ᠨᠡᠪᠲᠡᠷᠡᠨ ᠤᠷᠤᠬᠤ
ᠳᠡᠭᠷᠢ ᠵᠤᠯᠭᠠᠷᠠᠬᠤ ᠴᠠᠭ

ᠠᠭᠤᠯᠠ ᠶᠢᠨ ᠪᠣᠭᠤ ᠨᠢ

ᠬᠠᠨᠢ ᠦᠦ᠂ ᠬᠠᠨᠢ ᠦᠦ⁈ ᠣᠷᠤᠮᠳᠠᠬᠤ ᠳ᠋ᠤ

ᠬᠠᠮᠢᠭ᠎ᠠ ᠭᠢᠵᠠᠭᠠᠷ ᠠᠨᠢᠷ ᠴᠢᠮᠡᠭᠡ ᠥᠭᠡᠢ


ᠣᠰᠤᠨ ᠤ ᠰᠢᠪᠠᠭᠤ ᠨᠢ

ᠬᠠᠷᠢ ᠦᠦ᠂ ᠬᠠᠷᠢ ᠦᠦ⁈ ᠨᠤᠷᠭᠢᠯᠳᠤᠬᠤ ᠳ᠋ᠤ

ᠬᠠᠨ ᠴᠡᠩᠭᠡᠷ ᠳᠡᠭ᠍ᠷᠢ ᠭᠢᠯᠢ ᠥᠭᠡᠢ


ᠡᠪᠠᠰᠤᠨ ᠤ ᠰᠢᠪᠠᠵᠢ ᠨᠢ ᠭᠦᠷᠳᠡᠯ᠎ᠡ

ᠬᠠᠢ᠌ᠷ᠎ᠠ ᠦᠦ᠂ ᠬᠠᠢ᠌ᠷ᠎ᠠ ᠦᠦ⁈ ᠴᠠᠷᠭᠢᠬᠤ ᠳ᠋ᠤ

ᠬᠠᠮᠤᠭ ᠨᠠᠮᠤᠷ ᠶᠢᠡᠷ ᠶᠢᠡᠨ ᠭᠢᠷᠠᠭᠤ ᠥᠭᠡᠢ


ᠣᠴᠤᠭ ᠤᠨ ᠴᠢᠯᠠᠭᠤ ᠪᠠᠨ ᠳᠤᠭᠤᠷᠢᠵᠤ

ᠨᠠᠮᠤᠷ ᠤᠨ ᠥᠩᠭᠡ ᠶᠢ ᠣᠭᠤᠴᠢᠬᠤ ᠳ᠋ᠤ

ᠮᠢᠩᠭ᠋ᠠᠨ ᠵᠢᠯ ᠠᠮᠳᠠ ᠨᠢ ᠬᠤᠪᠢᠷᠠᠭ᠎ᠠ ᠥᠭᠡᠢ


ᠣᠴᠢᠷ ᠲᠡᠶ ᠵᠤᠭᠤᠭ ᠤᠨ ᠳᠤᠮᠳᠠ

ᠡᠪᠦᠭᠡᠤᠨ ᠤᠨ ᠶᠢᠡᠨ ᠰᠦᠷ ᠢ ᠰᠠᠨᠠᠭᠠᠯᠵᠠᠬᠤ ᠳ᠋ᠤ

ᠮᠢᠩᠭ᠋ᠠᠨ ᠣᠨ ᠵᠢᠯᠤᠭᠤ ᠨᠢ ᠰᠤᠯᠠᠷᠠᠭ᠎ᠠ ᠥᠭᠡᠢ


ᠠᠯᠠᠭᠯᠠᠵᠤ

ᠨᠠᠪᠴᠢᠰ ᠠᠯᠠᠭᠠᠨ ᠳᠤ ᠣᠢ᠌ᠷᠠᠳᠤᠨ᠎ᠠ

ᠠᠪᠣ ᠶᠢᠨ ᠰᠠᠷᠵᠢᠮ ᠳᠤ ᠠᠭᠤᠯᠠ ᠬᠠᠯᠠᠰᠠᠨ᠎ᠠ


ᠠᠷᠤ ᠶᠢᠨ ᠰᠢᠭᠤᠢ ᠪᠠᠷ ᠠᠭᠤᠯᠠ ᠣᠢ᠌ᠴᠢᠨ᠎ᠠ

ᠠᠯᠳᠠᠯᠠᠵᠤ

ᠰᠡᠭᠦᠳᠡᠷ ᠳᠤᠨᠢ ᠨᠠᠷᠠ ᠣᠢ᠌ᠴᠢᠨ᠎ᠠ


ᠨᠠᠮᠤᠷ

ᠮᠤᠷᠳᠠᠨ᠎ᠠ ᠦᠦ⁈ ᠭᠡᠵᠤ ᠨᠠᠮᠬᠠᠨ ᠮᠦᠰᠢᠶ‍ᠠᠨ᠎ᠠ

ᠨᠠᠪᠴᠢ ᠨᠢ ᠰᠡᠢ᠌ᠷᠡᠭ᠍ᠵᠢᠭᠦ ᠪᠠᠷ ᠵᠢᠷᠦᠭᠡ ᠡᠪᠠᠳᠦᠨ᠎ᠡ


ᠨᠠᠳᠠ

ᠪᠠᠢ᠌ᠨ᠎ᠠ ᠦᠦ⁈ ᠭᠡᠵᠤ ᠡᠪᠦᠯ ᠣᠢ᠌ᠷᠠᠳᠤᠨ᠎ᠠ

ᠦᠰᠤ ᠮᠢᠨᠢ ᠴᠠᠩᠬᠤᠳᠠᠬᠤ ᠰᠢᠭ ᠪᠣᠳᠤᠯ ᠣᠯᠠᠳᠠᠨ᠎ᠠ


ᠬᠠᠨᠢ ᠦᠦ᠂ ᠬᠠᠨᠢ ᠦᠦ⁈ ᠭᠡᠮᠡᠨ

ᠪᠣᠭᠤ ᠨᠢ ᠣᠷᠤᠮᠳᠠᠭᠰᠠᠨ ᠳᠠᠭᠠᠨ ᠯᠠ ᠪᠢᠰᠢ

ᠠᠭᠤᠯᠠ ᠡᠭᠦᠯᠡ ᠬᠤᠶ‍ᠠᠷ ᠨᠢ ᠰᠤᠨᠤᠷ ᠢ ᠳᠡᠭᠡᠵᠤ ᠴᠢᠪᠬᠠᠳᠠᠭᠰᠠᠨ


ᠬᠠᠷᠢ ᠦᠦ᠂ ᠬᠠᠷᠢ ᠦᠦ⁈ ᠭᠡᠮᠡᠨ

ᠰᠢᠪᠠᠭᠤᠳ ᠨᠢ ᠯᠠ ᠨᠤᠷᠭᠢᠯᠳᠤᠭᠰᠠᠨ ᠳᠠᠭᠠᠨ ᠪᠢᠰᠢ

ᠣᠰᠤ ᠳᠡᠭ᠍ᠷᠢ ᠬᠤᠶ‍ᠠᠷ ᠨᠢ ᠣᠯᠠᠷᠢᠯ ᠶᠢᠡᠨ ᠳᠡᠭᠡᠵᠤ ᠯᠠ ᠰᠠᠭᠢᠭᠰᠠᠨ


ᠬᠠᠢ᠌ᠷ᠎ᠠ ᠦᠦ᠂ ᠬᠠᠢ᠌ᠷ᠎ᠠ ᠦᠦ⁈ ᠭᠡᠮᠡᠨ

ᠰᠢᠪᠠᠵᠢ ᠨᠢ ᠯᠠ ᠴᠠᠷᠭᠢᠭᠰᠠᠨ ᠳᠠᠭᠠᠨ ᠴᠤ ᠪᠢᠰᠢ

ᠬᠠᠷᠢᠬᠤ ᠨᠠᠮᠤᠷ ᠨᠢ ᠨᠤᠳᠤᠭ ᠲᠠᠭᠠᠨ ᠳᠡᠭᠡᠵᠤ ᠯᠠ ᠬᠤᠷᠭᠤᠳᠠᠭᠰᠠᠨ


ᠦᠠᠳᠤᠷ ᠣᠷᠭᠤᠳᠠᠭ ᠨᠢ ᠳᠡᠭ᠍ᠷᠢ ᠴᠤ ᠶ‍ᠤᠮ ᠊ᠤᠤ

ᠡᠪᠦᠭᠡᠤᠨ ᠮᠢᠨᠢ ᠨᠠᠮᠤᠷ ᠨᠢ ᠴᠤ ᠪᠣᠯᠪᠠ ᠊ᠤᠤ

ᠦᠨᠠᠨ ᠳᠡᠭᠡᠨ ᠪᠢᠳᠠ ᠨᠠᠪᠴᠢ ᠨᠢ ᠯᠠ ᠪᠠᠢ᠌ᠪᠠ ᠦᠦ⁈


ᠵᠤᠭᠢᠶ‍ᠠᠭᠴᠢ ᠶᠢᠨ ᠬᠠᠶ‍ᠢᠭ᠄ ᠠᠷᠤ ᠬᠤᠷᠴᠢᠨ ᠬᠤᠰᠢᠭᠤᠨ ᠤ ᠬᠠᠠᠰᠦ᠋ᠮ᠎ᠠ ᠰᠤᠮᠤ ᠶᠢᠨ ᠳᠠᠪᠣᠯᠢ ᠭᠠᠴᠠᠭ᠎ᠠ


ᠵᠤᠬᠢᠶᠠᠭᠴᠢ᠄ ᠰ·ᠳᠤᠯᠬᠢᠶ᠎ᠠ
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《 ᠦᠨᠢᠷ ᠴᠡᠴᠡᠭ
ᠳᠠᠷᠤᠮ᠄ 9055
ᠴᠠᠭ᠄ 2009 ᠤᠨ ᠤ 05 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ