☆ ᠴᠤ᠊·ᠭᠡᠷᠡᠯᠪᠠᠭᠠᠳᠤᠷ
ᠨᠤᠳᠤᠭ ᠬᠡᠯᠡ ᠬᠤᠶᠠᠷ
ᠨᠤᠳᠤᠭ ᠭᠡᠯᠡ ᠬᠤᠶᠠᠷ
ᠨᠢᠳᠤ ᠨᠢᠯᠪᠣᠰᠤ ᠬᠤᠶᠠᠷ ᠪᠠᠢ᠌ᠭᠰᠠᠨ ᠶᠤᠮ
ᠵᠢᠷᠭᠠᠯ ᠴᠡᠩᠭᠡᠯ ᠤᠨ ᠨᠢᠯᠪᠣᠰᠤ
ᠵᠢᠪᠠᠷᠳᠠᠢ ᠭᠤᠨᠢᠭ ᠤᠨ ᠠᠶᠠᠰ ᠶᠢᠡᠷ ᠡᠰᠭᠡᠭ᠍ᠳᠡᠭᠦ ᠶᠤᠮ
ᠨᠤᠳᠤᠭ ᠭᠡᠯᠡ ᠬᠤᠶᠠᠷ
ᠣᠪᠣᠭ᠎ᠠ ᠳᠠᠭᠢᠯᠭ᠎ᠠ ᠬᠤᠶᠠᠷ ᠪᠠᠢ᠌ᠭᠰᠠᠨ ᠶᠤᠮ
ᠣᠩᠭ᠋ᠤᠨ ᠳᠠᠭᠢᠯᠭᠠᠳᠤ ᠣᠪᠣᠭ᠎ᠠ
ᠣᠯᠠᠭᠠᠨ ᠭᠠᠩ ᠶᠢᠡᠷ ᠮᠡᠭ᠍ᠰᠢᠭᠦ ᠶᠤᠮ
ᠨᠤᠳᠤᠭ ᠭᠡᠯᠡ ᠬᠤᠶᠠᠷ
ᠰᠦ᠋ ᠰᠦᠵᠢᠭ ᠬᠤᠶᠠᠷ ᠪᠠᠢ᠌ᠭᠰᠠᠨ ᠶᠤᠮ
ᠬᠠᠢ᠌ᠷ᠎ᠠ ᠶᠢᠨ ᠴᠠᠭᠠᠨ ᠰᠥ᠋
ᠭᠡᠭᠡᠷ᠎ᠡ ᠶᠢᠨ ᠮᠠᠨᠠᠨ ᠶᠢᠡᠷ ᠡᠭᠡᠳᠡᠭᠦ ᠶᠤᠮ
ᠨᠤᠳᠤᠭ ᠭᠡᠯᠡ ᠬᠤᠶᠠᠷ
ᠵᠢᠷᠦᠭᠡ ᠳᠠᠷᠢᠭᠢ ᠬᠤᠶᠠᠷ ᠪᠠᠢ᠌ᠭᠰᠠᠨ ᠶᠤᠮ
ᠵᠢᠷᠦᠭᠡᠨ ᠤ ᠴᠠᠭᠠᠨ ᠦᠴᠢᠯ
ᠵᠣᠢ᠌ᠳᠠᠯ ᠦᠭᠡᠶ ᠳᠡᠭ᠍ᠷᠢ ᠳᠤ ᠠᠶᠤᠩᠭ᠋ᠠᠯᠠᠬᠤ ᠶᠤᠮ
ᠨᠤᠳᠤᠭ ᠭᠡᠯᠡ ᠬᠤᠶᠠᠷ
ᠨᠠᠭᠤᠷ ᠬᠤᠨ ᠬᠤᠶᠠᠷ ᠪᠠᠢ᠌ᠭᠰᠠᠨ ᠶᠤᠮ
ᠦᠨᠤᠴᠢᠨ ᠭᠡᠳᠤᠨ ᠬᠤᠨ
ᠡᠪᠦᠯ ᠤᠨ ᠡᠭᠢᠨ ᠡᠴᠡ ᠪᠦᠯᠳᠡᠭᠡᠨᠡᠭᠦ ᠶᠤᠮ
ᠨᠤᠳᠤᠭ ᠭᠡᠯᠡ ᠬᠤᠶᠠᠷ
ᠡᠭᠡ ᠰᠤᠷᠭᠠᠭᠤᠯᠢ ᠡᠷᠭᠡ ᠭᠡᠦᠭᠡᠤᠨ ᠬᠤᠶᠠᠷ ᠪᠠᠢ᠌ᠭᠰᠠᠨ ᠶᠤᠮ
ᠰᠤᠮᠤᠨ ᠤ ᠭᠡᠳᠤᠨ ᠰᠤᠷᠭᠠᠭᠤᠯᠢ
ᠳᠤᠯᠢᠨ ᠤ ᠳᠤᠭᠤᠰᠤ ᠰᠢᠭ ᠠᠷᠴᠢᠭᠳᠠᠬᠤ ᠶᠤᠮ
ᠨᠤᠳᠤᠭ ᠭᠡᠯᠡ ᠬᠤᠶᠠᠷ
ᠠᠭᠠᠷ ᠣᠰᠤ ᠬᠤᠶᠠᠷ ᠪᠠᠢ᠌ᠭᠰᠠᠨ ᠶᠤᠮ
ᠠᠯᠳᠠᠨ ᠳᠠᠪᠤᠨ ᠮᠦᠰᠤ ᠪᠠᠷ
ᠠᠯᠤᠩᠭ᠋ᠤᠸ᠎ᠠ ᠡᠵᠢ ᠮᠢᠨᠢ ᠵᠠᠭᠢᠭᠰᠠᠨ ᠶᠤᠮ
ᠨᠤᠳᠤᠭ ᠭᠡᠯᠡ ᠬᠤᠶᠠᠷ
ᠴᠢᠰᠤ ᠶᠠᠰᠤ ᠬᠤᠶᠠᠷ ᠮᠢᠨᠢ ᠪᠠᠢ᠌ᠭᠰᠠᠨ ᠶᠤᠮ
ᠴᠢᠩᠭᠢᠰ ᠪᠣᠭᠳᠠ ᠮᠢᠨᠢ ᠴᠢ ᠪᠢᠳᠠᠨ ᠳ᠋ᠤ
ᠴᠡᠯᠮᠡᠭ᠌ ᠪᠦᠳᠤᠨ ᠶᠢᠡᠷ ᠨᠢ ᠥᠯᠡᠳᠡᠭᠡᠭ᠍ᠰᠡᠨ ᠶᠤᠮ
ᠬᠠᠷᠠᠬᠤᠷᠤᠮ ᠤᠨ ᠴᠢᠯᠠᠭᠤᠨ ᠮᠡᠯᠡᠭᠡᠢ
ᠳᠦᠷᠤ ᠶᠢᠨ ᠵᠢᠯᠤᠭᠤ
ᠳᠣᠢ᠌ᠮᠠᠷ ᠤᠨ ᠭᠠᠯ ᠊ᠢ
ᠳᠤᠭᠤᠯᠤᠭᠠ ᠦᠭᠡᠶ ᠶᠤᠮ ᠰᠢᠭ᠌
ᠳᠠᠢ᠌ᠪᠣᠩ
ᠵᠠᠳᠠᠷᠠᠭᠰᠠᠨ ᠣᠷᠤᠭ ᠊ᠤᠨ
ᠵᠤᠳᠠᠷᠠᠭᠰᠠᠨ ᠳᠡᠦᠭᠡ ᠵᠢ
ᠵᠠᠨᠤᠭᠠ ᠦᠭᠡᠶ ᠶᠤᠮ ᠰᠢᠭ᠌
ᠳᠠᠢ᠌ᠪᠣᠩ
ᠴᠡᠯᠮᠡᠭ᠌ ᠣᠷᠬᠤᠨ ᠊ᠤ
ᠡᠮᠨᠢᠭ᠌ ᠣᠷᠤᠰᠬᠠᠯ ᠊ᠢ
ᠴᠢᠩᠨᠠᠭᠠ ᠦᠭᠡᠶ ᠶᠤᠮ ᠰᠢᠭ᠌
ᠳᠠᠢ᠌ᠪᠣᠩ
ᠭᠠᠵᠠᠷ ᠳᠡᠭ᠍ᠷᠢ ᠬᠤᠶᠠᠷ ᠢ ᠡᠯᠡᠭᠯᠡᠭᠦ ᠰᠢᠭ᠌
ᠭᠠᠪᠢᠶ᠎ᠠ ᠭᠠᠢ ᠬᠤᠶᠠᠷ ᠢ ᠭᠡᠷᠡᠴᠢᠯᠡᠭᠦ ᠰᠢᠭ᠌
ᠬᠠᠷᠠᠬᠤᠷᠤᠮ ᠤᠨ ᠴᠢᠯᠠᠭᠤᠨ ᠮᠡᠯᠡᠭᠡᠢ
ᠬᠠᠭᠠᠨ ᠰᠢᠭ ᠳᠠᠢ᠌ᠪᠣᠩ
ᠵᠤᠭᠢᠶᠠᠭᠴᠢ ᠶᠢᠨ ᠬᠠᠶᠢᠭ᠄ ᠭᠦᠪᠠᠭᠡᠳᠤ ᠰᠢᠷ᠎ᠠ ᠬᠤᠰᠢᠭᠤᠨ ᠤ ᠣᠤᠠᠬ᠎ᠠ ᠣᠷᠠᠯᠢᠭ ᠤᠨ ᠭᠢᠨ ᠤ ᠬᠤᠯᠪᠣᠭ᠎ᠠ
ᠵᠤᠬᠢᠶᠠᠭᠴᠢ᠄ ᠴᠤ᠊·ᠭᠡᠷᠡᠯᠪᠠᠭᠠᠳᠤᠷ
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《
ᠦᠨᠢᠷ ᠴᠡᠴᠡᠭ 》
ᠳᠠᠷᠤᠮ᠄ 10850
ᠴᠠᠭ᠄ 2009 ᠤᠨ ᠤ 05 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ