ᠨᠡᠪᠲᠡᠷᠡᠨ ᠤᠷᠤᠬᠤ
ᠵᠢᠷᠭᠤᠳᠤᠭᠠᠷ ᠪᠦᠯᠦᠭ ᠂ ᠰᠤᠶᠤᠯ ᠠᠬᠤᠢ ᠶᠢᠨ ᠵᠤᠬᠢᠴᠠᠯ
ᠭᠤᠷᠪᠠᠳᠤᠭᠠᠷ ᠬᠡᠰᠡᠭ ᠂ ᠷᠢᠳᠢ ᠰᠢᠳᠢ ᠲᠠᠢ ᠬᠡᠯᠡᠨ ᠤ ᠤᠷᠠᠯᠢᠭ

ᠰᠠᠢ᠌ᠨ ᠭᠦᠮᠤᠨ ᠥᠭᠡᠨ ᠳᠡᠭᠡᠨ᠂ ᠰᠠᠢ᠌ᠨ ᠮᠤᠷᠢ ᠭᠦᠶ‍ᠦᠳᠡᠯ ᠳᠡᠭᠡᠨ᠃


᠊᠊᠊᠊᠊᠊᠊᠊᠊᠊᠊᠊᠊᠊᠊᠊᠊᠊᠊᠊᠊᠊᠊᠊᠊᠊ ᠮᠤᠩᠭ᠋ᠤᠯ ᠠᠷᠠᠤᠨ ᠤᠨ ᠵᠣᠢ᠌ᠷ ᠰᠠᠴᠠᠨ ᠥᠭᠡ


ᠮᠤᠩᠭ᠋ᠤᠯ ᠠᠷᠠᠤᠨ ᠤᠨ ᠰᠠᠴᠠᠨ ᠥᠭᠡᠨ ᠳᠤ 《ᠰᠠᠭᠠᠭ ᠭᠤᠷᠪᠠᠨ ᠳᠠᠯ᠎ᠠ᠂ ᠥᠭᠡ ᠣᠯᠠᠨ ᠳᠠᠯ᠎ᠠ》 ᠭᠡᠳᠡᠭ᠌᠃ ᠭᠡᠯᠡ ᠪᠣᠯ ᠨᠢᠭᠡ ᠦᠨᠳᠦᠰᠦᠳᠠᠨ ᠤ ᠬᠠᠷᠢᠯᠴᠠᠭᠠᠨ ᠤ ᠪᠠᠭᠠᠵᠢ ᠳᠠᠳᠤᠢ ᠦᠭᠡᠶ᠂ ᠳᠠᠷᠠ ᠪᠣᠯ ᠨᠢᠭᠡ ᠲᠦᠷᠦᠯ ᠤᠨ ᠢᠯᠡᠳᠭᠡᠭᠦ ᠣᠷᠯᠢᠭ ᠮᠦᠨ᠃ ᠳᠡᠦᠭᠡᠨ ᠳᠡᠭᠡᠷᠡᠭᠢ ᠠᠶᠤᠯ ᠳᠦᠭ᠍ᠰᠢᠭᠦᠷᠢᠳᠡᠢ ᠴᠠᠭ ᠮᠦᠴᠡ ᠳᠤ ᠨᠢᠭᠡᠯᠡ ᠥᠭᠡ ᠪᠠᠷ ᠵᠤᠪᠠᠯᠠᠩ ᠳᠠᠢ᠌ᠯᠵᠤ᠂ ᠭᠠᠭᠴᠠᠬᠠᠨ ᠪᠠᠳᠠᠭ ᠶᠢᠡᠷ ᠭᠦᠨᠦᠭᠡᠯ ᠣᠴᠠᠷᠠᠭᠤᠯᠴᠢᠬᠤ ᠵᠢᠱᠢᠶ᠎ᠠ ᠮᠤᠩ ᠦᠭᠡᠶ᠃ ᠪᠠᠢ᠌ᠯᠳᠤᠭᠠᠠᠳᠤ ᠣᠯᠤᠰ ᠤᠨ ᠦᠶ᠎ᠡ ᠳᠤ ᠰᠤ ᠴᠢᠨ᠂ ᠵᠠᠩ ᠶ‍ᠢ ᠬᠤᠶᠠᠷ ᠵᠦᠷᠢᠴᠠᠯ ᠮᠥᠷᠭᠦᠯᠳᠦᠭᠡᠡᠳᠤ ᠣᠯᠠᠨ ᠣᠯᠤᠰ ᠢ ᠭᠦᠡᠳᠡᠯᠡᠨ ᠭᠤᠤᠯᠳᠤ ᠬᠤᠯᠪᠣᠭᠠᠯᠠᠭᠤᠯᠵᠤ ᠴᠢᠳᠠᠭᠰᠠᠨ ᠪᠠᠢ᠌ᠬᠤ ᠳᠤ᠂ ᠠᠷᠪᠠᠨ ᠭᠤᠷᠪᠠᠳᠤᠭᠠᠷ ᠵᠠᠭᠤᠨ ᠤ ᠮᠤᠩᠭ᠋ᠤᠯ ᠤᠨ ᠥᠡᠳᠦᠷᠯᠢᠭ᠌ ᠳᠡᠭᠡᠷ᠎ᠡ ᠣᠯᠠᠨ ᠠᠢ᠌ᠮᠠᠭ ᠤᠳ ᠣᠭᠤᠳᠠᠨ ᠳᠤ ᠭᠢᠭ᠍ᠰᠡᠨ ᠢᠮᠠᠭᠠᠨ ᠡᠪᠠᠷ ᠠᠳᠠᠯᠢ ᠬᠠᠪᠢᠷᠤᠯᠳᠤᠵᠤ᠂ 《ᠣᠷᠤᠨ ᠳᠠᠭᠠᠨ ᠣᠨᠳᠠᠬᠤ ᠵᠠᠪ ᠦᠭᠡᠶ ᠣᠯᠵᠠᠯᠠᠨ ᠪᠣᠯᠢᠶᠠᠯᠳᠤᠵᠤ》 ᠪᠠᠢ᠌ᠬᠤ ᠳᠤ᠂ ᠵᠠᠳᠠᠷᠠᠨ ᠠᠢ᠌ᠮᠠᠭ ᠤᠨ ᠵᠠᠮᠤᠬ᠎ᠠ ᠮᠠᠭᠤ ᠬᠤᠩᠰᠢᠶᠠᠷ ᠳᠦᠷᠢᠵᠤ ᠪᠣᠰᠤᠳ ᠠᠢ᠌ᠮᠠᠭ ᠢ ᠭᠦᠳᠡᠯᠭᠡᠨ ᠴᠢᠩᠭᠢᠰ ᠬᠠᠭᠠᠨ ᠲᠡᠶ ᠳᠠᠢ᠌ᠳᠠᠭᠤᠯᠤᠭᠰᠠᠨ ᠤ ᠳ᠋ᠦ᠋ᠩ ᠳᠤ᠂ ᠴᠢᠩᠭᠢᠰ ᠬᠠᠭᠠᠨ ᠢ ᠣᠯᠠᠮ ᠭᠦᠴᠦᠷᠭᠡᠭ᠍ᠵᠢᠭᠦᠯᠵᠤ ᠦᠨᠳᠦᠰᠦᠳᠠᠨ ᠤ ᠶᠡᠭᠡ ᠨᠢᠭᠡᠳᠦᠯ ᠢ ᠳᠦᠷᠭᠡᠳᠭᠡᠭ᠍ᠰᠡᠨ ᠪᠠᠢ᠌ᠨ᠎ᠠ᠃ ᠴᠢᠬᠤᠯᠠ ᠨᠢᠭᠡᠨ ᠳᠡᠦᠭᠡᠨ ᠴᠠᠭ ᠦᠶ᠎ᠡ ᠶᠢᠨ ᠵᠠᠩᠭᠢᠯᠠᠭ᠎ᠠ ᠶᠢᠨ ᠮᠦᠴᠡ ᠳᠤ ᠨᠢᠭᠡᠭᠡᠨ ᠥᠭᠡ ᠨᠢ ᠳᠡᠦᠭᠡᠨ ᠭᠦᠷᠳᠤ ᠶᠢ ᠡᠷᠭᠢᠭᠦᠯᠴᠢᠭᠡᠳᠡᠭ᠌ ᠪᠠᠢ᠌ᠨ᠎ᠠ᠃

ᠵᠤᠷᠵ᠂ ᠭᠦᠰᠢᠷᠢ ᠪᠣᠯ ᠠᠮᠸᠷᠢᠺᠠ ᠶᠢᠨ ᠠᠯᠳᠠᠷᠳᠤ ᠭᠦᠳᠦᠯᠦᠭ᠍ᠴᠢ ᠪᠣᠯᠤᠨ᠎ᠠ᠃ ᠳᠠᠷᠠ ᠨᠢᠭᠡ ᠨᠠᠰᠤᠨ ᠳᠠᠭᠠᠨ ᠳᠤᠭᠠᠯᠠᠰᠢ ᠦᠭᠡᠶ ᠣᠯᠠᠨ ᠬᠤᠷᠢᠮ ᠨᠠᠢ᠌ᠷ ᠡᠷᠭᠢᠯᠡᠵᠤ᠂ ᠭᠣᠢ᠌ᠳᠠ ᠰᠠᠤᠠᠭᠢᠮᠵᠢ ᠶᠦᠮᠦᠷᠯᠢᠭ᠌ ᠶᠠᠷᠢᠶ᠎ᠠ ᠪᠠᠷ ᠶᠢᠡᠨ ᠣᠢ᠌ ᠲᠦᠮᠡᠨ ᠢ ᠪᠢᠰᠢᠷᠡᠭᠦᠯᠤᠨ ᠱᠠᠭᠰᠢᠭᠤᠯᠤᠭᠰᠠᠨ ᠶᠢᠡᠷ ᠪᠠᠷᠠᠬᠤ ᠦᠭᠡᠶ᠂ ᠳᠡᠭᠦᠨ ᠤ ᠭᠦᠳᠦᠯᠦᠭ᠍ᠰᠡᠨ ᠨᠠᠢ᠌ᠷ ᠪᠦᠭᠦᠨ ᠳᠤ ᠣᠷᠠᠨ ᠰᠠᠴᠠᠨ ᠥᠭᠡᠰ ᠨᠢ ᠣᠷᠭᠢᠯᠤᠭ᠎ᠠ ᠪᠣᠯᠠᠭ ᠰᠢᠭ ᠣᠠᠳᠤᠷᠴᠤ᠂ ᠣᠷᠤᠯᠴᠠᠭᠰᠠᠨ ᠪᠣᠯᠭᠠᠨ ᠢ ᠴᠡᠭᠡᠵᠢ ᠶᠢ ᠨᠢ ᠣᠩᠭ᠋ᠣᠢ᠌ᠳᠠᠯ᠎ᠠ ᠪᠠᠶᠠᠷᠯᠠᠭᠤᠯᠤᠨ ᠢᠨᠢᠶᠡᠯᠭᠡᠵᠤ ᠭᠠᠷᠳᠠᠭ᠃

ᠨᠢᠭᠡ ᠣᠳᠠᠭ᠎ᠠ᠂ ᠳᠡᠭᠦᠨ ᠢ ᠵᠤᠭᠤᠭ ᠤᠨ ᠭᠠᠵᠠᠷ ᠣᠷᠤᠬᠤ ᠳᠤ ᠨᠢᠭᠡᠨ ᠬᠤᠤᠰ ᠵᠠᠯᠠᠭᠤ ᠬᠤᠷᠢᠮ ᠤᠨ ᠶᠤᠰᠤᠯᠠᠯ ᠭᠢᠵᠤ ᠪᠠᠢ᠌ᠬᠤ ᠲᠡᠶ ᠬᠠᠷᠭᠤᠵᠠᠢ᠃ ᠳᠠᠷᠠᠪᠠᠷ ᠳᠤᠤᠷ᠎ᠠ ᠪᠠᠨ ᠭᠦᠳᠦᠯᠭᠦ ᠣᠷᠮᠠᠰ ᠨᠢ ᠭᠦᠳᠡᠯᠵᠤ᠂ ᠡᠨᠡᠭᠦ ᠣᠭᠳᠤ ᠳᠠᠨᠢᠬᠤ ᠦᠭᠡᠶ ᠭᠦᠮᠤᠨ ᠤ ᠨᠠᠢ᠌ᠷ ᠳᠡᠭᠡᠷ᠎ᠡ ᠮᠸᠺᠷᠤᠹᠤᠨ ᠢ ᠠᠪᠣᠭᠠᠤᠨ᠄

《ᠦᠨᠦᠳᠤᠷ ᠪᠣᠯ ᠶᠠᠭᠠᠭᠢᠭᠰᠠᠨ ᠰᠠᠢ᠌ᠬᠠᠨ ᠪᠠᠯᠭᠡ ᠳᠠᠮᠪᠠᠷᠢᠯ ᠲᠡᠶ ᠡᠳᠦᠷ ᠪᠢᠯᠠ᠂ ᠦᠨᠦᠳᠤᠷ ᠡᠴᠡ ᠬᠣᠢ᠌ᠰᠢ ᠳᠡᠯᠡᠭᠡᠢ ᠳᠡᠭᠡᠷ᠎ᠡ ᠨᠢᠭᠡᠨ ᠬᠤᠤᠰ ᠭᠤᠤᠨᠢ ᠪᠠᠯᠪᠠᠰᠤᠨ ᠭᠦᠮᠤᠨ ᠬᠠᠰᠤᠭᠳᠠᠴᠢᠬᠠᠯ᠎ᠠ︕》 ᠭᠡᠵᠤ ᠨᠠᠢ᠌ᠷ ᠡᠷᠭᠢᠯᠡᠭ᠍ᠰᠡᠨ ᠳᠡᠦᠭᠡᠨ ᠳᠡᠭᠡᠷᠡᠭᠢ ᠬᠠᠮᠤᠭ ᠣᠬᠤᠷ ᠶᠠᠷᠢᠶ᠎ᠠ ᠪᠠᠨ ᠳᠠᠯᠪᠢᠵᠤ ᠣᠯᠠᠨ ᠢ ᠰᠤᠴᠢᠭᠠᠭᠰᠠᠨ ᠭᠡᠳᠡᠭ᠌᠃

ᠪᠠᠰᠠ ᠨᠢᠭᠡ ᠣᠳᠠᠭ᠎ᠠ ᠬᠠᠷ᠎ᠠ ᠪᠦᠯᠦᠭ᠌ ᠤᠨ ᠭᠢᠨ ᠳᠤ ᠪᠠᠷᠢᠭᠳᠠᠵᠤ᠂ ᠪᠦᠯᠦᠭ᠌ ᠤᠨ ᠳᠦᠷᠦᠭᠦᠤ ᠶᠢᠨ ᠨᠠᠰᠤᠨ ᠪᠠᠶᠠᠷ ᠤᠨ ᠨᠠᠢ᠌ᠷ ᠢ ᠬᠠᠷ᠎ᠠ ᠠᠯᠪᠠ ᠪᠠᠷ ᠡᠷᠭᠢᠯᠡᠭᠦᠯᠭᠦ ᠪᠠᠷ ᠪᠣᠯᠪᠠ᠃ ᠭᠡᠳᠡᠯ᠎ᠡ ᠳᠠᠳᠠ ᠪᠣᠯ 《ᠡᠳᠦᠷ ᠤᠨ ᠨᠠᠷᠠᠨ ᠢ ᠦᠵᠡᠵᠤ ᠴᠢᠳᠠᠳᠠᠭ ᠦᠭᠡᠶ》 ᠮᠠᠭᠤ ᠭᠡᠷᠡᠭ᠌ ᠥᠢᠯᠡᠳᠦᠳᠡᠭ᠌ ᠠᠮᠢᠳᠠᠤᠨ ᠪᠣᠯᠬᠤᠷ ᠣᠪᠣᠭ ᠨᠠᠷ᠎ᠠ ᠪᠠᠨ ᠪᠣᠷᠤᠭᠤᠯᠠᠨ ᠰᠠᠭᠤᠭ᠎ᠠ ᠭᠠᠵᠠᠷ ᠶᠢᠡᠨ ᠳᠠᠯᠳᠠᠯᠠᠳᠠᠭ ᠪᠠᠢ᠌ᠵᠤ᠂ ᠭᠦᠮᠤᠨ ᠠᠯᠠᠬᠤ ᠳᠤ ᠨᠢᠳᠤ ᠴᠠᠪᠴᠢᠳᠠᠭ ᠦᠭᠡᠶ 《ᠬᠠᠷ᠎ᠠ ᠮᠠᠩᠭ᠋ᠤᠰ》 ᠤᠳ ᠪᠣᠯᠬᠤᠷ᠂ ᠵᠤᠷᠵ᠂ ᠭᠦᠰᠢᠷᠢ ᠶᠢᠨ ᠪᠠᠢ᠌ᠳᠠᠯ ᠳᠤᠩ ᠠᠶᠤᠮᠰᠢᠭᠳᠠᠢ ᠪᠠᠢ᠌ᠯ᠎ᠠ᠃

ᠵᠤᠷᠵ᠂ ᠭᠦᠰᠢᠷᠢ ᠡᠨᠡ ᠪᠦᠯᠦᠭ᠌ ᠭᠦᠮᠤᠨ ᠤ ᠶᠠᠷᠢᠶᠠᠨ ᠡᠴᠡ ᠪᠦᠯᠦᠭ᠌ ᠤᠨ ᠳᠦᠷᠦᠭᠦᠤ ᠨᠢ ᠰᠮᠢᠽ ᠭᠡᠳᠡᠭ᠌ ᠨᠠᠷ᠎ᠠ ᠲᠡᠶ᠂ ᠨᠢᠭᠡᠨ ᠶᠠᠷᠤ ᠪᠣᠰᠤ ᠶᠢᠨ ᠭᠦᠮᠤᠨ ᠭᠡᠳᠡᠭ᠌ ᠡᠴᠡ ᠥᠭᠡᠷ᠎ᠡ ᠣᠯᠢᠭᠳᠠᠢ ᠮᠡᠳᠡᠭᠡ ᠣᠯᠤᠭᠰᠠᠨ ᠦᠭᠡᠶ᠃ ᠨᠠᠢ᠌ᠷ ᠭᠦᠳᠦᠯᠦᠨ᠎ᠡ ᠭᠡᠭᠦ ᠳᠤ ᠨᠠᠢ᠌ᠷ ᠤᠨ ᠡᠵᠡᠨ ᠤ ᠪᠠᠢ᠌ᠳᠠᠯ ᠢ ᠣᠢ᠌ᠯᠭᠠᠬᠤ ᠦᠭᠡᠶ ᠪᠠᠷ ᠶᠠᠭᠤ ᠭᠡᠯᠡᠨ᠎ᠡ ᠪᠣᠢ︖ ᠳᠠᠭᠢᠭᠠᠤᠨ ᠭᠡᠯᠡᠪᠠᠯ ᠡᠳᠡᠭᠡᠷ ᠣᠯᠤᠰ ᠤᠨ ᠰᠠᠨᠠᠭᠠᠨ ᠳᠤ ᠪᠠᠭ᠎ᠠ ᠯᠠ ᠨᠡᠢ᠌ᠴᠡᠭᠦ ᠦᠭᠡᠶ ᠪᠣᠯᠤᠭᠰᠠᠭᠠᠷ ᠵᠤᠷᠵ᠂ ᠭᠦᠰᠢᠷᠢ ᠶᠢᠨ ᠠᠮᠢ ᠶᠢ ᠠᠪᠬᠤ ᠳᠤ ᠡᠨᠡᠭᠡᠨ ᠤ ᠭᠡᠷᠡᠭ᠌ ᠪᠠᠢ᠌ᠯ᠎ᠠ᠃ ᠳᠡᠭᠡᠭᠦ ᠳᠤ᠂ ᠶᠡᠭᠡ ᠳᠠᠩᠭᠢᠮ ᠢ ᠪᠦᠳᠡᠳᠡᠯ᠎ᠡ ᠠᠪᠠᠭᠠᠷᠠᠯᠳᠤᠭᠰᠠᠨ ᠵᠣᠢ᠌ᠯ ᠵᠢᠰᠤᠮ ᠤᠨ 《ᠰᠠᠢ᠌ᠨ ᠡᠷᠡᠰ》 ᠤᠨ ᠡᠮᠦᠨ᠎ᠡ ᠵᠤᠷᠵ᠂ ᠭᠦᠰᠢᠷᠢ ᠣᠭᠳᠤ ᠠᠶᠤᠵᠤ ᠰᠥᠷᠳᠡᠭ᠍ᠰᠡᠨ ᠦᠭᠡᠶ᠂ ᠰᠢᠭᠠᠷ ᠳᠠᠮᠠᠭᠢ ᠪᠠᠨ ᠠᠭᠠᠵᠢᠮᠬᠠᠨ ᠬᠤᠶᠠᠷ ᠰᠤᠷᠤᠨ ᠪᠦᠳᠦᠭᠦᠨ ᠭᠡᠭ᠍ᠴᠢ ᠴᠠᠭᠠᠷᠢᠭ ᠥᠯᠢᠶᠡᠭᠡᠤᠨ᠄

《ᠡᠷᠭᠢᠮ ᠵᠤᠴᠢᠨ ᠭᠦᠡᠳᠦᠳᠤ ᠠᠪᠣᠭᠠᠢ ᠨᠡᠷ ᠡ᠂ ᠡᠨᠡ ᠪᠣᠯ ᠮᠢᠨᠤ ᠨᠢᠭᠡ ᠨᠠᠰᠤᠨ ᠳᠤ ᠠᠩᠬ᠎ᠠ ᠲᠤᠬᠢᠶᠠᠯᠳᠤᠵᠤ ᠪᠠᠢ᠌ᠭ᠎ᠠ ᠭᠠᠢ᠌ᠬᠠᠮᠰᠢᠭᠳᠠᠢ ᠨᠠᠢ᠌ᠷ ᠪᠣᠯᠤᠨ᠎ᠠ᠃ ᠡᠢ᠌ᠮᠦᠷᠭᠦᠤ ᠬᠤᠪᠣᠷᠬᠠᠨ ᠲᠤᠬᠢᠶᠠᠯᠳᠤᠯ ᠳᠤ ᠣᠷᠮᠠᠰᠢᠨ ᠪᠠᠶᠠᠰᠬᠤ ᠶᠢᠨ ᠳᠠᠭᠠᠤ᠂ ᠨᠠᠢ᠌ᠷ ᠲᠤ ᠭᠡᠷᠡᠯᠳᠦᠭᠦᠯᠤᠨ ᠰᠠᠭᠠᠳᠤᠭᠰᠠᠨ ᠭᠦᠡᠳᠦᠳᠤ ᠵᠤᠴᠢᠳ ᠲᠠᠭᠠᠨ ᠯᠦᠶ‍ᠢ᠂ ᠰᠮᠢᠽ ᠠᠪᠣᠭᠠᠢ ᠶᠢ ᠳᠠᠨᠢᠯᠴᠠᠭᠤᠯᠤᠶ᠎ᠠ᠃ ᠶᠠᠮᠠᠷ ᠭᠦᠮᠤᠨ ᠳ᠋ᠷᠠᠧᠨ ᠮᠦᠷᠠᠨ ᠢ ᠣᠮᠪᠠᠵᠤ ᠭᠡᠳᠦᠯᠡᠭ᠍ᠰᠡᠨ ᠪᠣᠢ︖ ᠶᠠᠮᠠᠷ ᠭᠦᠮᠤᠨ ᠬᠠᠷ᠎ᠠ ᠠᠷᠠᠰᠤᠳᠠᠨ ᠪᠣᠭᠤᠯ ᠢ ᠴᠢᠯᠦᠭᠡᠯᠡᠵᠤ ᠭᠡᠨ ᠭᠦᠮᠤᠨ ᠴᠠᠭᠢᠯᠭᠠᠨ ᠢ ᠢᠯᠡᠷᠡᠭᠦᠯᠦᠭ᠍ᠰᠡᠨ ᠪᠣᠢ︖ ᠡᠳᠡᠭᠡᠷ ᠢ ᠭᠡᠳᠥᠢᠪᠠᠷ ᠯᠦᠶ‍ᠢ᠂ ᠰᠮᠢᠽ ᠠᠪᠣᠭᠠᠢ ᠪᠦᠳᠦᠭᠡᠭ᠍ᠰᠡᠨ ᠦᠭᠡᠶ ᠪᠣᠯᠪᠠᠴᠤ᠂ ᠳᠡᠭᠦᠨ ᠳᠤ ᠡᠨᠡ ᠵᠠᠪᠰᠢᠶᠠᠨ ᠢ ᠣᠯᠭᠤᠭᠰᠠᠨ ᠶᠤᠮ ᠪᠣᠯ ᠯᠠᠪᠳᠠᠢ ᠳᠤᠩ ᠰᠠᠢ᠌ᠨ ᠪᠠᠶᠡᠯᠡᠭᠦᠯᠵᠤ ᠴᠢᠳᠠᠬᠤ ᠶᠢ ᠢᠳᠠᠭᠡᠵᠤ ᠪᠠᠢ᠌ᠨ᠎ᠠ᠃ ᠳᠠᠨᠠᠷ ᠲᠤ ᠳᠠᠯᠠᠷᠬᠠᠯ᠎ᠠ》 ᠭᠡᠪᠡ᠃

ᠨᠢᠵᠢᠭᠢᠨᠡᠭ᠍ᠰᠡᠨ ᠠᠯᠠᠭ᠎ᠠ ᠳᠠᠰᠢᠯᠳᠠ ᠬᠠᠭᠠᠰ ᠴᠠᠭ ᠥᠷᠭᠦᠯᠵᠢᠯᠡᠵᠤ᠂ ᠵᠤᠷᠵ᠂ ᠭᠦᠰᠢᠷᠢ ᠨᠢᠭᠡ ᠣᠳᠠᠭᠠᠨ ᠤ ᠠᠶᠤᠯ ᠳᠦᠭ᠍ᠰᠢᠭᠦᠷᠢ ᠶᠢ ᠠᠮᠤᠷ ᠳᠠᠢ᠌ᠪᠣᠩ ᠳᠤᠭᠤᠯᠵᠤ ᠪᠢᠯᠠ᠃

ᠶᠠᠪᠠ ᠪᠢᠰᠢ ᠯᠠ ᠪᠣᠯ ᠭᠦᠮᠤᠨ ᠪᠦᠭᠦᠨ ᠥᠭᠡ ᠭᠡᠯᠡᠵᠤ ᠴᠢᠳᠠᠨ᠎ᠠ᠃ ᠭᠡᠳᠡᠯ᠎ᠡ ᠣᠷᠠᠯᠢᠭ ᠭᠡᠯᠡᠵᠤ ᠣᠨᠤᠪᠴᠢᠳᠠᠢ ᠢᠯᠡᠳᠭᠡᠨ᠎ᠡ ᠭᠡᠭ᠍ᠴᠢ ᠭᠦᠮᠤᠨ ᠪᠦᠭᠦᠨ ᠴᠢᠳᠠᠰᠢ ᠦᠭᠡᠶ ᠭᠡᠷᠡᠭ᠌᠃ ᠥᠭᠡ ᠭᠡᠯᠡᠭᠦ ᠨᠢ ᠳᠡᠯᠡᠭᠡᠢ ᠳᠡᠭᠡᠷᠡᠭᠢ ᠬᠠᠮᠤᠭ ᠤᠨ ᠭᠢᠯᠪᠠᠷ ᠶᠠᠪᠣᠳᠠᠯ ᠪᠣᠯᠪᠠᠴᠤ᠂ ᠥᠨᠠᠩᠬᠦ ᠰᠠᠢ᠌ᠬᠠᠨ ᠶᠠᠷᠢᠨ᠎ᠠ ᠭᠡᠭ᠍ᠴᠢ ᠮᠦᠨ ᠭᠦ ᠭᠦᠴᠢᠷᠳᠡᠢ ᠰᠠᠳᠤᠪ ᠪᠣᠯᠬᠤ ᠶᠤᠮ᠃ 《ᠣᠯᠠᠭᠠᠨ ᠠᠰᠠᠷ ᠤᠨ ᠵᠡᠭᠦᠳᠤᠨ》 ᠳᠤ ᠰᠢᠶᠤᠤ ᠾᠦᠩ ᠪᠣᠯ ᠬᠠᠮᠤᠭ ᠳᠤᠤᠷᠠᠳᠤ ᠳᠠᠰ ᠤᠨ ᠰᠢᠪᠠᠭ᠍ᠴᠢᠨ ᠪᠣᠯᠤᠨ᠎ᠠ᠃ ᠳᠠᠷᠠ ᠶᠡᠭᠡ ᠭᠡᠷ ᠤᠨ ᠡᠡᠭᠡ ᠪᠣᠤ ᠢᠤᠢ ᠳᠤ ᠠᠳᠠᠭ ᠨᠢ ᠨᠢᠭᠡ ᠴᠤᠮᠤ ᠴᠠᠢ ᠭᠢᠵᠤ ᠦᠭ‍ᠭᠦ ᠪᠠᠢ᠌ᠷᠢ ᠰᠠᠭᠤᠷᠢ ᠦᠭᠡᠶ᠂ ᠵᠥᠪᠭᠡᠨ ᠭᠦᠷᠢᠶ᠎ᠡ ᠬᠠᠰᠢᠶ᠎ᠠ ᠱᠥᠭᠦᠷᠳᠡᠨ ᠴᠡᠴᠡᠭ᠌ ᠮᠤᠳᠤ ᠣᠰᠤᠯᠠᠬᠤ ᠯᠠ ᠭᠢᠷᠢ ᠭᠡᠮ ᠲᠡᠶ ᠪᠠᠢ᠌ᠵᠠᠢ᠃ ᠳᠡᠭᠦᠨ ᠳᠤ ᠵᠢᠶᠠ ᠣᠪᠣᠭᠳᠠᠨ ᠤ ᠪᠦᠭᠦ ᠪᠦᠷᠢᠯᠳᠦᠭᠦᠨ ᠪᠠ ᠪᠣᠢ ᠪᠦᠭᠦᠢ ᠲᠦᠷᠦᠯ ᠰᠠᠳᠤᠨ ᠪᠦᠷ 《ᠨᠠᠢ᠌ᠨᠠᠢ》 ᠂ 《ᠶ‍ᠧ ᠶ‍ᠧ》 ᠪᠣᠯᠬᠤ ᠪᠠᠷ ᠪᠠᠷᠠᠬᠤ ᠦᠭᠡᠶ᠂ ᠳᠠᠳᠠᠨᠤᠰ ᠤᠨ ᠮᠡᠳᠡᠭᠡᠴᠢ ᠪᠣᠭᠤᠯ ᠪᠠ ᠰᠢᠳᠠᠷ ᠰᠢᠪᠠᠭ᠍ᠴᠢᠨ ᠭᠦᠷᠳᠡᠯ᠎ᠡ ᠳᠡᠭᠦᠨ ᠳᠤ ᠡᠵᠡᠨ ᠪᠣᠯᠳᠠᠭ ᠪᠠᠢ᠌ᠪᠠ᠃ ᠨᠢᠭᠡ ᠣᠳᠠᠭ᠎ᠠ ᠳᠠᠷᠠ ᠫᠢᠩ ᠡᠯ ᠶᠢᠨ ᠥᠭᠡ ᠶᠢ ᠹᠧᠩ ᠵᠢᠶ‍ᠧ ᠳᠤ ᠳᠠᠮᠵᠢᠭᠤᠯᠬᠤ ᠳᠠᠭᠠᠨ᠄

《ᠮᠠᠨ ᠤ ᠨᠠᠢ᠌ᠨᠠᠢ ᠡ᠊ᠨᠳᠡᠭᠢ ᠨᠠᠢ᠌ᠨᠠᠢ ᠶᠢᠨ ᠠᠮᠤᠷ ᠢ ᠡᠷᠢᠵᠤ ᠪᠠᠢ᠌ᠨ᠎ᠠ᠂ ᠮᠠᠨ ᠤ ᠡᠯ ᠶ‍ᠧ ᠭᠡᠷ ᠲᠡᠭᠡᠨ ᠪᠠᠢ᠌ᠬᠤ ᠦᠭᠡᠶ᠂ ᠳᠠᠪᠣᠳᠤᠭᠠᠷ ᠨᠠᠢ᠌ᠨᠠᠢ ᠶᠢᠨ ᠪᠠᠶ᠎ᠠ ᠨᠢ ᠭᠠᠢ᠌ᠭᠤᠢ ᠪᠣᠯᠤᠭᠰᠠᠨ ᠤ ᠬᠣᠢ᠌ᠨ᠎ᠠ ᠮᠠᠨ ᠤ ᠨᠠᠢ᠌ᠨᠠᠢ ᠲᠡᠶ ᠬᠠᠮᠳᠤ ᠨᠠᠢ᠌ᠨᠠᠢ ᠶᠢ ᠥᠵᠡᠭᠦ ᠪᠠᠷ ᠢᠷᠡᠭᠦ ᠶᠤᠮ ᠭᠡᠨ᠎ᠡ ᠁》 ᠭᠡᠤᠨ ᠥᠭᠡ ᠪᠠᠨ ᠭᠡᠯᠡᠵᠤ ᠪᠠᠷᠠᠬᠤ ᠡᠴᠡ ᠣᠷᠢᠳ ᠯᠢ ᠸᠠᠨ ᠥᠭᠡ ᠶᠢ ᠳᠠᠰᠤᠯᠵᠤ᠄

《ᠪᠣᠷᠬᠠᠨ︕ ᠶᠠᠭᠠᠭᠢᠭᠰᠠᠨ ᠠᠷᠪᠢᠨ 〈ᠶ‍ᠧ ᠶ‍ᠧ ᠨᠠᠢ᠌ᠨᠠᠢ〉 ᠪᠣᠢ︖ ᠪᠢ ᠥᠭᠡ ᠶᠢ ᠴᠢᠨᠢ ᠣᠢ᠌ᠯᠭᠠᠬᠤ ᠦᠭᠡᠶ ᠪᠠᠢ᠌ᠨ᠎ᠠ》 ᠭᠡᠰᠡᠨ ᠳᠤ᠂ ᠹᠸᠩ ᠵᠢᠶ‍ᠧ ᠢᠨᠢᠶᠠᠵᠤ᠄

《ᠴᠢᠨᠤ ᠮᠡᠳᠡᠭᠦ ᠦᠭᠡᠶ ᠨᠢ ᠵᠦᠪ᠂ ᠡᠨᠡ ᠴᠢᠨᠢ ᠳᠦᠷᠪᠡ ᠳᠠᠪᠤᠨ ᠭᠡᠷ ᠤᠨ ᠣᠴᠢᠷ ᠶᠤᠮᠰᠠᠠᠵᠢ᠂ ᠡᠢ᠌ᠮᠤ ᠠᠷᠪᠢᠨ ᠭᠡᠷ ᠤᠨ ᠣᠴᠢᠷ ᠶᠠᠪᠣᠳᠠᠯ ᠢ ᠬᠤᠤᠠᠬᠤᠯᠳᠠᠭᠤᠯᠤᠯ ᠦᠭᠡᠶ ᠥᠭᠡ ᠶᠢ ᠳᠤᠳᠤ ᠭᠡᠯᠡᠵᠤ᠂ ᠣᠴᠢᠷ ᠢ ᠳᠤᠳᠤ ᠢᠯᠡᠳᠭᠡᠨ᠎ᠡ ᠭᠡᠭ᠍ᠴᠢ ᠥᠨᠡᠭᠡᠷ ᠠᠮᠠᠷ ᠦᠭᠡᠶ》 ᠭᠡᠵᠤ ᠮᠠᠭᠳᠠᠵᠤ ᠪᠢᠯᠠ᠃

ᠭᠦᠮᠤᠨ ᠳᠦᠷᠦᠮᠡᠭ᠍ᠴᠡ ᠣᠷᠠᠨ ᠳᠤᠳᠤ ᠭᠡᠯᠡ ᠲᠡᠶ ᠪᠣᠯᠴᠢᠬᠤ ᠪᠢᠰᠢ᠂ ᠬᠠᠷᠢᠨ ᠬᠤᠵᠢᠮ ᠤᠨ ᠬᠠᠷᠢᠯᠴᠠᠭᠠᠨ ᠤ ᠶᠠᠪᠣᠴᠠᠨ ᠳᠠᠭᠠᠨ ᠶᠠᠷᠢᠵᠤ ᠢᠯᠡᠳᠭᠡᠭᠦ ᠴᠢᠳᠠᠪᠣᠷᠢ ᠶᠢ ᠪᠣᠢ ᠪᠣᠯᠭᠠᠨ᠎ᠠ᠃ ᠳᠡᠭᠡᠭᠦ ᠳᠤ ᠭᠡᠯᠡᠨ ᠤ ᠠᠪᠢᠶ᠎ᠠ ᠶᠢ ᠵᠦᠪ ᠠᠪᠢᠶᠠᠯᠠᠵᠤ᠂ ᠳᠠᠭᠤᠳᠠᠯᠭ᠎ᠠ ᠶᠢ ᠨᠢ ᠳᠤᠳᠤ ᠭᠠᠷᠭᠠᠬᠤ ᠪᠣᠯ ᠭᠡᠯᠡᠨ ᠤ ᠪᠣᠯᠪᠠᠰᠤᠷᠠᠯ ᠤᠨ ᠠᠩᠬᠠᠨ ᠤ ᠪᠤᠭᠤᠮᠳᠠ ᠪᠣᠯᠤᠨ᠎ᠠ᠃ ᠭᠡᠯᠡ ᠠᠮᠠ ᠪᠢᠳᠠᠭᠤ᠂ ᠢᠯᠡᠳᠭᠡᠭᠦ ᠴᠢᠳᠠᠪᠣᠷᠢ ᠳᠤᠷᠤᠢ ᠭᠦᠮᠤᠨ ᠪᠠᠭᠰᠢ ᠶᠢᠨ ᠠᠵᠢᠯ ᠭᠢᠵᠤ ᠳᠤᠭᠢᠷᠠᠬᠤ ᠦᠭᠡᠶ ᠪᠦᠭᠡᠤᠨ᠂ ᠳᠤᠮᠳᠠᠳᠤ ᠪᠠᠭ᠎ᠠ ᠰᠤᠷᠭᠠᠭᠤᠯᠢ ᠶᠢᠨ ᠣᠩᠰᠢᠯᠭ᠎ᠠ ᠶᠢᠨ ᠭᠢᠴᠢᠶᠠᠯ ᠪᠣᠯ ᠭᠡᠯᠡᠨ ᠤ ᠪᠣᠯᠪᠠᠰᠤᠷᠠᠯ ᠤᠨ ᠴᠢᠬᠤᠯᠠ ᠶᠠᠪᠣᠴᠠ ᠪᠣᠯᠬᠤ ᠶᠢ ᠮᠡᠳᠡᠭᠦ ᠭᠡᠷᠡᠭ᠍ᠳᠡᠢ᠃ ᠳᠡᠭᠡᠭᠦ ᠳᠤ ᠮᠠᠨᠤᠰ ᠳᠤᠰ ᠭᠢᠴᠢᠶᠠᠯ ᠢ ᠭᠦᠡᠳᠦᠦᠡᠭᠡᠭᠦ ᠦᠭᠡᠶ ᠪᠠᠢ᠌ᠳᠠᠭ ᠨᠢ ᠶᠡᠭᠡ ᠠᠯᠳᠠᠭ᠎ᠠ ᠪᠣᠯᠬᠤ ᠶᠤᠮ᠃ ᠬᠠᠯᠬ᠎ᠠ ᠶᠢᠨ ᠡᠷᠳᠡᠮᠳᠡᠨ ᠪ᠊᠂ ᠷᠢᠠᠴᠢᠨ ᠠᠷᠪᠠᠨ ᠭᠡᠳᠤᠨ ᠲᠦᠷᠦᠯ ᠤᠨ ᠭᠠᠳᠠᠭᠠᠳᠤ ᠭᠡᠯᠡ ᠪᠠᠷ ᠣᠷᠤᠰᠤᠮ᠎ᠠ ᠶᠠᠷᠢᠴᠢᠬᠤ ᠪᠠᠢ᠌ᠬᠤ ᠳᠤ᠂ ᠪᠢᠳᠠ ᠭᠠᠭᠴᠠᠬᠠᠨ ᠲᠦᠷᠦᠯ ᠤᠨ ᠡᠭᠡ ᠭᠡᠯᠡ ᠪᠠᠨ ᠴᠤ ᠭᠣᠢ᠌ᠳᠠ ᠶᠠᠷᠢᠵᠤ ᠴᠢᠳᠠᠬᠤ ᠦᠭᠡᠶ ᠶᠤᠮ ᠪᠣᠯ ᠭᠦᠮᠤᠨ ᠪᠣᠯᠤᠭᠰᠠᠨ ᠤ ᠭᠤᠳᠤᠮᠰᠢᠭ ᠪᠢᠰᠢᠤ︖

ᠵᠤᠬᠢᠶᠠᠭᠴᠢ᠄ ᠨᠣ᠋·ᠪᠠᠭᠠᠳᠤᠷ
ᠳᠠᠷᠤᠮ᠄ 9441
ᠴᠠᠭ᠄ 2009 ᠤᠨ ᠤ 04 ᠰᠠᠷ᠎ᠠ ᠶᠢᠨ 29
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ