ᠨᠡᠪᠲᠡᠷᠡᠨ ᠤᠷᠤᠬᠤ
ᠪᠤᠷᠬᠠᠨ ᠠᠯᠳᠠᠢ ᠶᠢᠨ ᠠᠨᠢᠷ

(ᠮᠦᠩᠬᠦᠨ ᠤᠳᠤᠨ ᠱᠠᠩᠨᠠᠯᠳᠤ)


ᠣᠨᠠᠬᠣ ᠨᠠᠷᠠ ᠪᠠᠨ ᠠᠷᠭᠠᠮᠵᠢᠨ ᠣᠷᠳᠣ ᠶᠢᠨ ᠲᠠᠭᠣᠤ ᠨᠢ ᠰᠢᠷᠣᠩᠬᠠᠢ᠌ᠯᠠᠬᠣᠢ

ᠠᠭᠣᠯᠠᠰ ᠤᠨ ᠲᠡᠷᠢᠬᠥᠨ ᠠᠯᠳᠠᠢ ᠲᠣᠣᠯᠢᠰ ᠤᠨ ᠰᠠᠯᠬᠢᠨ ᠳᠤ ᠠᠨᠢᠷᠳᠣᠨ᠎ᠠ

ᠣᠳᠣᠳᠠᠢ ᠲᠡᠭ᠍ᠷᠢ ᠶᠢ ᠣᠭᠰᠢᠭᠣᠯᠵᠣ ᠲᠣᠯᠣᠭᠠᠳ ᠤᠨ ᠴᠠᠭᠠᠨ᠎ᠠ ᠡᠴᠡ ᠡᠬᠢᠯᠡᠬᠥ ᠰᠢᠭ᠌

ᠣᠷᠣ ᠡᠬᠥᠯᠡᠰ ᠣᠷᠣᠮᠳᠠᠵᠣ ᠲᠤᠷᠳᠤᠩ ᠨᠠᠮᠣᠷ ᠶᠢᠠᠷ ᠢᠷᠡᠭ᠍ᠰᠡᠨ ᠰᠢᠭ᠌

ᠮᠣᠷᠢᠳᠠᠢ ᠰᠥᠯᠳᠡ ᠲᠡᠶ ᠪᠠᠨ ᠴᠢᠯᠠᠭᠣᠵᠢᠭᠰᠠᠨ ᠪᠣᠮᠪᠠ ᠶᠢᠨ ᠪᠣᠷᠬᠠᠨ ᠠᠯᠳᠠᠢ ᠮᠢᠨᠢ

ᠮᠦᠩᠬᠡ ᠲᠡᠭ᠍ᠷᠢ ᠲᠡᠶ ᠪᠠᠨ ᠰᠢᠳᠥᠯᠴᠡᠭ᠍ᠰᠡᠨ ᠪᠣᠶᠠᠨ ᠤ ᠲᠠᠷᠬᠠᠨ ᠠᠭᠣᠯᠠ ᠮᠢᠨᠢ

ᠨᠡᠬᠥᠳᠡᠯ ᠤᠨ ᠲᠣᠭᠣᠰᠣ ᠪᠠᠨ ᠬᠠᠷᠠᠭᠠᠳ ᠴᠢᠯᠠᠭᠣᠳ ᠨᠢ ᠬᠦᠷᠳᠡᠯ᠎ᠡ ᠨᠢᠯᠪᠣᠰᠣᠷᠠᠵᠣ ᠪᠠᠢ᠌ᠯ᠎ᠠ

ᠨᠢᠬᠥᠯ ᠦᠷᠬᠥᠬᠡᠨ ᠨᠠᠮᠠᠠᠴᠢᠯᠠᠨ ᠨᠣᠭᠣᠨ ᠦᠷ᠎ᠡ ᠴᠢᠨᠢ ᠵᠠᠯᠪᠠᠷᠢᠵᠣ ᠪᠠᠢ᠌ᠯ᠎ᠠ

ᠲᠡᠷᠯᠢᠭ᠌ ᠦᠨ ᠡᠮᠵᠢᠶᠠᠷᠢ ᠰᠢᠭ᠌ ᠰᠠᠳᠬᠢᠯ ᠮᠢᠨᠢ ᠲᠠᠰᠴᠣ ᠴᠢᠳᠠᠯ ᠦᠭᠡᠶ ᠴᠢᠮᠢ᠋ᠢ ᠪᠠᠨ ᠰᠠᠨᠠᠯ᠎ᠠ

ᠲᠡᠬᠡᠪᠥᠷ ᠴᠠᠭᠠᠨ ᠠᠯᠳᠠᠢ ᠮᠢᠨᠢ ᠲᠠᠷ᠎ᠠ ᠲᠡᠬᠡᠷ᠎ᠡ ᠨᠠᠮᠢ᠋ᠢ ᠲᠠᠯᠠᠯᠬᠣ ᠪᠠᠷ

ᠠᠯᠳᠠᠢ ᠲᠠᠢ᠌ᠰᠢ ᠪᠠᠨ ᠶᠠᠪᠣᠬᠤᠯ᠎ᠠ ᠠᠳᠠᠨ ᠲᠡᠮᠠᠬᠡᠨ ᠭᠠᠵᠠᠷᠴᠢ ᠬᠡᠳᠡᠭ

ᠠᠮᠠᠷᠠᠭ ᠲᠠᠢ᠌ᠰᠢ ᠪᠠᠨ ᠶᠠᠪᠤᠬᠤᠯ᠎ᠠ ᠬᠣᠶᠠᠷ ᠨᠢᠳᠣᠨ ᠭᠠᠵᠠᠷᠴᠢ ᠬᠡᠳᠡᠭ


ᠲᠦᠩᠬᠡᠯᠢᠭ᠌ ᠭᠣᠷᠣᠬᠠᠨ ᠤ ᠣᠰᠣ ᠨᠢ ᠲᠣᠪᠰᠢᠭᠣᠷ ᠤᠨ ᠡᠬᠡᠰᠢᠭ᠌ ᠲᠤ ᠬᠣᠨᠢᠶᠠᠷᠳᠣᠨ

ᠲᠣᠭᠣᠷᠢᠯ ᠬᠠᠨ ᠤ ᠪᠠᠭᠣᠴᠠ ᠨᠢ ᠲᠣᠣᠷᠠᠢ ᠶᠢᠨ ᠡᠯᠢᠬᠡᠨ ᠳᠤ ᠣᠨᠢᠶᠠᠷᠳᠣᠬᠣᠢ

ᠲᠠᠯ ᠲᠡᠶ ᠴᠢᠨᠣ᠎ᠠ ᠨᠢ ᠣᠯᠢᠬᠤ ᠳᠤ ᠲᠡᠯᠠᠬᠡᠢ ᠶᠢᠨ ᠮᠠᠩᠨᠠᠢ ᠲᠡᠨᠡᠢᠬᠦ ᠰᠢᠭ᠌

ᠭᠠᠯ ᠲᠡᠶ ᠴᠢᠯᠠᠭᠣ ᠨᠢ ᠴᠠᠬᠢᠯᠬᠣ ᠳᠤ ᠭᠠᠵᠠᠷ ᠤᠨ ᠲᠠᠩᠨᠠᠢ ᠣᠶᠠᠷᠠᠬᠣ ᠰᠢᠭ

ᠬᠦᠷᠡᠨᠭ᠌ ᠪᠦᠷᠭᠦᠳ ᠤᠨ ᠶᠢᠡᠨ ᠰᠠᠯᠬᠢᠨ ᠳᠤ ᠬᠦᠬᠡ ᠠᠬᠢ ᠨᠢ ᠬᠦᠪᠥᠷᠡᠳᠡᠭ

ᠬᠥᠭ᠌ ᠲᠡᠶ ᠬᠣᠭᠣᠷ ᠤᠨ ᠠᠢ᠌ᠵᠠᠮ ᠳ᠋ᠣᠨᠢ ᠬᠦᠨᠥᠭ ᠲᠡᠶ ᠰᠥ᠋ ᠨᠢ ᠬᠦᠬᠡᠰᠥᠷᠠᠳᠡᠭ

ᠲᠡᠭ᠍ᠵᠢᠷᠡᠬᠥ ᠬᠣᠷᠸ᠎ᠠ ᠶᠢᠨ ᠥᠩᠬᠡ ᠶᠢ ᠭᠠᠭᠴᠠᠬᠠᠨ ᠪᠠᠶ᠎ᠠ ᠳᠡᠭᠡᠨ ᠡᠮᠵᠢᠭ᠍ᠰᠡᠨ

ᠲᠡᠬᠡᠳᠥᠰ ᠤᠨ ᠵᠢᠷᠣᠬᠠᠢ ᠠᠯᠳᠠᠢ ᠮᠢᠨᠢ ᠲᠡᠯᠠᠬᠡᠢ ᠳᠤ ᠲᠠᠩᠰᠣᠭ ᠪᠣᠯᠬᠣ ᠪᠠᠷ ᠶᠢᠠᠨ

ᠲᠡᠭ᠍ᠷᠢ ᠳᠡᠭᠡᠨ ᠰᠠᠴᠣᠯᠢ ᠲᠡᠶ ᠠᠢ᠌ᠯ ᠨᠢ ᠪᠣᠶᠠᠨ ᠲᠡᠶ ᠲᠣᠷᠭ᠎ᠠ ᠪᠠᠷ ᠬᠡᠳᠡᠰᠤ ᠪᠠᠨ ᠣᠷᠢᠶᠠᠳᠠᠭ ᠶᠢᠠᠷ

ᠡᠩᠬᠡᠷ ᠲᠡᠭᠡᠨ ᠢᠷᠥᠬᠡᠯ ᠲᠡᠶ ᠠᠷᠠᠳ ᠨᠢ ᠪᠣᠶᠠᠨ ᠤ ᠰᠢᠭᠣᠷᠭ᠎ᠠ ᠪᠠᠷ ᠮᠠᠯ ᠶᠢᠠᠨ ᠣᠷᠢᠶᠠᠳᠠᠭ ᠶᠢᠠᠷ

ᠠᠨᠳᠣᠤ ᠲᠠᠢ᠌ᠰᠢ ᠪᠠᠨ ᠶᠠᠪᠤᠬᠤᠯ᠎ᠠ ᠬᠣᠯᠠ ᠶᠢᠨ ᠬᠡᠰᠢᠭ᠌ ᠬᠣᠷᠠᠳᠠᠭ ᠰᠠᠨ

ᠠᠯᠳᠠᠢ ᠲᠠᠢ᠌ᠰᠢ ᠪᠠᠨ ᠶᠠᠪᠤᠬᠤᠯ᠎ᠠ ᠠᠵᠠ ᠶᠢᠨ ᠬᠡᠢ ᠮᠣᠷᠢ ᠰᠡᠷᠬᠥᠳᠡᠭ ᠰᠠᠨ


ᠲᠣᠩᠭ᠋ᠣᠨ ᠬᠡᠬᠥᠤ ᠶᠢᠨ ᠰᠥ᠋ ᠰᠢᠭ᠌ ᠣᠩᠭ᠋ᠣᠨ ᠴᠠᠭᠠᠨ ᠰᠠᠯᠬᠢᠨ ᠳᠤ

ᠲᠣᠣᠯᠢᠰ ᠤᠨ ᠦᠨᠳᠥᠷ ᠠᠯᠳᠠᠢ ᠮᠢᠨᠢ ᠲᠣᠯᠭ᠎ᠠ ᠶᠢᠨ ᠭᠠᠯ ᠰᠢᠭ ᠠᠮᠢᠰᠬᠣᠯᠯᠠᠨ᠎ᠠ

ᠠᠷᠠᠠᠵᠠᠯ ᠵᠠᠬᠡᠷᠳᠡ ᠶᠢᠨ ᠲᠥᠷᠣᠬᠡᠨ ᠲᠡᠬᠡᠷ᠎ᠡ ᠡᠴᠡ ᠠᠯᠳᠠᠢ ᠶᠢᠨ ᠲᠠᠯ᠎ᠠ ᠶᠢ ᠦᠨᠥᠰᠬᠥ ᠳᠤ

ᠠᠳᠭᠣᠨ ᠴᠢᠨᠡᠬᠡᠨ ᠰᠢᠷᠣᠢ ᠨᠢ ᠬᠦᠷᠳᠡᠯ᠎ᠡ ᠠᠮᠢᠨ ᠬᠠᠢ᠌ᠷ᠎ᠠ ᠰᠢᠭ ᠲᠠᠩᠭ᠋ᠠᠷᠢᠭᠯᠠᠯᠴᠠᠳᠠᠭ ᠤᠨ ᠣᠴᠢᠷ

ᠪᠢᠳᠡᠬᠥᠤ ᠵᠠᠭᠣᠨ ᠤ ᠲᠣᠮᠣᠭ ᠦᠴᠢᠵᠦ ᠠᠯᠳᠠᠢ ᠮᠢᠨᠢ ᠨᠠᠳᠠ ᠣᠷᠣᠭᠣ ᠶᠠᠭᠠᠷᠠᠵᠣ ᠲᠠᠮᠠᠣᠯᠣᠨ᠎ᠠ

ᠪᠢᠯᠡᠬᠥᠤ ᠬᠡᠯᠡᠨ ᠤ ᠣᠮᠣᠭ ᠢᠷᠯᠠᠵᠣ ᠵᠢᠷᠥᠬᠡᠨ ᠣᠷᠣᠭᠣ ᠮᠢᠨᠢ ᠣᠶᠠᠰᠴᠣ ᠲᠠᠮᠠᠣᠯᠣᠨ᠎ᠠ

ᠲᠣᠭᠳᠠᠵᠣ ᠪᠣᠯᠳᠠᠭ ᠦᠭᠡᠶ ᠰᠠᠳᠬᠢᠯ ᠮᠢᠨᠢ ᠠᠯᠳᠠᠢ ᠣᠷᠣᠭᠣ ᠦᠮᠴᠢᠷᠬᠡᠵᠦ ᠬᠦᠶᠦᠨ᠎ᠠ

ᠲᠣᠷᠣ ᠰᠢᠪᠠᠭᠣᠨ ᠲᠣᠣᠷ ᠲᠤ ᠦᠭᠡᠶ ᠦᠨᠳᠥᠷ ᠵᠦᠭ᠌ ᠦᠭᠰᠦᠵᠦ ᠬᠦᠶᠦᠨ᠎ᠠ

ᠡᠵᠠᠨ ᠴᠢᠩᠬᠢᠰ ᠤᠨ ᠡᠷᠳᠠᠨᠢ ᠬᠦᠯᠥᠭ ᠰᠢᠭ᠌ ᠦᠨᠳᠡᠬᠡᠨ ᠴᠠᠭᠠᠨ ᠠᠯᠳᠠᠢ ᠪᠠᠨ

ᠡᠷᠠᠬᠡᠢ ᠲᠠᠷᠣᠮ᠎ᠠ ᠡᠨᠡᠬᠡᠨ ᠵᠠᠢ ᠳᠤ ᠦᠮᠣᠬᠡᠷᠡᠵᠦ ᠦᠳᠡᠯᠳᠡᠭ ᠤᠨ ᠣᠴᠢᠷ

ᠠᠶᠠᠨ ᠤ ᠲᠠᠢ᠌ᠰᠢ ᠪᠠᠨ ᠶᠠᠪᠤᠬᠤᠯ᠎ᠠ ᠠᠪᠣ ᠶᠢᠨ ᠨᠣᠳᠣᠭ ᠦᠨᠥᠷᠲᠦᠳᠡᠭ ᠶᠣᠮ

ᠠᠯᠳᠠᠢ ᠲᠠᠢ᠌ᠰᠢ ᠪᠠᠨ ᠶᠠᠪᠤᠬᠤᠯ᠎ᠠ ᠠᠯᠳᠠᠨ ᠨᠢᠭᠣᠴᠠ ᠰᠣᠨᠣᠷᠳᠠᠳᠠᠭ ᠶᠣᠮ᠃


ᠵᠠᠬᠥᠯᠳᠡ᠄ ᠪᠣᠶᠠᠨ ᠤ ᠰᠢᠭᠣᠷᠭ᠎ᠠ ︱ ᠨᠠᠮᠣᠭᠣᠬᠠᠨ ᠰᠢᠭᠣᠷᠬᠣ ᠬᠠᠪᠣᠷ ᠤᠨ ᠴᠠᠰᠣ᠃


ᠵᠤᠬᠢᠶᠠᠭᠴᠢ ᠶᠢᠨ ᠬᠠᠶ‍ᠢᠭ᠄ ᠦᠪᠥᠷ ᠮᠣᠩᠭ᠋ᠣᠯ ᠤᠨ ᠪᠠᠭᠰᠢ ᠶᠢᠨ ᠶᠡᠬᠡ ᠰᠣᠷᠭᠠᠭᠣᠯᠢ ᠶᠢᠨ ᠮᠣᠩᠭ᠋ᠣᠯ ᠰᠣᠳᠣᠯᠣᠯ ᠤᠨ ᠲᠡᠬᠡᠲᠦ ᠰᠣᠷᠭᠠᠭᠣᠯᠢ ᠶᠢᠨ 07 ᠣᠨ ᠤ ᠮᠣᠩᠭ᠋ᠣᠯ ᠬᠡᠯᠡ ᠣᠣᠠᠬ᠎ᠠ ᠵᠤᠬᠢᠶᠠᠯ ᠤᠨ ᠰᠠᠯᠪᠣᠷᠢ

ᠵᠤᠬᠢᠶᠠᠭᠴᠢ᠄ ᠳᠤᠷᠭᠤᠳ ᠠ᠊·ᠪᠠᠰᠠᠩ
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《 ᠦᠨᠢᠷ ᠴᠡᠴᠡᠭ
ᠳᠠᠷᠤᠮ᠄ 10041
ᠴᠠᠭ᠄ 2009 ᠤᠨ ᠤ 04 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ