☆ ᠡ᠊·ᠪᠤᠯᠤᠳ
ᠡᠷᠭᠡ ᠴᠢᠯᠦᠭᠡ
ᠰᠠᠶ᠋ᠢᠪᠣᠷ ᠵᠢᠷᠣᠭᠠᠨ ᠤ ᠠᠰᠭᠠᠨᠠ ᠴᠠᠯᠬᠢᠶ᠎ᠠ ᠪᠠᠷ
ᠰᠠᠯᠬᠢᠯᠠᠭᠣᠯᠵᠣ ᠠᠰᠬᠠᠷᠠᠭᠣᠯᠵᠣ ᠡᠰᠠ ᠶᠠᠪᠣᠭᠰᠠᠨ ᠴᠤ
ᠰᠠᠨᠠᠭ᠎ᠠ ᠠᠯᠳᠠᠬᠣ ᠶᠢᠨ ᠮᠢᠨᠢ ᠬᠢᠷᠢ ᠪᠠᠷ ᠠᠭᠣᠵᠢᠷᠠᠬᠣ
ᠰᠠᠷᠠᠭᠣᠯ ᠠᠭᠣᠳᠠᠮᠬᠠᠨ ᠲᠠᠯ᠎ᠠ ᠮᠢᠨᠣ
ᠲᠡᠬᠡᠯᠢ ᠰᠢᠪᠠᠭᠣ ᠴᠤ
ᠲᠡᠭ᠍ᠷᠢ ᠳᠤ ᠡᠷᠬᠢᠯᠲᠦᠬᠥ ᠳᠡᠭᠡᠨ
ᠲᠡᠬᠡᠷ᠎ᠡ ᠨᠢ ᠣᠪᠣᠭ᠎ᠠ ᠲᠡᠶ ᠲᠣᠯᠣᠭᠠᠢ ᠶᠢ ᠲᠡᠬᠡᠳᠥᠯᠠᠵᠦ᠂
ᠵᠦᠪ ᠢᠶᠡᠷ ᠡᠷᠬᠢᠬᠥ ᠮᠠᠳᠣ
ᠨᠣᠶ᠋ᠢᠳᠠᠨ ᠣᠨᠠᠭ᠎ᠠ
ᠰᠠᠯᠬᠢ ᠲᠥᠰᠢᠨ ᠲᠠᠩᠴᠡᠬᠥ ᠳᠤ
ᠬᠠᠭᠣᠷᠠᠢ ᠣᠪᠣᠭ᠎ᠠ
ᠣᠰᠣ ᠪᠠᠷ ᠰᠢᠪᠡᠷᠡᠬᠥ ᠮᠠᠳᠣ
ᠨᠣᠶ᠋ᠢᠷᠣᠨ ᠲᠣᠮᠳᠠ
ᠡᠬᠡ ᠬᠡᠬᠥᠤ ᠢᠨᠴᠠᠭᠠᠬᠣ ᠳᠤ
ᠬᠣᠩᠭ᠋ᠣᠷᠵᠣᠯᠠ ᠶᠢᠨ ᠲᠡᠯᠪᠡᠬᠡᠨ ᠳᠤ
ᠨᠢᠯᠪᠣᠰᠣ ᠢᠪᠢᠯᠣᠨ ᠬᠣᠷᠠᠭᠰᠢᠬᠤ ᠮᠠᠳᠣ ᠁
ᠴᠢᠭ᠌ ᠲᠡᠭᠡᠨ ᠪᠠᠭᠳᠠᠬᠣ ᠭᠠᠵᠠᠷ ᠦᠭᠡᠶ ᠪᠣᠯᠣᠭᠰᠠᠨ
ᠨᠠᠳᠠ ᠳᠤ
ᠴᠢᠬᠡ ᠲᠡᠬᠡᠭ᠍ᠰᠢ ᠪᠠᠨ ᠴᠣᠶ᠋ᠢᠯᠠᠵᠣ
ᠴᠠᠩᠬᠡᠷ ᠲᠡᠭ᠍ᠷᠢ ᠳᠡᠭᠡᠨ ᠦᠬᠥᠬᠥ
ᠡᠷᠬᠡ ᠴᠢᠯᠦᠬᠡ ᠬᠠᠶ᠋ᠢᠷᠠᠯᠠᠭᠰᠠᠨ
ᠮᠡᠯᠳᠡᠨᠭ᠌ ᠬᠦᠬᠡ ᠡᠷᠬᠡ ᠴᠢᠯᠦᠬᠡ ᠮᠢᠨᠣ
ᠴᠢᠮᠡᠬᠡ ᠦᠭᠡᠶ ᠰᠠᠭᠣᠬᠣᠢ ᠳᠤ ᠨᠣᠳᠣᠭ
ᠵᠢᠷᠥᠬᠡᠨ ᠳᠤ ᠮᠢᠨᠢ ᠴᠢᠰᠤ ᠰᠢᠭ ᠬᠣᠷᠠᠬᠣ ᠰᠢᠭ
ᠴᠢᠯᠠᠭᠣᠨ ᠤ ᠬᠦᠯᠥᠰᠤ ᠰᠢᠭ᠌ ᠮᠦᠩᠬᠡ ᠶᠢᠨ ᠷᠠᠰᠢᠶᠠᠨ
ᠠᠯᠠᠭᠠᠨ ᠳᠤ ᠮᠢᠨᠢ ᠰᠢᠷᠬᠢᠬᠥ ᠰᠢᠭ᠌
ᠲᠡᠭ᠍ᠷᠢ ᠬᠡᠬᠡᠷᠡᠬᠥ ᠳᠤ ᠲᠣᠮᠳᠠᠭᠣᠷ ᠨᠠᠭᠣᠷ
ᠨᠣᠶ᠋ᠢᠷᠮᠣᠭ ᠨᠢᠳᠣ ᠪᠠᠨ ᠨᠡᠬᠡᠬᠡᠬᠥ ᠮᠠᠳᠣ
ᠲᠠᠷᠮᠠᠨ ᠳᠤ ᠡᠷᠬᠡᠯᠡᠭ᠍ᠰᠡᠨ ᠡᠬᠥᠯᠡᠰ
ᠮᠣᠷᠢᠨ ᠱᠣᠡᠭ ᠡᠴᠡ ᠠᠯᠳᠠᠭᠣᠷᠠᠬᠣ ᠮᠠᠳᠣ
ᠲᠠᠪᠠᠷᠢᠵᠣ᠂ ᠡᠷᠬᠡᠯᠡᠬᠥᠯᠵᠦ ᠬᠣᠨᠣᠭᠰᠠᠨ ᠮᠠᠳᠣ
ᠲᠣᠮᠣᠭ ᠤᠨ ᠲᠠᠷᠠ ᠬᠦᠮᠥᠨ
ᠲᠡᠷᠯᠢᠭ᠌᠌ ᠤᠨ ᠪᠦᠰᠡ ᠰᠢᠭ᠌ ᠣᠷᠠᠭᠳᠠᠬᠣ
ᠡᠮᠠᠬᠡᠨ ᠰᠢᠷ᠎ᠠ ᠵᠠᠮ ᠢᠶᠡᠷ
ᠲᠠᠪᠠᠷᠢ ᠶᠢᠨ ᠬᠢᠷᠢ ᠲᠡᠯᠠᠬᠡᠢ ᠪᠠᠨ
ᠪᠦᠯᠢᠶᠡᠨ ᠶᠣᠰᠣᠭᠠᠷ ᠨᠢ ᠣᠷᠬᠢᠭᠠᠳ
ᠲᠡᠭ᠍ᠷᠢ ᠶᠢᠨ ᠬᠠᠶᠠᠭ᠎ᠠ
ᠰᠡᠬᠥᠵᠦ ᠬᠠᠶᠠᠭᠠᠳ ᠮᠣᠷᠳᠠᠭᠰᠠᠨ ᠮᠠᠳᠣ ᠁
ᠭᠠᠵᠠᠷ ᠲᠡᠭ᠍ᠷᠢ ᠶᠢ ᠲᠣᠪᠴᠢᠯᠠᠭᠰᠠᠨ
ᠭᠠᠭᠴᠠ ᠣᠪᠣᠭᠠᠨ ᠳᠠᠭᠠᠨ ᠰᠢᠪᠡᠬᠡᠨᠡᠨ ᠲᠠᠶ᠋ᠢᠪᠣᠷᠠᠬᠣ ᠳᠤ
ᠬᠦᠯ ᠤᠨ ᠮᠢᠨᠢ ᠣᠯᠠ ᠡᠴᠡ ᠴᠠᠭᠠᠰᠢ
ᠬᠦᠪᠡᠬᠡ ᠦᠭᠡᠶ ᠴᠡᠯᠠᠬᠡᠷ ᠡᠷᠬᠡ ᠴᠢᠯᠦᠬᠡ
ᠡᠷᠬᠡ ᠴᠢᠯᠦᠬᠡ ᠁
ᠵᠤᠬᠢᠶᠠᠭᠴᠢ ᠶᠢᠨ ᠬᠠᠶᠢᠭ᠄ ᠠᠯᠠᠱᠠ ᠵᠠᠬᠥᠨ ᠬᠣᠰᠢᠭᠣᠨ ᠤ ᠣᠣᠠᠬ᠎ᠠ ᠣᠷᠠᠯᠢᠭ ᠤᠨ ᠬᠢᠨ ᠤ ᠬᠣᠯᠪᠣᠭ᠎ᠠ
ᠵᠤᠬᠢᠶᠠᠭᠴᠢ᠄ ᠡ᠊·ᠪᠤᠯᠤᠳ
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《
ᠦᠨᠢᠷ ᠴᠡᠴᠡᠭ 》
ᠳᠠᠷᠤᠮ᠄ 10673
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ