ᠨᠡᠪᠲᠡᠷᠡᠨ ᠤᠷᠤᠬᠤ
ᠬᠠᠢ᠌ᠷ᠎ᠠ ᠶᠢᠨ ᠬᠢᠯᠢ ᠳᠡᠭᠡᠷ᠎ᠡ

( ᠭᠦᠳᠦᠯᠦᠭᠡ ᠨᠢᠭᠡ)

ᠠᠮᠢᠳᠤᠷᠠᠯ ᠭᠡᠭ᠍ᠴᠢ ᠭᠦᠯ ᠦᠭᠡᠶ ᠣᠰᠤᠨ ᠤ ᠬᠤᠶ‍ᠠᠷ ᠡᠷᠭᠢ ᠡᠴᠡ

ᠠᠮᠢ ᠨᠠᠰᠤᠨ ᠤ ᠮᠦᠷᠤᠢ ᠪᠢᠳᠠᠨ ᠬᠤᠶ‍ᠠᠷ ᠢ ᠰᠢᠯᠭᠠᠨ᠎ᠠ

ᠭᠦᠯ ᠠᠯᠳᠠᠬᠤ ᠳᠤ ᠪᠠᠯᠠᠨ ᠴᠢᠨᠤ ᠭᠡᠨᠡᠨ ᠳᠤᠭᠳᠤᠯᠤᠯ ᠡᠴᠡ

ᠭᠦᠰᠡᠯ ᠴᠢᠨᠦᠭ᠍ᠰᠡᠨ ᠣᠷᠤᠭᠤᠯ ᠶᠢᠡᠨ ᠪᠣᠷᠤᠭᠤᠯᠠᠵᠤ

ᠬᠠᠷᠠᠴᠠ ᠪᠠᠷ ᠶᠢᠡᠨ ᠪᠢ ᠴᠢᠮᠢ᠋ᠢ ᠠᠷᠭᠠᠳᠠᠨ᠎ᠠ

ᠬᠠᠷᠠᠬᠠᠨ ᠭᠡᠵᠢᠭᠡ ᠮᠢᠨᠢ ᠵᠠᠳᠠᠭᠠᠢ ᠰᠠᠯᠭᠢ ᠰᠢᠭ ᠠᠰᠬᠠᠷᠠᠵᠤ

ᠬᠤᠷᠢᠭ᠎ᠠ ᠦᠭᠡᠶ ᠬᠠᠢ᠌ᠷ᠎ᠠ ᠦᠶ‍ᠠᠷ ᠪᠣᠯᠵᠤ ᠴᠢᠤᠠᠬᠤᠯᠠᠭᠰᠠᠨ ᠴᠤ

ᠬᠠᠩᠬᠠᠯ ᠨᠠᠰᠤ ᠪᠠᠨ ᠴᠢᠨᠤ ᠡᠮᠦᠨ᠎ᠡ ᠡᠴᠡ ᠠᠷᠭᠠᠮᠵᠢᠭᠠᠤᠨ

ᠬᠠᠨᠤᠮ᠎ᠠ ᠦᠭᠡᠶ ᠮᠥᠷᠦᠭᠡᠳᠦᠯ ᠳᠡᠭᠡᠨ ᠪᠦᠳᠦᠴᠢᠭᠰᠡᠭᠡᠷ ᠶ‍ᠠᠪᠣᠵᠤ ᠣᠳᠤᠨ᠎ᠠ

ᠴᠠᠭᠠᠳᠤ ᠡᠷᠭᠢᠨ ᠳᠤ ᠴᠢ ᠴᠢᠯᠠᠭᠤᠨ ᠱᠤᠭᠤᠮᠠᠯ ᠠᠳᠠᠯᠢ

ᠴᠢᠰᠤ ᠵᠢᠷᠦᠭᠡ ᠴᠢᠨᠢ ᠳᠠᠪᠴᠢᠶ‍ᠠᠷᠢ ᠠᠯᠳᠠᠨ ᠮᠢᠨᠤ ᠵᠦᠭ᠌ ᠵᠢᠭᠤᠳᠠᠨ᠎ᠠ

ᠭᠡᠳᠦᠯᠴᠢᠭᠡᠵᠤ ᠪᠣᠯᠳᠠᠭ ᠦᠭᠡᠶ ᠴᠡᠭᠡᠯ ᠭᠦᠯ ᠳᠤᠤᠷ᠎ᠠ ᠴᠢᠨᠢ ᠮᠠᠯᠮᠠᠷᠠᠨ᠎ᠠ

ᠬᠠᠰᠢᠴᠢᠬᠠᠵᠤ ᠴᠢᠳᠠᠳᠠᠭ ᠦᠭᠡᠶ ᠰᠠᠤᠠᠭᠢᠯ ᠮᠠᠨᠠᠨ ᠳᠤᠮᠳᠠ ᠡᠴᠡ ᠳᠠᠮᠠᠤᠯᠤᠨ᠎ᠠ

᠁ ᠁

ᠦᠨᠢ ᠡᠷᠳᠡᠨ ᠪᠠ ᠢᠷᠡᠭᠦ ᠴᠠᠭ ᠢ ᠬᠤᠯᠪᠣᠭᠰᠠᠨ

ᠥᠯᠢᠭᠡᠷ ᠤᠨ ᠶ‍ᠤᠮ ᠰᠢᠭ᠌ ᠭᠦᠰᠡᠯᠳᠤ ᠣᠷᠴᠢᠯᠠᠩ ᠳ᠋ᠤ

ᠦᠰᠤᠨ ᠳᠤ ᠴᠢᠨᠢ ᠣᠨᠠᠭᠰᠠᠨ ᠭᠢᠷᠠᠭᠤ ᠪᠣᠴᠠᠬᠤ ᠦᠭᠡᠶ ᠴᠤ

ᠥᠭᠦᠯ ᠳᠠᠪᠠᠵᠤ ᠬᠠᠢ᠌ᠷ᠎ᠠ ᠮᠥᠩᠭᠡᠷᠡᠨ᠎ᠡ


        ᠳᠤᠨᠢᠷᠬᠠᠯ


ᠠᠪᠢᠶ‍ᠠᠰ ᠲᠠᠭᠠᠨ ᠡᠷᠳᠦᠵᠤ ᠴᠢ ᠣᠮᠤᠭᠯᠠᠩ ᠠᠯᠬᠤᠳᠠᠭ

ᠠᠷᠤ ᠡᠴᠡ ᠴᠢᠨᠢ ᠪᠠᠷᠠᠯᠠᠵᠤ ᠦᠭᠢᠤᠨ ᠠᠷᠭ᠎ᠠ ᠪᠠᠨ ᠪᠠᠷᠠᠨ ᠳᠤᠷᠠᠯᠠᠳᠠᠭ

ᠠᠷᠭ᠎ᠠ ᠦᠭᠡᠶ ᠳᠠᠳᠠᠨ ᠤ ᠨᠢᠭᠡ ᠨᠢ ᠪᠢ ᠪᠠᠢ᠌ᠳᠠᠭ ᠶ‍ᠤᠮ

ᠠᠷᠠᠢ ᠯᠠ ᠣᠠᠳᠤᠤ ᠨᠢ ᠴᠢᠮ᠎ᠠ ᠡᠴᠡ ᠳᠠᠩᠴᠤ ᠭᠦᠡᠳᠡᠢ᠌ᠭᠡᠨ

ᠰᠡᠭᠡᠭᠦᠨ ᠢᠨᠢᠶ‍ᠡᠳᠤ ᠶᠢ ᠮᠢᠨᠢ ᠴᠢ ᠬᠠᠷᠠᠳᠠᠭ

ᠰᠡᠷᠭᠦᠯᠡᠩ ᠭᠤᠨᠢᠭ ᠢ ᠮᠢᠨᠢ ᠭᠡᠵᠢᠶ᠎ᠡ ᠴᠤ ᠬᠠᠷᠠᠬᠤ ᠥᠭᠡᠢ

ᠴᠢᠨᠤ ᠡᠮᠦᠨ᠎ᠡ ᠪᠢ ᠪᠠᠷᠳᠠᠮ ᠪᠠᠢ᠌ᠬᠤ ᠳᠤᠷᠠᠳᠠᠢ

ᠴᠡᠭᠡᠵᠢᠨ ᠤ ᠥᠭᠡ ᠪᠠᠨ ᠨᠢᠭᠤᠵᠤ ᠶ‍ᠠᠪᠣᠬᠤ ᠡᠷᠭᠡ ᠳᠠᠢ

ᠣᠷᠢ ᠵᠠᠯᠠᠭᠤ ᠶᠢᠨ ᠵᠠᠳᠠᠭᠠᠢ ᠭᠡᠵᠢᠭᠡ

ᠣᠮᠤᠭᠯᠠᠩ ᠠᠷᠠᠠᠰᠢᠨ ᠶᠢᠡᠨ ᠭᠠᠢ᠌ᠬᠠᠭᠤᠯᠵᠤ

ᠦᠶ᠎ᠠ ᠶᠢᠨ ᠵᠠᠯᠠᠭᠤᠰ ᠲᠡᠶ ᠨᠠᠷᠭᠢᠵᠤ ᠶ‍ᠠᠪᠣᠬᠤ ᠳ᠋ᠠᠭᠠᠨ

ᠡᠭᠦᠯᠡᠰᠢᠭ᠍ᠰᠡᠨ ᠴᠢᠷᠠᠢ ᠡᠴᠡ ᠴᠢᠨᠢ ᠬᠠᠷᠠᠳᠠᠯ ᠣᠩᠰᠢᠵᠤ ᠳᠠᠢ᠌ᠤᠠᠬᠤᠷᠠᠳᠠᠭ

ᠨᠢᠭᠤᠭᠳᠠᠵᠤ ᠳᠤᠭᠯᠠᠬᠤ ᠳᠠᠭᠠᠨ ᠦᠶ᠎ᠠ ᠦᠶ᠎ᠠ ᠣᠢ᠌ᠮᠤᠷᠠᠳᠠᠭ ᠴᠤ

ᠨᠡᠭᠡᠵᠤ ᠢᠷᠡᠭᠦ ᠬᠠᠷᠠᠴᠠᠨ ᠳᠤ ᠴᠢᠨᠢ ᠣᠯᠵᠠᠯᠠᠭᠳᠠᠬᠤ ᠠᠭᠱᠠᠨ

ᠨᠢᠭᠤᠴᠠᠬᠠᠨ ᠳᠤᠷᠠᠯᠠᠯ ᠳᠠᠭᠠᠨ ᠭᠦᠯ ᠠᠯᠳᠠᠨ ᠪᠦᠱᠦᠭᠦᠷᠭᠡᠳᠡᠭ᠌

ᠨᠢᠳᠤ ᠶᠢ ᠴᠢᠨᠢ ᠮᠥᠷᠦᠭᠡᠦᠡᠴᠤ ᠨᠣᠢ᠌ᠷ ᠬᠤᠯᠵᠢᠭᠰᠠᠨ ᠣᠯᠠᠨ ᠣᠯᠠᠨ ᠰᠦᠨᠢ

ᠨᠠᠷ᠎ᠠ ᠶᠢ ᠴᠢᠨᠢ ᠳᠤᠷᠠᠰᠴᠤ ᠣᠶ‍ᠠᠷᠠᠵᠤ ᠭᠦᠯᠢᠶ‍ᠡᠭ᠍ᠰᠡᠨ ᠣᠳᠠᠭᠠᠨ ᠡᠳᠦᠷ ᠤᠨ ᠳᠤᠭᠳᠤᠯᠤᠯ

ᠨᠤᠭᠤᠭᠠᠨ ᠬᠠᠪᠢᠰᠤᠳᠠᠢ ᠳᠠᠪᠳᠠᠷ ᠡᠴᠡ ᠮᠢᠨᠢ ᠭᠦᠰᠡᠯ ᠵᠢᠭᠦᠷᠯᠡᠵᠤ ᠠᠮᠢᠯᠠᠬᠤ ᠳ᠋ᠤ

ᠨᠡᠷᠡᠯᠭᠡᠭ᠌ ᠪᠣᠳᠤᠯ ᠤᠨ ᠣᠨᠢᠰᠤ ᠪᠠᠷ ᠪᠠᠳᠤ ᠴᠠᠭᠤᠷᠭᠠᠯᠠᠵᠤ ᠣᠷᠭᠢᠯ᠎ᠠ ᠁

ᠴᠡᠴᠡᠭ᠌ ᠲᠤ ᠬᠤᠷᠭᠤᠳᠠᠭᠰᠠᠨ ᠡᠷᠪᠠᠭᠡᠢ ᠪᠣᠯᠵᠤ ᠳᠡᠷᠭᠡᠳᠡᠭᠦᠷ ᠴᠢᠨᠢ ᠪᠢ ᠡᠷᠭᠢᠯᠳᠦᠳᠡᠭ᠌

ᠳᠡᠰᠭᠡᠯ ᠠᠯᠳᠠᠨ ᠭᠠᠩᠬᠤᠭᠰᠠᠨ ᠳᠠᠯᠪᠢᠨ ᠳᠤ ᠴᠢᠨᠢ ᠬᠠᠷᠢᠨ ᠪᠠᠭᠤᠭ᠎ᠠ ᠥᠭᠡᠢ

ᠳᠠᠪᠢᠯᠠᠩ ᠵᠠᠶ‍ᠠᠭᠠᠨ ᠡᠴᠡ ᠪᠠᠨ ᠦᠷᠢᠰᠴᠤ ᠵᠦᠭ᠌ ᠪᠣᠷᠤᠭᠤᠯᠠᠨ ᠵᠢᠭᠤᠳᠠᠭᠰᠠᠭᠠᠷ

ᠳᠠᠷᠠ ᠪᠢᠳᠠᠨ ᠬᠤᠶ‍ᠠᠷ ᠴᠠᠢ᠌ᠯᠭᠠᠨ ᠥᠰᠢᠶ‍ᠡᠷᠭᠡᠯ ᠳᠡᠭᠡᠨ ᠳᠡᠢ᠌ᠯᠳᠡᠳᠡᠭ᠌

ᠪᠣᠴᠠᠬᠤ ᠵᠠᠮ ᠦᠭᠡᠶ ᠳᠤᠷᠠᠯᠠᠯ ᠳᠠᠭᠠᠨ ᠭᠦᠳᠦᠯᠦᠭ᠍ᠳᠡᠭ᠍ᠰᠡᠨ ᠴᠤ

ᠪᠠᠶ᠎ᠠ ᠪᠠᠶ‍ᠠᠨ ᠳᠡᠭᠡᠨ ᠳᠤᠨᠢᠷᠬᠠᠵᠤ ᠶ‍ᠠᠪᠣᠳᠠᠭ

ᠪᠢᠳᠠᠨ ᠬᠤᠶ‍ᠠᠷ ᠤᠨ ᠳᠦᠭᠡᠷᠭᠡ ᠭᠡᠵᠤ

ᠪᠦᠭᠦᠭᠦ ᠶᠢᠨ ᠰᠤᠪᠢᠩ ᠠᠨᠢᠷᠯᠠᠭ᠎ᠠ ᠥᠭᠡᠢ

ᠪᠢᠳᠡᠭᠦᠭᠡᠨ ᠭᠡᠷᠡᠯᠳᠦᠭ᠍ᠰᠡᠨ ᠵᠤᠯᠠ ᠪᠠᠢ᠌ᠵᠠᠢ ᠳ᠋ᠠ


ᠵᠤᠭᠢᠶ‍ᠠᠭᠴᠢ ᠶᠢᠨ ᠬᠠᠶ‍ᠢᠭ᠄ ᠰᠢᠯᠤᠭᠤᠨ ᠭᠦᠪᠠᠭᠡᠳᠤ ᠴᠠᠭᠠᠨ ᠬᠤᠰᠢᠭᠤᠨ ᠤ ᠰᠢᠤᠳᠠᠨ ᠳᠤᠪᠴᠢᠶ‍ᠠᠨ ᠤ 181 ᠵᠠᠭᠢᠳᠠᠯ ᠤᠨ ᠬᠠᠢ᠌ᠷᠴᠠᠭ


ᠵᠤᠬᠢᠶᠠᠭᠴᠢ᠄ ᠲ·ᠡᠷᠳᠡᠨᠢᠴᠢᠮᠡᠭ
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《 ᠦᠨᠢᠷ ᠴᠡᠴᠡᠭ
ᠳᠠᠷᠤᠮ᠄ 10285
ᠴᠠᠭ᠄ 2009 ᠤᠨ ᠤ 05 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ