᠸᠨᠠ ᠬᠤᠳᠠ ᠶᠢᠨ ᠨᠤᠪᠰᠢᠳᠤ ᠵᠡᠭᠡᠯᠢ ᠪᠠᠷ ᠳᠡᠨᠦᠭᠦᠯᠴᠢᠯᠡᠨ ᠭᠡᠰᠦᠵᠤ ᠪᠠᠢ᠌ᠭᠰᠠᠨ ᠪᠠᠭᠴᠠ ᠰᠠᠬᠠᠯᠳᠤ ᠾᠢᠲ᠋ᠯᠡᠷ᠂ ᠭᠧᠷᠮᠡᠨ ᠤ ᠶᠡᠷᠦᠩᠭᠡᠢ᠌ᠯᠡᠭ᠍ᠴᠢ ᠶᠢᠨ ᠰᠤᠩᠭ᠋ᠠᠭᠤᠯᠢ ᠶᠢᠨ ᠳᠡᠮᠡᠴᠡᠭᠡᠨ ᠳᠤ ᠣᠷᠤᠯᠴᠠᠬᠤ ᠰᠠᠨᠠᠭ᠎ᠠ ᠣᠷᠤᠭᠰᠠᠨ ᠢ ᠪᠢᠳᠠ ᠳᠤᠬᠠᠢ ᠶᠢᠨ ᠴᠠᠭ ᠳᠤᠨᠢ ᠮᠡᠳᠡᠭ᠍ᠰᠡᠨ ᠪᠠᠢ᠌ᠪᠠᠯ 《ᠵᠡᠷᠯᠢᠭ᠌ ᠰᠠᠨᠠᠭ᠎ᠠ ᠨᠢ ᠭᠡᠳᠦᠷᠡᠯᠡ》 ᠭᠡᠵᠤ ᠳᠠᠭᠠᠵᠢᠩᠨᠠᠵᠤ ᠮᠡᠳᠡᠨ᠎ᠡ᠃ ᠭᠡᠪᠠᠴᠤ ᠾᠢᠲ᠋ᠯᠠᠷ ᠲᠤ ᠠᠪᠴᠤ ᠭᠡᠯᠡᠪᠠᠯ ᠳᠠᠷᠠ ᠨᠢ ᠦᠪᠡᠷ ᠤᠨ ᠣᠯᠤᠰ ᠲᠦᠷᠦ ᠶᠢᠨ ᠵᠤᠷᠢᠯᠳᠠ ᠪᠠᠨ ᠪᠠᠶᠡᠯᠡᠭᠦᠯᠭᠦ ᠴᠤᠷ ᠤᠨ ᠭᠠᠭᠴᠠ ᠭᠦᠰᠡᠯᠡᠩ ᠨᠢ ᠪᠠᠢ᠌ᠵᠤ ᠳᠠᠭᠠᠷᠠᠨ᠎ᠠ᠃ ᠭᠡᠵᠢᠶ᠎ᠡ ᠬᠣᠢ᠌ᠨ᠎ᠠ ᠲᠦᠷᠦ ᠶᠢᠨ ᠡᠷᠭᠡ ᠶᠢ ᠠᠤᠠᠬᠤᠭᠠᠤᠨ ᠬᠤᠪᠳᠤᠭ ᠰᠢᠨᠤᠯ ᠨᠢ ᠶᠡᠭᠡᠰᠴᠤ ᠳᠡᠯᠡᠭᠡᠢ ᠶᠢ ᠡᠵᠡᠷᠭᠡᠭᠦ ᠶᠡᠭᠡ ᠭᠦᠰᠡᠯᠡᠩ ᠡᠪᠦᠷᠯᠡᠭ᠍ᠰᠡᠨ ᠨᠢ ᠴᠤ ᠮᠠᠷᠭᠤᠰᠢ ᠦᠭᠡᠶ᠃ ᠡᠨᠡ ᠦᠶᠡᠰ ᠳᠡᠭᠦᠨ ᠢ 《ᠭᠦᠰᠡᠯᠡᠩ》 ᠭᠡᠵᠤ ᠨᠡᠷᠡᠯᠡᠭᠦ ᠥᠭᠡᠢ 《ᠵᠡᠷᠯᠢᠭ᠌ ᠰᠡᠨᠠᠭ᠎ᠠ》 ᠭᠡᠵᠤ ᠳᠠᠭᠤᠳᠠᠪᠠᠯ ᠳᠠᠭᠠᠷᠠᠨ᠎ᠠ᠃ ᠴᠠᠭ ᠦᠶ᠎ᠡ ᠶᠢᠨ ᠭᠦᠭ᠍ᠵᠢᠯᠳᠡ ᠶᠢ ᠳᠠᠭᠠᠯᠳᠤᠨ ᠡᠨᠡᠭᠦ ᠵᠢᠭᠡᠭᠦᠴᠡᠭ᠍ᠰᠡᠨ ᠳᠠᠭᠤᠳᠠᠯᠭ᠎ᠠ ᠨᠢ ᠳᠠᠳᠣᠢ᠌ᠯᠠ ᠵᠢᠭ᠍ᠰᠢᠯᠳᠡᠢ ᠪᠢᠰᠢ ᠪᠣᠯᠵᠤ᠂ ᠨᠤᠵᠤᠭᠠᠷᠠᠭᠰᠠᠨ ᠣᠯᠠᠨ ᠣᠯᠤᠰ ᠲᠦᠷᠦ ᠶᠢᠨ ᠭᠦᠳᠡᠯᠭᠡᠭᠡᠨ ᠳ᠋ᠤ 《ᠭᠦᠰᠡᠯᠡᠩ᠂ ᠭᠦᠰᠡᠯᠡᠩ》 ᠭᠡᠵᠤ ᠬᠤᠭᠤᠯᠠᠢ ᠪᠠᠨ ᠰᠥᠭᠡᠭᠡᠳᠡᠯᠡ ᠨᠢᠳᠤᠷᠭ᠎ᠠ ᠡᠷᠭᠢᠭᠦᠯᠤᠨ ᠪᠠᠷᠭᠢᠷᠠᠭᠰᠠᠭᠠᠷ ᠪᠠᠢ᠌ᠵᠤ ᠦᠨᠦᠳᠤᠷ ᠪᠣᠯᠬᠤ ᠳᠤ᠂ ᠲ᠋ᠠᠭᠢᠵᠤ ᠳᠡᠷᠡᠭᠦ 《ᠭᠦᠰᠡᠯᠡᠩ》 ᠭᠡᠭ᠍ᠴᠢ ᠶᠢ ᠳᠤᠷᠠᠤᠠᠬᠤ ᠡᠴᠡ ᠪᠠᠨ ᠪᠠᠬᠠᠨ ᠰᠢᠷᠪᠠᠭᠡᠳᠦᠭᠦ ᠪᠤᠯᠵᠤ᠂ ᠲ᠋ᠡᠷᠡᠭᠦ ᠣᠯᠠᠢ᠌ᠷᠠᠭᠰᠠᠨ ᠣᠯᠠᠨ ᠣᠯᠤᠰ ᠲᠦᠷᠦ ᠶᠢᠨ ᠭᠦᠳᠡᠯᠭᠡᠭᠡᠨ ᠰᠠᠨᠠᠭᠠᠨ ᠳᠤ ᠣᠷᠤᠵᠤ ᠠᠢ᠌ᠳᠠᠰ ᠭᠦᠷᠭᠦ ᠪᠤᠯᠵᠠᠢ᠃ ᠢᠩᠭᠢᠭᠦᠯᠡᠷ 《ᠵᠡᠷᠯᠢᠭ᠌ ᠰᠡᠨᠠᠭ᠎ᠠ》 ᠨᠢ 《ᠭᠦᠰᠡᠯᠡᠩ》 ᠡᠴᠡ ᠪᠠᠨ ᠬᠤᠯᠠ ᠢᠯᠡᠭᠦᠤ ᠬᠠᠯᠠᠭᠤᠨ ᠳᠤᠳᠤᠨᠤ ᠰᠠᠨᠠᠭᠳᠠᠬᠤ ᠪᠤᠯᠵᠤ᠂ ᠶᠡᠭᠡ ᠣᠢ᠌ᠯᠠ ᠪᠦᠳᠦᠭᠡᠭᠦ ᠰᠠᠨᠠᠭ᠎ᠠ ᠣᠷᠤᠪᠠᠯ ᠰᠢᠭᠤᠳ 《ᠵᠡᠷᠯᠢᠭ᠌ ᠰᠡᠨᠠᠭ᠎ᠠ》 ᠭᠡᠵᠤ ᠨᠡᠷᠡᠯᠡᠭᠦ ᠪᠤᠯᠵᠠᠢ᠃ ᠡᠢ᠌ᠮᠦᠷᠭᠦᠤ 《ᠵᠡᠷᠯᠢᠭ᠌ ᠰᠠᠨᠠᠭ᠎ᠠ》 ᠪᠠᠢ᠌ᠭᠰᠠᠨ ᠤ ᠠᠴᠢ ᠪᠠᠷ ᠣᠢ᠌ᠯᠠᠰ ᠪᠦᠳᠦᠵᠤ ᠠᠯᠳᠠᠷ ᠶᠢᠡᠨ ᠮᠠᠠᠳᠤᠭᠤᠯᠬᠤ ᠪᠠᠷ ᠪᠠᠷᠡᠬᠤ ᠥᠭᠡᠢ᠂ ᠨᠡᠢ᠌ᠭᠡᠮ ᠳᠠᠪᠰᠢᠵᠤ ᠴᠠᠭ ᠦᠶ᠎ᠡ ᠭᠦᠭ᠍ᠵᠢᠳᠡᠭ᠌ ᠪᠠᠢ᠌ᠵᠠᠢ᠃
ᠵᠤᠬᠢᠶᠠᠭᠴᠢ᠄ ᠨᠣ᠋·ᠪᠠᠭᠠᠳᠤᠷ
ᠳᠠᠷᠤᠮ᠄ 9502
ᠴᠠᠭ᠄ 2009 ᠤᠨ ᠤ 04 ᠰᠠᠷ᠎ᠠ ᠶᠢᠨ 29