ᠨᠡᠪᠲᠡᠷᠡᠨ ᠤᠷᠤᠬᠤ
ᠬᠤᠶᠠᠷ ᠭᠤᠵᠤᠩ ᠤᠨ ᠬᠤᠭᠤᠷᠤᠨᠳᠤ (ᠨᠢᠭᠡ)


ᠲᠠᠭᠣᠯᠠ ᠡᠷᠬᠥᠳᠡᠭ ᠲᠤ ᠣᠷᠣᠭᠰᠠᠨ ᠦᠨᠢᠶ᠎ᠡ ᠯᠠᠪᠯᠠᠬᠣ ᠪᠠᠷ ᠭᠠᠷᠣᠭᠠᠳ ᠲᠠᠯ᠎ᠠ ᠶᠢᠨ ᠰᠢᠷ᠎ᠠ ᠵᠠᠮ ᠢ ᠲᠠᠭᠠᠵᠣ ᠶᠠᠪᠣᠭᠰᠠᠭᠠᠷ ᠬᠡᠷᠡᠯ ᠤᠨ ᠳᠤ ᠬᠦᠷᠴᠡᠢ᠃ ᠬᠡᠷᠡᠯ ᠴᠣᠮᠣᠨ ᠳᠤ ᠰᠣᠯᠠ ᠠᠷᠢᠬᠢ ᠬᠢᠵᠣ ᠦᠭ᠍ᠬᠥᠭ᠍ᠰᠡᠨ ᠳᠤ ᠡᠬᠢᠯᠡᠬᠡᠥᠨ ᠲᠠᠷᠠ ᠣᠣᠭᠣᠬᠣ ᠲᠤᠷ᠎ᠠ ᠬᠦᠷᠥᠭᠰᠡᠨ ᠦᠬᠡᠢ᠂ ᠰᠢᠮᠡᠬᠥ ᠰᠢᠭ᠌ ᠦᠷᠴᠶ᠋‍ᠢᠬᠥ ᠰᠢᠭ᠌ ᠪᠣᠯᠵᠣ ᠪᠠᠶ᠋‍ᠢᠳᠠᠯ᠎ᠠ ᠨᠦᠬᠥᠬᠡᠳᠡᠬᠢ ᠨᠢ ᠨᠢᠭᠣᠵᠣ ᠠᠯᠠᠭᠠᠳ ᠬᠠᠪᠴᠢᠵᠣ ᠡᠢᠳᠡᠳᠡᠭ ᠪᠠᠶ᠋‍ᠢᠭᠰᠠᠨ ᠲᠠᠪᠠᠭ ᠲᠡᠶ ᠮᠠᠩᠬᠢᠰᠣ ᠶᠢᠨ ᠮᠢᠬ᠎ᠠ ᠪᠠᠨ ᠠᠶᠠᠭᠠᠨ ᠬᠣᠷᠭᠣᠨ ᠡᠴᠡ ᠪᠠᠨ ᠲᠠᠳᠠᠵᠣ ᠭᠠᠷᠭᠠᠭᠰᠠᠨ ᠲᠣᠯᠠ ᠡᠷᠠᠬᠡ ᠠᠯᠳᠠᠷᠠᠵᠣ᠂ ᠬᠣᠶᠠᠷ ᠡᠮ᠎ᠠ ᠡᠪᠥᠳᠥᠭ ᠲᠣᠬᠣᠢ ᠨᠡᠢᠯᠡᠬᠥᠯᠥᠨ ᠬᠠᠷᠢᠯᠴᠠᠨ ᠪᠠᠶ᠎ᠠ ᠪᠠᠶᠠᠰ ᠤᠨ ᠢᠶᠡᠨ ᠥ ᠰᠠᠪ ᠢ ᠬᠦᠠᠳᠡᠬᠥ ᠦᠭᠡᠶ ᠥᠩᠬᠡᠨ ᠲᠠᠯ᠎ᠠ ᠶᠢᠨ ᠵᠤᠭᠣᠭ ᠲ᠋ᠡᠯᠬᠡᠭ᠍ᠰᠠᠬᠡᠷ ᠦᠳᠡ ᠬᠠᠵᠠᠶ᠋‍ᠢᠬᠣ ᠪᠣᠯᠳᠠᠯ᠎ᠠ ᠬᠡᠳᠥᠨ ᠴᠣᠮᠣ ᠬᠠᠷ᠎ᠠ ᠠᠷᠢᠬᠢ ᠭᠣᠳᠣᠷᠠᠴᠢᠬᠠᠪᠠ᠃ ᠪᠣᠴᠠᠬᠣ ᠳᠠᠭᠠᠨ ᠭᠣᠣᠯ ᠦᠬᠡᠳᠡᠯᠡᠨ ᠨᠢᠳᠣ ᠬᠠᠶᠠᠭᠰᠠᠭᠠᠷ ᠶᠠᠪᠣᠪᠠᠯ ᠦᠨᠢᠶ᠎ᠡ ᠨᠢ ᠬᠡᠷᠡᠯ ᠤᠨ ᠬᠢ ᠡᠴᠡ ᠲᠠᠮᠠᠢ ᠬᠣᠯᠠ ᠦᠭᠡᠶ ᠠᠷᠤ ᠬᠣᠳᠣᠭᠣᠷ ᠤᠨ ᠡᠷᠬᠢᠨ ᠲᠣᠣᠷᠠᠬᠢ ᠰᠢᠪᠠᠷ ᠲᠤ ᠰᠢᠭᠢᠳᠴᠢᠬᠡᠬᠡᠥᠨ ᠪᠠᠶ᠋‍ᠢᠨ᠎ᠠ᠃ ᠬᠡᠪᠡᠯᠢ ᠨᠢ ᠲᠡᠭ᠍ᠳᠡᠢᠳᠡᠯ᠎ᠡ ᠬᠦᠬᠡᠬᠡᠵᠦ᠂ ᠬᠣᠰᠢᠭᠣ ᠪᠠᠨ ᠣᠰᠣᠨ ᠳᠤ ᠲᠥᠷᠣᠬᠡᠥᠨ ᠬᠡᠪᠳᠡᠵᠦ ᠪᠠᠶ᠋‍ᠢᠭ᠎ᠠ ᠦᠨᠢᠶ᠎ᠡ ᠨᠢᠬᠡᠠᠳᠡ ᠮᠠᠯ ᠪᠣᠯᠬᠣ ᠡᠴᠡ ᠪᠠᠨ ᠬᠣᠯᠠᠳᠠᠵᠠᠢ᠃ ᠨᠢᠬᠡᠠᠳᠡ ᠯᠠ ᠦᠨᠢᠶ᠎ᠡ ᠪᠠᠨ ᠠᠯᠠᠭᠠᠳ ᠠᠪᠴᠢᠬᠠᠭᠰᠠᠨ ᠰᠢᠭ ᠪᠣᠯᠣᠭᠰᠠᠨ ᠶ᠋‍ᠢᠠᠷ ᠲᠡᠬᠥᠨ ᠤ ᠣᠣᠭᠣᠭᠰᠠᠨ ᠠᠷᠢᠬᠢ ᠨᠢ ᠲᠣᠣᠷᠠᠬᠠᠨ ᠢᠶᠡᠨ ᠬᠠᠭᠠᠰ ᠰᠡᠷᠬᠥᠵᠡᠢ᠃ ᠡᠳᠣᠷ ᠲᠤ ᠬᠡᠲᠦ ᠣᠳᠠᠭ᠎ᠠ ᠡᠷᠬᠥᠬᠥᠯᠵᠦ ᠪᠣᠰᠬᠠᠭᠠᠯᠭᠠᠳᠠᠭ ᠪᠠᠶ᠋‍ᠢᠭᠰᠠᠨ ᠦᠨᠢᠶ᠎ᠡ ᠶᠣᠮ᠂ ᠰᠡᠬᠥᠯ ᠡᠴᠡ ᠨᠢ ᠲᠠᠳᠠᠵᠣ ᠦᠵᠡᠬᠥ ᠳᠤ ᠬᠦᠳᠡᠯᠬᠥ ᠮᠠᠶ‍ᠢᠭ ᠦᠭᠡᠶ᠃ ᠣᠰᠣᠨ ᠳᠤ ᠣᠷᠣᠵᠣ ᠡᠪᠠᠷ ᠢ ᠨᠢ ᠬᠦᠠᠳᠡᠵᠦ ᠯᠠᠪᠯᠠᠪᠠᠯ ᠨᠢᠳᠣ ᠨᠢ ᠬᠦᠬᠡᠷᠡᠳᠡᠬᠡᠥᠨ ᠲᠣᠭᠳᠠᠴᠢᠬᠠᠭᠰᠠᠨ ᠠᠵᠢ᠃

ᠦᠨᠢᠶ᠎ᠡ ᠪᠠᠨ ᠲᠠᠠᠳᠠ ᠨᠢ ᠣᠷᠬᠢᠭᠠᠳ ᠲᠣᠪᠣ ᠣᠷᠣᠭᠣ ᠪᠣᠴᠠᠬᠣ ᠳᠠᠭᠠᠨ ᠪᠠᠶᠠᠷ ᠲᠤ ᠶᠠᠭᠣ ᠬᠡᠯᠡᠬᠥ ᠪᠠᠨ ᠪᠣᠳᠣᠵᠣ ᠪᠢᠰᠢᠯᠭᠠᠪᠠ᠄ ᠭᠠᠶ᠋‍ᠢᠬᠠᠯᠳᠣ ᠶᠢ ᠬᠣᠯᠠ ᠡᠴᠡ ᠬᠠᠷᠠᠵᠣ ᠪᠠᠶ᠋‍ᠢᠬᠣ ᠳᠤ ᠡᠷᠬᠢ ᠵᠦᠭ᠌ ᠬᠠᠶ᠋‍ᠢᠪᠠᠯᠵᠠᠭᠠᠳ ᠣᠶ᠋‍ᠢᠷᠠᠳᠴᠢᠬᠠᠯ᠎ᠠ ᠠᠷᠤ ᠡᠴᠡ ᠨᠢ ᠪᠠᠷᠬᠢᠷᠠᠬᠣ ᠲ᠋ᠠᠢ ᠬᠦᠶᠥᠬᠥ ᠲᠡᠶ ᠬᠦᠢᠴᠡᠬᠡᠥᠨ ᠬᠦᠷᠪᠡᠯ ᠬᠡᠳᠦᠢᠨ ᠤ ᠬᠦᠵᠡᠬᠡ ᠪᠠᠨ ᠬᠦᠳᠦᠢᠳᠡᠯ᠎ᠡ ᠣᠰᠣ ᠵᠠᠯᠬᠢᠭᠠᠳ ᠬᠡᠪᠳᠡᠵᠦ ᠪᠠᠶ᠋‍ᠢᠪᠠ᠃ ᠡᠠᠢ᠂ ᠴᠢᠳᠬᠥᠷ ᠠᠪᠠᠴᠢᠭ ᠡ ᠁

ᠪᠠᠶᠠᠷ ᠦᠴᠥᠬᠡᠳᠥᠷ ᠣᠷᠣᠢ ᠡᠪᠣᠯᠵᠢᠶᠠᠨ ᠡᠴᠡ ᠶᠠᠪᠠᠭᠠᠨ ᠢᠶᠡᠷ ᠬᠡᠬᠡᠷ᠎ᠡ ᠶᠢᠨ ᠲᠣᠪᠣᠨ ᠳᠠᠭᠠᠨ ᠪᠣᠴᠠᠵᠣ ᠢᠷᠠᠵᠠᠢ᠃ ᠡᠪᠣᠯᠵᠢᠶᠠᠨ ᠳᠤ ᠨᠠᠰᠣᠨ ᠪᠠᠶᠠᠷ ᠬᠢᠬᠥ ᠨᠠᠶ᠋‍ᠢᠷ ᠲᠤ ᠣᠴᠢᠭᠰᠠᠨ ᠲᠣᠯᠠ ᠢᠷᠡᠬᠥ ᠳᠡᠭᠡᠨ ᠱᠠᠯ ᠰᠣᠭᠳᠣᠭᠣ᠂ ᠡᠩᠬᠡᠷ ᠵᠠᠭᠠᠮ᠎ᠠ ᠨᠢ ᠪᠦᠷ ᠣᠷᠠᠭᠳᠠᠵᠣ ᠨᠠᠪᠳᠠᠷᠠᠭᠠᠳ ᠦᠵᠡᠬᠥ ᠶᠢᠨ ᠲᠠᠪᠣᠨ ᠰᠢᠨᠵᠢ ᠦᠭᠡᠶ᠂ ᠬᠦᠮᠥᠨ ᠲᠡᠶ ᠬᠡᠷᠡᠯᠲᠦᠵᠡᠢ ᠬᠡᠨ᠎ᠡ᠃ ᠬᠡᠨ ᠲᠡᠶ ᠬᠡᠷᠡᠯᠳᠥᠭᠰᠡᠨ ᠢᠶᠡᠨ ᠴᠤ ᠬᠡᠯᠡᠬᠥ ᠦᠬᠡᠢ᠂ ᠲᠠᠭᠣᠯᠠ ᠪᠠᠰᠠ ᠶᠠᠪᠣᠳᠠᠯ ᠪᠣᠯᠭᠠᠵᠣ ᠰᠢᠷᠭᠠᠭᠠᠵᠣ ᠠᠰᠠᠭᠣᠭᠰᠠᠨ ᠦᠭᠡᠶ᠃ ᠦᠷᠯᠦᠬᠡ ᠡᠷᠳᠠ ᠠᠷᠢᠬᠢ ᠨᠢ ᠰᠡᠷᠬᠥᠭ᠍ᠰᠡᠨ ᠬᠣᠶ᠋‍ᠢᠨ᠎ᠠ ᠯᠠᠪᠯᠠᠬᠣ ᠳᠤ ᠴᠢᠷᠠᠢ ᠨᠢᠭᠣᠷ ᠨᠢ ᠪᠣᠷᠣᠯᠠᠵᠣ ᠬᠠᠪᠣᠳᠣᠭᠠᠳ ᠦᠬᠡ ᠴᠤ ᠲᠣᠳᠣ ᠬᠡᠯᠡᠵᠦ ᠴᠢᠳᠠᠬᠣ ᠪᠠᠨ ᠪᠣᠯᠢᠵᠠᠢ᠃

ᠲᠡᠬᠥᠨ ᠢ ᠡᠬᠥᠳᠡ ᠠᠯᠬᠤᠨ ᠣᠷᠣᠬᠣ ᠳᠤ ᠪᠠᠶᠠᠷ ᠲᠣᠪᠣᠨ ᠤ ᠬᠠᠠᠵᠣᠨ ᠲᠡᠬᠡᠷ᠎ᠡ ᠪᠠᠨ ᠲᠡᠬᠡᠪᠥᠷ ᠬᠠᠷᠠᠭᠠᠳ ᠬᠡᠪᠳᠡᠵᠦ ᠪᠠᠶ᠋‍ᠢᠪᠠ᠃ ᠦᠨᠢᠶ᠎ᠡ ᠦᠬᠥᠭ᠍ᠰᠡᠨ ᠣᠴᠢᠷ ᠢ ᠭᠠᠷᠭᠠᠵᠣ ᠬᠡᠯᠡᠪᠡᠯ ᠦᠨᠳᠡᠢᠵᠦ ᠰᠠᠭᠣᠭᠠᠳ ᠬᠡᠰᠡᠭ ᠴᠢᠩᠨᠠᠭᠰᠠᠨ ᠪᠣᠯᠪᠠᠴᠣ ᠬᠠᠷᠢᠭᠣ ᠬᠡᠯᠡᠬᠥ ᠬᠡᠥᠨ ᠲᠠᠭᠣ ᠴᠢᠮᠡᠬᠡ ᠭᠠᠷᠭᠠᠵᠣ ᠲᠠᠶ᠋‍ᠢᠯᠣᠯ ᠦᠭᠡᠶ᠂ ᠬᠣᠭᠣᠯᠠᠢ ᠪᠠᠭᠠᠯᠵᠠᠭᠣᠷ ᠢᠶᠡᠨ ᠢᠯᠢᠵᠣ ᠲᠠᠮᠳᠠᠷᠢᠨ᠎ᠠ᠃ ᠣᠮᠳᠠᠭᠠᠰᠣᠭᠠᠳ ᠣᠯᠠᠭᠠᠨ ᠭᠣᠣᠯ ᠨᠢ ᠬᠠᠳᠠᠴᠢᠬᠠᠭᠰᠠᠨ ᠪᠠᠶ᠋‍ᠢᠬᠣ ᠰᠢᠳᠠ ᠬᠡᠵᠦ ᠪᠣᠳᠣᠭᠠᠳ ᠬᠦᠢᠳᠡᠨ ᠴᠠᠢ ᠠᠶᠠᠭᠠᠯᠠᠵᠣ ᠦᠭ᠍ᠪᠡᠯ ᠨᠢᠳᠣ ᠡᠷᠠᠶ᠋‍ᠢᠵᠣ ᠲᠣᠯᠣᠭᠠᠢ ᠰᠡᠭ᠍ᠰᠥᠷᠣᠬᠡᠥᠨ ᠪᠠᠶ᠋‍ᠢᠳᠠᠭ᠃ ᠬᠣᠨᠢᠳ ᠢ ᠬᠣᠷᠢᠭᠰᠠᠭᠠᠷ ᠪᠠᠶ᠋‍ᠢᠨ᠎ᠠ᠂ ᠪᠦᠷᠥᠢ ᠰᠢᠬᠠᠭᠣᠯᠵᠣ ᠪᠠᠶ᠋‍ᠢᠭᠠᠳ ᠲᠠᠯ᠎ᠠ ᠳᠤ ᠭᠠᠷᠭᠠᠶ᠎ᠠ᠂ ᠢᠮᠠᠭᠠᠳ  ᠢ ᠵᠠᠬᠥᠨ ᠬᠠᠳᠠᠨ ᠳᠤ ᠵᠠᠯᠠᠭᠠᠳ ᠲᠠᠯᠪᠢᠴᠢᠬᠠᠭᠰᠠᠨ᠂ ᠣᠢ ᠰᠢᠭᠣᠢ ᠬᠠᠮᠢᠶᠠᠷᠬᠣ ᠲᠣᠪᠴᠢᠶᠠᠨ ᠤ ᠬᠢᠨ ᠢᠷᠡᠬᠥ ᠮᠠᠶ‍ᠢᠭ ᠭᠠᠷᠪᠠᠯ ᠲᠠᠭᠣᠳᠠᠵᠣ ᠪᠠᠭᠣᠯᠭᠠᠭᠠᠳ ᠬᠣᠳᠠᠨ ᠳ᠋ᠣᠨᠢ ᠬᠣᠷᠢᠴᠢᠬᠠᠶ᠎ᠠ ᠬᠡᠪᠡᠯ ᠪᠠᠶᠠᠷ ᠨᠡᠨᠭ᠌ ᠬᠢᠯᠢᠩᠨᠠᠵᠣ ᠬᠦᠵᠦᠬᠥᠤ ᠲᠣᠯᠣᠭᠠᠢ ᠪᠠᠨ ᠣᠷᠠᠵᠣ ᠮᠠᠯᠳᠠᠭᠠᠳ ᠡᠬᠢᠯᠠᠨ᠎ᠠ᠃ ᠡᠨᠠ ᠡᠭᠳᠡᠬᠥᠤ ᠲᠡᠶ ᠡᠷ᠎ᠠ ᠬᠦᠮᠥᠨ ᠤ ᠣᠷᠣᠠᠴᠣᠭ ᠴᠤᠬᠤᠮ ᠶᠠᠭᠣ ᠬᠡᠯᠡᠬᠥ ᠬᠡᠥᠨ ᠣᠶ᠋‍ᠢᠯᠠ ᠪᠠᠷᠠᠵᠣ ᠪᠠᠶ᠋‍ᠢᠭ᠎ᠠ ᠶᠢ ᠲᠠᠷᠠ ᠣᠳᠠᠳᠠᠯ᠎ᠠ ᠲᠠᠭᠠᠮᠠᠭᠯᠠᠭᠠᠳ ᠰᠣᠪᠢᠵᠣ ᠣᠯᠣᠭᠰᠠᠨ ᠦᠭᠡᠶ ᠲᠣᠯᠠ ᠡᠬᠥᠳᠡ ᠪᠠᠨ ᠰᠠᠪᠠᠵᠣ ᠬᠡᠷ ᠡᠴᠡ ᠪᠠᠨ ᠭᠠᠷᠴᠠᠢ᠃ ᠲᠡᠬᠡᠬᠡᠥᠨ ᠲᠣᠪᠣᠨ ᠡᠴᠡ ᠪᠠᠨ ᠭᠠᠷᠣᠭᠠᠳ ᠵᠠᠬᠥᠨ ᠠᠭᠣᠯᠠ ᠶ᠋‍ᠢᠨ ᠬᠣᠷᠮᠣᠢ ᠬᠦᠷᠳᠡᠯ᠎ᠡ ᠶᠠᠪᠣᠵᠣ᠂ ᠬᠠᠳᠠᠨ ᠬᠢᠰᠠᠭᠠᠨ ᠲᠡᠬᠡᠷᠡᠬᠢ ᠢᠮᠠᠭᠠᠳ ᠲᠠᠭᠠᠨ 《 ᠰᠣᠷᠢᠯᠳᠠ 》 ᠬᠢᠵᠣ ᠦᠵᠡᠬᠥ ᠰᠠᠨᠠᠭᠠᠳᠠᠢ ᠲᠠᠭᠣ ᠴᠢᠮᠡᠬᠡ ᠦᠭ᠍ᠪᠡᠯ ᠬᠣᠷᠢᠭᠠᠳ ᠢᠮᠠᠭ᠎ᠠ ᠬᠣᠶ᠋‍ᠢᠨ᠎ᠠ ᠬᠣᠶ᠋‍ᠢᠨ᠎ᠠ ᠡᠴᠡ ᠪᠠᠨ ᠴᠣᠪᠣᠵᠣ ᠡᠵᠠᠨ ᠤ ᠪᠠᠨ ᠲᠡᠷᠬᠡᠳᠡ ᠢᠷᠠᠨ ᠬᠠᠠᠳᠠᠭᠠᠰᠣᠨ ᠤ ᠬᠠᠷᠮᠠᠨ ᠢ ᠨᠢ ᠪᠣᠯᠢᠶᠠᠯᠳᠣᠨ ᠦᠨᠥᠷᠯᠡᠭ᠍ᠰᠠᠬᠡᠷ ᠠᠳᠭᠣᠨ ᠡᠴᠡ ᠨᠢ ᠬᠡᠳᠥᠨ ᠮᠦᠬᠥᠯᠢᠭ᠌ ᠡᠷᠳᠠᠨᠢ ᠰᠢᠰᠢ ᠣᠯᠵᠣ ᠬᠡᠮᠡᠯᠢᠬᠡᠥᠨ ᠬᠣᠶ᠋‍ᠢᠭᠣᠷ ᠣᠷᠳᠣᠭᠣᠷ ᠨᠢ ᠲᠣᠭᠣᠷᠢᠵᠣ ᠡᠷᠬᠢᠴᠠᠨ᠎ᠠ᠃ ᠬᠣᠭᠣᠰᠣᠷᠠᠭᠰᠠᠨ ᠬᠠᠷᠮᠠᠨ ᠢᠶᠡᠨ ᠣᠷᠪᠠᠭᠣᠯᠵᠣ ᠭᠠᠷᠭᠠᠭᠠᠳ ᠢᠷᠣᠭᠠᠷ ᠢ ᠨᠢ ᠦᠵᠡᠬᠥᠯᠪᠡᠯ ᠢᠮᠠᠭᠠᠳ ᠡᠷᠬᠢᠨ ᠡᠷᠬᠢᠨ ᠬᠠᠷᠠᠭᠰᠠᠭᠠᠷ ᠲᠠᠬᠢᠭᠠᠳ ᠬᠠᠳᠠᠨ ᠳᠠᠭᠠᠨ ᠭᠠᠷᠴᠠᠢ᠃

ᠲᠠᠷᠠ ᠢᠮᠠᠭᠠᠳ ᠤᠨ ᠢᠶᠡᠨ ᠠᠷᠤ ᠡᠴᠡ ᠬᠢᠷ᠎ᠠ ᠦᠬᠡᠳᠡᠯᠠᠵᠦ ᠬᠡᠰᠡᠭ ᠮᠠᠴᠣᠭᠠᠳ ᠲᠠᠯᠳᠣᠨ ᠪᠣᠳᠠᠨ ᠤ ᠰᠡᠬᠥᠳᠡᠷ ᠲᠤ ᠲᠠᠯ᠎ᠠ ᠣᠷᠣᠭᠣ ᠬᠠᠷᠠᠭᠠᠯᠳᠣᠨ ᠰᠠᠭᠣᠪᠠ᠃ ᠦᠨᠳᠥᠷ ᠡᠴᠡ ᠲᠠᠰᠣᠷᠠᠯ ᠦᠭᠡᠶ ᠬᠡᠶ᠋‍ᠢᠰᠴᠦ ᠪᠠᠭᠣᠬᠣ ᠣᠯᠢᠶᠠᠰᠣᠨ ᠤ ᠣᠩᠭ᠋ᠠᠷᠢᠯ ᠬᠡᠲᠦ ᠬᠣᠨᠣᠭ ᠶ᠋‍ᠢᠠᠷ ᠵᠠᠳᠠᠯᠵᠣ ᠣᠬᠢᠶᠠᠬᠣ ᠵᠠᠪ ᠭᠠᠷᠣᠭ᠎ᠠ ᠦᠭᠡᠶ ᠬᠦᠷᠥᠮᠡᠯ ᠬᠡᠵᠢᠬᠡᠨ ᠲᠡᠬᠡᠷ᠎ᠡ ᠨᠢ ᠴᠠᠶ᠋‍ᠢᠳᠠᠯ᠎ᠠ ᠲᠣᠭᠳᠠᠴᠢᠬᠠᠭᠰᠠᠨ ᠪᠠᠶ᠋‍ᠢᠯ᠎ᠠ᠃ ᠠᠮᠢᠰᠭᠣᠯ ᠶ᠋‍ᠢᠠᠨ ᠪᠢᠳᠡᠬᠥᠯᠡᠵᠦ ᠦᠨᠥᠷᠯᠡᠪᠡᠯ ᠠᠷᠢᠬᠢ ᠰᠠᠩᠬᠢᠨᠡᠬᠥ ᠪᠠᠨ ᠪᠣᠯᠢᠵᠠᠢ᠃ ᠪᠦᠲᠦᠬᠥᠨ ᠦᠨᠢᠶ᠎ᠡ ᠡᠴᠡ ᠪᠠᠨ ᠨᠢᠬᠡ ᠶᠢ ᠦᠬᠥᠬᠥᠯᠴᠢᠬᠡᠭ᠍ᠰᠡᠨ ᠶᠣᠮ ᠴᠢᠨᠢ᠂ ᠬᠠᠪᠣᠷ ᠲᠣᠵᠢ ᠡᠳᠣᠷ ᠰᠦᠨᠢ ᠢᠯᠭᠠᠯ ᠦᠭᠡᠶ ᠠᠭᠣᠯᠠ ᠬᠠᠳᠠ ᠬᠡᠰᠦᠵᠦ ᠬᠦᠶᠥᠭᠰᠡᠨ ᠠᠵᠢᠯ ᠬᠦᠴᠦ ᠬᠠᠭᠠᠰ ᠨᠢ ᠲᠠᠯᠠᠭᠠᠷᠳᠠᠵᠠᠢ᠃ ᠮᠠᠩᠬᠢᠰᠣ ᠶᠢᠨ ᠮᠢᠬᠠᠨ ᠳᠤ ᠬᠣᠪᠳᠣᠭᠯᠠᠭᠰᠠᠨ ᠦᠭᠡᠶ ᠪᠣᠯ ᠡᠨᠠ ᠦᠶ᠎ᠡ ᠳᠤ ᠦᠨᠢᠶ᠎ᠡ ᠪᠠᠨ ᠠᠯᠭᠣᠷ ᠲᠠᠭᠣᠭᠠᠳ ᠭᠣᠣᠯ ᠤᠨ ᠬᠦᠪᠡᠬᠡ ᠲᠠᠭᠠᠤ ᠲᠠᠭᠣᠤ ᠬᠢᠩᠰᠢᠴᠢᠬᠡᠭ᠍ᠰᠡᠨ ᠠᠯᠬᠣᠵᠣ ᠪᠠᠶ᠋‍ᠢᠬᠣ ᠮᠠᠭᠠᠳ ᠡ ᠁ ᠲᠠᠷᠠ 《 ᠲᠠᠭᠣᠯᠠ 》 ᠬᠡᠳᠡᠭ ᠦᠪᠡᠷ ᠤᠨ ᠨᠡᠷ᠎ᠡ ᠶᠢᠨ ᠢᠶᠡᠨ ᠠᠮᠢᠨᠳᠠᠢ ᠲᠠᠭᠣᠤ ᠶᠢ ᠬᠢᠩᠰᠢᠵᠣ ᠠᠯᠬᠣᠬᠣ ᠲᠣᠷᠠᠳᠠᠢ᠃

ᠪᠠᠷᠠᠭᠣᠨ ᠬᠣᠶ᠋‍ᠢᠨ᠎ᠠ ᠡᠴᠡ ᠡᠬᠥᠯᠡ ᠭᠠᠷᠣᠯ᠎ᠠ ᠁ ᠬᠡᠵᠦ ᠬᠢᠩᠰᠢᠬᠡᠥᠨ ᠡᠬᠢᠯᠡᠭ᠍ᠰᠠᠬᠡᠷ ᠦᠪᠡᠷ ᠤᠨ ᠪᠠᠶ᠎ᠠ ᠨᠢ ᠲᠣᠣᠷᠠᠬᠠᠨ ᠢᠶᠡᠨ ᠲᠠᠭᠣᠤ ᠶ᠋‍ᠢᠨ ᠲᠣᠳᠣᠷᠠᠬᠢ ᠬᠦᠮᠥᠨ ᠪᠣᠯᠣᠭᠠᠳ ᠬᠣᠪᠢᠷᠠᠴᠢᠬᠠᠳᠠᠭ ᠰᠢᠳᠢ ᠲᠡᠶ᠃ ᠵᠢᠷᠥᠬᠡ ᠰᠠᠳᠬᠢᠯ ᠨᠢ ᠣᠪᠣᠯᠵᠠᠨ ᠢᠭ᠍ᠳᠥᠯᠵᠦ᠂ ᠲᠣᠳᠣᠷ᠎ᠠ ᠨᠢ ᠶ᠋‍ᠢᠮᠣᠷ ᠭᠣᠮᠣᠷ ᠰᠡᠷᠡᠭ᠍ᠳᠡᠯ ᠲᠡᠶ ᠪᠣᠯᠣᠭᠠᠳ ᠬᠠᠮᠢᠭ᠎ᠠ ᠨᠢᠬᠡ ᠭᠠᠵᠠᠷ ᠦᠪᠡᠷ ᠢ ᠨᠢ ᠡᠩᠰᠡᠷᠠᠳᠡᠯ᠎ᠡ ᠰᠠᠨᠠᠵᠣ ᠪᠠᠶ᠋‍ᠢᠭ᠎ᠠ ᠬᠦᠮᠥᠨ ᠨᠢᠭᠣᠭᠳᠠᠵᠣ ᠰᠠᠭᠣᠭ᠎ᠠ ᠰᠢᠭ ᠰᠠᠨᠠᠭᠳᠠᠨ᠎ᠠ᠃ ᠬᠡᠯ᠎ᠡ ᠴᠤ ᠲᠡᠬᠥᠨ ᠳᠤ ᠲᠠᠭᠣᠤ ᠶᠢᠨ ᠲᠣᠳᠣᠷᠠᠬᠢ ᠪᠦᠰᠠᠬᠥᠢ ᠰᠢᠭ᠌ ᠬᠣᠯᠠ ᠶᠢᠨ ᠬᠣᠯᠠ ᠮᠣᠷᠳᠠᠵᠣ ᠬᠠᠷᠢᠯᠠᠬᠣ ᠵᠠᠶᠠᠭ᠎ᠠ ᠲᠡᠪᠢᠯᠡᠨᠭ᠌ ᠪᠠᠶ᠋‍ᠢᠭ᠎ᠠ ᠦᠭᠡᠶ᠂ ᠶᠠᠳᠠᠬᠣ ᠳᠠᠭᠠᠨ ᠡᠵᠢ ᠠᠪᠣ ᠪᠠᠨ ᠴᠤ ᠮᠥᠷᠣᠬᠡᠣᠠᠬᠥ ᠪᠣᠯᠣᠯᠴᠠᠭ᠎ᠠ ᠦᠭᠡᠶ᠂ ᠡᠪᠣᠯᠵᠢᠶᠠᠨ ᠤ ᠠᠶ᠋‍ᠢᠯ ᠳ᠋ᠠᠭᠠᠨ ᠬᠦᠷᠪᠡᠯ ᠬᠠᠳᠠᠮ ᠲᠥᠷᠬᠥᠮ ᠬᠣᠶᠠᠷ ᠲᠠᠯ᠎ᠠ ᠶᠢᠨ ᠡᠵᠢ ᠠᠪᠣ ᠲᠡᠶ ᠪᠠᠨ ᠵᠤᠯᠭᠠᠵᠣ᠂ ᠣᠯᠢᠶᠠᠰᠣᠳᠣ ᠬᠣᠰᠣᠳᠣ ᠬᠣᠶᠠᠷ ᠭᠣᠵᠦᠡᠭ  ᠤᠨ ᠬᠣᠭᠣᠷᠣᠠᠳᠣᠬᠢ ᠬᠡᠬᠡᠷ᠎ᠡ ᠶᠢᠨ ᠲᠣᠪᠣᠨ ᠳᠠᠭᠠᠨ ᠢᠷᠠᠪᠠᠯ ᠡᠷ᠎ᠠ ᠬᠠᠷ᠎ᠠ ᠬᠦᠮᠥᠨ᠂ ᠡᠳ᠋ᠯᠠᠵᠣ ᠠᠷᠠᠴᠢᠯᠠᠳᠠᠭ ᠪᠣᠳᠠ ᠪᠣᠭ ᠲᠡᠶ ᠪᠠᠨ ᠣᠴᠠᠷᠠᠴᠢᠬᠠᠨ᠎ᠠ᠃

ᠲᠡᠷᠳᠡᠬᠡ ᠭᠣᠣᠯ ᠤᠨ ᠡᠷᠬᠢᠨ ᠲᠣᠣᠷ᠎ᠠ ᠦᠬᠥᠳᠡᠯ ᠪᠣᠯᠣᠭᠰᠠᠨ ᠦᠨᠢᠶ᠎ᠡ ᠨᠢ ᠲᠣᠪᠴᠢᠨ ᠴᠢᠨᠡᠬᠡ ᠲᠣᠯᠪᠣ ᠪᠣᠯᠵᠣ ᠵᠢᠵᠢᠭ᠍ᠷᠡᠬᠡᠥᠨ ᠬᠠᠷᠠᠭᠳᠠᠵᠣ ᠪᠣᠢ᠃ ᠪᠦᠬᠥᠯᠢ ᠪᠠᠷ ᠨᠢ ᠭᠣᠣᠯ ᠤᠨ ᠲᠣᠬᠣᠢ ᠳᠤ ᠦᠮᠠᠬᠡᠶ᠋‍ᠢᠷᠡᠬᠥᠯᠵᠦ ᠬᠠᠶᠠᠬᠣ ᠡᠴᠡ ᠠᠷᠠᠰᠣ ᠶᠢ ᠨᠢ ᠴᠤ ᠬᠡᠯᠡᠢ ᠱᠠᠭᠠᠯᠠᠵᠣ ᠠᠪᠬᠣ ᠰᠠᠨ᠂ ᠨᠣᠬᠠᠢ ᠲᠡᠶ ᠪᠣᠯᠣᠭᠰᠠᠨ ᠪᠣᠯ ᠡᠬᠥᠳᠡᠨ ᠳᠡᠭᠡᠨ ᠴᠢᠷᠴᠣ ᠠᠪᠴᠢᠷᠠᠭᠠᠳ ᠨᠣᠬᠠᠢ ᠲᠡᠵᠢᠬᠡᠬᠥ ᠶᠣᠮ᠃ ᠲᠡᠬᠡᠬᠥᠯᠡᠷ ᠴᠢᠨᠢ ᠣᠳᠣ ᠬᠣᠶᠠᠷ ᠭᠣᠵᠦᠡᠭ ᠤᠨ ᠬᠣᠭᠣᠷᠣᠠᠳᠣ ᠲᠣᠪᠣ ᠪᠠᠷ ᠰᠠᠭᠣᠳᠠᠭ ᠠᠶ᠋‍ᠢᠯ ᠡᠷᠣᠬᠡ ᠨᠣᠬᠠᠢ ᠲᠡᠵᠢᠬᠡᠬᠥ ᠪᠠᠨ ᠪᠣᠯᠢᠭᠠᠳ ᠮᠣᠣᠷ ᠲᠡᠵᠢᠬᠡᠬᠥ ᠪᠣᠯᠵᠠᠢ᠃ ᠣᠯᠢᠶᠠᠰᠣᠳᠣ ᠭᠣᠵᠦᠡᠭ ᠤᠨ ᠡᠩᠬᠡᠷ ᠰᠠᠭᠣᠳᠠᠭ ᠲᠡᠬᠥᠤ ᠶᠢᠨ ᠬᠢᠨᠢ ᠬᠡᠷ ᠲᠤ ᠲᠥᠷᠪᠡᠨ ᠪᠦᠲᠦᠬᠥᠨ ᠮᠣᠣᠷ ᠲᠡᠶ᠂ ᠬᠠᠶ᠋‍ᠢᠯᠠᠰᠣᠳᠣ ᠭᠣᠵᠦᠡᠭ ᠤᠨ ᠠᠷᠤ ᠬᠣᠷᠮᠣᠢ ᠳᠤ ᠰᠠᠭᠣᠳᠠᠭ ᠬᠡᠷᠡᠯ ᠤᠨ ᠲᠣᠪᠣᠨ ᠳᠤ ᠵᠤᠯᠵᠠᠭ᠎ᠠ ᠪᠦᠲᠦᠬᠥᠨ ᠲᠡᠶ ᠪᠠᠨ ᠵᠢᠷᠭᠣᠭᠠᠨ ᠮᠣᠣᠷ ᠪᠣᠢ᠂ ᠲᠠᠷᠠ ᠦᠪᠡᠷ ᠲᠡᠬᠡᠨ ᠪᠦᠲᠦᠬᠥᠨ ᠡᠮ᠎ᠠ ᠮᠣᠣᠷ ᠢᠶᠡᠨ ᠭᠣᠷᠪᠠᠨ ᠵᠤᠯᠵᠠᠭ᠎ᠠ ᠲᠡᠶ ᠨᠢ ᠲᠡᠵᠢᠬᠡᠵᠦ ᠪᠠᠶ᠋‍ᠢᠨ᠎ᠠ᠃ ᠮᠣᠣᠷ ᠲᠤ ᠪᠣᠯ ᠮᠢᠬ᠎ᠠ ᠲᠣᠰᠣᠨ ᠤ ᠵᠦᠢᠯ ᠢ ᠪᠠᠯᠠᠨ ᠵᠠᠯᠠᠨ ᠣᠶ᠋‍ᠢᠷᠠᠳᠣᠭᠣᠯᠵᠣ ᠦᠭᠴᠦ ᠪᠣᠯᠬᠣ ᠦᠭᠡᠶ᠂ ᠬᠣᠯᠣᠭᠠᠨ᠎ᠠ ᠪᠠᠷᠢᠬᠤ ᠨᠢ ᠮᠠᠭᠣᠳᠠᠴᠢᠬᠠᠨ᠎ᠠ ᠁

ᠦᠯᠥᠭᠴᠢᠨ ᠨᠢ ᠰᠡᠬᠥᠯ ᠢᠶᠡᠨ ᠰᠢᠷᠪᠠᠬᠣ ᠦᠭᠡᠶ ᠪᠣᠯ ᠠᠵᠢᠷᠭᠠᠨ ᠨᠣᠬᠠᠢ ᠶᠠᠭᠣᠨ ᠤ ᠰᠡᠬᠥᠯ ᠤᠨ ᠣᠭ ᠢ ᠨᠢ ᠦᠨᠥᠷᠯᠡᠬᠥ︕ ᠲ᠋ᠠᠯ᠎ᠠ ᠨᠣᠳᠣᠭ ᠬᠠᠮᠢᠶᠠᠷᠬᠣ ᠲᠣᠪᠴᠢᠶᠠᠨ ᠤ ᠬᠣᠨᠢ ᠪᠠᠷᠢᠳᠠᠭ ᠮᠠᠰᠢᠨ ᠲᠡᠷᠬᠡ ᠣᠳᠠᠬᠣ ᠦᠭᠡᠶ ᠣᠳᠠᠬᠣ ᠦᠭᠡᠶ ᠢᠷᠡᠬᠡᠥᠨ ᠬᠣᠶᠠᠷ ᠭᠣᠵᠦᠡᠭ ᠤᠨ ᠬᠣᠭᠣᠷᠣᠠᠳᠣ ᠡᠷᠬᠢᠴᠠᠨ᠎ᠠ᠃ ᠬᠡᠷᠡᠯ ᠬᠣᠨᠢᠳ ᠢᠶᠡᠨ ᠡᠳᠣᠷ ᠲᠣᠮᠳᠠ ᠪᠠᠷ ᠴᠤ ᠲᠠᠯ᠎ᠠ ᠳᠤ ᠭᠠᠷᠭᠠᠵᠣ ᠪᠠᠶ᠋‍ᠢᠳᠠᠭ᠃ ᠲᠠᠳᠠᠨ ᠳᠣ ᠪᠠᠷᠢᠭᠳᠠᠪᠠᠯ ᠪᠣᠷᠣᠭᠣ ᠮᠡᠳᠡᠬᠡᠥᠨ ᠲᠣᠷᠭᠠᠭᠣᠯᠢ ᠮᠣᠢᠩᠬᠥ ᠲᠣᠰᠢᠶᠠᠵᠣ ᠪᠠᠶ᠋‍ᠢᠨ᠎ᠠ ᠬᠡᠵᠦ ᠦᠦ︖ ᠪᠢ ᠯᠠ ᠢᠳᠡᠬᠡᠬᠥ ᠦᠭᠡᠶ᠃ ᠡᠠᠶ᠎ᠠ ᠦᠭᠡᠶ ᠪᠣᠯ ᠦᠮᠠᠬᠡᠢ ᠪᠥᠭ᠍ᠰᠡ ᠪᠠᠷ ᠢᠶᠡᠨ ᠲᠠᠳᠠᠨ ᠢ ᠠᠷᠭᠠᠯᠠᠵᠣ ᠪᠠᠶ᠋‍ᠢᠭ᠎ᠠ ᠴᠤ ᠮᠠᠭᠠᠳ ᠡ ᠁ ᠬᠣᠩᠭ᠋ᠣᠷ ᠮᠢᠨᠣ ᠲᠡᠬᠥᠤ ᠪᠠᠷᠢ ᠬᠡᠳᠡᠭ ᠪᠣᠯᠪᠠᠴᠣ ᠪᠢ ᠬᠠᠷᠢᠯᠠᠬᠣ ᠡᠴᠡ ᠪᠠᠨ ᠣᠷᠢᠳᠠᠢ ᠬᠠᠳᠠᠮ ᠡᠬᠡᠴᠢ ᠶᠢᠨ ᠣᠪᠣᠷ ᠭᠠᠷᠭᠠᠵᠣ ᠬᠡᠳᠥᠨ ᠵᠢᠯ ᠢᠶᠡᠷ ᠰᠠᠶ᠋‍ᠢᠨ ᠨᠠᠷᠠ ᠶᠢ ᠨᠢ ᠦᠵᠡᠬᠥᠯᠥᠭᠰᠡᠨ ᠦᠬᠡᠢ ᠶᠣᠮ ᠴᠢᠨᠢ ᠨᠠᠮᠢ᠋ᠢ ᠵᠠᠨᠣᠵᠣ ᠬᠣᠷᠣᠰᠳᠠᠭ ᠯᠠ ᠪᠡᠶ᠋‍ᠢᠯᠬᠥᠢ︕ ᠬᠣᠩᠭ᠋ᠣᠷ ᠬᠡᠷᠡᠯ ᠬᠣᠶᠠᠷ ᠤᠨ ᠠᠯᠢᠨ ᠴᠤ ᠰᠠᠶ᠋‍ᠢᠨ ᠰᠠᠪᠠ ᠪᠢᠰᠢ᠂ ᠬᠣᠷᠮᠣᠢ ᠪᠠᠨ ᠬᠦᠮᠥᠨ ᠳᠤ ᠢᠷᠠᠬᠣ ᠦᠭᠡᠶ ᠪᠣᠯ ᠬᠣᠰᠢᠭᠣ ᠪᠠᠨ ᠦᠷᠣᠬᠡᠯ ᠳᠤ ᠦᠨᠥᠷᠯᠡᠬᠥᠯᠵᠦ ᠶᠠᠪᠣᠭᠰᠠᠨ ᠲᠠᠮᠰᠢᠭ︕ ᠪᠢ ᠲᠥᠷᠬᠥᠮ  ᠤᠨ ᠬᠡᠷ ᠲᠡᠭᠡᠨ ᠭᠣᠴᠢ ᠬᠦᠷᠳᠡᠯ᠎ᠡ ᠰᠠᠭᠣᠵᠣ ᠰᠠᠭᠣᠭᠠᠳ ᠡᠴᠣᠰ ᠲᠣᠨᠢ ᠮᠣᠷᠢᠨ ᠰᠢᠷ᠎ᠠ ᠰᠢᠳᠣ ᠠᠷᠰᠠᠶ᠋‍ᠢᠯᠭᠠᠭᠰᠠᠨ ᠪᠠᠶᠠᠷ ᠲᠡᠶ ᠬᠡᠷ ᠪᠦᠯᠢ ᠪᠣᠯᠵᠣ ᠰᠠᠭᠣᠭᠠᠳ ᠪᠠᠰᠠ ᠪᠣᠷᠣᠭᠣ ᠵᠦᠪ ᠬᠠᠷᠠᠵᠣ ᠪᠠᠶ᠋‍ᠢᠭᠠᠳ ᠬᠣᠶᠠᠷ ᠬᠡᠣᠬᠡᠥᠨ ᠭᠠᠷᠭᠠᠴᠢᠬᠠᠪᠠ᠃ ᠣᠷᠣᠭᠣᠯ ᠪᠥᠭ᠍ᠰᠡ ᠬᠣᠶᠠᠷ ᠶ᠋‍ᠢᠠᠨ ᠬᠣᠳᠠᠯᠳᠣᠭᠰᠠᠨ ᠦᠭᠡᠶ ᠶᠠᠪᠣᠭᠠᠳ ᠪᠣᠯᠵᠣ ᠯᠠ ᠪᠠᠶ᠋‍ᠢᠬᠣ ᠪᠢᠰᠢ ᠦᠦ︕ ᠲᠦᠢ᠂ ᠣᠷᠣᠭᠠᠨ ᠤ ᠴᠠᠭ ᠨᠢ ᠲᠣᠯᠣᠭᠰᠠᠨ ᠠᠳᠣᠭᠣᠰᠣ ᠠᠮᠢᠳᠠᠨ ᠰᠢᠭ ᠰᠠᠯᠢᠰᠤ ᠪᠠᠨ ᠭᠣᠭᠣᠵᠢᠭᠣᠯᠵᠣ ᠶᠠᠪᠣᠳᠠᠭ ᠪᠣᠭ ᠤᠳ ᠁

ᠲᠠᠭᠣᠯᠠ ᠣᠷᠣᠢ ᠶᠢᠨ ᠬᠣᠭᠣᠯᠠᠨ ᠲᠡᠬᠡᠷ᠎ᠡ ᠪᠠᠨ ᠬᠣᠷᠰᠢᠭᠰᠠᠨ ᠮᠢᠬᠠᠨ ᠱᠥᠯᠥᠨ ᠳᠤ ᠲᠣᠳᠣᠷᠭ᠎ᠠ ᠶᠢᠨ ᠰᠢᠩᠬᠡᠨ ᠴᠢᠨᠠᠵᠠᠢ᠃ ᠪᠠᠶᠠᠷ ᠲᠤ ᠠᠶᠠᠭᠠᠯᠠᠭᠠᠳ ᠦᠭ᠍ᠪᠡᠯ ᠢᠳᠡᠬᠥ ᠦᠭᠡᠶ ᠶᠣᠮ ᠰᠢᠭ᠌ ᠢᠷᠪᠠᠭᠠᠨᠠᠵᠣ ᠪᠠᠶ᠋‍ᠢᠭᠰᠠᠨ ᠢᠶᠡᠨ ᠬᠡᠷ ᠵᠠᠭᠣᠷ᠎ᠠ ᠶᠢᠨ ᠠᠳᠠᠯ ᠢᠶᠡᠨ ᠨᠠᠮᠰᠢᠭᠣᠯᠣᠭᠠᠳ ᠲᠠᠬᠢᠨ ᠬᠠᠠᠵᠣᠨ ᠰᠢᠷᠡᠬᠡᠨ ᠵᠦᠭ᠌ ᠨᠢᠳᠣ ᠬᠠᠶᠠᠪᠠᠯ ᠠᠶᠠᠭ᠎ᠠ ᠪᠠᠨ ᠬᠣᠭᠣᠰᠣᠯᠠᠭᠠᠳ ᠲᠠᠯᠪᠢᠴᠢᠬᠠᠭᠰᠠᠨ ᠪᠠᠶ᠋‍ᠢᠪᠠ᠃ ᠠᠶᠠᠭ᠎ᠠ ᠰᠠᠪᠬ᠎ᠠ ᠪᠠᠷᠢᠬᠤ ᠲᠠᠮᠢᠷ ᠲᠡᠶ᠂ ᠪᠠᠭᠠᠰᠣ ᠰᠢᠬᠡᠰᠦ ᠪᠠᠨ ᠬᠡᠬᠡᠬᠥ ᠲᠠᠩᠬᠡᠬᠡ ᠲᠡᠶ ᠪᠠᠶ᠋‍ᠢᠭ᠎ᠠ ᠶᠣᠮ ᠴᠢᠨᠢ ᠴᠢᠮᠢ᠋ᠢ ᠬᠠᠷᠠᠵᠣ ᠰᠠᠭᠣᠬᠣ ᠪᠠᠷ ᠶᠠᠭᠣ ᠯᠠ ᠪᠠᠶ᠋‍ᠢᠨ᠎ᠠ᠃ ᠬᠡᠷᠡᠬᠥᠯᠴᠢ ᠬᠡᠳᠡᠷ ᠨᠣᠬᠠᠢ ᠪᠣᠯ ᠬᠠᠶᠠᠭᠠᠨ ᠣᠭ ᠲᠤ ᠬᠡᠪᠳᠡᠬᠡᠥᠨ ᠰᠢᠷᠬ᠎ᠠ ᠪᠠᠨ ᠲᠣᠯᠢᠶᠠᠭᠰᠠᠭᠠᠷ ᠪᠠᠶ᠋‍ᠢᠵᠣ ᠡᠳᠡᠬᠡᠳᠡᠭ ᠡ ᠬᠡᠵᠦ ᠲᠠᠷᠠ ᠰᠢᠷᠡᠬᠡᠨ ᠲᠡᠬᠡᠷᠡᠬᠢ ᠬᠣᠭᠣᠰᠣᠷᠠᠭᠰᠠᠨ ᠠᠶᠠᠭ᠎ᠠ ᠶᠢ ᠬᠠᠷᠠᠭᠰᠠᠭᠠᠷ ᠪᠣᠳᠣᠨ᠎ᠠ᠃ ᠲᠠᠷᠠ ᠭᠠᠳᠠᠷ ᠲᠠᠰᠣᠯᠭ᠎ᠠ ᠶᠢᠨ ᠵᠤᠣᠬᠠᠨ ᠠᠮᠠᠨ ᠳᠠᠭᠠᠨ ᠣᠴᠣᠶ᠋‍ᠢᠵᠣ ᠪᠠᠶ᠋‍ᠢᠭᠠᠳ ᠯᠡᠨᠭ᠌ ᠤᠨ ᠬᠣᠠᠳᠠᠭ᠎ᠠ ᠪᠠᠷ ᠬᠣᠶᠠᠷᠳᠠ ᠠᠷᠢᠬᠢ ᠬᠦᠠᠳᠥᠷᠣᠬᠡᠥᠨ ᠠᠷᠤ ᠡᠴᠡ ᠨᠢ ᠠᠶᠠᠭ᠎ᠠ ᠰᠢᠩᠬᠡᠨ ᠪᠣᠳᠠᠭ᠎ᠠ ᠶᠢ ᠠᠷᠢᠬᠢ ᠪᠠᠷ ᠲᠠᠷᠣᠭᠣᠯᠪᠠ᠃ ᠢᠮᠠᠭᠠᠳ ᠢᠶᠡᠨ ᠬᠠᠳᠠᠨ ᠲᠡᠬᠡᠷ᠎ᠡ ᠡᠴᠡ ᠲᠠᠭᠣᠳᠠᠵᠣ ᠠᠪᠴᠢᠷᠠᠨ ᠬᠠᠰᠢᠶᠠᠨ ᠳ᠋ᠣᠨᠢ ᠬᠣᠷᠢᠭᠠᠳ ᠬᠣᠨᠢᠳ ᠢᠶᠡᠨ ᠲᠠᠯ᠎ᠠ ᠣᠷᠣᠭᠣ ᠵᠤᠷᠢᠭᠯᠠᠵᠣ ᠭᠠᠷᠭᠠᠬᠣ ᠪᠠᠷ ᠪᠣᠯᠪᠠ᠃ ᠦᠬᠡᠷ᠎ᠡ ᠬᠦᠮᠥᠨ ᠳᠤ ᠠᠳᠠᠯᠢ ᠪᠥᠭ᠍ᠰᠡ ᠪᠤᠬᠤᠷ ᠬᠣᠩᠰᠢᠶᠠᠷ ᠠᠮᠨ ᠪᠠᠨ ᠠᠰᠢᠭᠯᠠᠬᠣ ᠡᠷᠳᠠᠮ ᠦᠭᠡᠶ ᠶᠣᠮ ᠴᠢᠨᠢ ᠲᠠᠯ᠎ᠠ ᠴᠠᠭᠳᠠᠬᠣ ᠬᠦᠮᠥᠰ ᠲᠤ ᠪᠠᠷᠢᠭᠳᠠᠬᠣ ᠦᠭᠡᠶ ᠪᠠᠷ ᠬᠣᠨᠢ ᠪᠠᠨ ᠪᠡᠯᠴᠢᠬᠡᠬᠥ ᠬᠡᠪᠡᠯ ᠦᠳᠡᠰᠢ ᠣᠷᠣᠢ ᠶᠢᠨ ᠴᠠᠭ ᠢ ᠯᠠ ᠵᠠᠪᠳᠣᠭᠣᠯᠬᠣ ᠡᠴᠡ ᠦᠬᠡᠷ᠎ᠡ ᠠᠷᠭ᠎ᠠ ᠦᠭᠡᠶ ᠠᠵᠢ᠃ ᠨᠠᠷᠠ ᠠᠭᠣᠯᠠᠨ ᠳᠤ ᠰᠢᠩᠬᠡᠬᠡᠥᠨ ᠨᠠᠯᠢᠶᠠᠳ ᠣᠳᠠᠴᠢᠬᠠᠭᠰᠠᠨ ᠣᠴᠢᠷ ᠬᠣᠯᠠ ᠶᠢᠨ ᠪᠠᠷ᠎ᠠ ᠪᠦᠳᠡᠬᠢᠷᠡᠵᠦ᠂ ᠲᠠᠯ᠎ᠠ ᠶᠢᠨ ᠡᠯᠢᠬᠡᠨ ᠤ ᠬᠦᠬᠡ ᠣᠨᠢᠶᠠᠷ ᠬᠦᠷᠡᠨᠭ᠌ ᠪᠠᠷᠠᠭᠠᠨ ᠬᠠᠷᠠᠭᠳᠠᠬᠣ ᠪᠣᠯᠵᠠᠢ᠃ ᠦᠳᠡᠰᠢ ᠣᠷᠣᠢ ᠪᠠᠷ ᠪᠡᠯᠴᠢᠬᠡᠷᠯᠡᠵᠦ ᠲᠠᠰᠣᠭᠰᠠᠨ ᠬᠣᠨᠢᠳ ᠨᠢ ᠬᠣᠰᠢᠭᠣᠷᠠᠵᠣ ᠱᠣᠪᠬᠣᠯᠵᠠᠭᠰᠠᠨ ᠦᠬᠡᠢ᠂ ᠲᠣᠪᠣᠨ ᠤ ᠡᠬᠥᠳᠡᠨ ᠡᠴᠡ ᠵᠢᠭᠠᠬᠠᠨ ᠵᠠᠶ᠋‍ᠢᠳᠠᠮᠠᠭᠴᠠ ᠪᠠᠨ ᠣᠷᠣᠭᠣᠯ ᠬᠠᠮᠠᠷ ᠢ ᠨᠢ ᠬᠦᠠᠳᠡᠭ᠍ᠰᠡᠨ ᠬᠦᠬᠡ ᠨᠣᠭᠣᠭᠠᠨ ᠤ ᠰᠣᠷ  ᠢ ᠰᠢᠨᠣᠯᠳᠠᠢ ᠲᠠᠰᠣᠳᠠᠵᠣ ᠡᠬᠢᠯᠠᠨ᠎ᠠ᠃

ᠲᠠᠭᠣᠯᠠ ᠶᠢ ᠲᠠᠬᠢᠭᠠᠳ ᠬᠡᠷ ᠲᠡᠭᠡᠨ ᠣᠷᠣᠬᠣ ᠣᠢᠶ᠎ᠡ ᠳᠤ ᠪᠠᠶᠠᠷ ᠨᠢᠬᠡᠠᠳᠡ ᠣᠷᠣ ᠪᠠᠨ ᠲᠡᠯᠬᠡᠬᠡᠥᠨ ᠬᠡᠪᠳᠡᠴᠢᠬᠡᠭ᠍ᠰᠡᠨ ᠪᠠᠶ᠋‍ᠢᠪᠠ᠃ ᠲᠣᠭᠣᠳᠠᠭ ᠪᠤᠬᠤᠷ ᠢᠶᠡᠷ ᠢᠶᠡᠨ ᠶᠠᠷ᠎ᠠ ᠬᠢᠨ᠎ᠠ ᠬᠡᠵᠦ ᠡᠨᠠ ᠬᠦᠮᠥᠨ ᠴᠤᠬᠤᠮ ᠴᠤ ᠵᠢᠷᠭᠠᠵᠣ ᠴᠢᠳᠠᠵᠣ ᠪᠠᠶ᠋‍ᠢᠨ᠎ᠠ᠃ ᠦᠷᠣᠬᠡᠯ ᠤᠨ ᠬᠣᠷᠣ ᠵᠢ ᠮᠠᠯᠳᠠᠭᠠᠳ ᠯᠠᠪᠳᠠᠢ ᠲᠡᠢᠯᠥᠭᠳᠡᠵᠦ ᠬᠣᠣᠷ ᠠᠮᠰᠠᠵᠠᠢ᠃ ᠲᠠᠶ᠋‍ᠢᠮᠣ ᠪᠢᠰᠢ ᠪᠣᠯ ᠠᠯᠢ ᠬᠡᠳᠦᠢᠨ ᠤ ᠣᠩᠬᠢᠷᠠᠳᠣᠭᠠᠳ ᠭᠠᠶ᠋‍ᠢᠬᠠᠭᠣᠯᠴᠢᠬᠠᠭᠰᠠᠨ ᠪᠠᠶ᠋‍ᠢᠬ᠎ᠠ᠃ ᠰᠣᠭᠳᠣᠭᠣ ᠬᠠᠯᠠᠰᠠᠭᠣ ᠪᠠᠷ ᠢᠶᠡᠨ ᠠᠶ᠋‍ᠢᠯ ᠬᠡᠷ ᠤᠨ ᠡᠬᠥᠳᠡ ᠵᠦᠭ᠌ ᠬᠠᠠᠳᠣᠵᠣ ᠰᠢᠬᠡᠬᠡᠥᠨ ᠡᠮᠠᠰ ᠲᠤ ᠬᠠᠷᠢᠶᠠᠭᠳᠠᠭᠰᠠᠨ ᠢᠶᠡᠨ ᠬᠦᠷᠳᠡᠯ᠎ᠡ ᠨᠢᠭᠣᠬᠣ ᠶᠢ ᠮᠡᠳᠡᠬᠥ ᠦᠭᠡᠶ ᠮᠠᠵᠣᠣᠯᠠᠵᠣ ᠬᠡᠯᠡᠳᠡᠭ ᠨᠢᠭᠣᠷ ᠬᠦᠷᠥᠰᠤ ᠪᠠᠷᠣᠭᠳᠠᠢ ᠲᠠᠮᠰᠢᠭ ᠰᠢᠤ︕ ᠲᠠᠷᠠ ᠪᠠᠰᠠ ᠨᠢᠬᠡ ᠣᠳᠠᠭ᠎ᠠ ᠲᠣᠭᠣᠷᠢᠭᠣᠯᠵᠣ ᠲᠣᠭᠰᠢᠭᠣᠯᠵᠣ ᠦᠴᠥᠬᠡᠳᠥᠷ ᠤᠨ ᠬᠡᠷᠡᠬᠥᠯᠳᠡᠭ᠍ᠰᠡᠨ ᠪᠠᠶ᠋‍ᠢᠳᠠᠯ ᠢ ᠨᠢ ᠰᠣᠷᠠᠪᠠᠯ᠂ ᠬᠡᠪᠳᠡᠬᠡ ᠬᠦᠮᠥᠨ ᠬᠠᠷᠢᠭᠣ ᠬᠡᠯᠡᠭ᠍ᠰᠡᠨ ᠦᠭᠡᠶ᠃ ᠬᠡᠪᠡᠴᠦ ᠰᠡᠷᠠᠬᠥᠨ ᠪᠠᠶ᠋‍ᠢᠭ᠎ᠠ ᠨᠢ ᠢᠯᠡᠷᠬᠡᠢ᠂ ᠬᠣᠴᠢᠯᠭ᠎ᠠ ᠶᠢᠨ ᠢᠶᠡᠨ ᠲᠣᠣᠷ᠎ᠠ ᠣᠭᠵᠣᠮ ᠣᠭᠵᠣᠮ ᠠᠮᠢᠰᠬᠣᠯᠯᠠᠵᠣ ᠪᠠᠶ᠋‍ᠢᠬᠣ ᠨᠢ ᠮᠡᠳᠡᠭ᠍ᠳᠡᠵᠦ ᠪᠣᠢ᠃ ᠡᠨᠠ ᠮᠠᠶ‍ᠢᠭ ᠢᠶᠡᠷ ᠰᠦᠨᠢ ᠡᠳᠣᠷ ᠬᠡᠵᠦ ᠢᠯᠭᠠᠬᠣ ᠴᠤ ᠦᠭᠡᠶ ᠪᠠᠷ ᠦᠨᠢᠶ᠎ᠡ ᠲᠣᠭᠣᠯ ᠬᠣᠨᠢ ᠢᠮᠠᠭᠠᠨ ᠤ ᠠᠷᠤ ᠡᠴᠡ ᠬᠦᠶᠥᠬᠡᠥᠨ ᠪᠢ ᠶᠠᠭᠠᠬᠢᠵᠣ ᠲᠡᠰᠬᠥ᠂ ᠡᠨᠠ ᠮᠠᠭᠣ ᠭᠠᠶ᠋‍ᠢᠬᠠᠯ ᠳᠤ ᠢᠩᠬᠢᠵᠣ ᠵᠦᠷᠢᠬᠥᠤ ᠪᠣᠷᠣᠭᠣ ᠬᠠᠠᠳᠣᠵᠣ ᠬᠦᠢᠳᠡᠨ ᠵᠦᠯᠴᠢᠬᠡᠷ ᠶᠠᠪᠣᠭᠠᠳ ᠬᠡᠷ ᠭᠠᠳᠠᠨᠠᠬᠢ ᠠᠳᠠᠯ ᠳᠤ ᠭᠠᠭᠴᠠᠭᠠᠷ ᠢᠶᠡᠨ ᠣᠶ᠋‍ᠢᠯᠠ ᠪᠠᠷᠠᠬᠣ ᠶᠢᠨ ᠣᠷᠣᠨ ᠳᠤ ᠠᠷᠭᠠᠯᠠᠵᠣ ᠦᠵᠡᠶ᠎ᠡ᠂ ᠡᠠᠶ᠎ᠠ ᠲ᠋ᠠᠮ ᠢᠶᠡᠷ ᠣᠷᠣᠪᠠᠯ ᠬᠣᠨᠢᠳ ᠤᠨ ᠠᠷᠤ ᠡᠴᠡ ᠬᠦᠬᠡᠬᠡᠵᠦ ᠭᠠᠷᠭᠠᠭᠠᠳ ᠵᠤᠣᠬ᠎ᠠ ᠪᠠᠨ ᠨᠣᠴᠣᠭᠠᠨ ᠣᠰᠣ ᠬᠠᠯᠠᠭᠠᠵᠣ ᠬᠡᠵᠢᠬᠡ ᠲᠣᠯᠣᠭᠠᠢ ᠪᠠᠨ ᠣᠬᠢᠶᠠᠭᠠᠳ ᠠᠮᠠᠷᠠᠳᠠᠯ᠎ᠠ ᠪᠠᠨ ᠣᠠᠳᠠᠶ᠎ᠠ ᠁ ᠬᠡᠷᠡᠯ ᠡᠷ᠎ᠠ ᠡᠮ᠎ᠠ ᠬᠣᠶᠠᠷ ᠴᠤ ᠬᠡᠰᠡᠨ᠂ ᠵᠢᠷᠥᠬᠡ ᠬᠣᠩᠭ᠋ᠣᠷ ᠬᠣᠶᠠᠷ ᠴᠤ ᠬᠡᠰᠡᠨ ᠲᠠᠳᠠᠨ  ᠤ ᠬᠡᠬᠡᠷ᠎ᠡ ᠶᠢᠨ ᠲᠣᠪᠣᠨ ᠳᠤ ᠰᠠᠭᠣᠳᠠᠭ ᠤᠨ ᠵᠤᠷᠢᠯᠭ᠎ᠠ ᠨᠢ ᠡᠷ᠎ᠠ ᠨᠢ ᠡᠮ᠎ᠠ ᠳᠡᠭᠡᠨ ᠡᠷᠬᠡᠯᠡᠬᠥ ᠦᠭᠡᠶ ᠪᠣᠯ ᠡᠮ᠎ᠠ ᠨᠢ ᠡᠷ᠎ᠠ ᠳᠡᠭᠡᠨ ᠲᠣᠨᠢᠷᠬᠠᠬᠣ ᠶ᠋‍ᠢᠨ ᠲᠥᠯᠣᠬᠡ ᠶᠣᠮ ᠰᠢᠭ᠌᠂ ᠬᠠᠯᠳᠣ ᠪᠣᠳᠣᠵᠣ ᠦᠵᠡᠪᠡᠯ ᠶᠠᠭ ᠵᠤᠷᠢᠯᠭ᠎ᠠ ᠲᠡᠶ ᠪᠠᠷ ᠬᠦᠮᠥᠨ ᠬᠣᠷᠣᠰᠬᠠᠵᠣ ᠪᠠᠶ᠋‍ᠢᠬᠣ ᠰᠢᠭ᠂ ᠵᠠᠯᠭᠠᠭᠠᠳ ᠴᠠᠭᠠᠰᠢ ᠨᠢ ᠪᠣᠳᠣᠵᠣ ᠦᠵᠡᠪᠡᠯ ᠲᠠᠳᠠᠨ ᠤ ᠲᠡᠬᠡᠵᠦ ᠵᠠᠩᠨᠠᠬᠣ ᠨᠢ ᠪᠠᠰᠠ ᠵᠦᠪ ᠰᠢᠭ᠌ ᠡ ᠁ ᠡᠨᠠ ᠬᠡᠬᠡᠷ᠎ᠡ ᠶᠢᠨ ᠲᠣᠪᠣᠨ ᠳᠤ ᠡᠷ᠎ᠠ ᠡᠮ᠎ᠠ ᠬᠣᠶᠠᠭᠣᠯᠠᠬᠠᠨ ᠢᠶᠡᠨ ᠦᠬᠡᠳᠡ ᠦᠬᠡᠳᠡ ᠡᠴᠡ ᠪᠠᠨ ᠬᠠᠠᠳᠣᠭᠠᠳ ᠬᠦᠯᠳᠡᠬᠥᠤ ᠯᠣᠣᠪᠡᠡᠭ ᠴᠢᠷᠠᠶ᠋‍ᠢᠯᠠᠵᠣ ᠪᠠᠶ᠋‍ᠢᠬᠣ ᠡᠴᠡ ᠡᠢᠨᠢᠶᠠᠵᠣ ᠬᠠᠨᠢᠶᠠᠵᠣ ᠪᠠᠶ᠋‍ᠢᠪᠠᠯ ᠶᠠᠳᠠᠬᠣ ᠳᠠᠭᠠᠨ ᠡᠳᠣᠷ ᠴᠠᠭ ᠤᠨ ᠥᠩᠬᠡᠷᠡᠬᠥ ᠨᠢ ᠬᠣᠷᠳᠣᠨ ᠰᠠᠨᠠᠭᠳᠠᠬᠣ ᠪᠡᠶ᠋‍ᠢᠯᠬᠥᠢ︕᠁ ᠬᠡᠷ ᠲᠤ ᠪᠦᠳᠡᠬᠢ ᠪᠣᠯᠵᠠᠢ᠃ ᠲᠠᠷᠠ ᠬᠠᠠᠵᠣᠨ ᠢᠷᠮᠡᠭ ᠢᠶᠡᠨ ᠬᠦᠷᠬᠥ ᠰᠢᠬᠠᠭᠠᠳ ᠪᠠᠶᠠᠷ ᠤᠨ ᠦᠷᠪᠦᠢᠭᠰᠡᠨ ᠬᠡᠵᠢᠬᠡ ᠲᠡᠶ ᠲᠣᠬᠣ ᠶᠢ ᠬᠠᠷᠠᠭᠰᠠᠨ ᠢᠶᠡᠨ ᠲᠠᠬᠢᠨ ᠣᠬᠣᠷᠢᠭᠠᠳ ᠵᠤᠭᠰᠣᠴᠢᠬᠠᠪᠠ᠃ ᠴᠡᠬᠡᠵᠢᠨ ᠬᠡᠰᠡᠭ ᠨᠢ ᠪᠥᠭ᠍ᠴᠢᠮᠳᠡᠬᠡᠥᠨ ᠣᠭᠰᠢᠭᠣ ᠬᠦᠷᠬᠥ ᠰᠢᠭ᠌ ᠪᠣᠯᠣᠨ᠎ᠠ᠃ ᠬᠠᠷᠠᠯᠠᠭ ᠡ᠂ ᠡᠨᠠ ᠬᠦᠮᠥᠨ ᠳᠤ ᠪᠢ ᠶᠠᠭᠠᠬᠢᠵᠣ ᠡᠷᠬᠡᠯᠡᠵᠦ ᠲᠣᠨᠢᠷᠬᠠᠬᠣ ᠶᠣᠮ ᠪᠣᠢ︖ ᠵᠦᠬᠡᠷ ᠯᠠ ᠬᠣᠨᠢᠳ ᠤᠨ ᠢᠶᠡᠨ ᠠᠷᠤ ᠡᠴᠡ ᠭᠠᠷᠣᠭᠰᠠᠨ ᠲᠡᠬᠡᠷ᠎ᠡ ᠡ ᠁ ᠲᠠᠷᠠ ᠲᠠᠬᠢᠨ ᠰᠡᠷᠬᠡᠭ᠌ ᠬᠡᠪ ᠲᠡᠭᠡᠨ ᠪᠣᠴᠠᠵᠣ ᠴᠣᠩᠬᠣᠨ ᠲᠠᠶ᠋‍ᠢᠰᠠᠨ ᠲᠡᠬᠡᠷ᠎ᠡ ᠡᠴᠡ ᠪᠠᠨ ᠬᠠᠶ᠋‍ᠢᠷᠴᠠᠭᠳᠣ ᠴᠡᠨᠡᠭ ᠲᠡᠶ ᠬᠡᠷᠡᠪᠴᠢ ᠪᠠᠨ ᠠᠪᠣᠪᠠ᠃ ᠰᠠᠶ‍ᠢ ᠶ᠋‍ᠢᠨ ᠲᠠᠴᠢᠶᠠᠨ ᠮᠣᠩᠬᠠᠷᠠᠬᠣ ᠰᠢᠬᠠᠭᠰᠠᠨ ᠣᠶ᠋‍ᠢᠯᠠ ᠪᠣᠳᠣᠯ ᠨᠢ ᠬᠣᠳᠣᠭᠣᠳᠣᠨ ᠡᠴᠡ ᠨᠢ ᠵᠠᠪᠠᠵᠢ ᠲᠦᠬᠥᠷᠡᠨᠭ᠌ ᠪᠦᠬᠡᠯᠵᠢᠰᠦ ᠪᠣᠯᠵᠣ ᠣᠭᠰᠢᠭᠳᠠᠨ ᠭᠠᠷᠴᠣ ᠢᠷᠡᠬᠡᠥᠨ ᠭᠠᠳᠠᠷ ᠲᠠᠰᠣᠯᠭ᠎ᠠ ᠶᠢᠨ ᠵᠤᠣᠬᠠᠨ ᠠᠮᠠᠨ ᠳᠤ ᠠᠰᠬᠠᠭᠳᠠᠵᠠᠢ᠃ ᠲᠠᠷᠠ ᠪᠦᠬᠡᠯᠵᠢᠰᠦ ᠪᠠᠨ ᠠᠷᠢᠯᠭᠠᠭᠰᠠᠨ ᠴᠤ ᠦᠬᠡᠢ ᠪᠠᠷ ᠮᠠᠷᠢᠶᠠᠵᠣ ᠣᠶ᠋‍ᠢᠷᠠᠳᠬᠣ ᠮᠣᠣᠷ ᠤᠨ ᠵᠤᠯᠵᠠᠭ᠎ᠠ ᠨᠣᠭᠣᠳ ᠲᠤ ᠦᠯᠠᠳᠡᠬᠡᠵᠦ ᠦᠭ᠍ᠬᠥᠬᠡᠥᠨ ᠮᠠᠩᠨᠠᠢ ᠪᠠᠨ ᠪᠠᠷᠢᠯᠠᠭᠰᠠᠭᠠᠷ ᠲᠠᠠᠳᠠᠷ ᠮᠥᠨᠳᠡᠷ ᠠᠯᠬᠣᠵᠣ ᠭᠠᠳᠠᠭ᠎ᠠ ᠭᠠᠷᠪᠠ᠃ ᠲᠡᠷᠳᠡᠬᠡ ᠣᠯᠢᠶᠠᠰᠣᠳᠣ ᠭᠣᠵᠦᠡᠭ ᠤᠨ ᠰᠡᠵᠢᠬᠥᠷ ᠣᠷᠣᠭᠣ ᠬᠦᠮᠥᠰᠬᠡᠨ ᠰᠠᠷᠠ ᠰᠢᠷᠭᠣᠵᠣ ᠪᠠᠶ᠋‍ᠢᠨ᠎ᠠ᠂ ᠬᠣᠨᠢᠳ ᠨᠢ ᠣᠳᠣ ᠯᠠᠪᠳᠠᠢ ᠲᠠᠠᠳᠠ ᠬᠦᠷᠴᠢᠬᠡᠬᠡᠥᠨ ᠬᠠᠷᠠᠯᠭᠠᠨ ᠰᠤᠬᠤᠷ ᠢᠶᠡᠷ ᠪᠠᠯ ᠦᠭᠰᠦᠵᠦ ᠡᠬᠢᠯᠡᠭ᠍ᠰᠡᠨ ᠪᠠᠶ᠋‍ᠢᠬᠣ ᠶᠣᠰᠣᠳᠠᠢ᠃ ᠭᠣᠣᠯ ᠤᠨ ᠨᠠᠷᠢᠨ ᠬᠡᠪᠡᠯᠢ ᠶᠢ ᠥᠩᠬᠡᠷᠡᠬᠥ ᠪᠣᠯᠣᠭᠠᠳ ᠲᠠᠷᠠ ᠲᠡᠬᠥᠵᠢᠯᠡᠵᠦ ᠶᠠᠪᠣᠭ᠎ᠠ ᠣᠷᠳᠣ ᠲᠥᠷᠪᠡᠯᠵᠢᠨ ᠬᠠᠶ᠋‍ᠢᠷᠴᠠᠭ ᠬᠡᠯᠪᠡᠷᠢ ᠲᠡᠶ ᠬᠡᠷᠡᠪᠴᠢ ᠶᠢᠨ ᠢᠶᠡᠨ ᠨᠡᠬᠡᠬᠡᠯᠬᠡ ᠶᠢ ᠲᠠᠷᠣᠪᠠᠯ ᠦᠯᠮᠡᠢ ᠲᠣᠣᠷᠠᠬᠢ ᠡᠪᠠᠰᠣ ᠬᠠᠭᠳᠠ ᠡᠴᠡ ᠡᠬᠢᠯᠡᠬᠡᠥᠨ ᠣᠶ᠋‍ᠢᠷ᠎ᠠ ᠶᠢᠨ ᠪᠦᠰᠡᠯᠠᠬᠥᠷ ᠴᠢᠨᠡᠬᠡ ᠡᠷᠬᠢ᠂ ᠡᠷᠬᠢ ᠶᠢᠨ ᠲᠣᠣᠷᠠᠬᠢ ᠬᠣᠮᠠᠭ ᠰᠠᠶ᠋‍ᠢᠷ ᠬᠠᠷᠠᠭᠳᠠᠵᠣ ᠪᠠᠶ᠋‍ᠢᠨ᠎ᠠ᠃ ᠦᠨᠡᠨ ᠳᠡᠭᠡᠨ ᠬᠡᠷᠡᠪᠴᠢ ᠦᠭᠡᠶ ᠪᠣᠯ ᠲᠠᠷᠠ ᠬᠦᠯ ᠠᠯᠳᠠᠭᠠᠳ ᠨᠦᠬᠡᠨ ᠳᠤ ᠣᠨᠠᠴᠢᠬᠠᠬᠣ ᠪᠢᠰᠢ᠂ ᠵᠦᠪᠬᠡᠨ ᠭᠠᠷ ᠲᠣᠨᠢ ᠬᠡᠷᠡᠯ ᠡᠬᠥᠰᠬᠡᠬᠥᠷ ᠪᠠᠶ᠋‍ᠢᠪᠠᠯ ᠰᠠᠳᠬᠢᠯ ᠳ᠋ᠣᠨᠢ ᠲᠠᠯᠳᠠ ᠶᠢᠨ ᠬᠠᠨᠢ ᠨᠦᠬᠥᠷ ᠣᠷᠣᠩᠨᠠᠵᠣ ᠪᠠᠶ᠋‍ᠢᠬᠣ ᠰᠢᠭ ᠪᠣᠳᠣᠭᠳᠠᠬᠣ ᠡᠴᠡ ᠪᠣᠯᠵᠣ ᠰᠠᠶ‍ᠢ ᠣᠳᠠᠭᠠᠨ ᠲᠡᠬᠥᠵᠢᠯᠡᠵᠦ ᠶᠠᠪᠣᠪᠠᠯ ᠮᠥᠷᠤ ᠲᠠᠯᠣ ᠴᠢᠨᠥᠷᠠᠬᠥᠯᠬᠥ ᠬᠦᠪ ᠬᠦᠠᠲᠦ᠂ ᠪᠣᠬᠢᠷ ᠪᠦᠲᠦᠬᠥᠯᠢᠭ᠌ ᠬᠢᠴᠠᠳᠠᠢ ᠬᠡᠷᠡᠯᠲᠦᠬᠥᠯᠬᠡ ᠶᠢᠨ ᠪᠠᠭᠠᠵᠢ ᠶᠢ ᠠᠪᠴᠣ ᠶᠠᠪᠣᠵᠣ ᠪᠠᠶ᠋‍ᠢᠨ᠎ᠠ᠃ ᠭᠣᠣᠯ ᠤᠨ ᠲᠣᠬᠣᠢ ᠶᠢᠨ ᠡᠷᠬᠢ ᠬᠣᠮᠠᠭ ᠰᠠᠶ᠋‍ᠢᠷ ᠢ ᠥᠩᠬᠡᠷᠡᠬᠡᠥᠨ ᠲᠠᠷᠠ ᠬᠡᠷᠡᠪᠴᠢ ᠪᠠᠨ ᠣᠠᠳᠠᠷᠠᠭᠠᠵᠠᠢ᠃ ᠣᠷᠴᠢᠨ ᠲᠣᠭᠣᠷᠢᠨ ᠫᠠᠳ ᠬᠠᠷᠠᠩᠭ᠋ᠣᠢ ᠪᠣᠯᠵᠣ᠂ ᠲᠠᠷᠠ ᠬᠣᠷᠣᠮ ᠵᠠᠭᠣᠷ᠎ᠠ ᠪᠠᠶᠠᠷ ᠭᠣᠨᠢᠭ ᠦᠭᠡᠶ᠂ ᠬᠣᠷᠣᠰᠣᠯ ᠠᠳᠠᠭ᠎ᠠ ᠦᠭᠡᠶ᠂ ᠵᠢᠭ᠍ᠰᠢᠯ ᠭᠣᠳᠣᠭᠠᠯ ᠦᠭᠡᠶ᠂ ᠡᠨᠠᠷᠢᠯ ᠬᠦᠬᠡᠷᠥᠬᠦᠢᠯᠡᠯ ᠦᠭᠡᠶ ᠪᠣᠳᠠᠰᠯᠢᠭ ᠶᠢᠷᠳᠢᠨᠴᠣ ᠶᠢ ᠴᠠᠷᠴᠠᠭᠠᠵᠣ ᠣᠷᠬᠢᠭᠰᠠᠨ ᠭᠥᠯᠲᠦᠡᠭ ᠬᠣᠩᠬᠢᠯ ᠢᠶᠡᠷ ᠥᠩᠬᠡᠷᠡᠭ᠍ᠰᠡᠨ ᠮᠠᠳᠣ ᠪᠣᠯᠣᠭᠠᠳ ᠲᠠᠬᠢᠨ ᠪᠣᠯᠳᠠᠨ ᠭᠠᠷᠴᠣ ᠢᠷᠠᠪᠠ᠃ ᠲᠠᠯ᠎ᠠ ᠶᠢᠨ ᠪᠡᠯᠴᠢᠬᠡᠷ ᠢ ᠭᠠᠵᠠᠷ ᠣᠪᠣᠭᠠᠨ ᠤ ᠰᠠᠬᠢᠭᠣᠰᠣ ᠰᠠᠬᠢᠬᠣ ᠪᠠᠨ ᠪᠣᠯᠢᠵᠣ ᠵᠤ᠋ ᠬᠢᠷ᠎ᠠ ᠶ᠋‍ᠢᠨ ᠪᠡᠯᠴᠢᠬᠡᠷ ᠢ ᠠᠭᠣᠯᠠ ᠶᠢᠨ ᠡᠵᠠᠨ ᠰᠠᠪᠳᠠᠭ ᠬᠠᠷᠠᠵᠣ ᠬᠠᠷᠠᠭᠠᠯᠵᠠᠬᠣ ᠪᠠᠨ ᠪᠣᠯᠢᠬᠤ ᠳᠤ ᠲᠠᠳᠠᠨ ᠢ ᠣᠷᠣᠯᠠᠭᠰᠠᠨ ᠮᠠᠰᠢᠨ ᠤ ᠮᠣᠬᠣᠯᠠᠭ ᠲᠤ ᠲᠣᠷᠠᠨ ᠪᠠᠷᠢᠵᠣ ᠰᠠᠭᠣᠭᠰᠠᠨ ᠬᠦᠮᠥᠰ ᠣᠳᠣ ᠪᠢᠳᠠᠨ ᠢ ᠠᠮᠣᠷ ᠠᠮᠢᠳᠣᠷᠠᠭᠣᠯᠬᠣ ᠦᠭᠡᠶ ᠬᠡᠥᠨ ᠰᠢᠳᠣ ᠵᠠᠭᠣᠵᠠᠢ᠃ ᠬᠣᠪᠢ ᠵᠤᠯ ᠲᠣᠣᠷᠠᠳᠠᠭᠠᠳ ᠡᠨᠠ ᠦᠳᠡᠰᠢ ᠲᠠᠳᠠᠨ ᠤ ᠭᠠᠷ ᠲᠤ ᠦᠷᠲᠦᠪᠡᠯ ᠬᠣᠷᠮᠣᠢ ᠴᠢᠷᠥᠭᠰᠡᠨ ᠡᠮ᠎ᠠ ᠬᠦᠮᠥᠨ ᠪᠢ ᠶᠠᠭᠠᠬᠢᠬᠣ ᠶ᠋‍ᠢᠨ ᠴᠤ ᠠᠷᠭ᠎ᠠ ᠦᠭᠡᠶ ᠁ ᠲᠡᠬᠡᠬᠥᠯᠡᠷ ᠴᠢᠨᠢ ᠪᠠᠰᠠ ᠬᠠᠯᠠᠭᠣᠨ ᠬᠣᠰᠢᠭᠣᠳᠣ ᠪᠠᠨ ᠨᠢᠭᠣᠵᠣ ᠲᠠᠯᠳᠠᠯᠠᠵᠣ ᠪᠡᠯᠴᠢᠬᠡᠬᠡᠥᠨ ᠡᠪᠠᠰᠣᠨ ᠭᠣᠣᠯ ᠲ᠋ᠠᠢ ᠪᠠᠷ ᠨᠢ ᠠᠪᠴᠣ ᠶᠠᠪᠣᠭᠠᠳ ᠪᠣᠯᠵᠣ ᠯᠠ ᠪᠠᠶ᠋‍ᠢᠨ᠎ᠠ ᠁

ᠲᠠᠷᠠ ᠣᠯᠢᠶᠠᠰᠣᠳᠣ ᠭᠣᠵᠦᠡᠭ ᠤᠨ ᠰᠣᠭᠣ ᠳᠤ ᠰᠥᠷᠥᠭ ᠢᠶᠡᠨ ᠬᠦᠢᠴᠡᠬᠡᠥᠨ ᠲᠡᠬᠡᠬᠥᠷ ᠨᠢ ᠬᠡᠷᠡᠯ ᠲᠣᠰᠬᠠᠪᠠᠯ ᠬᠣᠨᠢᠳ ᠦᠨᠥᠷ ᠦᠨᠥᠷ ᠢᠶᠡᠨ ᠠᠪᠣᠯᠴᠠᠨ ᠪᠦᠬᠡᠮᠨᠡᠷᠠᠵᠦ ᠬᠣᠶ᠋‍ᠢᠯᠠᠷᠠᠭᠠᠳ᠂ ᠲᠡᠯᠬᠡᠵᠦ ᠲᠠᠯᠪᠢᠭᠰᠠᠨ ᠪᠦᠷᠢᠶᠡᠰᠥᠨ ᠤ ᠢᠰᠠᠬᠡᠢ ᠴᠢᠨᠡᠬᠡ ᠯᠠ ᠴᠠᠶ᠋‍ᠢᠷᠠᠵᠣ ᠬᠠᠷᠠᠭᠳᠠᠬᠣ ᠪᠣᠯᠵᠠᠢ᠃ ᠬᠡᠷᠡᠯ ᠣᠠᠳᠠᠷᠠᠭᠰᠠᠨ ᠤ ᠲᠠᠷᠠᠭ᠎ᠠ 《 ᠪᠦᠷᠢᠶᠡᠰᠥᠨ ᠤ ᠢᠰᠠᠬᠡᠢ 》 ᠲᠠᠬᠢᠭᠠᠳ ᠪᠦᠬᠡᠮ ᠪᠦᠬᠡᠮ ᠨᠣᠣᠰᠣ ᠪᠣᠯᠣᠨ ᠵᠠᠳᠠᠷᠠᠵᠤ ᠰᠠᠯᠪᠠ᠃

ᠪᠣᠳᠣᠭᠠᠳ ᠦᠵᠡᠪᠡᠯ ᠬᠣᠩᠭ᠋ᠣᠷ ᠲᠣᠡᠭ ᠬᠦᠬᠡᠷᠥᠬᠥᠢ᠃ ᠵᠢᠷᠥᠬᠡ ᠬᠡᠷᠡᠯ ᠬᠣᠶᠠᠷ ᠬᠦᠯ ᠭᠠᠷ ᠲᠡᠶ ᠪᠣᠯᠴᠢᠬᠠᠭᠠᠳ ᠨᠢᠬᠡ ᠦᠶ᠎ᠡ ᠬᠣᠶᠠᠷ ᠭᠣᠵᠦᠡᠭ ᠤᠨ ᠬᠣᠭᠣᠷᠣᠠᠳᠣ ᠪᠠᠷᠣᠭ ᠢᠯᠨ ᠪᠠᠷ ᠶᠠᠪᠣᠯᠴᠠᠬᠣ ᠳᠤ ᠬᠦᠷᠴᠢᠬᠡᠭ᠍ᠰᠡᠨ ᠪᠠᠶ᠋‍ᠢᠳᠠᠯ᠎ᠠ ᠲᠥᠯᠡᠢ ᠲᠣᠯᠣᠭᠠᠶ᠋‍ᠢᠯᠠᠭᠠᠳ ᠡᠷ᠎ᠠ ᠪᠠᠨ ᠬᠠᠰᠢᠵᠣ ᠬᠣᠷᠢᠭᠯᠠᠬᠣ ᠲᠦᠬᠥᠬᠡ ᠦᠭᠡᠶ᠃ ᠪᠢ ᠲᠠᠳᠠᠨ ᠤ ᠪᠠᠶ᠋‍ᠢᠳᠠᠯ ᠢ ᠬᠠᠪᠢᠯᠳᠠᠭᠣ ᠡᠴᠡ ᠨᠢ ᠦᠵᠡᠬᠡᠥᠨ ᠪᠦᠬᠡᠯᠵᠢᠰᠦ ᠬᠣᠳᠬᠣᠬᠣ ᠳᠣ ᠬᠦᠷᠥᠭᠰᠡᠨ ᠶᠣᠮ᠃ ᠪᠠᠶᠠᠷ ᠲᠡᠬᠡᠵᠦ ᠶᠠᠪᠣᠬᠣ ᠳᠤ ᠬᠦᠷᠪᠡᠯ ᠪᠢ ᠬᠡᠳᠦᠢᠨ ᠤ ᠬᠦᠵᠦᠬᠥᠤ ᠶᠢ ᠨᠢ ᠣᠭᠳᠣᠯᠣᠭᠠᠳ ᠲᠠᠯᠪᠢᠴᠢᠬᠠᠭᠰᠠᠨ᠂ ᠡᠰᠠᠬᠥᠯ᠎ᠡ ᠦᠪᠡᠷ ᠲᠡᠭᠡᠨ ᠬᠠᠳᠠ ᠮᠥᠷᠬᠥᠬᠡᠥᠨ ᠴᠤ ᠬᠡᠰᠡᠨ ᠦᠬᠥᠴᠢᠬᠡᠭ᠍ᠰᠡᠨ᠃ ᠶᠠᠭᠠᠬᠢᠭᠰᠠᠨ ᠢᠴᠢᠵᠣ ᠰᠢᠷᠪᠡᠬᠡᠲᠦᠬᠥ ᠪᠠᠨ ᠮᠡᠳᠡᠬᠥ ᠦᠭᠡᠶ ᠲ᠋ᠣᠷ᠎ᠠ ᠵᠤᠷᠢᠭ ᠤᠨ ᠶᠢᠷᠳᠢᠨᠴᠣ ᠪᠣᠯᠴᠢᠬᠠᠵᠣ ᠪᠣᠢ︕ ᠵᠠ᠂ ᠡᠯᠳᠠᠪ ᠤᠨ ᠶᠠᠭᠣᠮ᠎ᠠ ᠪᠣᠳᠣᠬᠣ ᠪᠠᠨ ᠪᠠᠶ᠋‍ᠢᠶ᠎ᠠ ᠵᠦᠬᠡᠷ ᠁ ᠪᠠᠶᠠᠷ ᠰᠢᠭ ᠠᠷᠰᠠᠭᠠᠷ ᠰᠢᠷ᠎ᠠ ᠰᠢᠳᠣᠳᠣ ᠶᠢᠨ ᠨᠢᠳᠣᠨ ᠳᠡᠭᠡᠨ ᠣᠰᠣ ᠦᠭᠡᠶ ᠪᠢ ᠯᠠ ᠣᠯᠣᠭᠠᠳ ᠦᠵᠡᠴᠢᠬᠡᠭ᠍ᠰᠡᠨ ᠡᠴᠡ ᠪᠢᠰᠢ ᠬᠡᠷᠡᠯ ᠰᠢᠭ᠌ ᠬᠦᠮᠥᠨ ᠡᠷ᠎ᠠ ᠦᠬᠡᠢ ᠬᠠᠭᠰᠠᠵᠣ ᠦᠬᠥᠬᠥ ᠡᠴᠡ ᠪᠢᠰᠢ ᠣᠯᠶ᠋‍ᠢᠬᠣ ᠦᠭᠡᠶ ᠪᠠᠶ᠋‍ᠢᠬ᠎ᠠ ᠁ ᠨᠢᠳᠣᠨ ᠳᠡᠭᠡᠨ ᠣᠰᠣ ᠦᠭᠡᠶ ᠶᠠᠪᠣᠭᠰᠠᠨ ᠬᠡᠪᠡᠯ ᠨᠠᠳᠠ ᠳᠤ ᠪᠠᠰᠠ ᠲᠦᠮᠠᠨ ᠬᠢᠯᠢᠰ ᠡ᠂ ᠪᠢ ᠦᠬᠢᠨ ᠪᠠᠶ᠎ᠠ ᠪᠠᠨ ᠬᠠᠳᠠᠭᠠᠯᠠᠵᠣ ᠭᠣᠴᠢ ᠬᠦᠷᠳᠡᠯ᠎ᠡ ᠬᠡᠷ ᠲᠡᠭᠡᠨ ᠰᠠᠭᠣᠭᠠᠳ ᠬᠠᠳᠠᠮᠠᠯ ᠪᠣᠯᠬᠣ ᠰᠢᠬᠠᠭᠰᠠᠨ ᠦᠬᠡᠢ ᠪᠣᠯ ᠦᠦ︕ ᠨᠠᠮᠢ᠋ᠢ ᠲᠠᠳᠠ ᠢᠨᠢᠶᠠᠵᠣ ᠴᠢᠳᠠᠬᠣ ᠦᠭᠡᠶ ᠬᠡᠵᠦ ᠬᠡᠯᠡᠨ᠎ᠡ᠃ ᠪᠢ ᠦᠨᠡᠨ ᠳᠡᠭᠡᠨ ᠢᠨᠢᠶᠡᠬᠥ ᠲᠤᠷ᠎ᠠ ᠦᠭᠡᠶ ᠡᠴᠡ ᠪᠢᠰᠢ᠂ ᠢᠨᠢᠶᠠᠵᠣ ᠪᠣᠯ ᠴᠢᠳᠠᠳᠠᠭ ᠳ᠋‍ᠠ᠃ ᠢᠨᠢᠶᠠᠮᠠᠷ ᠣᠴᠢᠷ ᠬᠠᠷᠭᠣᠬᠣ ᠦᠭᠡᠶ ᠪᠠᠶ᠋‍ᠢᠬᠣ ᠳᠤ ᠠᠯᠪᠠ ᠪᠠᠷ ᠢᠨᠢᠶᠡᠬᠥ ᠶᠢ ᠪᠣᠯ ᠪᠢ ᠶᠠᠭ ᠴᠢᠳᠠᠬᠣ ᠦᠭᠡᠶ᠃

ᠲᠠᠷᠠ ᠬᠣᠯᠠᠳᠠᠭᠰᠠᠨ ᠬᠣᠨᠢᠳ ᠤᠨ ᠢᠶᠡᠨ ᠠᠷᠤ ᠡᠴᠡ ᠲᠠᠬᠢᠠᠳᠠ ᠬᠡᠷᠡᠯ ᠲᠣᠰᠬᠠᠵᠣ ᠯᠠᠪᠯᠠᠬᠣ ᠬᠡᠪᠡᠯ ᠬᠡᠷᠡᠪᠴᠢ ᠶᠢᠨ ᠴᠡᠨᠡᠭ ᠮᠠᠭᠣᠳᠠᠵᠣ ᠣᠯᠪᠠᠯᠵᠠᠬᠣ ᠲᠠᠳᠣᠢ ᠪᠣᠯᠣᠭᠰᠠᠨ ᠠᠵᠢ᠃ ᠲᠡᠬᠥᠤ ᠶᠢᠨ ᠢᠶᠡᠨ ᠲᠣᠪᠣᠨ ᠳᠤ ᠬᠦᠷᠴᠦ ᠨᠠᠮᠠᠵᠣ ᠴᠡᠨᠡᠭᠯᠡᠬᠥ ᠰᠠᠨᠠᠭᠠᠳᠠᠢ᠂ ᠬᠣᠨᠢᠳ ᠤᠨ ᠢᠶᠡᠨ ᠵᠠᠶ᠋‍ᠢᠳᠠᠵᠣ ᠶᠠᠪᠣᠭᠰᠠᠨ ᠤ ᠡᠰᠡᠷᠬᠥ ᠴᠢᠭ᠍ᠯᠠᠯ ᠢᠶᠡᠷ ᠬᠦᠷᠪᠡᠢᠭ᠍ᠰᠡᠨ ᠵᠢᠭᠠᠬᠠᠨ ᠬᠦᠳᠥᠯ ᠢ ᠦᠭᠰᠦᠪᠡ᠃ ᠵᠢᠷᠥᠬᠡ ᠬᠣᠩᠭ᠋ᠣᠷ ᠬᠣᠶᠠᠷ ᠤᠨ ᠪᠠᠭᠣᠴᠠ ᠪᠣᠯ ᠬᠣᠶᠠᠷ ᠭᠣᠵᠦᠡᠭ ᠤᠨ ᠬᠣᠭᠣᠷᠣᠠᠳᠣ ᠪᠣᠰᠣᠭᠰᠠᠨ ᠬᠠᠮᠣᠭ ᠲᠥᠷᠣᠬᠥᠴᠢ ᠶᠢᠨ ᠴᠢᠯᠠᠭᠣ ᠲᠣᠭᠣᠰᠬ᠎ᠠ ᠶ᠋‍ᠢᠨ ᠪᠦᠲᠦᠴᠡ ᠲᠡᠶ ᠬᠡᠷ ᠰᠠᠷᠠᠪᠴᠢ ᠶᠣᠮ᠃ ᠬᠡᠷ ᠢᠶᠡᠨ ᠪᠠᠷᠢᠬᠤ ᠡᠴᠡ ᠪᠠᠨ ᠣᠷᠢᠳᠠᠢ ᠦᠷᠥᠮᠳᠡᠬᠥᠷ ᠮᠠᠰᠢᠨ ᠢᠶᠡᠷ ᠬᠣᠳᠳᠣᠭ ᠢᠶᠡᠨ ᠡᠷᠣᠬᠥᠯᠵᠡᠢ᠃ ᠡᠳᠠᠨ ᠲᠡᠶ ᠠᠳᠠᠯᠢᠳᠬᠠᠪᠠᠯ ᠲᠠᠷᠠ ᠣᠳᠣ ᠪᠣᠯᠳᠠᠯ᠎ᠠ ᠪᠣᠯᠠᠭ ᠡᠴᠡ ᠣᠰᠣ ᠲᠠᠮᠨᠠᠵᠣ ᠬᠣᠭᠣᠯᠠ ᠣᠮᠳᠠ ᠪᠠᠨ ᠠᠷᠭᠠᠴᠠᠭᠠᠵᠣ ᠪᠠᠶ᠋‍ᠢᠳᠠᠭ ᠡ ᠁ ᠲᠠᠭᠣᠯᠠ ᠶᠢ ᠴᠢᠮᠡᠬᠡ ᠲᠠᠭᠣ ᠦᠭ᠍ᠬᠥᠭ᠍ᠰᠡᠨ ᠴᠤ ᠦᠭᠡᠶ ᠪᠠᠷ ᠰᠢᠭᠣᠳ ᠬᠡᠷ ᠲᠣᠨᠢ ᠣᠷᠣᠬᠣ ᠳᠤ ᠲᠧᠯᠸᠢᠰ ᠤᠨ ᠡᠮᠣᠨᠠᠬᠢ ᠬᠣᠭᠣᠯᠠᠨ ᠰᠢᠷᠡᠬᠡ ᠶᠢ ᠲᠣᠭᠣᠷᠢᠵᠣ ᠵᠢᠷᠥᠬᠡ ᠬᠣᠩᠭ᠋ᠣᠷ ᠬᠡᠷᠡᠯ ᠭᠣᠷᠪᠠ ᠴᠠᠢ ᠶᠢᠨ ᠠᠶᠠᠭ᠎ᠠ ᠲᠠᠯᠪᠢᠵᠣ ᠰᠠᠭᠣᠯᠴᠠᠭᠠᠳ ᠮᠣᠩᠭ᠋ᠣᠯ ᠬᠡᠯᠡᠨ ᠤ ᠨᠡᠪᠳᠡᠷᠠᠬᠥᠯᠬᠡ ᠰᠣᠨᠢᠷᠬᠠᠵᠣ ᠪᠠᠶ᠋‍ᠢᠪᠠ᠃

《 ᠡᠠᠢ᠂ ᠪᠢᠳᠡ ᠪᠠᠰᠠ ᠡᠪᠳᠡᠷᠡᠭᠰᠡᠨ ᠳᠤᠭᠤᠭ᠎ᠠ (ᠠᠭᠠᠷ ᠤᠨ ᠳᠤᠯᠬᠢᠶ᠎ᠠ ᠬᠦᠯᠢᠶᠠᠨ ᠠᠪᠤᠭᠴᠢ ) ᠪᠠᠨ ᠵᠠᠰᠠᠭᠤᠯᠵᠤ ᠠᠪᠤᠪᠠᠯ ᠰᠠᠨᠠᠭ᠎ᠠ ᠠᠮᠣᠷᠣᠨ᠎ᠠ᠂ ᠢᠩᠬᠢᠵᠣ ᠲᠧᠯᠸᠢᠰ ᠦᠵᠡᠬᠥ ᠶᠢᠨ ᠲᠥᠯᠣᠬᠡ ᠣᠷᠣᠢ ᠪᠦᠷᠥᠢ ᠪᠠᠷ ᠬᠣᠯᠠ ᠵᠠᠮ ᠢ ᠶᠠᠪᠠᠭᠠᠯᠠᠬᠣ ᠠᠮᠠᠷ ᠦᠬᠡᠢ 》 ᠬᠡᠵᠦ ᠬᠡᠷᠡᠯ ᠬᠡᠯᠡᠬᠡᠥᠨ ᠲᠠᠭᠣᠯᠠ ᠶᠢ ᠬᠠᠷᠠᠵᠣ᠄ 《 ᠣᠰᠣᠨ ᠳᠤ ᠬᠡᠪᠳᠡᠵᠦ ᠪᠠᠶ᠋‍ᠢᠬᠣ ᠦᠨᠢᠶ᠎ᠡ ᠪᠠᠨ ᠵᠠᠮ ᠢᠶᠡᠷ ᠥᠩᠬᠡᠷᠡᠬᠥ ᠮᠠᠶ᠋‍ᠢᠮᠠᠶ᠋‍ᠢᠴᠢᠨ ᠤ ᠲᠡᠷᠬᠡ ᠨᠣᠭᠦᠳ ᠤᠨ ᠠᠯᠢ ᠨᠢᠬᠡᠨ ᠳ᠋ᠣᠨᠢ ᠬᠢᠮᠳᠠ ᠪᠠᠷ ᠴᠤ ᠬᠡᠰᠡᠨ ᠦᠭᠴᠢᠬᠡᠬᠥ ᠦᠭᠡᠶ ᠶᠠᠭᠣ ᠬᠦᠯᠢᠶᠡᠵᠦ ᠪᠠᠶ᠋‍ᠢᠬᠣ᠂ ᠦᠨᠥᠷ ᠣᠷᠣᠴᠢᠬᠠᠪᠠᠯ ᠰᠤᠬᠤᠷ ᠵᠤᠭᠣᠰ ᠴᠤ ᠬᠦᠷᠬᠥ ᠦᠭᠡᠶ ᠪᠣᠯᠣᠨ᠎ᠠ ᠰᠢᠤ 》 ᠬᠡᠪᠡ᠃ ᠬᠣᠩᠭ᠋ᠣᠷ ᠪᠣᠰᠴᠣ ᠬᠠᠳᠠᠮ ᠡᠬᠡᠴᠢ ᠳᠡᠭᠡᠨ ᠰᠠᠠᠳᠠᠯᠢ ᠲᠠᠯᠪᠢᠵᠣ ᠴᠠᠢ ᠠᠶᠠᠭᠠᠯᠠᠨ᠎ᠠ᠃

《 ᠴᠢ ᠶᠠᠭᠣᠨ ᠤ ᠬᠢᠨᠢ ᠮᠢᠨᠣ ᠦᠬᠡᠳᠡ ᠡᠴᠡ ᠮᠡᠷᠬᠡᠨ ᠬᠣᠩᠰᠢᠶᠠᠷ ᠲᠠᠯᠪᠢᠴᠢᠬᠠᠭᠰᠠᠨ ᠪᠣᠢ︕ ᠡᠳᠠᠨ ᠤ ᠬᠢ ᠣᠷᠣᠭᠣ ᠲᠧᠯᠸᠢᠰ ᠦᠵᠡᠬᠥ ᠶᠢᠨ ᠲᠥᠯᠣᠬᠡ ᠬᠣᠷᠮᠣᠢ ᠲᠡᠷᠪᠡᠬᠥᠯᠥᠨ ᠬᠠᠳᠠᠷᠢᠵᠣ ᠪᠠᠶ᠋‍ᠢᠬᠣ ᠬᠡᠵᠦ ᠦᠦ︖ ᠲᠠᠷᠠ ᠦᠬᠡ ᠪᠠᠷ ᠢᠶᠡᠨ ᠴᠢᠳᠬᠥᠷ ᠢ ᠬᠠᠭᠣᠷ ᠪᠠ᠂ ᠨᠠᠳᠠ ᠳᠤ ᠲᠡᠬᠡᠵᠦ ᠦᠮᠠᠬᠡᠢ ᠮᠢᠬ᠎ᠠ ᠶᠢ ᠡᠳ᠋ ᠪᠣᠯᠭᠠᠬᠣ ᠡᠷᠳᠠᠮ ᠦᠭᠡᠶ︕》 ᠬᠡᠵᠦ ᠲᠠᠭᠣᠯᠠ ᠬᠡᠯᠡᠪᠡ᠃ ᠵᠢᠷᠥᠬᠡ ᠡᠬᠡᠴᠢ ᠶᠢᠨ ᠢᠶᠡᠨ ᠰᠢᠷᠡᠬᠡᠨ ᠲᠡᠬᠡᠷ᠎ᠡ ᠲᠠᠯᠪᠢᠭᠰᠠᠨ ᠬᠡᠷᠡᠪᠴᠢ ᠶᠢᠨ ᠲᠣᠪᠴᠢ ᠶᠢ ᠨᠡᠬᠡᠬᠡᠵᠦ ᠬᠠᠭᠠᠵᠣ ᠪᠠᠬᠠᠨ ᠲᠣᠷᠰᠢᠭᠠᠳ ᠴᠡᠨᠡᠭᠯᠡᠵᠤ ᠦᠭ᠍ᠬᠥ ᠪᠠᠷ ᠠᠪᠴᠣ ᠭᠠᠷᠪᠠ᠃ ᠬᠡᠷ ᠲᠤ ᠭᠣᠷᠪᠠᠨ ᠪᠦᠰᠠᠬᠥᠢ ᠦᠯᠠᠳᠡᠵᠦ ᠪᠦᠯᠡᠬᠡ ᠵᠠᠯᠬᠢᠵᠠᠭᠠᠭᠰᠠᠨ ᠰᠢᠭ ᠲᠣᠭᠣᠢ ᠪᠣᠯᠵᠠᠢ᠃

ᠭᠠᠳᠠᠭ᠎ᠠ ᠮᠠᠷ ᠰᠠᠷ ᠪᠣᠷᠣᠭ᠎ᠠ ᠪᠠᠭᠣᠵᠣ ᠥᠩᠬᠡᠷᠡᠭ᠍ᠰᠡᠨ ᠤ ᠲᠠᠷᠠᠭ᠎ᠠ ᠣᠷᠣᠢ ᠪᠦᠷᠥᠢ ᠪᠠᠷ ᠠᠶ᠋‍ᠢᠯᠴᠢᠯᠠᠵᠣ ᠢᠷᠡᠭ᠍ᠰᠡᠨ ᠬᠣᠶᠠᠷ ᠵᠤᠴᠢᠨ ᠴᠣᠭ ᠲᠠᠭᠠᠨ ᠰᠠᠯᠵᠣ ᠶᠠᠪᠣᠵᠠᠢ᠃ ᠬᠣᠩᠭ᠋ᠣᠷ ᠵᠢᠷᠥᠬᠡ ᠬᠣᠶᠠᠷ ᠲᠧᠯᠸᠢᠰ ᠢᠶᠡᠨ ᠲᠠᠷᠣᠵᠣ ᠣᠷᠣ ᠪᠠᠨ ᠲᠡᠯᠬᠡᠬᠡᠥᠨ ᠣᠠᠳᠠᠵᠣ ᠠᠮᠠᠷᠠᠬᠣ ᠪᠠᠷ ᠪᠣᠯᠪᠠ᠃ ᠴᠣᠩᠬᠣᠨ ᠲᠣᠣᠷ ᠤᠨ ᠭᠠᠳᠠᠨ᠎ᠠ ᠡᠴᠡ ᠰᠢᠪᠠᠯᠳᠣᠬᠣ ᠢᠳᠣᠬᠠᠨ ᠡᠷᠪᠡᠬᠡᠢ ᠨᠣᠭᠦᠳ ᠬᠡᠷ ᠲᠠᠬᠢ ᠬᠡᠷᠡᠯ ᠣᠠᠳᠠᠷᠠᠴᠢᠬᠠᠭᠰᠠᠨ ᠪᠠᠶ᠋‍ᠢᠬᠣ ᠳᠤ ᠪᠠᠰᠠ ᠴᠤ ᠰᠠᠯᠵᠣ ᠲᠥᠪᠳᠡᠯ ᠦᠭᠡᠶ ᠱᠠᠵᠢᠬᠢᠨᠠᠯᠳᠣᠭᠰᠠᠭᠠᠷ ᠪᠠᠶ᠋‍ᠢᠯ᠎ᠠ᠃ 《 ᠲᠠᠳᠠ ᠬᠣᠶᠠᠷ ᠢ ᠲᠧᠯᠸᠢᠰ ᠦᠵᠡᠬᠡᠥᠨ ᠰᠠᠭᠣᠵᠣ ᠪᠠᠶ᠋‍ᠢᠬᠣ ᠦᠶ᠎ᠡ ᠳᠤ ᠨᠣᠶ᠋‍ᠢᠷ ᠬᠦᠷᠴᠦ ᠰᠠᠭᠣᠭ᠎ᠠ ᠪᠠᠷ ᠢᠶᠡᠨ ᠦᠷᠬᠡᠯᠡᠵᠦ ᠰᠠᠵᠢᠯᠠᠭᠠᠳ ᠪᠣᠯᠬᠣ ᠦᠭᠡᠶ᠂ ᠬᠡᠷ ᠲᠤ ᠬᠦᠮᠥᠨ ᠢᠷᠡᠬᠡᠥᠨ ᠪᠠᠶ᠋‍ᠢᠬᠣ ᠳᠤ ᠶᠠᠭᠠᠬᠢᠵᠣ ᠣᠷᠣ ᠲᠡᠬᠡᠷ᠎ᠡ ᠪᠠᠨ ᠭᠠᠷᠣᠨ᠎ᠠ ᠳ᠋‍ᠠ᠃ ᠣᠳᠣ ᠬᠠᠷᠢᠨ ᠨᠣᠶ᠋‍ᠢᠷ ᠰᠡᠷᠬᠥᠴᠢᠬᠡᠵᠡᠢ》 ᠬᠡᠮᠡᠨ ᠬᠣᠩᠭ᠋ᠣᠷ ᠬᠡᠪᠳᠡᠵᠦ ᠪᠠᠶ᠋‍ᠢᠭᠰᠠᠨ ᠢᠶᠡᠨ ᠲᠦᠲᠦᠨᠡᠭ᠍ᠰᠠᠬᠡᠷ ᠦᠨᠳᠡᠢᠵᠦ ᠲᠣᠳᠣᠷ ᠡᠮᠥᠰᠬᠡᠯ ᠢᠶᠡᠨ ᠲᠠᠶ᠋‍ᠢᠴᠢᠭᠠᠳ ᠶ᠋‍ᠢᠷᠥᠬᠡ ᠶᠢᠨ ᠡᠪᠣᠷ ᠲᠤ ᠰᠢᠷᠭᠣᠪᠠ᠃ ᠵᠢᠷᠥᠬᠡ ᠣᠠᠳᠠᠴᠢᠬᠠᠭᠰᠠᠨ ᠪᠣᠯᠣᠯᠳᠠᠢ᠂ ᠵᠢᠭ᠍ᠳᠡ ᠲᠠᠶ᠋‍ᠢᠪᠣᠭᠣ ᠠᠮᠢᠰᠬᠣᠵᠣ ᠪᠠᠶ᠋‍ᠢᠨ᠎ᠠ᠃ ᠬᠣᠩᠭ᠋ᠣᠷ ᠴᠡᠬᠡᠵᠢ ᠬᠡᠪᠡᠯᠢ ᠶᠢ ᠨᠢ ᠢᠯᠢᠵᠣ ᠲᠡᠮᠳᠡᠷᠢᠭ᠍ᠰᠠᠬᠡᠷ ᠪᠠᠶ᠋‍ᠢᠭᠠᠳ ᠵᠤᠷᠢᠯᠭ᠎ᠠ ᠳᠠᠭᠠᠨ ᠬᠦᠷᠴᠦ᠂ ᠵᠢᠷᠥᠬᠡ ᠶᠢ ᠨᠣᠶ᠋‍ᠢᠷ ᠡᠴᠡ ᠨᠢ ᠰᠡᠷᠠᠬᠡᠨ ᠬᠠᠷᠢᠭᠣ ᠭᠠᠷ ᠶᠠᠪᠣᠬᠣ ᠲᠡᠶ ᠪᠣᠯᠭᠠᠵᠠᠢ᠃ ᠣᠳᠠᠯ ᠦᠭᠡᠶ ᠬᠣᠶᠠᠭᠣᠯᠠ ᠶᠢᠨ ᠪᠠᠶ᠎ᠠ ᠲᠡᠬᠡᠷᠡᠬᠢ ᠡᠷᠬᠡᠳᠡᠨ ᠨᠣᠭᠦᠳ ᠤᠨ ᠬᠠᠳᠠᠭᠣᠷᠠᠬᠣ ᠨᠢ ᠬᠠᠳᠠᠭᠣᠷᠠᠵᠣ᠂ ᠵᠦᠬᠡᠯᠡᠷᠠᠬᠥ ᠨᠢ ᠵᠦᠬᠡᠯᠡᠷᠡᠭ᠍ᠰᠡᠨ ᠤ ᠰᠡᠬᠥᠯᠡᠷ ᠡᠷ᠎ᠠ ᠡᠮ᠎ᠠ ᠬᠣᠶᠠᠷ ᠲᠡᠬᠡᠷ᠎ᠡ ᠲᠣᠣᠷ᠎ᠠ ᠪᠠᠨ ᠣᠷᠣᠯᠴᠠᠨ ᠬᠦᠢᠴᠡᠳᠬᠡᠬᠥ ᠶᠣᠰᠣᠳᠠᠢ ᠲᠠᠰᠬᠠᠯ ᠢᠶᠡᠨ ᠬᠢᠵᠣ ᠡᠬᠢᠯᠠᠪᠠ ᠁ ᠬᠣᠩᠭ᠋ᠣᠷ ᠤᠨ ᠦᠵᠡᠬᠥ ᠪᠠᠷ᠄ ᠬᠦᠤ ᠪᠠᠨ ᠦᠬᠡᠯᠡᠢ ᠦᠨᠳᠥᠷ ᠪᠣᠯᠭᠠᠵᠣ ᠲᠣᠮᠳᠠᠳᠣ ᠰᠣᠷᠭᠠᠭᠣᠯᠢ ᠶ᠋‍ᠢᠨ ᠪᠠᠶ᠋‍ᠢᠷᠢ ᠳᠤ ᠰᠠᠭᠣᠯᠭᠠᠵᠣ ᠪᠠᠶ᠋‍ᠢᠭ᠎ᠠ ᠡᠷ᠎ᠠ ᠡᠮ᠎ᠠ ᠬᠣᠶᠠᠷ ᠪᠣᠯ ᠨᠢᠬᠡᠠᠳᠡ ᠴᠠᠭ ᠣᠰᠣ ᠦᠭᠡᠶ ᠪᠦᠬᠡᠮᠨᠡᠷᠠᠵᠦ ᠬᠠᠯᠠᠭᠣᠷᠠᠭᠠᠳ ᠪᠠᠶ᠋‍ᠢᠬᠣ ᠨᠠᠰᠣ ᠪᠢᠰᠢ ᠪᠣᠯᠵᠠᠢ᠃ ᠲᠡᠬᠡᠬᠥᠯᠡᠷ ᠡᠨᠠ ᠨᠠᠰᠣᠨ ᠤ ᠡᠷ᠎ᠠ ᠬᠦᠮᠥᠨ ᠬᠡᠳᠡᠭ ᠢ ᠬᠣᠶᠠᠷ ᠭᠣᠷᠪᠠ ᠬᠣᠨᠣᠭ ᠲᠣᠳᠣᠮ ᠢᠶᠡᠷ ᠵᠠᠪᠠᠯ ᠣᠷᠣ ᠲᠡᠬᠡᠷ᠎ᠡ ᠨᠢ ᠦᠲᠦᠬᠡᠵᠦ ᠡᠯᠳᠠᠵᠣ ᠮᠠᠨᠠᠭᠳᠠᠭᠠᠳ ᠪᠠᠶ᠋‍ᠢᠭ᠎ᠠ ᠰᠢᠨᠣᠯ ᠤᠨ ᠭᠠᠯ ᠢ ᠨᠢ ᠣᠠᠳᠠᠷᠠᠭᠠᠵᠣ ᠣᠷᠬᠢᠬᠣ ᠦᠭᠡᠶ ᠪᠣᠯ ᠨᠢᠳᠣ ᠨᠢ ᠪᠦᠰᠠᠬᠥᠢ ᠬᠦᠮᠥᠨ ᠦᠵᠡᠪᠡ ᠬᠡᠭ᠍ᠰᠠᠬᠡᠷ ᠬᠡᠷᠡᠯ ᠲᠠᠳᠠᠬᠣ ᠰᠢᠭ᠃ ᠬᠡᠷᠡᠯ ᠣᠷᠣᠢ ᠪᠦᠷᠥᠢ ᠪᠠᠷ ᠬᠡᠷ ᠲᠣᠨᠢ ᠲᠧᠯᠸᠢᠰ ᠦᠵᠡᠬᠥ ᠰᠢᠯᠳᠠᠭ ᠢᠶᠡᠷ ᠢᠷᠠᠵᠣ᠂ ᠬᠠᠷᠠᠴᠠ ᠲᠣᠰᠣᠯᠳᠠ ᠶᠢᠨ ᠢᠶᠡᠨ ᠦᠵᠦᠬᠥᠷ ᠰᠡᠵᠢᠬᠥᠷ ᠢᠶᠡᠷ ᠵᠢᠷᠥᠬᠡ ᠶᠢᠨ ᠴᠢᠷᠠᠢ ᠶᠢ ᠰᠢᠷᠪᠢᠬᠡᠥᠨ ᠪᠠᠶ᠋‍ᠢᠬᠣ ᠰᠢᠭ᠃ ᠲᠠᠳᠠ ᠬᠣᠶᠠᠷ ᠢ ᠶᠠᠭᠠᠬᠢᠪᠠᠴᠣ ᠨᠢᠳᠣᠨ ᠤ ᠪᠠᠨ ᠲᠣᠣᠷ᠎ᠠ ᠢᠯᠨ ᠲᠠᠯᠳᠠ ᠦᠭᠡᠶ ᠲᠥᠷᠰᠦ ᠦᠬᠡᠶ᠋‍ᠢᠳᠡᠬᠥ ᠬᠡᠮᠵᠢᠶᠡᠨ ᠳᠤ ᠬᠦᠷᠬᠡᠵᠦ ᠪᠣᠯᠬᠣ ᠦᠭᠡᠶ᠃ ᠡᠨᠠ ᠪᠣᠯ ᠬᠣᠩᠭ᠋ᠣᠷ ᠤᠨ ᠪᠠᠶ᠎ᠠ ᠳᠡᠭᠡᠨ ᠲᠣᠵᠢ ᠰᠠᠨᠠᠭᠣᠯᠵᠣ ᠪᠠᠶ᠋‍ᠢᠳᠠᠭ ᠰᠠᠷᠠᠮᠵᠢ ᠶᠢᠨ ᠲᠣᠬᠢᠶ᠎ᠠ ᠶᠣᠮ᠃ ᠣᠷᠣ ᠲᠡᠬᠡᠷᠡᠬᠢ ᠶᠠᠪᠣᠳᠠᠯ ᠢᠶᠡᠨ ᠲᠠᠭᠣᠰᠬᠠᠭᠠᠳ ᠶ᠋‍ᠢᠷᠥᠬᠡ ᠣᠷᠪᠠᠵᠣ ᠬᠠᠠᠳᠣᠨ ᠱᠡᠯᠳᠡᠨᠭ᠌ ᠨᠢᠴᠥᠬᠥᠨ ᠢᠶᠡᠷ ᠢᠶᠡᠨ ᠬᠣᠷᠬᠢᠷᠠᠭᠠᠳ ᠡᠬᠢᠯᠡᠴᠢᠬᠡᠭ᠍ᠰᠡᠨ ᠲᠣᠯᠠ ᠬᠣᠩᠭ᠋ᠣᠷ ᠲᠥᠯᠬᠢᠵᠦ ᠲᠠᠳᠠᠭᠰᠠᠭᠠᠷ ᠪᠠᠶ᠋‍ᠢᠵᠣ ᠠᠯᠠᠪᠴᠢ ᠶᠢ ᠨᠢ ᠣᠭᠯᠠᠵᠣ ᠡᠮᠥᠰᠬᠡᠬᠡᠥᠨ ᠪᠠᠶ᠎ᠠ ᠲᠡᠬᠡᠷ᠎ᠡ ᠨᠢ ᠨᠢᠮᠬᠡᠨ ᠲᠠᠩᠰᠠ ᠬᠠᠶᠠᠵᠣ ᠦᠭ᠍ᠪᠡ᠃ ᠣᠳᠠᠯ ᠦᠭᠡᠶ ᠵᠢᠷᠥᠬᠡ ᠬᠠᠯᠠᠭᠣᠴᠠᠭᠠᠳ ᠪᠠᠶ᠎ᠠ ᠲᠡᠬᠡᠷᠡᠬᠢ ᠲᠠᠩᠰᠠ ᠪᠠᠨ ᠵᠠᠶ᠋‍ᠢᠯᠠᠭᠣᠯᠵᠣ ᠣᠷᠬᠢᠨ ᠦᠰᠤ ᠬᠠᠯᠢᠭᠣᠷᠠᠭᠰᠠᠨ ᠡᠪᠴᠢᠬᠥᠤ ᠪᠠᠨ ᠲᠠᠬᠢᠠᠳᠠ ᠢᠯᠨ ᠭᠠᠷᠭᠠᠵᠠᠢ᠃ ᠡᠨᠠ ᠪᠤᠯᠴᠢᠡᠭ ᠡᠷᠴᠢᠯᠡᠭ᠍ᠰᠡᠨ ᠦᠷᠬᠡᠨ ᠡᠪᠴᠢᠬᠥᠤ ᠳᠤ ᠪᠢ ᠲᠣᠷᠠᠯᠠᠭᠠᠳ ᠬᠠᠩᠬᠤ ᠦᠭᠡᠶ ᠬᠡᠵᠦ ᠬᠣᠩᠭ᠋ᠣᠷ ᠪᠣᠳᠣᠨ᠎ᠠ᠃ ᠠᠷᠪᠠᠨ ᠬᠡᠳᠥᠨ ᠵᠢᠯ ᠢᠶᠡᠷ ᠡᠨᠠ ᠬᠦᠮᠥᠨ ᠢ ᠴᠦᠬᠥᠷᠡᠯ ᠦᠭᠡᠶ ᠠᠷᠭᠠᠳᠠᠵᠣ ᠵᠠᠰᠠᠭᠰᠠᠭᠠᠷ ᠪᠠᠶ᠋‍ᠢᠵᠣ᠂ ᠬᠡᠯᠡᠬᠥ ᠦᠬᠡ ᠬᠦᠳᠡᠯᠬᠥ ᠪᠠᠶ᠋‍ᠢᠳᠠᠯ ᠡᠴᠠ ᠨᠢ ᠰᠠᠨᠠᠭ᠎ᠠ ᠰᠠᠳᠬᠢᠯ ᠤᠨ ᠬᠣᠪᠢᠷᠠᠯᠳᠠ ᠶᠢ ᠨᠢ ᠭᠠᠳᠠᠷᠯᠠᠵᠣ ᠴᠢᠳᠠᠳᠠᠭ ᠪᠣᠯᠵᠠᠢ᠃ ᠵᠠᠷᠢᠮ ᠳᠠᠭᠠᠨ ᠵᠢᠷᠥᠬᠡ ᠲᠡᠬᠥᠨ ᠳᠤ ᠬᠡᠣᠬᠡᠥᠨ ᠰᠢᠭ᠌ ᠡᠷᠬᠡᠯᠡᠴᠢᠬᠡᠳᠡᠭ᠂ ᠡᠨᠠ ᠦᠶ᠎ᠡ ᠳ᠋ᠣᠨᠢ ᠲᠠᠷᠠ ᠲᠣᠣᠷᠠᠬᠠᠨ ᠢᠶᠡᠨ ᠦᠷ᠎ᠡ ᠪᠠᠨ ᠪᠦᠬᠡᠴᠡᠢᠯᠡᠬᠥ ᠡᠬᠡ ᠬᠦᠮᠥᠨ ᠪᠣᠯᠵᠣ ᠭᠠᠷᠳᠠᠭ᠃ ᠵᠠᠷᠢᠮ ᠳᠠᠭᠠᠨ ᠠᠭᠣᠷᠯᠠᠵᠣ ᠬᠡᠨᠳᠡᠭᠯᠡᠭᠡᠳ ᠬᠠᠷᠢᠶᠠᠯ ᠵᠦᠬᠡᠯ ᠲᠠᠯᠪᠢᠬᠣ ᠶᠣᠮ ᠦᠦ᠂ ᠡᠰᠠᠬᠥᠯ᠎ᠡ ᠭᠠᠷ ᠬᠦᠳᠡᠯᠬᠥ ᠮᠠᠶ‍ᠢᠭ ᠭᠠᠷᠪᠠᠯ ᠲᠠᠷᠠ ᠦᠬᠡᠳᠡ ᠡᠴᠡ ᠨᠢ ᠶᠠᠭᠣᠨ ᠡᠴᠡ ᠴᠤ ᠠᠶᠣᠬᠣ ᠦᠭᠡᠶ ᠶᠠᠭᠣ ᠬᠢᠬᠥ ᠡᠴᠡ ᠴᠤ ᠪᠣᠴᠠᠬᠣ ᠦᠭᠡᠶ ᠲᠣᠭᠰᠢᠳ ᠤᠨ ᠲᠥᠷᠢ ᠦᠵᠡᠬᠥᠯᠦᠨ᠎ᠠ᠃ ᠢᠩᠬᠢᠪᠠᠯ ᠵᠢᠷᠥᠬᠡ ᠪᠠᠭ᠎ᠠ ᠰᠠᠭ᠎ᠠ ᠲᠠᠴᠢᠶᠠᠳᠠᠭᠠᠳ ᠣᠳᠠᠯ ᠦᠭᠡᠶ ᠠᠭᠣᠷ ᠨᠢ ᠨᠠᠮᠳᠠᠴᠢᠬᠠᠨ᠎ᠠ᠃ ᠡᠷ᠎ᠠ ᠬᠦᠮᠥᠨ ᠡᠮᠨᠢᠭ᠌᠌ ᠦᠬᠡᠷ ᠬᠣᠶᠠᠷ ᠲᠠᠮᠠᠢ ᠴᠤ ᠢᠯᠭᠠᠭ᠎ᠠ ᠦᠭᠡᠶ᠃ ᠣᠰᠣ ᠣᠣᠭᠣᠬᠣ ᠦᠭᠡᠶ ᠦᠬᠡᠷ ᠤᠨ ᠲᠣᠯᠣᠭᠠᠢ ᠶᠢ ᠲᠠᠷᠣᠵᠣ ᠪᠣᠯᠬᠣ ᠦᠭᠡᠶ᠂ ᠡᠷ᠎ᠠ ᠬᠦᠮᠥᠨ ᠢ ᠬᠠᠶ᠋‍ᠢᠷ᠎ᠠ ᠲᠤᠷ᠎ᠠ ᠬᠦᠷᠬᠥ ᠦᠭᠡᠶ ᠪᠠᠶ᠋‍ᠢᠬᠣ ᠳ᠋ᠣᠨᠢ ᠠᠯᠪᠠ ᠪᠠᠷ ᠡᠪᠣᠷ ᠲᠡᠭᠡᠨ ᠣᠷᠣᠭᠣᠯᠵᠣ ᠲᠡᠢᠯᠬᠥ ᠦᠭᠡᠶ ᠁ ᠪᠦᠬᠥ ᠪᠠᠶ᠎ᠠ ᠶᠢᠨ ᠪᠤᠯᠴᠢᠩ ᠰᠢᠷᠪᠣᠰᠣ ᠪᠠᠨ ᠰᠣᠯᠠᠳᠬᠠᠵᠣ ᠠᠮᠠᠷᠠᠭᠰᠠᠨ ᠲᠣᠯᠠ ᠦᠭ᠌ ᠦᠭ᠌ ᠬᠣᠷᠬᠢᠷᠠᠭᠠᠳ ᠡᠬᠢᠯᠡᠴᠢᠬᠡᠯ᠎ᠡ᠃ ᠬᠣᠩᠭ᠋ᠣᠷ ᠲᠠᠬᠢᠠᠳᠠ ᠨᠠᠭᠠᠯᠢᠩᠬᠠᠶ᠋‍ᠢᠳᠠᠵᠣ ᠦᠨᠥᠰᠴᠦ ᠲᠣᠷᠰᠢᠭᠰᠠᠨ ᠪᠣᠯᠪᠠᠴᠣ ᠵᠢᠷᠥᠬᠡ ᠬᠠᠷᠢᠭᠣ ᠲᠣᠰᠬᠠᠯ ᠦᠭᠡᠶ ᠪᠣᠯᠵᠠᠢ᠃ ᠬᠢᠳᠠᠳ ᠤᠨ ᠬᠠᠭᠣᠴᠢ ᠦᠬᠡᠨ ᠳᠤ ᠲᠦᠴᠢᠨ ᠨᠠᠰᠣᠨ  ᠤ ᠡᠮ᠎ᠠ ᠬᠦᠮᠥᠨ ᠢ ᠪᠠᠷᠰ ᠢᠷᠪᠢᠰ ᠰᠢᠭ᠌ ᠦᠯᠥᠨ ᠲᠠᠵᠢᠨ ᠬᠡᠳᠡᠭ ᠨᠢ ᠲᠠᠭᠠᠷᠠᠬᠣ ᠠᠵᠢ ᠬᠡᠵᠦ ᠲᠠᠷᠠ ᠪᠣᠳᠣᠨ᠎ᠠ᠃ ᠰᠠᠶ‍ᠢ ᠶᠢᠨ ᠣᠷᠣ ᠲᠡᠬᠡᠷᠡᠬᠢ ᠣᠶ᠋‍ᠢᠯᠠ ᠶᠠᠪᠣᠳᠠᠯ ᠲᠡᠬᠥᠨ ᠢ ᠲᠠᠴᠢᠶᠠᠯ ᠤᠨ ᠣᠷᠬᠢᠯ ᠳᠤ ᠨᠢᠬᠡ ᠣᠳᠠᠭ᠎ᠠ ᠲᠣᠯᠭᠠᠭᠰᠠᠨ ᠪᠣᠯᠪᠠᠴᠣ ᠲᠠᠬᠢᠨ ᠲᠠᠬᠢᠨ ᠲᠣᠬᠢᠶᠠᠯᠳᠣᠵᠣ ᠮᠡᠳᠡᠬᠥ ᠰᠢᠨᠣᠯ ᠤᠨ ᠲᠠᠪᠠᠭ᠎ᠠ ᠬᠦᠳᠥᠯ ᠢ ᠦᠭᠰᠥᠨ ᠬᠠᠨᠣᠵᠣ ᠠᠮᠣᠷᠵᠢᠬᠤ ᠬᠡᠮᠵᠢᠶ᠎ᠡ ᠪᠣᠯᠣᠭ᠎ᠠ ᠦᠭᠡᠶ ᠪᠠᠷ ᠵᠤᠭᠰᠣᠴᠢᠬᠠᠵᠠᠢ᠃ ᠲᠠᠷᠠ ᠠᠮᠳᠠᠷᠬᠠᠨ ᠪᠣᠳᠣᠭᠰᠠᠭᠠᠷ ᠬᠠᠠᠵᠣᠨ ᠡᠴᠡ ᠪᠠᠨ ᠪᠠᠭᠣᠵᠣ᠂ ᠴᠢᠷᠬᠡᠥᠯ ᠱᠠᠬᠠᠢ ᠣᠭᠯᠠᠵᠣ ᠨᠥᠮᠣᠬᠡᠨ ᠲᠠᠪᠠᠯ ᠢᠶᠡᠷ ᠭᠠᠳᠠᠭ᠎ᠠ ᠭᠠᠷᠪᠠᠯ ᠪᠣᠷᠣᠭᠠᠨ ᠤ ᠲᠠᠷᠠᠭᠠᠬᠢ ᠡᠬᠥᠯᠡ ᠲᠡᠶ ᠲᠡᠭ᠍ᠷᠢ ᠬᠦᠮᠥᠷᠢᠭ᠍ᠰᠡᠨ ᠲᠣᠭᠣᠭᠠᠨ ᠤ ᠲᠣᠣᠷᠠᠬᠢ ᠰᠢᠭ ᠫᠠᠳ ᠬᠠᠷᠠᠩᠭ᠋ᠣᠢ᠃ ᠬᠡᠪᠳᠡᠯᠬᠡᠨ ᠤ ᠦᠬᠡᠷ ᠦᠳ ᠤᠨ ᠬᠡᠪᠢᠬᠥ ᠴᠢᠮᠡᠬᠡ ᠪᠠ ᠰᠠᠯᠬᠢᠨ ᠰᠠᠩᠰᠠ ᠶᠢᠨ ᠠᠶᠠᠷᠬᠠᠨ ᠡᠷᠬᠢᠯᠲᠦᠬᠥ ᠠᠨᠢᠷ ᠬᠣᠯᠢᠷᠠᠨ ᠰᠣᠨᠣᠰᠳᠠᠵᠣ ᠪᠣᠢ᠃

ᠮᠠᠨ ᠤ ᠬᠢ ᠪᠣᠯ ᠬᠣᠨᠢ ᠢᠮᠠᠭᠠᠳ ᠢᠶᠡᠨ ᠬᠡᠷ ᠤᠨ ᠡᠬᠥᠳᠡᠨ ᠡᠴᠡ ᠪᠠᠨ ᠨᠠᠯᠢᠶᠠᠳ ᠵᠠᠶ᠋‍ᠢᠳᠠᠢ ᠲᠡᠨᠵᠢᠯᠢᠭ᠌ ᠲᠡᠬᠡᠷ᠎ᠡ ᠬᠣᠳᠠᠯᠠᠵᠣ᠂ ᠣᠯᠠᠩᠬᠢ ᠳᠠᠭᠠᠨ ᠦᠥᠷ ᠴᠠᠶ᠋‍ᠢᠬᠣ ᠦᠶ᠎ᠡ ᠪᠠᠷ ᠪᠡᠯᠴᠢᠬᠡᠷ ᠴᠠᠭᠳᠠᠵᠣ ᠲᠣᠭᠣᠷᠢᠳᠠᠭ ᠣᠯᠣᠰ ᠤᠨ ᠨᠢᠳᠣ ᠴᠢᠬᠢ ᠶᠢ ᠰᠡᠯᠳᠡᠬᠥᠯᠵᠦ ᠲ᠋ᠠᠯ᠎ᠠ ᠣᠷᠣᠭᠣ ᠲᠦᠷ ᠭᠠᠷᠭᠠᠭᠠᠳ ᠦᠶ᠎ᠡ ᠬᠡᠰᠢᠬᠥᠤ ᠶᠢ ᠨᠢ ᠵᠢᠬᠢᠯᠬᠡᠪᠡᠯ ᠨᠠᠷᠠ ᠲᠣᠰᠬᠣ ᠶᠢ ᠴᠤ ᠬᠦᠯᠢᠶᠡᠯ ᠦᠭᠡᠶ ᠡᠬᠡᠬᠥᠯᠵᠦ ᠲᠠᠭᠣᠵᠣ ᠠᠪᠴᠢᠷᠠᠭᠠᠳ ᠬᠣᠷᠢᠴᠢᠬᠠᠳᠠᠭ᠃ ᠡᠬᠥᠳᠡᠨ ᠳᠡᠭᠡᠨ ᠬᠡᠳᠥᠨ ᠮᠠᠯ ᠲᠡᠶ ᠡᠴᠡ ᠪᠣᠯᠵᠣ ᠡᠳᠣᠷᠵᠢᠨ ᠢᠶᠡᠨ ᠦᠷᠣᠬᠡᠯ ᠤᠨ ᠰᠡᠵᠢᠭ᠌ ᠠᠵᠢᠭ ᠤᠨ ᠨᠢᠳᠣᠨ ᠲᠣᠣᠷ᠎ᠠ ᠠᠮᠢᠳᠣᠷᠠᠬᠣ ᠪᠣᠯᠪᠠ᠃ ᠠᠭᠣᠯᠠ ᠣᠰᠣ ᠰᠠᠪᠳᠣᠵᠣ ᠦᠥᠷ ᠡᠷᠳᠠ ᠪᠠᠷ ᠰᠢᠬᠥᠳᠡᠷᠢ ᠪᠠᠭᠣᠬᠣ ᠦᠭᠡᠶ ᠪᠣᠯᠣᠭᠰᠠᠨ ᠳᠠᠭᠠᠨ ᠰᠠᠶ‍ᠢ ᠪᠣᠯᠵᠣ ᠪᠠᠶ᠋‍ᠢᠨ᠎ᠠ᠂ ᠲᠠᠶ᠋‍ᠢᠮᠣ ᠪᠢᠰᠢ ᠪᠣᠯ ᠬᠡᠨ ᠨᠢ ᠦᠥᠷ ᠡᠷᠳᠠ ᠶᠣᠮ ᠦᠦ ᠦᠳᠡᠰᠢ ᠪᠦᠷᠥᠢ ᠶᠢᠨ ᠰᠢᠬᠥᠳᠡᠷᠢ ᠲᠣᠮᠳᠠᠭᠣᠷ ᠪᠣᠭ ᠮᠠᠯ ᠢ ᠪᠡᠯᠴᠢᠬᠡᠷ ᠲᠤ ᠵᠠᠯᠠᠬᠣ ᠪᠣᠢ᠃ ᠬᠣᠨᠢ ᠢᠮᠠᠭ᠎ᠠ ᠡᠪᠠᠰᠣ ᠨᠣᠭᠣᠭ᠎ᠠ ᠣᠯᠵᠣ ᠢᠳᠡᠬᠥ ᠦᠭᠡᠶ᠂ ᠪᠣᠷᠳᠣᠭᠠᠨ ᠤ ᠨᠦᠬᠥᠪᠥᠷᠢ ᠴᠤ ᠣᠯᠬᠣ ᠦᠭᠡᠶ ᠪᠣᠯ ᠬᠣᠷᠣᠭᠠᠨ ᠲᠣᠳᠣᠷ᠎ᠠ ᠪᠠᠨ ᠬᠡᠢ ᠪᠢᠰᠢᠯᠭᠠᠯ ᠬᠢᠵᠣ ᠬᠡᠪᠳᠡᠬᠥ ᠡᠴᠡ ᠦᠬᠡᠷ᠎ᠡ ᠠᠷᠭ᠎ᠠ ᠦᠭᠡᠶ᠃ ᠠᠯᠢ ᠨᠢᠬᠡ ᠡᠳᠣᠷ ᠡᠴᠠ ᠪᠢᠳᠠ ᠵᠤᠷᠢᠭ ᠰᠢᠭᠣᠳᠣᠭᠠᠳ ᠪᠦᠬᠥᠳᠡ ᠶᠢ ᠨᠢ ᠦᠷᠣᠴᠡᠯᠠᠵᠦ᠂ ᠰᠢᠬᠢᠷ᠎ᠠ ᠲᠣᠯᠣᠭᠠᠢ ᠶᠢ ᠨᠢ ᠠᠷᠠᠰᠣᠨ ᠳ᠋ᠣᠨᠢ ᠪᠠᠭᠯᠠᠭᠠᠳ ᠲᠠᠯᠪᠢᠪᠠᠯ ᠬᠠᠮᠣᠭ ᠬᠡᠷᠡᠭ ᠲᠠᠭᠣᠰᠴᠠᠢ ᠁ ᠮᠠᠰᠢᠨ ᠲᠣᠣᠭᠠᠷᠴᠣ ᠪᠠᠶ᠋‍ᠢᠨ᠎ᠠ᠂ ᠣᠠᠳᠠᠭ᠎ᠠ ᠪᠠᠷ ᠢᠷᠡᠬᠡᠥᠨ ᠬᠣᠳᠠ ᠲᠡᠶ ᠮᠠᠯ ᠡᠴᠡ ᠲᠡᠬᠡᠬᠡᠬᠡᠥᠨ ᠶᠠᠪᠣᠴᠢᠬᠠᠬᠣ ᠪᠢᠰᠢ ᠪᠠ︖ ᠬᠡᠷ ᠲᠤ ᠣᠷᠣᠵᠣ ᠵᠢᠷᠥᠬᠡ ᠶᠢ ᠲᠠᠭᠣᠳᠠᠵᠣ ᠰᠡᠷᠠᠬᠡᠬᠥ ᠴᠤ ᠶᠣᠮ ᠦᠦ ᠁

ᠬᠣᠩᠭ᠋ᠣᠷ ᠢ ᠦᠬᠡᠷ ᠤᠨ ᠬᠡᠪᠳᠡᠰᠢᠨ ᠤ ᠪᠠᠨ ᠴᠠᠭᠠᠨ᠎ᠠ ᠭᠠᠷᠴᠣ ᠰᠢᠩᠬᠡᠨ ᠮᠦᠷ ᠦᠵᠡᠬᠡᠥᠨ᠂ ᠦᠨᠳᠡᠢᠵᠦ ᠦᠮᠣᠳᠥᠨ ᠵᠠᠬ᠎ᠠ ᠪᠠᠨ ᠲᠠᠳᠠᠵᠣ ᠪᠠᠶ᠋‍ᠢᠬᠣ ᠦᠶ᠎ᠡ ᠡᠴᠡ ᠲᠠᠯ᠎ᠠ ᠶᠢᠨ ᠲᠡᠷᠳᠡᠬᠡ ᠠᠭᠣᠯᠠᠨ ᠰᠣᠭᠣ ᠳᠤ ᠶᠠᠪᠣᠵᠣ ᠪᠠᠶ᠋‍ᠢᠭ᠎ᠠ ᠮᠠᠰᠢᠨ ᠤ ᠲᠠᠭᠣᠨ ᠲᠣᠭᠣᠯᠳᠠᠵᠠᠢ᠃ ᠬᠡᠷ ᠲᠣᠨᠢ ᠡᠨᠠ ᠵᠢᠯ ᠤᠨ ᠬᠣᠳᠠᠯᠳᠣᠵᠣ ᠭᠠᠷᠭᠠᠵᠣ ᠠᠮᠵᠢᠭ᠎ᠠ ᠦᠭᠡᠶ ᠨᠣᠣᠯᠣᠭᠣᠷ ᠪᠠᠶ᠋‍ᠢᠳᠠᠭ᠃ ᠢᠮᠠᠭᠠᠳ ᠤᠨ ᠪᠠᠶ᠎ᠠ ᠲᠡᠬᠡᠷ᠎ᠡ ᠡᠴᠡ ᠰᠠᠮᠨᠠᠵᠣ ᠠᠪᠣᠭᠰᠠᠨ ᠰᠢᠷᠬᠡᠭ᠌ ᠰᠢᠷᠬᠡᠭ᠌ 《 ᠴᠠᠭᠠᠨ ᠠᠯᠳᠠ 》 ᠵᠢᠴᠢ ᠬᠣᠯᠠᠭᠠᠶ᠋‍ᠢᠴᠢ ᠲᠣᠨᠣᠭᠠᠴᠢ ᠬᠣᠶᠠᠷ ᠰᠠᠳᠣᠨ ᠰᠥᠯᠪᠡᠬᠡ ᠪᠣᠯᠵᠣ ᠡᠳᠣᠷ ᠰᠦᠨᠢ ᠶᠢ ᠬᠣᠪᠢᠶᠠᠵᠣ ᠡᠵᠡᠯᠠᠬᠡᠥᠨ ᠪᠠᠶ᠋‍ᠢᠭ᠎ᠠ ᠲᠣᠬᠠᠢ ᠣᠶ᠋‍ᠢᠷ᠎ᠠ ᠬᠠᠪᠢ ᠶᠢᠨ ᠰᠣᠨᠣᠰᠬᠠᠯ ᠴᠣᠣᠷᠬᠠᠯ ᠵᠠᠬᠥᠲᠦ ᠰᠣᠪᠢᠡᠭ ᠰᠢᠭ ᠬᠣᠯᠢᠯᠳᠣᠨ ᠪᠣᠳᠣᠭᠳᠠᠬᠣᠯᠠᠷ ᠠᠳᠭᠣᠨ ᠤ ᠬᠠᠶ᠋‍ᠢᠷᠠᠳᠠᠢ ᠵᠦᠢᠯ ᠢᠶᠡᠨ ᠬᠠᠳᠠᠨ ᠠᠩᠭ᠋ᠠᠯ ᠲᠣᠳᠣᠷ᠎ᠠ ᠠᠯᠳᠠᠭᠠᠳ ᠣᠨᠠᠭᠠᠴᠢᠬᠠᠭᠰᠠᠨ ᠰᠢᠭ ᠵᠢᠭ᠍ᠳᠡᠢ ᠰᠡᠷᠡᠭ᠍ᠳᠡᠯ ᠳᠤ ᠣᠷᠢᠶᠠᠭᠳᠠᠵᠣ ᠭᠠᠷᠣᠨ᠎ᠠ᠃ ᠮᠠᠰᠢᠨ ᠤ ᠴᠢᠮᠡᠬᠡ ᠬᠡᠰᠡᠭ ᠲᠡᠭᠡᠨ ᠣᠶ᠋‍ᠢᠷ᠎ᠠ ᠬᠡᠰᠡᠭ ᠲᠡᠭᠡᠨ ᠬᠣᠯᠠ ᠪᠣᠯᠵᠣ ᠲᠣᠭᠣᠯᠳᠠᠭᠰᠠᠭᠠᠷ ᠪᠠᠶ᠋‍ᠢᠳᠠᠯ᠎ᠠ ᠲᠡᠷᠳᠡᠬᠡ ᠬᠦᠳᠥᠯ ᠲᠡᠬᠡᠬᠥᠷ ᠳ᠋ᠧᠨᠭ᠌ ᠤᠨ ᠬᠡᠷᠡᠯ ᠨᠢ ᠣᠯᠠᠰ ᠲᠣᠯᠠᠰ ᠴᠣᠬᠣᠯᠵᠠᠬᠣ ᠪᠣᠯᠵᠣ ᠪᠣᠢ᠃ ᠲᠠᠷᠠ ᠰᠢᠩᠬᠡᠨ ᠮᠦᠷ ᠦᠵᠡᠭ᠍ᠰᠡᠨ ᠭᠠᠵᠠᠷ ᠡᠴᠡ ᠪᠠᠨ ᠵᠢᠭᠠᠬᠠᠨ ᠰᠢᠯᠵᠢᠬᠡᠥᠨ ᠲᠠᠯᠠᠢ ᠪᠠᠨ ᠭᠣᠷᠬᠢᠯᠠᠬᠣ ᠪᠠᠨ ᠮᠠᠷᠳᠠᠨ ᠠᠯᠮᠠᠶ᠋‍ᠢᠷᠠᠵᠣ ᠵᠤᠭᠰᠣᠨ᠎ᠠ᠃ ᠵᠢᠷᠥᠬᠡ ᠨᠢ ᠬᠡᠩᠬᠥᠳᠡᠭ ᠲᠡᠬᠡᠨ ᠰᠠᠪᠠᠴᠢᠨ ᠠᠳᠠᠳᠠᠢ ᠪᠣᠯᠬᠢᠯᠠᠵᠣ ᠪᠠᠶ᠋‍ᠢᠯ᠎ᠠ᠃ ᠰᠠᠶ‍ᠢᠬᠠᠨ ᠤ ᠣᠷᠣ ᠶᠢᠨ ᠲᠡᠬᠡᠷᠡᠬᠢ ᠲᠠᠴᠢᠶᠠᠯ ᠰᠢᠨᠣᠯ ᠤᠨ ᠦᠯᠠᠳᠡᠭ᠍ᠳᠡᠯ ᠬᠡᠨᠡᠳᠳᠡ ᠦᠶᠡᠷ ᠰᠢᠭ᠌ ᠲᠥᠷᠢᠨ ᠡᠢᠷᠠᠵᠣ ᠪᠠᠶ᠎ᠠ ᠴᠣᠭᠴᠠᠰ ᠢ ᠨᠢ ᠡᠵᠡᠯᠠᠬᠡᠥᠨ᠂ ᠬᠡᠶ᠋‍ᠢᠷᠬᠡᠤ ᠬᠠᠭᠣᠳᠠᠮ ᠢᠭ᠍ᠳᠥᠯᠥᠯ ᠲᠣᠭᠳᠣᠯᠣᠯ ᠳᠤ ᠭᠠᠷ ᠬᠦᠯ ᠨᠢ ᠰᠠᠯᠭᠠᠨᠠᠵᠣ ᠴᠠᠴᠠᠷᠠᠵᠣ ᠭᠠᠷᠴᠠᠢ ᠁ ᠰᠦᠨᠢ ᠶᠢᠨ ᠬᠦᠨ ᠳᠤ ᠠᠭᠣᠯᠠᠨ ᠰᠣᠭᠣ ᠬᠡᠰᠦᠵᠦ ᠪᠠᠶ᠋‍ᠢᠭ᠎ᠠ ᠪᠣᠯᠣᠯᠳᠠᠢ ᠮᠠᠰᠢᠨ᠂ ᠬᠦᠳᠥᠯ ᠤᠨ ᠣᠨᠢ ᠪᠠᠷ ᠬᠡᠲᠦ ᠣᠳᠠᠭ᠎ᠠ ᠳ᠋ᠧᠨᠭ᠌ ᠤᠨ ᠬᠡᠷᠡᠯ ᠴᠣᠬᠣᠯᠵᠠᠭᠣᠯᠣᠭᠰᠠᠨ ᠤ ᠪᠠᠨ ᠲᠠᠷᠠᠭ᠎ᠠ ᠬᠠᠳᠠᠨ ᠴᠣᠣᠷᠢᠶ᠎ᠠ ᠲᠦᠩᠬᠢᠨᠡᠬᠥᠯᠥᠭᠰᠠᠬᠡᠷ ᠴᠠᠭᠠᠰᠢᠯᠠᠵᠠᠢ ᠁

ᠴᠢ ᠥ ᠰᠠᠪ ᠡᠷᠢᠵᠣ ᠦᠬᠡ ᠠᠮᠨ ᠢᠳᠡᠬᠥᠯᠪᠡᠴᠦ ᠪᠢ ᠬᠠᠷᠢᠭᠣ ᠲᠣᠣᠭᠠᠷᠬᠣ ᠦᠭᠡᠶ᠃ ᠬᠠᠷᠢᠨ ᠴᠢ ᠵᠢᠷᠥᠬᠡ ᠶᠢᠨ ᠲᠥᠷᠥᠭᠰᠡᠨ ᠡᠬᠡᠴᠢ ᠨᠢ ᠪᠢᠰᠢ ᠪᠠᠶ᠋‍ᠢᠭᠠᠳ ᠨᠠᠳᠠ ᠳᠤ ᠡᠶ᠋‍ᠢᠮᠣ ᠣᠪᠣᠷ ᠢᠶᠡᠷ ᠬᠠᠠᠳᠣᠳᠠᠭ ᠪᠣᠯ ᠡᠷᠠᠤ ᠲᠦᠬᠥᠰᠢ ᠴᠢᠨᠢ ᠬᠡᠳᠦᠢᠨ ᠤ ᠰᠠᠯᠴᠢᠬᠠᠭᠰᠠᠨ ᠬᠡᠵᠦ ᠮᠡᠳᠡ ! ( ᠪᠤᠷᠤᠭᠠᠨ ᠤ ᠳᠠᠷᠠᠭᠠᠬᠢ ᠦᠳᠡᠰᠢ ᠶᠢᠨ ᠴᠢᠬᠢᠭ᠍ᠯᠢᠭ᠌ ᠠᠮᠢᠰᠬᠤᠯ ᠠᠭᠤᠰᠬᠢ ᠨᠡᠪᠳᠡ ᠰᠡᠩᠬᠢᠨᠡᠵᠤ ᠪᠠᠢᠨ᠎ᠠ ) ᠡᠠᠢ ᠳ᠋‍ᠠ᠂ ᠠᠮᠢᠨ ᠳᠠᠭᠠᠨ ᠵᠦᠪ ᠦᠭᠡᠶ ᠠᠷᠢᠶᠠᠪᠠᠯᠣ ᠪᠠᠶ᠋‍ᠢᠭᠠᠳ ᠪᠠᠰᠠ ᠶᠠᠭᠣᠨ ᠤ ᠬᠢᠨᠢ ᠠᠮᠢᠳᠠᠨ ᠵᠢᠷᠭᠣᠭᠠᠨ ᠵᠦᠢᠯ ᠢ ᠬᠠᠮᠢᠶᠠᠷᠬᠣ ᠬᠡᠴᠢᠬᠡᠭ᠍ᠰᠡᠨ ᠪᠣᠢ ᠳ᠋‍ᠠ᠃ ᠪᠢ ᠴᠢᠮ᠎ᠠ ᠳᠤ ᠬᠠᠷᠢᠭᠣ ᠬᠣᠣᠷ ᠬᠦᠶᠥᠯᠬᠡᠬᠥ ᠰᠠᠨᠠᠭᠠᠳᠠᠢ ᠪᠠᠶ᠋‍ᠢᠭᠰᠠᠨ ᠪᠣᠯ ᠰᠦᠨᠢ ᠪᠠᠷ ᠬᠣᠨᠢ ᠪᠡᠯᠴᠢᠬᠡᠵᠦ ᠪᠠᠶ᠋‍ᠢᠬᠣ ᠵᠢ ᠴᠢᠨᠢ ᠲᠠᠭᠠᠷᠠᠭᠣᠯᠵᠣ ᠪᠠᠶ᠋‍ᠢᠭᠠᠳ ᠲᠠᠯ᠎ᠠ ᠨᠣᠳᠣᠭ ᠬᠠᠮᠢᠶᠠᠷᠬᠣ ᠭᠠᠵᠠᠷ ᠤᠨ ᠬᠢᠨ ᠤ ᠬᠠᠷᠢᠯᠴᠠᠬᠣ ᠨᠤᠮᠧᠷ ᠢᠶᠡᠷ ᠭᠠᠷ ᠣᠳᠠᠰᠣᠨ ᠤ ᠪᠠᠨ ᠲᠣᠪᠴᠢ ᠶᠢ ᠬᠡᠲᠦᠬᠡᠨ ᠳᠤᠶ‍ᠢᠬᠤ ᠬᠡᠷᠡᠭ᠃ ᠲᠠᠳᠠ ᠰᠢᠭ᠌ ᠬᠣᠪᠳᠣᠭ ᠣᠯᠣᠰ ᠴᠢᠮᠡᠬᠡ ᠣᠯᠬᠣ ᠦᠭᠡᠶ ᠪᠣᠯ ᠴᠤ ᠶᠠᠭᠠᠬᠢᠬᠣ ᠪᠣᠢ᠂ ᠣᠯᠪᠠ ᠬᠡᠭ᠍ᠰᠠᠬᠡᠷ ᠬᠣᠨᠢ ᠲᠡᠬᠡᠬᠡᠬᠥ ᠲᠡᠷᠬᠡ ᠪᠠᠨ ᠵᠢᠯᠣᠭᠣᠳᠣᠭᠠᠳ ᠲᠤᠷ᠎ᠠ ᠵᠤᠷᠢᠭ ᠢᠶᠡᠷ ᠢᠶᠡᠨ ᠰᠠᠮᠠᠭᠣᠷᠠᠳᠠᠭ ᠬᠦᠮᠥᠨ ᠬᠠᠮᠢᠭᠠᠭᠣᠷ ᠨᠢᠭᠣᠭᠳᠠᠵᠣ ᠪᠠᠶ᠋‍ᠢᠨ᠎ᠠ︖ ᠬᠡᠥᠨ ᠲᠠᠳᠠᠭᠠᠳ ᠪᠠᠭᠣᠴᠢᠬᠠᠬᠣ ᠪᠡᠶ᠋‍ᠢᠯᠬᠥᠢ︕ ᠲᠡᠬᠡᠬᠥᠯᠡᠷ ᠴᠢᠨᠢ ᠪᠦᠷ ᠠᠢᠯ ᠰᠠᠭᠠᠬᠠᠯᠳᠠ᠂ ᠶᠠᠭᠣ ᠪᠠᠨ ᠬᠢᠨ᠎ᠠ ᠪᠣᠢ᠂ ᠥᠩᠬᠡᠷᠡᠤ ᠬᠣᠣᠷ ᠶᠣᠷᠣᠳᠠᠢ ᠶᠠᠪᠣᠪᠠᠯ ᠦᠷ᠎ᠡ ᠬᠡᠣᠬᠡᠥᠨ ᠲᠤ ᠮᠠᠭᠣ᠃ ᠴᠢ ᠪᠢᠳᠠ ᠬᠣᠶᠠᠷ ᠣᠷᠣᠢ ᠪᠦᠷᠥᠢ ᠪᠠᠷ ᠠᠶ᠋‍ᠢᠯ ᠳᠤ ᠵᠤᠴᠢᠨ ᠪᠣᠯᠵᠣ ᠬᠠᠮᠳᠣ ᠰᠠᠭᠣᠯ᠎ᠠ ᠴᠤ ᠬᠡᠰᠡᠨ ᠨᠢᠬᠡ ᠲᠣᠭᠣᠭᠠᠨ ᠳᠤ ᠴᠣᠭ ᠴᠢᠨᠠᠭᠠᠳ ᠱᠥᠯᠤ ᠨᠡᠢᠯᠡᠬᠥ ᠦᠭᠡᠶ ᠁ ᠴᠢ ᠮᠢᠨᠣ ᠶᠠᠪᠣᠵᠣ ᠰᠠᠭᠣᠬᠣ ᠶᠢ ᠬᠡᠳᠡᠯ᠎ᠡ ᠴᠣ ᠬᠡᠥᠨ ᠪᠠᠷᠢᠵᠣ ᠲᠠᠮᠳᠠᠷᠢᠮᠠᠷ ᠰᠡᠬᠥᠯ ᠣᠯᠬᠣ ᠪᠠᠷ ᠦᠭᠡᠶ᠂ ᠣᠯᠴᠢᠬᠠᠬᠣ ᠪᠠᠷ ᠪᠣᠳᠣᠬᠣ ᠳᠤ ᠨᠠᠮᠢ᠋ᠢ ᠴᠢᠮ᠎ᠠ ᠰᠢᠭ ᠬᠡᠵᠢᠬᠡ ᠦᠰᠥᠨ ᠳᠡᠭᠡᠨ ᠵᠦᠪ ᠦᠭᠡᠶ ᠡᠮ᠎ᠠ ᠶᠠᠭᠠᠬᠢᠵᠣ ᠴᠢᠳᠠᠬᠣ ᠪᠣᠢ︕ ᠪᠢ ᠬᠡᠳᠦᠢᠢᠨ ᠤ ᠡᠴᠡ ᠠᠪᠣᠭᠠᠳ ᠵᠢᠷᠥᠬᠡ ᠶᠢᠨ ᠪᠠᠶ᠎ᠠ ᠲᠡᠬᠡᠷ᠎ᠡ ᠡᠴᠡ ᠶᠠᠭᠣᠮ᠎ᠠ ᠭᠣᠷᠢᠳᠠᠬᠣ ᠪᠠᠨ ᠪᠣᠯᠢᠵᠠᠢ᠃ ᠵᠦᠪᠬᠡᠨ ᠬᠠᠵᠠᠭᠣ ᠳ᠋ᠣᠨᠢ ᠰᠠᠭᠣᠭᠠᠳ ᠲᠧᠯᠸᠢᠰ ᠦᠵᠡᠬᠥ ᠶᠢ᠂ ᠬᠠᠷᠢ ᠳᠤ ᠮᠣᠷᠳᠠᠭᠰᠠᠨ ᠡᠬᠡᠴᠢ ᠨᠢ ᠴᠢ ᠪᠠᠶ᠋‍ᠢᠳᠣᠭᠠᠢ ᠡᠬᠡᠨᠡᠷ ᠨᠢ ᠪᠣᠯᠣᠭᠰᠠᠨ ᠬᠣᠩᠭ᠋ᠣᠷ ᠴᠤ ᠴᠢᠷᠠᠢ ᠪᠠᠷᠣᠶ᠋‍ᠢᠬᠣ ᠰᠢᠯᠳᠠᠭ ᠦᠭᠡᠶ᠃ ᠲᠠᠶ᠋‍ᠢᠮᠣ ᠡ᠂ ᠮᠢᠨᠣ ᠡᠳᠠᠨ ᠤ ᠬᠢ ᠣᠷᠣᠭᠣ ᠰᠦᠨᠢ ᠣᠷᠣᠢ ᠲᠧᠯᠸᠢᠰ ᠦᠵᠡᠬᠥ ᠪᠠᠷ ᠬᠦᠶᠥᠵᠦ ᠪᠠᠶ᠋‍ᠢᠬᠣ ᠨᠢ᠂ ᠬᠣᠳᠠᠯ ᠬᠠᠭᠣᠷᠮᠠᠭ ᠰᠣᠨᠢᠨ ᠮᠡᠳᠡᠬᠡ᠂ ᠡᠷᠪᠡᠡᠭ ᠲᠡᠷᠪᠡᠡᠭ ᠬᠡᠰᠡᠨ ᠠᠮᠳᠠ ᠰᠢᠮᠳᠠ ᠦᠭᠡᠶ ᠲᠧᠯᠸᠢᠰ ᠵᠦᠴᠥᠬᠡ ᠶᠢ ᠰᠣᠨᠢᠷᠬᠠᠬᠣ ᠶᠢᠨ ᠲᠥᠯᠣᠬᠡ ᠪᠢᠰᠢ᠃ ᠡᠨᠠ ᠶᠠᠪᠣᠳᠠᠯ ᠢ ᠴᠢ ᠢᠯᠨ ᠬᠡᠯᠡᠬᠥ ᠦᠭᠡᠶ ᠪᠣᠯᠪᠠᠴᠣ ᠲᠡᠬᠡᠵᠦ ᠪᠣᠳᠣᠵᠣ ᠪᠠᠶ᠋‍ᠢᠬᠣ ᠶᠢ ᠴᠢᠨᠢ ᠬᠦᠷᠳᠡᠯ᠎ᠡ ᠪᠢ ᠲᠣᠪ ᠲᠣᠳᠣ ᠮᠠᠳᠠᠵᠣ ᠪᠠᠶ᠋‍ᠢᠨ᠎ᠠ᠃ ᠨᠠᠮᠢ᠋ᠢ ᠡᠷ᠎ᠠ ᠬᠠᠷ᠎ᠠ ᠬᠦᠮᠥᠨ ᠲᠡᠶ ᠪᠠᠶ᠋‍ᠢᠭᠠᠳ ᠢᠴᠢᠬᠥ ᠨᠢᠭᠣᠷ ᠢᠶᠡᠨ ᠢᠯᠬᠢᠨ ᠳᠤ ᠪᠣᠭᠣᠴᠢᠬᠠᠵᠠᠢ ᠡᠨᠠ ᠡᠮ᠎ᠠ ᠬᠡᠵᠦ ᠨᠢᠷᠣᠭᠣᠨ ᠠᠷᠤ ᠡᠴᠡ ᠬᠣᠷᠣᠭᠣ ᠭᠠᠷ ᠢᠶᠡᠨ ᠠᠷᠪᠠᠯᠵᠠᠭᠣᠯᠵᠣ ᠪᠠᠶ᠋‍ᠢᠬᠣ ᠬᠦᠮᠥᠨ ᠴᠢᠮ᠎ᠠ ᠪᠠᠷ ᠵᠤᠭᠰᠣᠬᠣ ᠦᠭᠡᠶ︕ ᠪᠢ ᠲᠣᠭᠣᠨ ᠠᠷᠤ ᠳᠠᠭᠠᠨ ᠨᠢᠳᠣ ᠦᠭᠡᠶ ᠪᠣᠯᠪᠠᠴᠣ ᠰᠠᠷᠠᠯ ᠰᠡᠬᠡᠬᠡ ᠪᠠᠨ ᠠᠯᠳᠠᠭᠠᠳᠣᠢ ᠡᠷᠠᠬᠥᠯ ᠪᠦᠳᠥᠨ ᠢᠶᠡᠷ ᠢᠶᠡᠨ ᠬᠣᠶ᠋‍ᠢᠨ᠎ᠠ ᠲᠠᠨᠣᠰ ᠤᠨ ᠲᠠᠷᠠ ᠣᠶ᠋‍ᠢᠪᠣᠷᠭᠠᠨ ᠰᠣᠷᠳᠣᠭ ᠵᠠᠡᠭ ᠢ ᠴᠢᠨᠢ ᠠᠨᠳᠠᠬᠣ ᠦᠦ ᠁

ᠪᠢ ᠬᠣᠰᠢᠭᠣᠨ ᠤ ᠲᠠᠯ᠎ᠠ ᠨᠣᠳᠣᠭ ᠬᠠᠮᠢᠶᠠᠷᠬᠣ ᠲᠣᠪᠴᠢᠶᠠᠨ ᠤ ᠲᠣᠬᠢᠷᠠᠭᠣᠯᠭ᠎ᠠ ᠪᠠᠷ ᠡᠨᠠ ᠠᠯᠣᠰ ᠪᠣᠶ᠋‍ᠢᠳᠠ ᠰᠣᠮᠣᠨ ᠤ ᠵᠤᠴᠢᠳ ᠤᠨ ᠪᠠᠭᠣᠳᠠᠯ ᠤᠨ ᠨᠣᠬᠠᠢ ᠶᠢᠨ ᠪᠦᠬᠡᠰᠦ ᠦᠰᠥᠷᠥᠭᠰᠡᠨ ᠴᠢᠬᠢᠭ᠍ᠳᠡᠢ ᠬᠠᠠᠵᠣᠨ ᠲᠡᠬᠡᠷ᠎ᠡ ᠬᠣᠨᠣᠵᠣ᠂ ᠡᠳᠣᠷ ᠪᠣᠯᠭᠠᠨ ᠠᠯᠵᠢᠶᠠᠯ ᠵᠦᠳᠡᠷᠡᠯ ᠶ᠋‍ᠢᠠᠨ ᠬᠠᠶ᠋‍ᠢᠬᠣᠷᠣᠯ ᠦᠭᠡᠶ ᠪᠡᠯᠴᠢᠬᠡᠷ ᠴᠠᠭᠳᠠᠵᠣ ᠪᠠᠶ᠋‍ᠢᠨ᠎ᠠ᠃ ᠡᠳᠣᠷᠵᠢᠨ ᠢᠶᠡᠨ ᠪᠣᠭ ᠮᠠᠯ ᠲᠡᠬᠡᠬᠡᠬᠥ ᠳᠠᠪᠬᠤᠷ ᠵᠢᠶᠠᠰᠠ ᠣᠭᠰᠠᠷᠠᠭᠰᠠᠨ ᠲᠣᠮᠳᠠ ᠬᠡᠯᠪᠡᠷᠢ ᠶᠢᠨ ᠠᠴᠢᠶᠠᠨ ᠤ ᠮᠠᠰᠢᠨ ᠤ ᠮᠣᠬᠣᠯᠠᠭ ᠲᠤ ᠲᠣᠷᠠᠨ ᠪᠠᠷᠢᠵᠣ ᠰᠠᠭᠣᠭᠠᠳ ᠡᠩᠬᠥᠯ ᠲᠣᠩᠬᠣᠯ ᠲᠠᠯ᠎ᠠ ᠶᠢᠨ ᠵᠠᠮ ᠢ ᠡᠯᠠᠬᠡᠵᠦ ᠶᠠᠪᠣᠬᠣ ᠳᠤ᠂ ᠬᠣᠳᠠᠨ ᠡᠴᠡ ᠪᠠᠨ ᠭᠠᠷᠣᠭᠰᠠᠨ ᠪᠣᠭ ᠮᠠᠯ ᠤᠨ ᠰᠥᠷᠥᠭ ᠲᠠᠭᠠᠷᠠᠯᠳᠣᠬᠣ ᠪᠠᠷ ᠨᠢ ᠰᠠᠶ‍ᠢ ᠨᠢᠳᠣ ᠣᠩᠭ᠋ᠣᠶ᠋‍ᠢᠵᠣ ᠲᠣᠳᠣᠷ᠎ᠠ ᠠᠭᠣᠵᠢᠷᠠᠬᠣ ᠰᠢᠤ ᠪᠣᠯᠳᠠᠭ ᠪᠢᠯᠠ᠃ ᠡᠨᠠ ᠰᠣᠮᠣᠨ ᠳᠤ ᠢᠷᠡᠬᠥ ᠦᠶ᠎ᠡ ᠳᠤ ᠵᠢᠯᠣᠭᠣᠴᠢ ᠪᠢᠳᠠ ᠬᠣᠶᠠᠭᠣᠯᠠᠬᠠᠨ ᠲᠣᠯᠠ ᠰᠣᠮᠣᠨ  ᠤ ᠵᠠᠰᠠᠭ ᠤᠨ ᠣᠷᠳᠣᠨ ᠡᠴᠡ ᠮᠠᠨ ᠤ ᠲᠣᠪᠴᠢᠶᠠᠨ ᠤ ᠠᠵᠢᠯ ᠢ ᠲᠡᠮᠵᠢᠬᠥ ᠨᠡᠷ᠎ᠡ ᠪᠠᠷ ᠬᠤᠶᠠᠷ ᠬᠦᠮᠦᠨ (ᠨᠢᠭᠡ ᠰᠤᠮᠤᠨ ᠤ ᠠᠵᠢᠯᠳᠠᠨ᠂ ᠨᠦᠬᠦᠭᠡ ᠨᠢ ᠳᠦᠷ ᠴᠠᠭ ᠤᠨ ᠬᠦᠯᠦᠰᠤᠨ ᠠᠵᠢᠯᠴᠢᠨ ) ᠳᠤᠬᠢᠷᠠᠭᠤᠯᠵᠤ ᠦᠭᠴᠠᠢ᠃ ᠪᠡᠯᠴᠢᠬᠡᠷ ᠤᠨ ᠴᠡᠬᠡᠷ ᠲᠠᠯᠪᠢᠭᠳᠠᠬᠣ ᠬᠣᠭᠣᠴᠠᠭ᠎ᠠ ᠣᠶ᠋‍ᠢᠷᠠᠳᠬᠣ ᠲᠣᠰᠣᠮ ᠢᠶᠡᠷ ᠪᠢ ᠨᠦᠬᠥᠬᠡ ᠬᠣᠶᠠᠷ ᠬᠦᠮᠥᠨ ᠢ ᠨᠢ ᠰᠡᠵᠢᠭ᠍ᠯᠠᠬᠥ ᠪᠣᠯᠴᠢᠬᠠᠯ᠎ᠠ᠃ ᠶᠠᠭᠠᠬᠢᠭᠠᠳ ᠬᠡᠪᠡᠯ᠂ ᠲᠥᠷᠣᠬᠥᠴᠢ ᠡᠳᠣᠷ ᠨᠢ ᠭᠠᠵᠠᠷ ᠤᠨ ᠵᠢᠷᠣᠭ ᠲᠡᠬᠡᠷ᠎ᠡ ᠡᠴᠡ ᠲᠠᠷᠠᠭᠠᠴᠢ ᠪᠠᠷ ᠪᠠᠶ᠋‍ᠢᠴᠠᠭᠠᠬᠣ ᠪᠡᠯᠴᠢᠬᠡᠷ ᠤᠨ ᠬᠡᠰᠡᠭ ᠢ ᠲᠡᠮᠳᠡᠭᠯᠡᠭᠡᠳ ᠲᠠᠯᠪᠢᠪᠠᠯ ᠨᠢᠭᠣᠴᠠ ᠲᠣᠣᠷᠠᠬᠠᠨ ᠢᠶᠡᠨ ᠵᠠᠳᠠᠷᠠᠵᠣ᠂ ᠬᠡᠳᠥᠨ ᠠᠷᠪᠠᠨ ᠺᠢᠯᠥᠮᠸᠲ᠋ᠷ ᠤᠨ ᠵᠠᠢ ᠶᠢ ᠲᠠᠪ ᠲᠠᠯᠠᠭᠠᠷ ᠬᠣᠷᠣᠭᠠᠭᠰᠠᠨ ᠶᠠᠪᠣᠳᠠᠯ ᠪᠣᠯᠣᠭᠠᠳ ᠯᠠ ᠪᠠᠶ᠋‍ᠢᠳᠠᠭ᠃ ᠠᠩᠬ᠎ᠠ ᠡᠬᠢᠯᠠᠵᠣ ᠪᠡᠯᠴᠢᠬᠡᠷ ᠴᠠᠭᠳᠠᠵᠣ ᠪᠠᠶ᠋‍ᠢᠬᠣ ᠳᠤ ᠮᠠᠯᠴᠢᠳ ᠲᠠᠪᠠᠭᠣ ᠯᠠ ᠵᠤᠷᠢᠭᠳᠠᠢ ᠪᠠᠷ ᠪᠣᠭ ᠮᠠᠯ ᠤᠨ ᠰᠥᠷᠥᠭ ᠢᠶᠡᠨ ᠬᠡᠬᠡᠷ᠎ᠡ ᠵᠠᠯᠠᠵᠣ ᠭᠠᠷᠭᠠᠭᠠᠳ᠂ ᠪᠢᠳᠠᠨ ᠤ ᠣᠶ᠋‍ᠢᠷᠠᠳᠴᠣ ᠤᠴᠢᠬᠤ ᠪᠠᠷ᠎ᠠ ᠶᠢ ᠦᠵᠡᠬᠡᠥᠨ ᠴᠤ ᠬᠡᠰᠡᠨ ᠠᠶᠣᠵᠣ ᠡᠮᠢᠶᠡᠬᠥ ᠦᠬᠡᠢ᠂ ᠨᠢᠷᠣᠭᠣᠨ ᠳᠠᠭᠠᠨ ᠮᠤᠬᠤᠷ ᠣᠷᠭ᠎ᠠ ᠬᠦᠰᠢᠴᠢᠬᠡᠭ᠍ᠰᠡᠨ ᠬᠦᠯᠢᠶᠡᠵᠦ ᠵᠤᠭᠰᠣᠳᠠᠭ ᠪᠠᠶ᠋‍ᠢᠭᠰᠠᠨ᠃ ᠬᠡᠲᠦ ᠣᠳᠠᠭ᠎ᠠ ᠬᠣᠨᠢᠳ ᠡᠴᠡ ᠪᠠᠨ ᠲᠡᠬᠡᠬᠡᠯᠬᠡᠵᠦ᠂ ᠲᠣᠷᠭᠠᠭᠣᠯᠢ ᠮᠦᠩᠬᠥ ᠪᠠᠨ ᠲᠣᠰᠢᠶᠠᠭᠰᠠᠨ ᠤ ᠲᠠᠷᠠᠭ᠎ᠠ ᠬᠠᠮᠠᠷ ᠲᠣᠨᠢ ᠣᠳᠣᠭ᠎ᠠ ᠣᠷᠣᠵᠣ᠂ ᠪᠢᠳᠠᠨ ᠤ ᠪᠠᠷ᠎ᠠ ᠶᠢ ᠬᠣᠯᠠ ᠡᠴᠠ ᠬᠠᠷᠠᠪᠠ ᠬᠡᠭ᠍ᠰᠠᠬᠡᠷ ᠰᠥᠷᠥᠭ ᠢᠶᠡᠨ ᠬᠣᠳᠠ ᠣᠷᠣᠭᠣ ᠪᠠᠨ ᠪᠦᠬᠡᠮᠨᠡᠷᠠᠬᠥᠯᠵᠦ ᠲᠣᠭᠣᠰᠣ ᠪᠣᠳᠠᠷᠠᠳᠠᠯ᠎ᠠ ᠲᠠᠭᠣᠳᠠᠭ ᠪᠣᠯᠵᠠᠢ᠃ ᠲᠣᠷᠭᠠᠭᠣᠯᠢ ᠮᠦᠩᠬᠥᠨ ᠤ ᠲᠣᠭ᠎ᠠ ᠬᠡᠮᠵᠢᠶ᠎ᠡ ᠶᠢ ᠲᠣᠪᠴᠢᠶᠠᠨ ᠤ ᠲᠣᠭᠳᠠᠭᠠᠯ ᠢᠶᠡᠷ ᠪᠠᠷᠢᠮᠵᠢᠶ᠎ᠠ ᠪᠣᠯᠭᠠᠨ᠎ᠠ ᠬᠡᠳᠡᠭ ᠪᠣᠯᠪᠠᠴᠣ ᠲᠡᠬᠡᠷ᠎ᠡ ᠱᠣᠭᠣᠮ ᠢᠶᠡᠷ ᠶᠠᠪᠣᠭᠣᠯᠬᠣ ᠦᠦ᠂ ᠲᠣᠣᠷ᠎ᠠ ᠱᠣᠭᠣᠮ ᠢᠶᠡᠷ ᠶᠠᠪᠣᠭᠣᠯᠬᠣ ᠦᠦ᠂ ᠦᠨᠳᠥᠰᠥᠨ ᠳᠡᠭᠡᠨ ᠮᠢᠨᠣ ᠭᠠᠭᠴᠠ ᠠᠮᠨ ᠪᠠᠷ ᠲᠣᠭᠳᠠᠭᠠᠭᠳᠠᠵᠣ ᠪᠠᠶ᠋‍ᠢᠳᠠᠭ ᠪᠤᠯᠬᠤᠷ ᠢᠯᠡᠬᠥᠤ ᠬᠡᠳᠥᠨ ᠵᠠᠭᠣ ᠬᠡᠯᠡᠴᠢᠬᠡᠬᠥ ᠨᠢ ᠪᠦᠷ ᠯᠠ ᠮᠢᠨᠣ ᠮᠡᠳᠡᠭ᠍ᠰᠡᠨ ᠬᠡᠷᠡᠭ᠃ ᠦᠨᠡᠨ ᠳᠡᠭᠡᠨ ᠢᠩᠬᠢᠵᠣ ᠪᠡᠯᠴᠢᠬᠡᠷ ᠲᠤ ᠭᠠᠷᠭᠠᠭᠰᠠᠨ ᠬᠣᠨᠢ ᠢᠮᠠᠭᠠᠨ ᠤ ᠲᠣᠭᠠᠨ ᠡᠴᠡ ᠨᠢ ᠪᠠᠬᠠᠨ ᠬᠡᠳᠥᠷᠠᠬᠥᠯᠵᠦ ᠲᠣᠷᠭᠠᠬᠣ ᠬᠠᠷᠠᠩᠭ᠋ᠣᠢ ᠣᠶ᠋‍ᠢᠯᠠ ᠶᠢ ᠪᠣᠯ ᠵᠦᠪᠬᠡᠨ ᠲᠣᠷᠭᠠᠭᠣᠯᠢ ᠶᠢᠨ ᠵᠤᠭᠤᠰᠤᠨ ᠳᠠᠭᠠᠨ ᠬᠡᠷᠡᠴᠢ ᠪᠠᠷᠢᠮᠳᠠ ᠠᠪᠬᠣ ᠬᠡᠵᠦ ᠦᠬᠥᠯᠳᠡᠳᠡᠭ ᠣᠰᠣᠨ ᠲᠠᠷᠢᠬᠢ ᠲᠡᠶ ᠬᠦᠮᠥᠨ ᠳᠤ ᠯᠠ ᠵᠠᠷᠣᠳᠠᠭ ᠶᠣᠮ᠃ ᠬᠡᠷᠡᠴᠢ ᠪᠠᠷᠢᠮᠳᠠ ᠠᠪᠣᠨ᠎ᠠ ᠬᠡᠵᠦ ᠠᠷᠪᠠᠯᠵᠠᠬᠣ ᠦᠭᠡᠶ ᠮᠥᠷᠳᠡᠬᠡᠨ ᠭᠣᠶᠣᠵᠣ ᠭᠣᠩᠰᠢᠨ ᠬᠦᠬᠡᠷᠥᠬᠥᠢ ᠴᠢᠷᠠᠶ᠋‍ᠢᠯᠠᠳᠠᠭ ᠵᠢᠩᠬᠢᠨᠢ ᠰᠢᠳᠣᠷᠭᠣ ᠮᠠᠯᠴᠢᠨ ᠡᠴᠠ ᠪᠢ ᠲᠣᠷᠭᠠᠬᠣ ᠶᠣᠰᠣᠳᠠᠢ ᠪᠠᠨ ᠠᠪᠣᠭᠠᠳ ᠪᠣᠯᠭᠠᠴᠢᠬᠠᠳᠠᠭ᠃ ᠪᠢ ᠬᠡᠳᠡᠭ ᠬᠦᠮᠥᠨ ᠤ ᠨᠢᠬᠡ ᠰᠠᠶ᠋‍ᠢᠨ ᠨᠢ ᠡᠳ᠋ ᠮᠦᠩᠬᠥᠨ ᠳᠤ ᠲᠠᠳᠣᠢ ᠬᠠᠷᠠᠭᠣ ᠪᠢᠰᠢ᠂ ᠣᠯᠣᠭᠰᠠᠨ ᠣᠯᠵᠠ ᠡᠴᠡ ᠪᠠᠨ ᠵᠢᠯᠣᠭᠣᠴᠢ ᠲᠠᠳᠠ ᠭᠣᠷᠪᠠ ᠳᠠᠭᠠᠨ ᠬᠣᠪᠢᠶᠠᠵᠣ ᠦᠭᠴᠦ ᠯᠠ ᠪᠠᠶ᠋‍ᠢᠳᠠᠭ᠃ ᠶᠠᠭ ᠲᠥᠷᠪᠡᠨ ᠤ ᠨᠢᠬᠡ ᠪᠠᠷ ᠬᠦᠮᠥᠨ ᠪᠦᠷᠢ ᠳᠤ ᠲᠡᠭ᠍ᠰᠢ ᠪᠠᠷ ᠬᠣᠪᠢᠶᠠᠵᠣ ᠪᠠᠶ᠋‍ᠢᠨ᠎ᠠ ᠬᠡᠵᠦ ᠬᠡᠯᠡᠬᠥ ᠠᠷᠭ᠎ᠠ ᠦᠭᠡᠶ ᠪᠣᠯᠪᠠᠴᠣ ᠵᠤᠬᠢᠬᠣ ᠬᠡᠮᠵᠢᠶᠡᠨ ᠤ ᠢᠮᠡᠷᠬᠥ ᠴᠠᠭᠠᠰᠣ ᠣᠳᠠᠭ᠎ᠠ ᠪᠣᠯᠭᠠᠨ ᠳᠤ ᠪᠠᠷᠢᠭᠣᠯᠵᠣ ᠯᠠ ᠪᠠᠶ᠋‍ᠢᠳᠠᠭ᠃ ᠮᠣᠬᠣᠭᠠᠨ ᠤ ᠮᠠᠭᠣ ᠪᠠᠷ ᠬᠡᠯᠡᠬᠥ ᠳᠤ ᠲᠠᠳᠠ ᠭᠣᠷᠪᠠ ᠶᠢᠨ ᠠᠮᠨ ᠶᠢ ᠪᠦᠭ᠍ᠯᠠᠬᠥ ᠦᠬᠡᠢ ᠪᠠᠷ ᠶᠠᠭᠠᠬᠢᠵᠣ ᠪᠣᠯᠣᠨ᠎ᠠ᠃ ᠢ᠎ᠠ ᠨᠠᠶ᠋‍ᠢᠷᠠᠮᠳᠠᠭᠣ ᠨᠡᠢᠬᠡᠮ ᠢ ᠴᠣᠭᠴᠠᠯᠠᠨ ᠪᠠᠶ᠋‍ᠢᠭᠣᠯᠣᠨ᠎ᠠ ᠬᠡᠳᠡᠭ ᠪᠠ ᠳ᠋‍ᠠ᠂ ᠬᠢᠳᠠᠳ ᠦᠬᠡ ᠪᠠᠷ ᠬᠡᠯᠡᠪᠡᠯ ᠢ᠎ᠠ ᠨᠠᠶ᠋‍ᠢᠷ ᠡᠴᠡ ᠡᠳ᠋ ᠮᠦᠩᠬᠥ ᠪᠠᠷ ᠡᠯᠪᠡᠭ᠌ ᠲᠡᠯᠪᠡᠭ᠌ ᠠᠮᠢᠳᠣᠷᠠᠯ ᠡᠬᠥᠰᠦᠨ᠎ᠠ ᠬᠡᠳᠡᠭ ᠪᠢᠰᠢ ᠦᠦ᠃ ᠬᠠᠷᠢᠨ ᠢ᠎ᠡ ᠵᠢᠷᠣᠮ ᠡᠴᠡ ᠲᠠᠷᠰᠯᠠᠵᠣ ᠭᠠᠵᠢᠭᠤ ᠮᠠᠶ‍ᠢᠭᠳᠠᠢ ᠪᠣᠯᠣᠭᠰᠠᠨ ᠡᠨᠠ ᠰᠡᠵᠢᠭ᠍ᠳᠡᠢ ᠬᠣᠶᠠᠷ ᠵᠤᠯᠢᠭ ᠢ ᠶᠠᠭᠠᠬᠢᠵᠣ ᠠᠮᠨ ᠶᠢ ᠨᠢ ᠠᠪᠴᠣ ᠬᠠᠰᠢᠷᠠᠭᠠᠬᠣ ᠪᠢᠯᠠ ᠡ︖ 《 ᠨᠦᠬᠡᠨ ᠵᠠᠮ ᠤᠨ ᠪᠠᠶ᠋‍ᠢᠯᠳᠣᠭᠠᠨ 》 ᠬᠡᠳᠡᠭ ᠬᠠᠭᠣᠴᠢᠨ ᠺᠢᠨᠣ᠊ ᠳᠤ ᠶᠠᠫᠣᠨ ᠴᠡᠷᠢᠭ᠌ ᠤᠳ ᠪᠦᠰᠡᠯᠠᠵᠦ ᠠᠪᠣᠭᠰᠠᠨ ᠲᠣᠰᠭᠣᠨ ᠢᠶᠡᠨ ᠲᠦᠷ ᠴᠣᠬᠢᠬᠣ ᠦᠭᠡᠶ ᠪᠠᠷ ᠬᠠᠶᠠᠭᠠᠨ ᠳ᠋ᠣᠨᠢ ᠬᠠᠶᠠᠵᠣ ᠶᠠᠪᠣᠭᠠᠳ᠂ ᠲᠠᠬᠢᠨ ᠬᠠᠭᠠᠰ ᠵᠠᠮ ᠡᠴᠡ ᠪᠠᠨ ᠬᠡᠨᠡᠳᠳᠡ ᠪᠠᠷ ᠮᠣᠭᠣ ᠡᠷᠬᠢᠨ ᠪᠣᠷᠣ ᠮᠦᠷ ᠢᠶᠡᠷ ᠢᠶᠡᠨ ᠪᠣᠴᠠᠨ ᠢᠷᠡᠬᠡᠥᠨ ᠫᠣᠤ ᠰᠠᠯᠠᠮ᠎ᠠ ᠪᠠᠨ ᠵᠠᠷᠣᠳᠠᠭ ᠪᠢᠰᠢ ᠦᠦ᠃ ᠬᠣᠶᠠᠷ ᠭᠣᠵᠦᠡᠭ ᠤᠨ ᠬᠣᠭᠣᠷᠣᠠᠳᠣᠬᠢ ᠪᠡᠯᠴᠢᠬᠡᠷ ᠢ ᠴᠠᠭᠳᠠᠵᠣ ᠪᠠᠶ᠋‍ᠢᠬᠣ ᠳᠠᠭᠠᠨ ᠪᠢ ᠶᠠᠭ ᠲᠠᠷᠠ ᠠᠷᠭ᠎ᠠ ᠶᠢ ᠵᠠᠷᠣᠵᠣ ᠥᠩᠬᠡᠷᠡᠭ᠍ᠰᠡᠨ ᠶᠣᠮ᠃ ᠲᠠᠪᠠᠭᠠᠨ ᠣᠷᠣᠢ ᠳᠤ ᠲᠡᠷᠬᠡ ᠪᠠᠨ ᠵᠤᠭᠰᠣᠭᠠᠨ ᠲᠣᠷᠠᠠᠳᠠᠵᠣ ᠦᠵᠡᠬᠥ ᠳᠤ᠂ ᠣᠯᠢᠶᠠᠰᠣᠳᠣ ᠬᠣᠰᠣᠳᠣ ᠬᠣᠶᠠᠷ ᠭᠣᠵᠦᠡᠭ ᠤᠨ ᠬᠣᠭᠣᠷᠣᠠᠳᠣ ᠪᠠᠯᠴᠢᠵᠣ ᠪᠠᠶ᠋‍ᠢᠭ᠎ᠠ ᠪᠣᠭ ᠮᠠᠯ ᠤᠨ ᠰᠥᠷᠥᠭ ᠣᠭᠳᠣ ᠬᠠᠷᠠᠭᠳᠠᠬᠣ ᠦᠭᠡᠶ᠃ ᠵᠢᠯᠣᠭᠣᠴᠢ ᠳᠤ ᠪᠣᠴᠠᠬᠣ ᠵᠠᠬᠢᠶ᠎ᠠ ᠦᠭ᠍ᠬᠥᠬᠡᠥᠨ ᠰᠣᠮᠣ ᠬᠦᠷᠬᠥ ᠵᠠᠮ ᠢ ᠬᠠᠭᠠᠰ ᠡᠯᠠᠬᠡᠭ᠍ᠰᠡᠨ ᠤ ᠲᠠᠷᠠᠭ᠎ᠠ ᠲ᠋ᠡᠷᠬᠡ ᠪᠠᠷ ᠬᠡᠨᠡᠳᠳᠡ ᠡᠷᠬᠢᠬᠥᠯᠵᠦ ᠲᠠᠬᠢᠭᠠᠳ ᠢᠷᠡᠬᠥ ᠳᠤ ᠬᠣᠰᠣᠳᠣ ᠭᠣᠵᠦᠡᠭ ᠤᠨ ᠠᠷᠤ ᠬᠣᠷᠮᠣᠢ ᠳᠤ ᠬᠡᠷᠡᠯ ᠬᠡᠳᠡᠭ ᠪᠦᠰᠠᠬᠥᠢ ᠬᠣᠳᠠ ᠲ᠋ᠠᠢ ᠬᠣᠨᠢᠳ ᠢᠶᠡᠨ ᠲᠠᠯ᠎ᠠ ᠶᠢᠨ ᠪᠡᠯᠴᠢᠬᠡᠷ ᠲᠤ ᠵᠠᠯᠠᠵᠣ ᠭᠠᠷᠭᠠᠴᠢᠬᠠᠭᠠᠳ ᠰᠡᠵᠢᠭ᠌ ᠠᠵᠢᠭ ᠦᠭᠡᠶ ᠪᠠᠷ ᠭᠣᠣᠯ ᠤᠨ ᠬᠦᠪᠡᠬᠡᠨ ᠤ ᠡᠷᠬᠢᠨ ᠲᠡᠬᠡᠬᠥᠷ ᠣᠭᠣᠳᠠ ᠲᠡᠬᠥᠵᠢᠯᠡᠬᠡᠥᠨ ᠬᠠᠯᠠᠭᠠᠢ ᠲᠡᠬᠥᠵᠦ ᠪᠠᠶ᠋‍ᠢᠪᠠ᠃ ᠪᠢᠳᠠᠨ ᠤ ᠡᠷᠬᠢᠨ ᠢᠷᠡᠭ᠍ᠰᠡᠨ ᠢ ᠦᠵᠡᠬᠡᠥᠨ ᠲᠠᠷᠠ ᠡᠮ᠎ᠠ ᠶᠢᠨ ᠨᠢᠳᠣ ᠣᠴᠢ ᠪᠣᠳᠠᠷᠠᠮ᠎ᠠ ᠬᠡᠷᠡᠯᠲᠦᠵᠦ᠂ ᠲᠡᠬᠥᠵᠢᠯᠡᠵᠦ ᠪᠠᠶ᠋‍ᠢᠭ᠎ᠠ ᠬᠠᠯᠠᠭᠠᠢ ᠶᠢᠨ ᠣᠭᠣᠳᠠ ᠪᠠᠷ ᠢᠶᠡᠨ ᠪᠣᠷᠣᠭᠣ ᠰᠣᠷᠠᠭ ᠴᠢᠮᠡᠬᠡ ᠬᠠᠩᠭ᠋ᠠᠭᠰᠠᠨ ᠪᠣᠯᠣᠯᠳᠠᠢ ᠰᠣᠮᠣᠨ ᠤ ᠠᠵᠢᠯᠳᠠᠨ ᠵᠠᠯᠠᠭᠣ ᠶᠢ ᠬᠦᠪᠳᠡᠵᠦ ᠭᠠᠷᠣᠯ᠎ᠠ᠃ ᠶᠠᠪᠣᠳᠠᠯ ᠣᠴᠢᠷ ᠡᠶ᠋‍ᠢᠮᠣ ᠬᠡᠮᠵᠢᠶᠡᠨ ᠳᠤ ᠬᠦᠷᠥᠭᠰᠡᠨ ᠪᠠᠶ᠋‍ᠢᠬᠣ ᠳᠤ ᠪᠢ ᠮᠤᠬᠤᠷ ᠬᠢᠳᠣᠭ᠎ᠠ ᠪᠠᠷ ᠲᠡᠬᠥᠨ ᠢ ᠴᠢᠴᠢᠬᠡᠥᠨ ᠯᠠ ᠪᠠᠶ᠋‍ᠢᠵᠣ ᠪᠣᠯᠬᠣ ᠦᠭᠡᠶ ᠪᠢᠵᠠ ᠳ᠋‍ᠠ᠃ ᠬᠢᠳᠠᠳ ᠦᠬᠡ ᠪᠠᠷ ᠬᠡᠯᠡᠪᠡᠯ᠂ ᠮᠥᠷᠡᠨ ᠲ᠋ᠠᠩᠬᠢᠰ ᠤᠨ ᠶᠠᠪᠣᠳᠠᠯ ᠣᠴᠢᠷ ᠰᠠᠨᠠᠭᠠᠨ ᠤ ᠡᠠᠶ᠎ᠠ ᠪᠠᠷ ᠪᠠᠶ᠋‍ᠢᠳᠠᠭ ᠦᠭᠡᠶ ᠬᠡᠳᠡᠭ᠃ ᠦᠷᠣᠬᠡᠯ ᠳᠤ ᠲᠣᠬᠣᠢ ᠵᠠᠢ ᠦᠯᠠᠳᠡᠬᠡᠬᠥ ᠨᠢ ᠦᠪᠡᠷ ᠤᠨ ᠪᠠᠶ᠎ᠠ ᠳᠡᠭᠡᠨ ᠠᠯᠳᠠ ᠵᠠᠢ ᠡᠵᠡᠯᠠᠬᠥᠯᠥᠭᠰᠡᠨ ᠬᠡᠷᠡᠭ ᠶᠣᠮ᠃ ᠲᠠᠷᠠ ᠡᠳᠣᠷ ᠤᠨ ᠶᠠᠪᠣᠳᠠᠯ ᠢ ᠪᠢ ᠢᠩᠬᠢᠵᠣ ᠰᠢᠢᠳᠪᠣᠷᠢᠯᠠᠵᠠᠢ᠂ ᠬᠡᠷᠡᠯ ᠬᠣᠨᠢᠳ ᠢᠶᠡᠨ ᠲᠠᠯ᠎ᠠ ᠳᠤ ᠪᠡᠯᠴᠢᠬᠡᠨ᠎ᠡ ᠬᠡᠵᠦ ᠵᠤᠷᠢᠯᠭ᠎ᠠ ᠲᠡᠶ ᠪᠠᠷ ᠬᠣᠳᠠᠨ ᠡᠴᠡ ᠪᠠᠨ ᠭᠠᠷᠭᠠᠭᠰᠠᠨ ᠪᠢᠰᠢ᠂ ᠬᠠᠷᠢᠨ ᠭᠣᠣᠯ ᠳᠤ ᠣᠰᠣᠯᠠᠬᠣ ᠬᠡᠰᠡᠨ ᠴᠢᠯᠦᠬᠡᠨ ᠳ᠋ᠣᠨᠢ ᠦᠬᠡ ᠲᠦᠬᠥᠬᠡᠷᠬᠥ ᠦᠭᠡᠶ ᠶᠠᠪᠠ ᠠᠳᠣᠭᠣᠰᠣ ᠨᠣᠭᠣᠳ ᠡᠷᠬᠢᠨ ᠲᠡᠬᠡᠬᠥᠷ ᠬᠦᠶᠥᠯᠲᠦᠬᠡᠥᠨ ᠁ ᠬᠡᠵᠡᠢ᠃ ᠮᠢᠨᠣ ᠭᠠᠷᠭᠠᠭᠰᠠᠨ ᠡᠨᠠ ᠰᠢᠢᠳᠪᠣᠷᠢ ᠬᠡᠷᠡᠯ ᠬᠡᠳᠡᠭ ᠰᠠᠶ᠋‍ᠢᠬᠠᠨ ᠪᠦᠰᠠᠬᠥᠢ ᠶᠢᠨ ᠨᠢᠳᠣ ᠶᠢ ᠣᠶᠠᠰᠬᠠᠨ ᠵᠦᠬᠡᠯᠡᠷᠠᠬᠥᠯᠥᠭᠰᠡᠨ ᠢ ᠬᠡᠯᠡᠬᠥ ᠦᠬᠡᠢ᠂ ᠪᠦᠰᠠᠬᠥᠢ ᠳᠤ ᠰᠠᠶ᠋‍ᠢᠨ ᠬᠦᠮᠥᠨ ᠪᠣᠯᠬᠣ ᠬᠡᠥᠨ ᠬᠢᠯᠢᠰᠳᠠᠵᠣ ᠬᠠᠯᠠᠭᠠᠢ ᠶᠢᠨ ᠣᠭᠣᠳᠠ ᠪᠠᠷ ᠬᠦᠪᠳᠡᠬᠥᠯᠥᠭᠰᠡᠨ ᠰᠣᠮᠣᠨ ᠤ ᠺᠠᠳ᠋ᠷ ᠵᠠᠯᠠᠭᠤ ᠶᠢᠨ ᠦᠷᠣᠬᠡᠯ ᠤᠨ ᠨᠢᠳᠣᠨ ᠡᠴᠡ ᠲᠠᠯᠳᠠᠭᠣᠷ ᠨᠠᠳᠠ ᠵᠦᠭ᠌ ᠠᠯᠠᠭ᠎ᠠ ᠬᠠᠮᠳᠣᠳᠬᠠᠨ ᠵᠠᠯᠪᠠᠷᠢᠵᠣ ᠪᠢᠯᠠ᠃ ᠬᠢᠳᠠᠳ ᠤᠨ ᠦᠬᠡᠨ ᠳᠤ ᠨᠠᠶ᠋‍ᠢᠵᠠ ᠨᠦᠬᠥᠷ ᠨᠡᠮᠡᠭ᠍ᠳᠡᠬᠥ ᠲᠣᠰᠣᠮ ᠵᠠᠮ ᠮᠦᠷ ᠰᠠᠯᠠᠭ᠎ᠠ ᠣᠯᠠᠨ ᠪᠣᠯᠳᠠᠭ ᠬᠡᠨ᠎ᠡ᠃ ᠮᠢᠨᠣ ᠦᠵᠡᠬᠥ ᠪᠠᠷ ᠴᠤ ᠲᠠᠶ᠋‍ᠢᠮᠣ᠃ ᠬᠠᠷᠮᠠᠨ ᠳᠤ ᠬᠢᠯᠪᠠᠷᠬᠠᠨ ᠣᠷᠣᠵᠣ ᠢᠷᠡᠳᠡᠭ ᠵᠤᠭᠣᠰ ᠢ ᠵᠠᠷᠢᠮ ᠦᠶ᠎ᠡ ᠳᠤ ᠡᠷᠠᠰ ᠲᠠᠪᠴᠢᠵᠣ᠂ ᠨᠠᠶ᠋‍ᠢᠵᠠ ᠨᠦᠬᠥᠷ ᠤᠨ ᠬᠠᠷᠢᠴᠠᠭ᠎ᠠ ᠰᠥᠯᠪᠡᠬᠡ ᠪᠠᠷ ᠰᠣᠯᠢᠵᠣ ᠪᠠᠶ᠋‍ᠢᠬᠣ ᠳᠠᠭᠠᠨ ᠵᠦᠪ᠃ (ᠦᠷᠬᠦᠯᠵᠢᠯᠡᠯ ᠪᠤᠢ᠃ )


ᠵᠤᠬᠢᠶᠠᠭᠴᠢ᠄ ᠷᠢ᠊·ᠴᠤᠭᠪᠢᠯᠢᠭ᠌
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《 ᠦᠨᠢᠷ ᠴᠡᠴᠡᠭ
ᠳᠠᠷᠤᠮ᠄ 9643
ᠴᠠᠭ᠄ 2009 ᠤᠨ ᠤ 04 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ