ᠨᠡᠪᠲᠡᠷᠡᠨ ᠤᠷᠤᠬᠤ
ᠮᠤᠩᠭ᠋ᠤᠯ ᠤᠨ ᠦᠨᠳᠦᠷᠯᠢᠭ᠌

ᠮᠦᠩᠬᠡ ᠭᠠᠯᠪᠠ ᠶᠢᠨ ᠪᠣᠷᠬᠠᠨ ᠦᠨᠳᠥᠷᠯᠢᠭ᠌

ᠮᠣᠷᠢᠳᠠᠨ ᠦᠨᠳᠥᠰᠣᠳᠡᠨ ᠤ ᠰᠢᠲᠦᠬᠡᠨ ᠦᠨᠳᠥᠷᠯᠢᠭ᠌︕

ᠲᠡᠬᠡᠬᠥᠷ ᠨᠢ ᠵᠢᠬᠥᠷ ᠲᠡᠶ ᠪᠦᠬᠥᠨ ᠭᠠᠷᠳᠠᠭ ᠪᠢᠰᠢ

ᠲᠡᠷᠬᠡᠳᠡ ᠨᠢ ᠬᠦᠯ ᠲᠡᠶ ᠪᠣᠯᠭᠠᠨ ᠬᠦᠷᠳᠡᠭ ᠴᠤ ᠪᠢᠰᠢ ᠡ︕

ᠡᠴᠢᠬᠡ ᠶᠢᠨ ᠵᠠᠬᠥᠭ᠍ᠰᠡᠨ ᠬᠢᠳᠣᠭ᠎ᠠ ᠶᠢ

ᠴᠢᠯᠠᠭᠣᠨ ᠳ᠋ᠣᠨᠢ ᠢᠷᠯᠠᠪᠠᠯ

ᠮᠣᠬᠣᠬᠣ ᠦᠭᠡᠶ ᠷᠢᠳᠢ ᠲᠡᠶ

ᠡᠵᠢ ᠶᠢᠨ ᠰᠠᠭᠠᠭᠰᠠᠨ ᠰᠥ᠋ ᠶᠢ

ᠰᠡᠬᠥᠳᠡᠷ ᠲᠣᠨᠢ ᠲᠠᠯᠪᠢᠪᠠᠯ

ᠢᠰᠳᠡᠭ ᠦᠭᠡᠶ ᠰᠢᠳᠢ ᠲᠡᠶ

ᠨᠠᠷᠠ ᠨᠢ ᠬᠠᠯᠠᠬᠣ ᠳᠠᠭᠠᠨ ᠬᠦᠯᠥᠷᠠᠵᠦ

ᠨᠠᠭᠣᠷ ᠲᠣᠨᠢ ᠰᠡᠷᠢᠬᠥᠴᠡᠵᠦ ᠣᠮᠪᠠᠳᠠᠭ ᠦᠨᠳᠥᠷᠯᠢᠭ᠌︕

ᠰᠠᠷᠠ ᠨᠢ ᠭᠠᠭᠴᠠᠭᠠᠷᠳᠠᠬᠣ ᠳᠠᠭᠠᠨ ᠣᠢᠳᠴᠣ

ᠨᠥᠮᠥᠷᠢ ᠳ᠋ᠣᠨᠢ ᠲᠠᠭᠣᠯᠠᠵᠣ ᠬᠣᠨᠣᠳᠠᠭ ᠦᠨᠳᠥᠷᠯᠢᠭ᠌︕

ᠰᠠᠯᠬᠢ ᠨᠢ ᠰᠥᠷᠳᠡᠬᠥ ᠳᠡᠭᠡᠨ ᠨᠣᠮᠣᠬᠠᠷᠠᠵᠣ

ᠵᠤᠯᠠᠢ ᠶᠢ ᠨᠢ ᠢᠯᠪᠢᠨ ᠠᠷᠭᠠᠳᠠᠳᠠᠭ ᠶᠣᠮ

ᠡᠬᠥᠯᠡ ᠨᠢ ᠨᠡᠬᠥᠳᠡᠯᠯᠡᠬᠥ ᠳᠡᠭᠡᠨ ᠲᠡᠬᠡᠭ᠍ᠯᠠᠵᠦ

ᠪᠣᠷᠣᠭ᠎ᠠ ᠪᠠᠨ ᠬᠠᠶ᠋‍ᠢᠷᠠᠯᠠᠨ ᠡᠷᠬᠡᠯᠡᠳᠡᠭ ᠶᠣᠮ

ᠠᠭᠣᠯᠠ ᠨᠢ ᠰᠡᠭ᠍ᠴᠢᠬᠥᠯᠬᠥ ᠳᠡᠭᠡᠨ ᠬᠢᠯᠢᠩᠨᠠᠵᠣ

ᠭᠠᠯ ᠢᠶᠡᠷ ᠲᠡᠯᠪᠡᠷᠡᠳᠡᠭ ᠠᠷᠠᠠᠰᠢᠨ ᠲᠡᠶ

ᠣᠰᠣ ᠨᠢ ᠣᠷᠣᠰᠬᠣ ᠳᠠᠭᠠᠨ ᠬᠦᠬᠡᠮᠡᠢᠳᠡᠵᠦ

ᠴᠡᠴᠡᠭ ᠢᠶᠡᠨ ᠦᠨᠥᠰᠳᠡᠭ ᠠᠭᠠᠯᠢ ᠲᠡᠶ

ᠭᠠᠳᠠᠭᠰᠢ ᠴᠤᠬᠤᠢᠬᠤ ᠳᠠᠭᠠᠨ ᠭᠠᠩ ᠰᠢᠭ ᠪᠠᠶ᠋‍ᠢᠶ᠎ᠠ ᠬᠡᠥᠨ

ᠡᠪᠠᠰᠣ ᠨᠢ ᠬᠦᠷᠳᠡᠯ᠎ᠡ ᠦᠨᠳᠥᠰᠤ ᠪᠠᠷ ᠢᠶᠡᠨ ᠬᠣᠯᠪᠣᠯᠳᠣᠳᠠᠭ

ᠭᠠᠩᠳᠠᠭᠰᠠᠨ ᠬᠦᠷᠥᠰᠥᠨ ᠳᠡᠭᠡᠨ ᠰᠡᠬᠥᠳᠡᠷ ᠪᠣᠯᠣᠶ᠎ᠠ ᠬᠡᠥᠨ

ᠮᠣᠳᠣ ᠨᠢ ᠪᠣᠯᠪᠠᠴᠣ ᠮᠦᠴᠢᠷ ᠢᠶᠡᠷ ᠢᠶᠡᠨ ᠨᠡᠢᠯᠡᠳᠡᠭ

ᠬᠠᠭᠠᠨ ᠲᠥᠷᠤ ᠶᠢᠨ ᠭᠣᠯᠣᠮᠳᠠ ᠮᠠᠨᠠᠭᠰᠠᠨ

ᠬᠠᠳᠠᠨ ᠤ ᠴᠢᠯᠠᠭᠣ ᠨᠢ ᠮᠣᠩᠭ᠋ᠣᠯ ᠢᠶᠡᠷ ᠶᠠᠷᠢᠳᠠᠭ

ᠬᠠᠳᠣᠨ ᠡᠬᠡ ᠶᠢᠨ ᠨᠢᠯᠪᠣᠰᠣ ᠲᠣᠰᠣᠭᠰᠠᠨ

ᠬᠠᠯᠬᠢᠯᠠᠬᠣ ᠮᠥᠷᠡᠨ ᠨᠢ ᠴᠢᠰᠤ ᠪᠠᠷ ᠣᠬᠢᠯᠠᠳᠠᠭ

ᠲᠠᠷᠠᠵᠣ ᠪᠣᠳᠠᠷᠠᠭᠰᠠᠨ ᠦᠷᠡᠰ ᠢᠶᠡᠨ ᠦᠬᠡᠶ᠋‍ᠢᠯᠡᠵᠦ

ᠬᠦᠪᠴᠢ ᠨᠢ ᠬᠡᠵᠢᠶᠡᠳᠡ ᠭᠣᠨᠢᠭ ᠲᠡᠶ ᠰᠢᠷᠠᠯᠠᠳᠠᠭ

ᠲᠠᠪᠣᠨ ᠮᠥᠰᠥᠨ ᠤ ᠰᠣᠷᠭᠠᠯ ᠬᠠᠶ᠋‍ᠢᠯᠵᠣ

ᠬᠦᠳᠡᠬᠡ ᠨᠢ ᠲᠠᠩᠳᠠ ᠨᠢᠯᠪᠣᠰᠣ ᠲᠡᠶ ᠰᠡᠷᠠᠳᠡᠭ

ᠰᠢᠨᠣᠯ ᠤᠨ ᠨᠢᠳᠣᠳ ᠢ ᠰᠣᠬᠣᠯᠠᠬᠣ ᠬᠡᠵᠦ

ᠭᠣᠪᠢ ᠨᠢ ᠵᠤᠨ ᠳᠠᠭᠠᠨ ᠡᠯᠠᠰᠣ ᠪᠠᠷ ᠰᠢᠭᠣᠷᠳᠠᠭ︕

ᠰᠢᠯᠣᠰᠣ ᠲᠡᠶ ᠠᠮᠨ ᠶᠢ ᠲᠠᠭᠯᠠᠬᠣ ᠬᠡᠵᠦ

ᠭᠣᠣᠯ ᠨᠢ ᠡᠪᠣᠯ ᠳᠡᠭᠡᠨ ᠮᠥᠰᠤ ᠪᠠᠷ ᠲᠦᠬᠥᠷᠳᠡᠭ︕

ᠵᠠᠬᠥᠳᠥᠨ ᠳᠤ ᠢᠷᠡᠳᠡᠭ ᠡᠷᠳᠠᠨᠢ ᠶᠢᠨ ᠬᠦᠯᠥᠭ ᠨᠢ

ᠣᠶᠠᠭᠠᠨ ᠳᠤ ᠰᠣᠶ᠋‍ᠢᠭᠳᠠᠵᠣ ᠡᠮᠠᠬᠡᠯ ᠲᠡᠶ ᠬᠠᠳᠠᠨ᠎ᠠ

ᠵᠢᠷᠥᠬᠡᠨ ᠳᠤ ᠲᠠᠨᠢᠭᠳᠠᠬᠣ ᠡᠮᠳᠡᠷᠬᠡᠢ ᠰᠠᠯᠠᠮ᠎ᠠ ᠨᠢ

ᠦᠨᠡᠰᠥᠨ ᠳᠤ ᠪᠣᠯᠠᠭᠳᠠᠵᠣ ᠵᠢᠪᠠ ᠲᠡᠶ ᠬᠡᠪᠳᠡᠨ᠎ᠡ

ᠮᠢᠨᠣ ᠬᠦᠷᠥᠢ᠎ᠡ ᠬᠡᠥᠨ ᠬᠦᠷᠴᠦ ᠪᠣᠯᠳᠠᠭ ᠦᠭᠡᠶ

ᠬᠦᠰᠡᠯ ᠤᠨ ᠬᠦᠬᠡ ᠭᠠᠯ ︱

ᠮᠣᠩᠭ᠋ᠣᠯ ᠤᠨ ᠦᠨᠳᠥᠷᠯᠢᠭ᠌︕

ᠮᠢᠨᠣ ᠬᠠᠷᠠᠶ᠎ᠠ ᠬᠡᠥᠨ ᠬᠠᠷᠠᠵᠣ ᠴᠢᠳᠠᠳᠠᠭ ᠦᠭᠡᠶ

ᠬᠠᠭᠠᠰ ᠰᠢᠳᠠᠭᠰᠠᠨ ᠲᠣᠶ᠋‍ᠢᠮᠠᠷ ᠴᠤ ︱

ᠮᠣᠩᠭ᠋ᠣᠯ ᠤᠨ ᠦᠨᠳᠥᠷᠯᠢᠭ᠌᠌ ᠡ︕


ᠵᠤᠬᠢᠶᠠᠭᠴᠢ ᠶᠢᠨ ᠬᠠᠶ‍ᠢᠭ᠄ ᠬᠦᠬᠡᠨᠠᠭᠤᠷ ᠮᠣᠵᠢ ᠶᠢᠨ ᠣᠯᠠᠭᠠᠨ ᠰᠢᠶᠠᠨ ᠤ ᠮᠣᠩᠭ᠋ᠣᠯ ᠪᠠᠭ᠎ᠠ ᠰᠣᠷᠭᠠᠭᠣᠯᠢ

ᠵᠤᠬᠢᠶᠠᠭᠴᠢ᠄ ᠯ·ᠤᠳᠤᠨ
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《 ᠦᠨᠢᠷ ᠴᠡᠴᠡᠭ
ᠳᠠᠷᠤᠮ᠄ 9539
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ