☆ ᠷᠢ᠊·ᠴᠤᠭᠪᠢᠯᠢᠭ᠌
ᠬᠤᠶᠠᠷ ᠭᠤᠵᠤᠩ ᠤᠨ ᠬᠤᠭᠤᠷᠤᠨᠳᠤ(ᠭᠤᠷᠪᠠ)
(ᠳᠡᠭᠡᠷ᠎ᠠ ᠬᠤᠭᠤᠴᠠᠭᠠᠨ ᠤ ᠦᠷᠬᠦᠯᠵᠢᠯᠡᠯ )
ᠰᠦᠨᠢ ᠰᠠᠷᠠᠵᠣ ᠬᠦᠢᠳᠡᠨ ᠣᠰᠣ ᠣᠣᠭᠣᠬᠣ ᠬᠡᠥᠨ ᠣᠰᠣᠨ ᠭᠠᠩ ᠢᠶᠡᠨ ᠡᠷᠢᠬᠡᠥᠨ ᠣᠯᠬᠣ ᠦᠭᠡᠶ ᠪᠣᠯᠪᠠ᠃ ᠲᠠᠷᠢᠬᠢ ᠪᠠᠨ ᠰᠢᠪᠬᠠᠨ ᠣᠳᠠᠳᠠᠯ᠎ᠠ ᠡᠷᠬᠢᠴᠡᠬᠥᠯᠦᠬᠡᠥᠨ ᠰᠠᠶᠢ ᠪᠣᠯᠵᠣ ᠥᠩᠬᠡᠷᠡᠭ᠍ᠰᠡᠨ ᠶᠠᠪᠣᠳᠠᠯ ᠢ ᠪᠦᠥᠷ ᠲᠦᠥᠷ ᠰᠠᠨᠠᠭᠠᠨ ᠳᠤ ᠣᠷᠣᠵᠠᠢ᠃ ᠪᠢ ᠴᠢᠨᠢ ᠦᠪᠡᠷ ᠤᠨ ᠲᠣᠪᠣᠨ ᠳᠠᠭᠠᠨ ᠣᠠᠳᠠᠭᠠᠳ ᠰᠠᠷᠠᠵᠣ ᠪᠠᠶ᠋ᠢᠬᠣ ᠪᠠᠷ ᠪᠣᠳᠣᠭᠠᠳ ᠬᠠᠭᠠᠯᠭ᠎ᠠ ᠴᠣᠩᠬᠣᠨ ᠤ ᠣᠷᠣᠮ ᠦᠭᠡᠶ ᠪᠢᠳᠡᠬᠥᠤ ᠬᠠᠶᠠᠭ᠎ᠠ ᠶᠢ ᠮᠠᠯᠳᠠᠭᠠᠳ ᠯᠠ ᠪᠠᠶ᠋ᠢᠭᠰᠠᠨ ᠪᠠᠶ᠋ᠢᠨ᠎ᠠ᠃ ᠡᠪᠣᠯᠵᠢᠶᠠᠨ ᠤ ᠬᠡᠨ ᠨᠢ ᠨᠠᠳᠠ ᠳᠤ ᠲᠠᠰᠣᠯᠭ᠎ᠠ ᠬᠡᠷ ᠢᠶᠡᠨ ᠰᠣᠯᠠᠯᠠᠵᠣ ᠦᠭ᠍ᠬᠥᠬᠡᠥᠨ ᠵᠠᠶ᠋ᠢᠯᠠᠴᠢᠬᠠᠪᠠ︖ ᠲᠠᠮᠳᠠᠷᠢᠵᠣ ᠲᠡᠯᠴᠢᠯᠡᠭ᠍ᠰᠠᠬᠡᠷ ᠭᠠᠳᠠᠭ᠎ᠠ ᠭᠠᠷᠣᠭᠠᠳ ᠭᠠᠵᠠᠷ ᠤᠨ ᠪᠠᠶ᠋ᠢᠴᠠ ᠯᠠᠪᠯᠠᠪᠠᠯ᠂ ᠴᠠᠭᠠᠨ ᠲᠠᠪᠠᠭ᠎ᠠ ᠣᠷᠣᠭᠣ ᠨᠡᠬᠥᠵᠦ ᠶᠠᠪᠣᠭᠰᠠᠨ ᠰᠠᠩᠵᠠᠢ ᠶᠢᠨ ᠬᠠᠭᠣᠴᠢᠨ ᠬᠡᠷ ᠲᠠᠭᠠᠷᠠᠴᠢᠬᠠᠵᠠᠢ᠃ ᠰᠠᠩᠵᠠᠢ ᠬᠡᠳᠡᠭ ᠰᠦᠷ ᠤᠨ ᠠᠷᠭ᠎ᠠ ᠲᠡᠶ ᠭᠠᠪᠠᠯᠠ ᠰᠢᠤ︕ ᠲᠠᠭᠣᠯᠠ ᠵᠢ ᠦᠬᠢᠨ ᠪᠠᠶ᠋ᠢᠬᠣ ᠦᠶ᠎ᠡ ᠳᠤ ᠨᠠᠳᠠ ᠳᠤ ᠵᠠᠭᠣᠴᠢᠯᠠᠵᠣ ᠦᠭ᠍ᠬᠥ ᠪᠠᠷ ᠰᠢᠯᠳᠠᠭ ᠪᠠᠷᠢᠭᠠᠳ ᠦᠬᠡᠷ ᠮᠠᠶ᠋ᠢᠮᠠᠶ᠋ᠢᠯᠠᠬᠣ ᠣᠴᠢᠷ ᠲᠡᠬᠡᠷ᠎ᠡ ᠪᠠᠨ ᠨᠠᠮᠢ᠋ᠢ ᠰᠠᠷ᠎ᠠ ᠢᠯᠡᠬᠥᠤ ᠬᠦᠴᠦ ᠬᠦᠯᠥᠰᠤ ᠬᠡᠵᠦ ᠨᠢᠬᠡ ᠮᠦᠩᠬᠥ ᠭᠠᠷᠭᠠᠯ ᠦᠭᠡᠶ ᠵᠠᠷᠣᠭᠰᠠᠨ ᠣᠳᠠᠭ᠎ᠠ ᠪᠣᠢ᠃ ᠪᠢ ᠰᠠᠩᠵᠠᠢ ᠪᠣᠯᠣᠭᠰᠠᠨ ᠪᠣᠯ ᠴᠠᠭᠠᠨ ᠲᠠᠪᠠᠭ᠎ᠠ ᠣᠷᠣᠭᠣ ᠶᠠᠭᠠᠬᠢᠪᠠᠴᠣ ᠨᠡᠬᠥᠬᠥ ᠦᠭᠡᠶ᠂ ᠦᠬᠢᠨ ᠬᠦᠷᠬᠡᠨ ᠬᠣᠶᠠᠷ ᠢᠶᠡᠨ ᠲᠥᠰᠢᠬᠡᠥᠨ ᠡ᠊ᠠᠳᠠ ᠪᠠᠨ ᠠᠮᠢᠳᠣᠷᠠᠴᠢᠬᠠᠨᠠ᠃ ᠶᠠᠭᠣ ᠪᠠᠨ ᠬᠢᠬᠥ ᠪᠣᠢ᠂ ᠬᠥᠭ᠍ᠰᠢᠨ ᠢᠶᠡᠨ ᠬᠠᠳᠠᠨ ᠬᠡᠷ ᠲᠣᠨᠢ ᠵᠠᠯᠠᠵᠣ ᠶᠠᠪᠣᠭᠣᠯᠣᠭᠠᠳ ᠦᠪᠡᠷ ᠲᠡᠭᠡᠨ ᠪᠠᠰᠠ ᠠᠪᠰᠠᠨ ᠠᠮᠠᠰᠠᠷ ᠣᠷᠣᠭᠣ ᠪᠠᠨ ᠱᠠᠭᠠᠶ᠋ᠢᠬᠣ ᠨᠠᠰᠣ ᠪᠣᠯᠴᠢᠬᠠᠭᠰᠠᠨ ᠡᠪᠥᠬᠡᠨ ᠬᠦᠮᠥᠨ᠃ ᠰᠠᠩᠵᠠᠢ ᠶᠢᠨ ᠬᠠᠭᠣᠴᠢᠨ ᠬᠡᠷ ᠢ ᠴᠣᠠᠠᠣᠮ ᠬᠡᠨ ᠬᠣᠳᠠᠯᠳᠣᠭᠠᠳ ᠠᠪᠴᠢᠬᠠᠪᠠ︖ ᠦᠬᠢᠨ ᠨᠢ ᠬᠡᠷᠡᠯ ᠣᠳᠣ ᠵᠢᠷᠥᠬᠡ ᠲᠡᠶ ᠴᠣᠭ ᠮᠢᠨᠣ ᠬᠣᠨᠢᠳ ᠤᠨ ᠣᠴᠢᠷ ᠲᠤ ᠬᠦᠶᠥᠵᠦ ᠪᠠᠶ᠋ᠢᠨ᠎ᠠ᠃ ᠵᠢᠷᠥᠬᠡ ᠪᠣᠯ ᠡᠬᠡᠴᠢ ᠪᠠᠨ ᠪᠣᠳᠣᠪᠠᠴᠣ ᠡᠨᠠ ᠶᠠᠪᠣᠳᠠᠯ ᠳᠤ ᠬᠦᠶᠥᠬᠥ ᠨᠢ ᠲᠠᠭᠠᠷᠠᠨ᠎ᠠ᠂ ᠬᠡᠷᠡᠯ ᠴᠣᠠᠠᠣᠮ ᠶᠠᠭᠣᠨ ᠤ ᠲᠥᠯᠣᠬᠡ ᠬᠦᠶᠥᠵᠦ ᠪᠠᠶ᠋ᠢᠨ᠎ᠠ︖ ᠲᠠᠭᠣᠯᠠ ᠪᠢᠳᠠ ᠬᠣᠶᠠᠷ ᠤᠨ ᠬᠡᠨ ᠨᠢ ᠪᠣᠯᠪᠠᠴᠣ ᠲᠡᠬᠥᠨ ᠳᠤ ᠭᠠᠪᠢᠶ᠎ᠠ ᠦᠭᠡᠶ᠃ ᠲᠠᠷᠠ ᠠᠪᠣ ᠶᠢᠨ ᠢᠶᠡᠨ ᠨᠠᠳᠠ ᠳᠤ ᠦᠷᠢᠳᠥᠭᠰᠡᠨ ᠬᠠᠭᠣᠴᠢᠨ ᠦᠷᠢ ᠶᠢ ᠲᠥᠯᠣᠬᠥ ᠰᠠᠨᠠᠭᠠᠳᠠᠢ ᠢᠩᠬᠢᠵᠣ ᠪᠠᠶ᠋ᠢᠬᠣ ᠬᠡᠵᠦ ᠦᠦ︖ ᠲᠠᠭᠣᠯᠠ ᠲᠣᠪᠣᠨ ᠳᠠᠭᠠᠨ ᠮᠠᠨᠠᠷᠠᠵᠣ ᠣᠨᠠᠯ᠎ᠠ ᠬᠡᠳᠡᠭ ᠴᠢᠮᠡᠬᠡ ᠶᠢ ᠬᠡᠷᠡᠯ ᠨᠠᠳᠠ ᠳᠤ ᠬᠡᠯᠡᠵᠦ ᠦᠭᠴᠡᠢ᠃ ᠪᠢ ᠣᠳᠣ ᠪᠠᠷ ᠢᠶᠡᠨ ᠲᠣᠪᠣ ᠵᠦᠭ᠌ ᠢᠶᠡᠨ ᠪᠣᠴᠠᠯ ᠦᠭᠡᠶ ᠭᠣᠷᠢ ᠦᠭᠡᠶ᠃ ᠵᠢᠷᠥᠬᠡ ᠬᠡᠷᠡᠯ ᠬᠣᠶᠠᠷ ᠡᠨᠠ ᠦᠶ᠎ᠡ ᠳᠤ ᠮᠢᠨᠣ ᠬᠣᠨᠢᠳ ᠢ ᠣᠯᠣᠭᠠᠳ ᠢᠷᠡᠴᠢᠬᠡᠭ᠍ᠰᠡᠨ ᠪᠠᠶ᠋ᠢᠬ᠎ᠠ︕ ᠮᠠᠨ ᠤ ᠬᠣᠶᠠᠷ ᠪᠣᠯ ᠶᠠᠪᠣᠳᠠᠯ ᠪᠦᠲᠦᠬᠡᠬᠥ ᠳᠡᠭᠡᠨ ᠨᠠᠭᠣᠢ ᠶᠣᠮ᠃
ᠬᠣᠰᠣᠳᠣ ᠶᠢᠨ ᠬᠢᠨ ᠤ ᠦᠬᠡ ᠪᠠᠷ ᠬᠡᠯᠡᠪᠡᠯ ᠪᠢ ᠴᠢᠨᠢ ᠡᠨᠠ ᠪᠠᠶ᠎ᠠ ᠳᠡᠭᠡᠨ ᠬᠢᠭ᠍ᠰᠡᠨ ᠦᠭᠡᠶ ᠬᠡᠷᠡᠭ ᠦᠭᠡᠶ᠂ ᠦᠢᠯᠡᠳᠥᠭᠰᠡᠨ ᠦᠬᠡᠢ ᠶᠠᠪᠣᠳᠠᠯ ᠦᠭᠡᠶ᠃ ᠨᠢᠬᠡ ᠲᠠᠯ᠎ᠠ ᠡᠴᠡ ᠨᠢ ᠪᠣᠳᠣᠵᠣ ᠦᠵᠡᠪᠡᠯ ᠲᠠᠳᠠᠨ ᠤ ᠡᠨᠠ ᠦᠬᠡ ᠪᠠᠰᠠ ᠶᠠᠭ ᠣᠷᠣ ᠦᠭᠡᠶ ᠪᠢᠰᠢ᠃ ᠮᠠᠤ ᠵᠦᠰᠢ ᠶᠢ ᠠᠮᠢᠳᠣ ᠪᠠᠶ᠋ᠢᠬᠣ ᠦᠶ᠎ᠡ ᠳᠤ ᠪᠢ ᠵᠠᠭᠣᠴᠢ ᠬᠡᠯᠡᠮᠥᠷᠴᠢ ᠪᠣᠯᠵᠣ ᠠᠶ᠋ᠢᠯ ᠬᠡᠰᠦᠬᠡᠥᠨ ᠪᠠᠶ᠎ᠠ ᠪᠠᠨ ᠲᠠᠮᠠᠢ ᠴᠤ ᠵᠦᠳᠡᠬᠡᠭ᠍ᠰᠡᠨ ᠦᠬᠡᠢ ᠪᠠᠷ ᠠᠮᠢᠳᠣᠷᠠᠴᠢᠬᠠᠭᠰᠠᠨ ᠬᠦᠮᠥᠨ᠃ ᠣᠳᠣ ᠦᠬᠡᠷ ᠰᠠᠷᠢᠭᠠᠯᠠᠭᠠᠳ ᠬᠢᠯᠢᠰ ᠬᠦᠵᠢᠷ ᠵᠤᠭᠣᠰ ᠢ ᠴᠢᠨᠢ ᠣᠯᠳᠠᠭ ᠢᠶᠡᠨ ᠣᠯᠣᠭᠰᠠᠨ᠃ ᠣᠳᠣ ᠪᠣᠯ ᠴᠠᠭᠠᠨ ᠲᠠᠪᠠᠭᠠᠨ ᠡᠴᠡ ᠪᠠᠯᠠᠨ ᠬᠡᠷ ᠬᠦᠷᠢᠶ᠎ᠡ ᠬᠣᠳᠠᠯᠳᠣᠵᠣ ᠠᠪᠣᠭᠠᠳ ᠪᠠᠭᠣᠳᠠᠯ ᠡᠷᠬᠢᠯᠠᠵᠣ ᠪᠠᠶ᠋ᠢᠨ᠎ᠠ᠃ ᠨᠦᠬᠥᠬᠡ ᠲ᠋ᠠᠯ᠎ᠠ ᠡᠴᠡ ᠨᠢ ᠦᠵᠡᠪᠡᠯ ᠪᠢ ᠴᠢᠨᠢ ᠮᠠᠭᠣ ᠬᠥᠭ᠍ᠰᠢᠨ ᠢᠶᠡᠨ ᠠᠯᠳᠠᠵᠣ ᠶᠠᠪᠣᠭᠣᠯᠣᠭᠠᠳ ᠠᠷᠠᠢ ᠬᠠᠭᠠᠰ ᠵᠢᠯ ᠪᠣᠯᠣᠭᠰᠠᠨ ᠦᠭᠡᠶ ᠪᠠᠷ ᠲᠦᠴᠢᠬᠡᠥᠨ ᠨᠠᠰᠣᠨ ᠤ ᠵᠠᠯᠠᠭᠣᠬᠠᠨ ᠡᠮ᠎ᠠ ᠲᠡᠶ ᠬᠠᠨᠢᠯᠠᠭᠠᠳ ᠰᠠᠭᠣᠴᠢᠬᠠᠭᠰᠠᠨ ᠶᠣᠮ᠃ ᠭᠣᠣᠨᠢ ᠭᠠᠭᠴᠠᠭᠠᠷ ᠠᠮᠢᠳᠣᠷᠠᠯ ᠤᠨ ᠵᠣᠪᠡᠯᠡᠨᠭ᠌ ᠢ ᠮᠡᠳᠡᠬᠥ ᠦᠭᠡᠶ ᠬᠦᠮᠥᠨ ᠯᠠ ᠡᠬᠥᠨ ᠢ ᠬᠡᠷᠡᠭ ᠦᠢᠯᠡᠳᠥᠭᠰᠡᠨ ᠪᠣᠯᠭᠠᠵᠣ ᠶᠠᠷᠢᠳᠠᠭ ᠶᠣᠮ᠃ ᠨᠠᠮᠢ᠋ᠢ ᠣᠶ᠋ᠢᠯᠠᠭᠠᠬᠣ ᠬᠦᠮᠥᠨ ᠪᠣᠯᠭᠠᠨ ᠪᠦᠷ ᠮᠠᠳᠠᠨ᠎ᠠ᠃ ᠰᠠᠩᠵᠠᠢ ᠪᠢ ᠬᠦᠤ ᠦᠭᠡᠶ ᠬᠡᠵᠦ ᠭᠠᠴᠢᠭᠳᠠᠭᠠᠳ ᠬᠦᠷᠬᠡᠨ ᠤ ᠴᠢᠷᠠᠢ ᠬᠠᠷᠠᠬᠣ ᠬᠦᠮᠥᠨ ᠪᠢᠰᠢ᠃ ᠮᠠᠨ ᠤ ᠣᠳᠣᠮ ᠪᠠᠷᠣᠭ ᠪᠦᠬᠥᠨ ᠢᠶᠡᠷ ᠢᠶᠡᠨ ᠨᠠᠶᠠ ᠭᠠᠷᠳᠠᠯ᠎ᠠ ᠠᠮᠢᠳᠣᠷᠠᠳᠠᠭ᠂ ᠨᠠᠳᠠ ᠶᠢ ᠬᠦᠷᠬᠡᠨ ᠤ ᠴᠢᠷᠠᠢ ᠬᠠᠷᠠᠭᠣᠯᠵᠣ ᠪᠠᠰᠠ ᠬᠣᠷᠢᠭᠠᠳ ᠶ᠋ᠢᠯ ᠠᠮᠢᠳᠣᠷᠠᠭᠣᠯᠬᠣ ᠶᠢᠨ ᠣᠷᠣᠨ ᠳᠤ ᠮᠠᠭᠣᠬᠠᠢ ᠱᠣᠯᠣᠭᠰᠠᠨ ᠨᠣᠶ᠋ᠢᠳᠠᠨ ᠴᠠᠷᠠᠰᠣᠨ ᠰᠢᠳᠠᠮ ᠢᠶᠡᠷ ᠴᠣᠬᠢᠭᠠᠳ ᠠᠯᠠᠴᠢᠬᠠᠭᠰᠠᠨ ᠨᠢ ᠲᠡᠬᠡᠷ᠎ᠡ ᠡ ᠁
ᠰᠣᠭᠣᠨ ᠳᠠᠭᠠᠨ ᠵᠢᠭᠠᠬᠠᠨ ᠬᠠᠷ᠎ᠠ ᠪᠣᠭᠴᠣ ᠰᠣᠭᠣᠪᠴᠢᠯᠠᠭᠰᠠᠨ ᠬᠦᠮᠥᠨ ᠬᠦᠷᠢᠶᠡᠨ ᠳᠤ ᠣᠷᠣᠭᠠᠳ ᠢᠷᠠᠪᠠ᠃ ᠲᠣᠰᠴᠣ ᠭᠠᠷᠣᠭᠰᠠᠨ ᠦᠢᠯᠡᠴᠢᠯᠡᠭ᠍ᠴᠢ ᠳᠤ ᠰᠠᠩ᠊ ᠯᠣᠣᠪᠠᠨ ᠢ ᠡᠷᠢᠵᠣ ᠪᠠᠶ᠋ᠢᠨ᠎ᠠ ᠬᠡᠵᠦ ᠬᠡᠯᠡᠭ᠍ᠰᠡᠨ ᠦᠭᠡᠶ ᠪᠠᠷ ᠦᠵᠡᠪᠡᠯ ᠲᠠᠷᠠ ᠬᠦᠮᠥᠨ ᠪᠠᠭᠣᠳᠠᠯ ᠳᠤ ᠬᠣᠨᠣᠭᠯᠠᠬᠣ ᠶᠣᠮ ᠦᠦ᠂ ᠡᠰᠠᠬᠥᠯ᠎ᠡ ᠦᠳᠡ ᠶᠢᠨ ᠭᠣᠣᠯ ᠳᠤ ᠬᠠᠵᠠᠭᠣᠯᠠᠵᠣ ᠨᠢᠳᠣ ᠲᠠᠷᠣᠬᠣ ᠰᠠᠨᠠᠭᠠᠳᠠᠢ᠃ ᠮᠢᠨᠣ ᠡᠨᠠ ᠪᠠᠭᠣᠳᠠᠯ ᠳᠤ ᠡᠳᠣᠷ ᠤᠨ ᠬᠡᠬᠡᠨ ᠳᠤ ᠲᠦᠷ ᠠᠮᠠᠷᠠᠬᠣ ᠬᠦᠮᠥᠨ ᠡᠴᠡ ᠴᠠᠭ ᠢᠶᠡᠷ ᠪᠣᠳᠣᠵᠣ ᠵᠤᠭᠣᠰ ᠬᠣᠷᠢᠶᠠᠳᠠᠭ᠃ ᠶᠠᠩᠬᠠᠨ ᠮᠠᠩᠬᠠᠨ ᠲᠠᠭᠣᠳᠠᠬᠣ ᠬᠡᠪᠡᠯ ᠦᠬᠡᠷ᠎ᠡ ᠭᠠᠵᠠᠷ ᠢ ᠡᠷᠢ︕ ᠮᠢᠨᠣ ᠡ᠊ᠠᠳᠠ ᠲᠠᠶ᠋ᠢᠮᠣ ᠬᠠᠴᠢᠨ ᠰᠣᠨᠢᠨ ᠶᠠᠭᠣᠮ᠎ᠠ ᠲᠡᠵᠢᠬᠡᠵᠦ ᠪᠠᠶ᠋ᠢᠬᠣ ᠦᠭᠡᠶ᠃ ᠨᠢᠬᠡᠯᠬᠡᠨ ᠫᠠᠭᠳᠠᠭᠠᠷ ᠲᠠᠷᠭᠣᠨ ᠲᠣᠮᠳᠠ ᠨᠠᠰᠣᠨ ᠤ ᠪᠦᠰᠠᠬᠥᠢ ᠦᠢᠯᠡᠴᠢᠯᠡᠭ᠍ᠴᠢ ᠲᠡᠵᠢᠬᠡᠵᠦ ᠪᠠᠶ᠋ᠢᠬᠣ ᠨᠢ ᠮᠢᠨᠣ ᠬᠠᠶᠠ ᠳᠠᠭᠠᠨ ᠲᠤᠷ᠎ᠠ ᠬᠦᠷᠪᠡᠯ ᠲᠡᠪᠡᠷᠢᠬᠡᠥᠨ ᠬᠣᠨᠣᠵᠣ ᠪᠠᠶ᠋ᠢᠭ᠎ᠠ ᠡᠮ᠎ᠠ᠃
ᠺᠠᠳ᠋ᠷ ᠮᠠᠶᠢᠭ ᠤᠨ ᠡᠮᠥᠰᠬᠡᠯ ᠲᠡᠶ ᠰᠣᠭᠣᠨ ᠳᠠᠭᠠᠨ ᠠᠷᠠᠰᠣᠨ ᠪᠣᠭᠴᠣ ᠬᠠᠪᠴᠢᠭᠰᠠᠨ ᠡᠷᠡᠭ᠍ᠳᠡᠢ᠂ ᠮᠠᠨ ᠤ ᠪᠠᠭᠣᠳᠠᠯ ᠤᠨ ᠬᠡᠷ ᠲ᠋ᠤ ᠣᠷᠣᠵᠣ ᠢᠷᠡᠮᠡᠭ᠍ᠴᠡ ᠰᠡᠯᠠᠬᠥᠤ ᠦᠷᠣᠬᠡ ᠪᠠᠶ᠋ᠢᠬᠣ ᠡᠰᠠᠬᠥ ᠶᠢ ᠠᠰᠠᠭᠣᠭᠠᠳ ᠥᠩᠬᠡᠷᠡᠭ᠍ᠰᠡᠨ ᠰᠦᠨᠢ ᠶᠢᠨ ᠨᠢᠳᠣ ᠬᠠᠮᠬᠢᠭᠰᠠᠨ ᠦᠬᠡᠢ ᠵᠤᠪᠡᠯᠡᠨᠭ᠌ ᠢᠶᠡᠨ ᠲᠣᠭᠠᠴᠢᠭᠰᠠᠭᠠᠷ ᠵᠢᠭᠠᠵᠣ ᠦᠭ᠍ᠬᠥᠭ᠍ᠰᠡᠨ ᠭᠠᠭᠴᠠ ᠬᠦᠮᠥᠨ ᠤ ᠲᠠᠰᠣᠯᠭ᠎ᠠ ᠣᠷᠣᠭᠣ ᠰᠢᠷᠭᠣᠵᠣ ᠣᠷᠣᠨ ᠴᠢᠮᠡᠬᠡ ᠦᠬᠡᠢ ᠪᠣᠯᠵᠠᠢ᠃
ᠦᠳᠡ ᠶᠢᠨ ᠬᠣᠭᠣᠯᠠᠨ ᠲᠡᠬᠡᠷ᠎ᠡ ᠰᠠᠩᠵᠠᠢ ᠲᠥᠷᠪᠡᠨ ᠯᠡᠨᠭ᠌ ᠬᠠᠷ᠎ᠠ ᠠᠷᠢᠬᠢ ᠣᠣᠭᠣᠵᠣ ᠪᠢ ᠨᠢᠬᠡ ᠰᠢᠯ ᠫᠢᠸᠣ᠊ ᠬᠣᠭᠣᠰᠣᠯᠠᠪᠠ᠃ ᠪᠢ ᠡᠨᠠ ᠡᠪᠥᠬᠡᠨ ᠲᠡᠶ ᠬᠠᠨᠢᠯᠠᠵᠣ ᠰᠠᠭᠣᠭᠠᠳ ᠵᠢᠯ ᠪᠣᠯᠵᠣ ᠪᠠᠶ᠋ᠢᠪᠠᠴᠣ ᠣᠬᠠᠭᠠᠨ ᠵᠠᠡᠭ ᠢ ᠨᠢ ᠣᠯᠣᠭ᠎ᠠ ᠦᠭᠡᠶ ᠪᠠᠶ᠋ᠢᠭᠰᠠᠭᠠᠷ᠃ ᠣᠷᠣᠭ ᠤᠨ ᠪᠠᠳᠣᠯᠠᠪᠣᠷᠢ ᠠᠪᠬᠣ ᠰᠠᠨᠠᠭ᠎ᠠ ᠪᠠᠨ ᠪᠠᠰᠠ ᠨᠢᠬᠡ ᠣᠳᠠᠭ᠎ᠠ ᠭᠠᠷᠭᠠᠵᠣ ᠬᠡᠯᠡᠪᠡᠯ ᠲᠠᠷᠠ ᠮᠣᠳᠣᠨ ᠬᠠᠯᠢᠰᠤ ᠰᠢᠭ ᠰᠢᠷᠥᠬᠥᠨ ᠠᠯᠠᠭ᠎ᠠ ᠪᠠᠷ ᠢᠶᠡᠨ ᠬᠦᠬᠥ ᠲᠡᠯᠡᠨᠭ᠌ ᠢ ᠨᠣᠬᠣᠯᠠᠭᠰᠠᠭᠠᠷ ᠪᠣᠳᠠᠭᠠᠨ ᠰᠢᠷᠡᠬᠡᠨ ᠤ ᠲᠡᠷᠬᠡᠳᠡ ᠲᠡᠬᠡᠷ᠎ᠡ ᠡᠴᠡ ᠲᠠᠷᠣᠭᠠᠳ ᠣᠨᠠᠴᠢᠬᠠᠯ᠎ᠠ᠃ ᠬᠡᠣᠬᠡᠥᠨ ᠭᠠᠷᠭᠠᠬᠣ ᠨᠠᠰᠣ ᠶᠢ ᠬᠡᠯᠡᠪᠡᠯ ᠲᠥᠷᠣᠪᠡᠯ ᠲᠥᠷᠣᠴᠢᠬᠡᠬᠥ ᠨᠠᠰᠣ ᠴᠤ ᠪᠣᠯ ᠨᠠᠳᠠ ᠳᠤ ᠪᠠᠶ᠋ᠢᠨ᠎ᠠ᠃ ᠲᠡᠬᠡᠬᠥᠯᠡᠷ ᠴᠢᠨᠢ ᠡᠨᠠ ᠡᠪᠥᠬᠡᠨ ᠤ ᠰᠢᠨᠵᠢ ᠭᠣᠷᠢ ᠦᠭᠡᠶ ᠯᠠ ᠮᠠᠶᠢᠭᠳᠠᠢ᠃ ᠴᠣᠩᠬᠣᠨ ᠪᠦᠷᠬᠥᠬᠥᠯ ᠢ ᠢᠷᠠᠨ ᠪᠣᠳᠠᠭᠠᠨ ᠰᠢᠷᠡᠬᠡ ᠶᠢ ᠬᠣᠷᠢᠶᠠᠬᠣ ᠪᠠᠷ ᠦᠨᠳᠡᠢᠪᠡᠯ ᠬᠦᠷᠢᠶᠡᠨ ᠡᠬᠥᠳᠡᠨ ᠳᠤ ᠬᠣᠨᠢ ᠲᠡᠬᠡᠬᠡᠭ᠍ᠰᠡᠨ ᠲᠠᠪᠬᠤᠷ ᠵᠢᠶᠠᠰᠠ ᠲᠡᠶ ᠠᠴᠢᠶᠠᠨ ᠤ ᠮᠠᠰᠢᠨ ᠢᠷᠡᠬᠡᠥᠨ ᠵᠤᠭᠰᠣᠵᠣ ᠪᠠᠶ᠋ᠢᠬᠣ ᠬᠠᠷᠠᠭᠳᠠᠵᠠᠢ᠃
《 ᠪᠠᠭᠣᠳᠠᠯ ᠳᠤ ᠬᠣᠨᠣᠬᠣ ᠮᠠᠶᠢᠭᠳᠠᠢ ᠬᠦᠮᠥᠨ ᠡᠬᠥᠳᠡᠨ ᠳᠤ ᠢᠷᠠᠵᠠᠢ 》 ᠬᠡᠵᠦ ᠪᠢ ᠬᠡᠯᠡᠪᠡ᠃
《 ᠬᠣᠨᠣᠬᠣ ᠲᠣᠷᠠᠳᠠᠢ ᠪᠣᠯ ᠬᠣᠨᠣ᠂ ᠬᠣᠨᠣᠬᠣ ᠲᠤᠷ᠎ᠠ ᠦᠭᠡᠶ ᠬᠦᠮᠥᠨ ᠢ ᠬᠣᠨᠣᠴᠢᠬᠠ ᠬᠡᠵᠦ ᠭᠣᠶᠣᠬᠣ ᠪᠠᠷ ᠦᠭᠡᠶ 》 ᠬᠡᠵᠦ ᠰᠠᠩᠵᠠᠢ ᠬᠡᠯᠡᠨ᠎ᠡ᠃
《 ᠣᠷᠣᠢ ᠳᠠᠭᠠᠨ ᠲᠠᠬᠢᠭᠠᠳ ᠮᠡᠳᠡᠴᠢᠬᠡ᠂ ᠦᠨᠦ ᠠᠷᠢᠬᠢ ᠴᠢᠨᠢ ᠬᠡᠳᠥᠷᠠᠴᠢᠬᠡᠭ᠍ᠰᠡᠨ ᠮᠠᠭᠠᠳ ᠦᠭᠡᠶ 》 ᠬᠡᠵᠦ ᠪᠢ ᠠᠷᠭᠠᠳᠠᠵᠣ ᠬᠡᠯᠡᠪᠡ᠃
《 ᠴᠢ ᠬᠠᠷ᠎ᠠ ᠲᠡᠯᠡᠨᠭ᠌ ᠬᠠᠮᠰᠢᠬᠢᠷ ᠬᠦᠬᠥ ᠲᠡᠶ ᠪᠠᠷ ᠢᠶᠡᠨ ᠶᠠᠪᠣᠭᠠᠳ ᠪᠠᠶ᠋ᠢᠳᠠᠭ ᠪᠣᠯ ᠣᠷᠣᠭ ᠤᠨ ᠪᠠᠳᠣᠯᠠᠪᠣᠷᠢ ᠡᠨᠠ ᠲᠠᠷᠠ ᠢᠯᠡᠬᠥᠤ ᠲᠣᠳᠠᠭᠣ ᠵᠦᠢᠯ ᠢ ᠵᠠᠬᠥᠳᠥᠯᠠᠬᠥ ᠬᠡᠷᠡᠭ ᠦᠭᠡᠶ 》 ᠬᠡᠵᠦ ᠰᠠᠩᠵᠠᠢ ᠬᠡᠯᠡᠪᠡ᠃
ᠬᠣᠨᠢ ᠲᠡᠬᠡᠬᠡᠭ᠍ᠰᠡᠨ ᠲᠣᠮᠳᠠ ᠬᠡᠯᠪᠡᠷᠢ ᠶᠢᠨ ᠠᠴᠢᠶᠠᠨ ᠤ ᠮᠠᠰᠢᠨ ᠤ ᠮᠣᠬᠣᠯᠠᠭ ᠡᠴᠡ ᠬᠣᠶᠠᠷ ᠡᠷᠡᠭ᠍ᠳᠡᠢ ᠪᠠᠭᠣᠯ᠎ᠠ᠃ ᠪᠢ ᠲᠠᠳᠠᠨ ᠢ ᠣᠭᠳᠣᠵᠣ ᠭᠠᠷᠣᠭᠠᠳ ᠪᠠᠭᠣᠳᠠᠯ ᠳᠤ ᠬᠣᠨᠣᠭᠯᠠᠬᠣ ᠡᠰᠠᠬᠥ ᠶᠢ ᠨᠢ ᠯᠠᠪᠯᠠᠭᠰᠠᠭᠠᠷ ᠲᠣᠳᠣᠭᠰᠢ ᠣᠷᠢᠪᠠᠯ ᠲᠠᠳᠠ ᠨᠢᠬᠡ ᠬᠠᠨᠢᠳᠠᠨ ᠶ᠋ᠢᠠᠨ ᠬᠣᠭᠣᠯᠠᠨ ᠬᠡᠷ ᠡᠴᠡ ᠠᠯᠳᠠᠵᠣ ᠶᠠᠪᠣᠭᠣᠯᠣᠭᠠᠳ ᠬᠣᠶ᠋ᠢᠨ᠎ᠠ ᠡᠴᠡ ᠨᠢ ᠡᠷᠢᠵᠣ ᠪᠠᠶ᠋ᠢᠨ᠎ᠠ ᠬᠡᠨ᠎ᠡ᠃ ᠪᠢ ᠲᠥᠷᠣᠬᠥᠴᠢ ᠪᠠᠷ ᠲᠠᠰᠣᠯᠭ᠎ᠠ ᠠᠪᠳᠠᠭ ᠬᠠᠷ᠎ᠠ ᠪᠣᠭᠴᠣ ᠲᠡᠶ ᠺᠠᠳ᠋ᠷ ᠮᠠᠶᠢᠭ ᠤᠨ ᠡᠮᠥᠰᠬᠡᠯ ᠲᠡᠶ ᠬᠦᠮᠥᠨ ᠢ ᠪᠣᠳᠣᠵᠣ ᠣᠯᠣᠭᠠᠳ ᠡᠬᠥᠳᠡ ᠶᠢ ᠨᠢ ᠲᠠᠳᠠ ᠬᠣᠶᠠᠷ ᠲᠤ ᠶ᠋ᠢᠭᠠᠵᠣ ᠦᠭ᠍ᠪᠡ᠃
ᠬᠣᠰᠣᠳᠣ ᠶᠢᠨ ᠡᠪᠣᠯᠵᠢᠶᠠᠨ ᠤ ᠠᠶ᠋ᠢᠯ ᠡᠴᠡ ᠬᠣᠶᠠᠷ ᠭᠣᠵᠦᠡᠭ ᠤᠨ ᠬᠣᠭᠣᠷᠣᠠᠳᠣᠬᠢ ᠪᠡᠯᠴᠢᠬᠡᠷ ᠬᠦᠷᠬᠥ ᠳᠤ ᠭᠣᠣᠯ ᠤᠨ ᠬᠦᠪᠡᠬᠡ ᠲᠠᠭᠠᠭᠰᠠᠨ S ᠬᠡᠯᠪᠡᠷᠢ ᠶᠢᠨ ᠮᠦᠬᠡᠷᠡᠯᠵᠢᠬᠥᠤ ᠵᠠᠮ ᠢᠶᠡᠷ ᠶᠠᠪᠣᠵᠣ ᠪᠠᠶ᠋ᠢᠪᠠᠯ ᠪᠣᠯᠴᠢᠬᠠᠳᠠᠭ᠃ ᠮᠦᠬᠡᠷᠡᠯᠵᠢᠬᠥᠤ ᠵᠠᠮ ᠤᠨ ᠬᠣᠶᠠᠷ ᠨᠣᠭᠣᠯᠪᠣᠷᠢ ᠲᠡᠬᠡᠷ᠎ᠡ ᠲᠣᠰ ᠪᠦᠷᠢ ᠬᠠᠳᠠᠨ ᠬᠣᠰᠢᠭᠣ ᠲᠣᠬᠢᠶᠠᠯᠳᠣᠨ᠎ᠠ᠃ ᠪᠠᠶᠠᠷ ᠲᠥᠷᠣᠬᠥᠴᠢ ᠶᠢᠨ ᠲᠣᠬᠢᠶᠠᠯᠳᠣᠬᠣ ᠬᠠᠳᠠᠨ ᠬᠣᠰᠢᠭᠣᠨ ᠤ ᠲᠠᠠᠳᠠ ᠣᠷᠣᠰᠬᠠᠯ ᠤᠨ ᠬᠦᠪᠡᠬᠡᠨ ᠤ ᠦᠬᠡᠷ ᠴᠢᠯᠠᠭᠣᠨ ᠲᠡᠬᠡᠷ᠎ᠡ ᠡᠯᠢᠬᠡᠳᠡᠨ ᠬᠡᠪᠳᠡᠵᠦ ᠪᠠᠶ᠋ᠢᠮᠠᠨ ᠣᠰᠣ ᠣᠣᠭᠣᠭᠰᠠᠨ ᠡᠴᠡ ᠪᠠᠨ ᠪᠣᠳᠣᠪᠠᠯ ᠲᠠᠷᠠᠭᠠᠴᠢ ᠶᠢᠨ ᠬᠠᠳᠠᠨ ᠬᠣᠰᠢᠭᠣ ᠬᠦᠷᠬᠥ ᠪᠣᠯᠳᠠᠯ᠎ᠠ ᠠᠷᠪᠠᠭᠠᠳ ᠣᠳᠠᠭ᠎ᠠ ᠡᠪᠠᠰᠣᠨ ᠲᠣᠮᠳᠠ ᠰᠢᠪᠠᠷ ᠲᠣᠮᠳᠠ ᠬᠡᠪᠳᠡᠵᠦ ᠥᠩᠬᠡᠷᠡᠭ᠍ᠰᠡᠨ ᠪᠠᠶ᠋ᠢᠪᠠ᠃ ᠲᠠᠪᠣᠨ ᠴᠣᠯᠣ ᠵᠢᠷᠭᠣᠭᠠᠨ ᠡᠷᠬᠡᠳᠡᠨ ᠤ ᠬᠢᠨᠢ ᠠᠯᠢ ᠨᠢᠬᠡ ᠨᠢ ᠦᠷᠬᠡᠰᠥᠨ ᠳᠤ ᠰᠢᠪᠡᠭ᠍ᠳᠡᠵᠦ ᠪᠠᠶ᠋ᠢᠬᠣ ᠰᠢᠭ ᠰᠡᠷᠡᠭ᠍ᠳᠡᠯ ᠲᠡᠶ ᠪᠣᠯᠪᠠᠯ ᠠᠯᠬᠣᠵᠣ ᠪᠠᠶ᠋ᠢᠭ᠎ᠠ ᠵᠦᠭ᠌ ᠲᠡᠭᠡᠨ ᠲᠦᠰ ᠬᠡᠳᠡᠯ᠎ᠡ ᠱᠣᠩᠭ᠋ᠣᠵᠣ ᠣᠨᠠᠭᠠᠳ ᠬᠠᠭᠳᠠᠨ ᠤ ᠣᠭ ᠤᠨ ᠰᠢᠨ᠎ᠠ ᠨᠣᠭᠣᠭ᠎ᠠ ᠶᠢ ᠦᠨᠥᠷᠯᠡᠵᠦ ᠵᠢᠭᠠᠬᠠᠨ ᠬᠡᠪᠳᠡᠨ᠎ᠡ᠃ ᠲᠠᠪᠣᠨ ᠴᠣᠯᠣ ᠵᠢᠷᠭᠣᠭᠠᠨ ᠡᠷᠬᠡᠳᠡᠨ ᠤ ᠬᠢᠨᠢ ᠠᠯᠢ ᠨᠢᠬᠡ ᠨᠢ ᠭᠠᠯ ᠳᠤ ᠲᠦᠬᠡᠨᠡᠭ᠍ᠳᠡᠵᠦ ᠪᠠᠶ᠋ᠢᠬᠣ ᠰᠡᠷᠡᠭ᠍ᠳᠡᠯ ᠣᠷᠣᠪᠠᠯ ᠪᠣᠷᠣᠭᠣᠰᠣᠯᠠᠬᠣ ᠵᠠᠡᠭ ᠲᠡᠶ ᠦᠬᠡᠷ ᠰᠢᠭ᠌ ᠬᠡᠨᠡᠳᠳᠡ ᠵᠠᠮ ᠡᠴᠡ ᠰᠠᠯᠵᠣ ᠭᠣᠣᠯ ᠤᠨ ᠬᠦᠪᠡᠬᠡ ᠣᠷᠣᠭᠣ ᠪᠠᠭᠣᠭᠠᠳ ᠰᠢᠪᠠᠷ ᠲᠡᠬᠡᠷ᠎ᠡ ᠪᠣᠯ ᠰᠢᠪᠠᠷ ᠲᠡᠬᠡᠷ᠎ᠡ ᠬᠡᠪᠳᠡᠵᠦ ᠣᠰᠣ ᠵᠠᠯᠬᠢᠯᠠᠨᠠ᠃ ᠪᠣᠳᠣᠯ ᠳ᠋ᠣᠨᠢ ᠬᠠᠶᠠ ᠢᠯᠡᠷᠠᠬᠥ ᠮᠠᠩᠭ᠋ᠣᠰ ᠤᠨ ᠬᠣᠳᠠ ᠵᠦᠭ᠌ ᠵᠠᠮᠨᠠᠵᠣ ᠪᠠᠶ᠋ᠢᠭ᠎ᠠ ᠬᠡᠰᠡᠷ ᠪᠣᠭᠳᠠ ᠶᠢᠨ ᠬᠦᠳᠡᠯᠥᠯ ᠪᠠᠷᠢᠯ᠂ ᠠᠷᠢᠬᠢᠨ ᠤ ᠠᠭᠠᠭ ᠪᠠᠷᠠᠭᠳᠠᠬᠣ ᠲᠣᠳᠣᠮ ᠢᠶᠡᠨ ᠪᠠᠯᠠᠷᠬᠠᠶ᠋ᠢᠰᠢᠨ ᠦᠬᠥᠮᠡᠯ ᠣᠰᠣᠨ ᠤ ᠢᠷᠣᠭᠠᠷ ᠤᠨ ᠱᠠᠯᠪᠠᠭ ᠢᠶᠡᠷ ᠰᠣᠯᠢᠭᠳᠠᠵᠣ᠂ ᠪᠢᠯᠢᠭ᠌ ᠤᠨ ᠬᠡᠬᠡᠷ ᠢ ᠣᠷᠣᠯᠠᠵᠣ ᠪᠠᠶ᠋ᠢᠭᠰᠠᠨ ᠬᠣᠶᠠᠷ ᠬᠦᠯ ᠨᠢ ᠣᠰᠣ ᠣᠣᠠᠬᠣᠭᠰᠠᠨ ᠵᠢᠶᠣᠣᠫᠢ ᠱᠠᠬᠠᠢ ᠪᠠᠨ ᠬᠣᠯ ᠱᠣᠯ ᠲᠣᠣᠭᠠᠷᠭᠠᠬᠣ ᠲᠠᠳᠣᠢ ᠪᠣᠯᠪᠠ᠃
ᠵᠢᠷᠥᠬᠡ ᠬᠡᠷᠡᠯ ᠬᠣᠶᠠᠷ ᠲᠠᠪᠠᠭ᠎ᠠ ᠬᠦᠷᠴᠦ ᠠᠴᠢᠶᠠᠨ ᠤ ᠮᠠᠰᠢᠨ ᠤ ᠠᠷᠤ ᠬᠠᠰᠢᠯᠭ᠎ᠠ ᠶᠢᠨ ᠲᠣᠭᠣᠰᠣᠨ ᠡᠴᠡ ᠰᠠᠯᠣᠭᠠᠳ ᠣᠷᠢᠳ ᠢᠶᠡᠷ ᠠᠶᠠᠠᠴᠢᠨ ᠤ ᠮᠠᠰᠢᠨ ᠤ ᠵᠤᠭᠰᠣᠭᠠᠯ ᠲᠡᠬᠡᠷ᠎ᠡ ᠬᠦᠷᠴᠡᠢ᠃ ᠦᠳᠡ ᠶᠢᠨ ᠬᠣᠶ᠋ᠢᠨ᠎ᠠ ᠶᠢᠨ ᠭᠣᠷᠪᠠᠨ ᠴᠠᠭ ᠲᠤ ᠬᠣᠰᠢᠭᠣ ᠪᠠᠯᠭᠠᠰᠣ ᠣᠷᠣᠬᠣ ᠲᠡᠷᠬᠡ ᠪᠠᠶ᠋ᠢᠬᠣ ᠶᠢ ᠰᠣᠷᠠᠵᠣ ᠮᠡᠳᠡᠭ᠍ᠰᠡᠨ ᠤ ᠪᠠᠨ ᠲᠠᠷᠠᠭ᠎ᠠ ᠲᠡᠯᠬᠡᠬᠥᠷ ᠡᠴᠡ ᠠᠪᠣᠭᠰᠠᠨ ᠣᠭᠣᠳᠠ ᠲᠡᠶ ᠪᠣᠭᠣᠷᠰᠣᠭ ᠪᠠ ᠰᠠᠪᠠ ᠲᠡᠶ ᠵᠢᠮᠢᠰ ᠤᠨ ᠣᠮᠳᠠᠭᠠᠨ ᠢᠶᠡᠨ ᠲᠡᠬᠥᠵᠢᠯᠡᠵᠦ ᠵᠠᠬᠡᠯᠢ ᠵᠠᠬ᠎ᠠ ᠬᠡᠰᠥᠨ ᠬᠣᠨᠢ ᠲᠡᠬᠡᠬᠡᠭ᠍ᠰᠡᠨ ᠲᠡᠷᠬᠡ ᠯᠠᠪᠯᠠᠪᠠ᠃
《 ᠬᠣᠰᠢᠭᠣ ᠪᠠᠯᠭᠠᠰᠣ ᠣᠷᠣᠭᠣ ᠲᠡᠬᠡᠬᠡᠬᠡᠥᠨ ᠶᠠᠪᠣᠴᠢᠬᠠᠭᠰᠠᠨ ᠨᠢ ᠨᠢ᠋ᠮᠠᠨ ᠬᠣᠪᠢ ᠪᠣᠯᠵᠠᠢ᠃ ᠠᠶᠠᠠᠴᠢᠨ ᠤ ᠮᠠᠰᠢᠨ ᠬᠦᠳᠡᠯᠬᠥ ᠪᠣᠯᠳᠠᠯ᠎ᠠ ᠪᠠᠰᠠ ᠴᠠᠭ ᠢᠯᠡᠬᠥᠤ ᠬᠦᠯᠢᠶᠡᠯᠬᠡᠨᠡ᠃ ᠡᠨᠠ ᠬᠣᠭᠣᠷᠣᠠᠳᠣ ᠨᠢ ᠬᠣᠶᠠᠭᠣᠯᠠ ᠠᠴᠢᠶ᠎ᠠ ᠶᠢᠨ ᠪᠠᠭᠣᠳᠠᠯ ᠳᠤ ᠣᠴᠢᠭᠠᠳ ᠠᠮᠠᠷᠠᠵᠣ ᠪᠠᠶ᠋ᠢᠶ᠎ᠠ 》 ᠬᠡᠵᠦ ᠬᠡᠷᠡᠯ ᠬᠡᠯᠡᠪᠡ᠃
《 ᠴᠢ ᠬᠣᠰᠢᠭᠣ ᠪᠠᠯᠭᠠᠰᠣ ᠣᠷᠣᠯᠭᠠᠨ ᠦᠭᠡᠶ᠃ ᠲᠣᠷᠭᠠᠭᠣᠯᠢ ᠶᠢ ᠨᠢ ᠲᠣᠰᠢᠶᠠᠭᠠᠳ ᠲᠡᠷᠬᠡ ᠬᠦᠯᠥᠰᠥᠯᠠᠵᠦ ᠬᠣᠨᠢᠳ ᠢ ᠨᠢ ᠨᠠᠭᠠᠰᠢ ᠪᠠᠨ ᠲᠡᠬᠡᠬᠡᠵᠦ ᠠᠪᠴᠢᠷᠠᠬᠣ ᠶᠠᠪᠣᠳᠠᠯ ᠪᠢᠯᠠ ᠳ᠋ᠠ᠃ ᠪᠢ ᠭᠠᠭᠴᠠᠭᠠᠷ ᠢᠶᠡᠨ ᠣᠴᠢᠪᠠᠯ ᠪᠣᠯᠴᠢᠬᠠᠬᠣ ᠬᠡᠷᠡᠭ ᠡ 》 ᠬᠡᠵᠦ ᠶ᠋ᠢᠷᠥᠬᠡ ᠬᠡᠯᠡᠪᠡ᠃
《 ᠬᠣᠰᠢᠭᠣᠨ ᠡᠴᠡ ᠢᠷᠡᠭ᠍ᠰᠡᠨ ᠪᠡᠯᠴᠢᠬᠡᠷ ᠪᠠᠶ᠋ᠢᠴᠠᠭᠠᠭᠴᠢ ᠲᠡᠶ ᠣᠠᠳᠠᠪᠠᠯ ᠣᠠᠳᠠᠴᠢᠠᠠᠠᠨᠠ ᠬᠡᠬᠥᠯᠡᠷ ᠦᠨᠡᠨ ᠲᠡᠬᠡᠬᠥ ᠮᠠᠭᠠᠳ ᠦᠬᠡᠢ ᠬᠡᠥᠨ ᠪᠣᠳᠣᠴᠢᠬᠠᠪᠠ ᠦᠦ︖》
《 ᠦᠬᠡᠢ ᠁》
《 ᠲᠡᠬᠡᠬᠡᠥᠨ︖ ᠁》
《 ᠲᠡᠬᠡᠬᠡᠥᠨ ᠶᠠᠭᠣᠨ ᠳᠤ ᠬᠡᠳᠡᠭ ᠢ ᠨᠢ ᠬᠡᠯᠡᠬᠥ ᠦᠭᠡᠶ ᠳᠤ ᠢᠯᠨ ᠪᠢᠰᠢ ᠦᠦ︖》
《 ᠬᠡᠯᠡᠵᠦ ᠭᠠᠷᠭᠠᠬᠣ ᠦᠭᠡᠶ ᠪᠣᠯ ᠪᠢ ᠬᠡᠳᠡᠭ ᠬᠦᠮᠥᠨ ᠬᠦᠳᠡᠬᠢ᠂ ᠰᠣᠪᠢᠵᠣ ᠮᠡᠳᠡᠬᠥ ᠣᠬᠠᠭᠠᠨ ᠲᠣᠳᠠᠭᠣ᠃ 》
《 ᠨᠠᠮᠣᠭᠣᠬᠠᠨ ᠲᠣᠣᠭᠠᠷ ᠳ᠋ᠠ᠂ ᠵᠠᠬᠡᠯᠢ ᠶᠢᠨ ᠲᠣᠮᠳᠠ ᠬᠦᠮᠥᠨ ᠭᠠᠶ᠋ᠢᠬᠠᠮᠠᠷ᠃》
《 ᠴᠢ ᠨᠠᠮᠢ᠋ᠢ ᠭᠠᠶ᠋ᠢᠬᠠᠬᠣ ᠦᠭᠡᠶ ᠪᠠᠶ᠋ᠢᠬᠣ ᠳᠤ ᠦᠬᠡᠷ᠎ᠡ ᠬᠡᠨ ᠨᠢ ᠭᠠᠶ᠋ᠢᠬᠠᠬᠣ ᠪᠣᠢ︕》
《 ᠪᠢ ᠶᠠᠭᠣᠨ ᠳᠤ ᠵᠠᠪᠠᠯ ᠴᠢᠮᠢ᠋ᠢ ᠭᠠᠶ᠋ᠢᠬᠠᠬᠣ ᠶᠣᠮ ᠁》
《 ᠲ᠋ᠠᠶ᠋ᠢᠮᠣ ᠪᠣᠯ ᠪᠢ ᠴᠢᠮᠢ᠋ᠢ ᠭᠠᠶ᠋ᠢᠬᠠᠵᠣ ᠪᠣᠯᠣᠨ᠎ᠠ ᠪᠠ︕》
《 ᠶᠠᠭᠣᠨ ᠳᠤ︖᠁》
《 ᠴᠢᠮ᠎ᠠ ᠲᠡᠶ ᠨᠢᠬᠡ ᠡᠪᠣᠷ ᠲᠤ ᠬᠡᠪᠳᠡᠵᠦ ᠬᠡᠣᠬᠡᠥᠨ ᠬᠦᠷᠳᠡᠯ᠎ᠡ ᠭᠠᠷᠭᠠᠵᠣ ᠪᠣᠯᠣᠭᠠᠳ ᠨᠢᠬᠡ ᠣᠳᠠᠭ᠎ᠠ ᠴᠣᠭ ᠲᠠᠭᠠᠨ ᠬᠣᠰᠢᠭᠣ ᠪᠠᠯᠭᠠᠰᠣ ᠣᠷᠣᠭᠣ ᠶᠠᠪᠣᠵᠣ ᠪᠣᠯᠬᠣ ᠦᠭᠡᠶ ᠬᠡᠵᠦ ᠦᠦ︕》
《 ᠪᠣᠤ ᠰᠣᠯᠢᠶ᠎ᠠ ᠲᠣᠩᠭ᠋ᠣᠰ ᠬᠦᠶᠢ︕》
《 ᠠᠷᠠᠰᠣ ᠶᠢ ᠴᠢᠨᠢ ᠦᠪᠴᠢᠵᠦ ᠲᠥᠷᠥᠭᠰᠡᠨ ᠬᠦᠤ ᠨᠢᠳᠣᠨ ᠲᠣᠣᠷ᠎ᠠ ᠴᠢᠨᠢ ᠠᠷᠪᠠᠨ ᠬᠡᠲᠦ ᠨᠠᠰᠣᠯᠠᠳᠠᠯ᠎ᠠ ᠬᠦᠶᠥᠵᠦ ᠪᠠᠶ᠋ᠢᠬᠣ ᠳᠤ ᠰᠡᠵᠢᠭ᠌ ᠠᠵᠢᠭ ᠤᠨ ᠪᠣᠳᠣᠯ ᠴᠢᠮ᠎ᠠ ᠳᠤ ᠶᠠᠭ ᠣᠷᠣᠭᠰᠠᠨ ᠦᠭᠡᠶ ᠬᠡᠵᠦ ᠦᠦ︕》
ᠵᠢᠷᠥᠬᠡ ᠲᠣᠣᠭᠠᠷᠬᠣ ᠪᠠᠨ ᠪᠣᠯᠢᠭᠠᠳ ᠴᠠᠷᠳᠠᠮᠠᠯ ᠵᠠᠮ ᠡᠴᠡ ᠵᠠᠶ᠋ᠢᠯᠠᠨ ᠣᠯᠢᠶᠠᠰᠣᠨ ᠮᠣᠳᠣᠨ ᠤ ᠣᠭ ᠢ ᠲᠥᠰᠢᠨ ᠲᠦᠬᠥᠰᠢ ᠪᠠᠨ ᠲᠣᠯᠵᠣ ᠣᠴᠣᠶ᠋ᠢᠪᠠ᠃ ᠣᠣᠭᠣᠵᠣ ᠲᠣᠮᠳᠠᠯᠠᠭᠰᠠᠨ ᠵᠢᠮᠢᠰ ᠤᠨ ᠣᠮᠳᠠᠭᠠᠨ ᠤ ᠰᠠᠪᠠ ᠪᠠᠨ ᠵᠠᠮ ᠤᠨ ᠬᠠᠵᠠᠭᠣ ᠶᠢᠨ ᠣᠰᠣᠨ ᠰᠣᠪᠠᠭ ᠢ ᠬᠠᠷᠠᠶ᠋ᠢᠬᠣ ᠦᠶ᠎ᠡ ᠳᠡᠭᠡᠨ ᠠᠯᠳᠠᠵᠣ ᠣᠨᠠᠭᠠᠵᠠᠢ᠃ ᠬᠡᠷᠡᠯ ᠴᠠᠷᠳᠠᠮᠠᠯ ᠵᠠᠮ ᠢᠶᠡᠷ ᠵᠠᠬᠥᠡᠰᠢᠯᠡᠨ ᠡᠷᠬᠢᠵᠣ ᠬᠠᠷᠠᠯ ᠦᠭᠡᠶ ᠶᠠᠪᠣᠵᠣ ᠬᠣᠯᠠᠳᠠᠭᠠᠳ ᠪᠠᠷᠣᠭ ᠬᠠᠭᠠᠰ ᠴᠠᠭ ᠥᠩᠬᠡᠷᠡᠭ᠍ᠰᠡᠨ ᠤ ᠲᠠᠷᠠᠭ᠎ᠠ ᠵᠢᠷᠥᠬᠡ ᠬᠡᠷ ᠤᠨ ᠢᠶᠡᠨ ᠣᠳᠠᠰᠣ ᠶᠢ ᠲᠣᠰᠪᠠ᠃ ᠬᠣᠩᠭ᠋ᠣᠷ ᠲᠡᠬᠥᠨ ᠡᠴᠠ ᠬᠠᠮᠢᠭ᠎ᠠ ᠬᠦᠷᠥᠬᠡᠥᠨ ᠶᠠᠭᠣ ᠪᠣᠯᠵᠣ ᠪᠠᠶ᠋ᠢᠬᠣ ᠶᠢ ᠨᠢ ᠠᠰᠠᠭᠣᠵᠣ ᠯᠠᠪᠯᠠᠭᠠᠳ ᠡᠬᠡᠴᠢ ᠶᠢᠨ ᠬᠢᠨᠢ ᠮᠠᠨᠠᠷᠠᠭᠠᠳ ᠰᠡᠷᠬᠥᠭ᠍ᠰᠡᠨ ᠤ ᠬᠣᠶ᠋ᠢᠨᠠᠬᠢ ᠪᠠᠶ᠋ᠢᠳᠠᠯ ᠢ ᠲᠠᠬᠢᠵᠣ ᠨᠢᠬᠡ ᠣᠳᠠᠭ᠎ᠠ ᠬᠡᠯᠡᠵᠦ ᠰᠣᠨᠣᠰᠬᠠᠵᠠᠢ᠃ ᠲᠠᠷᠠ ᠬᠠᠷᠮᠠᠨ ᠣᠳᠠᠰᠣ ᠪᠠᠨ ᠲᠠᠷᠣᠬᠣ ᠦᠶ᠎ᠡ ᠳᠡᠭᠡᠨ ᠴᠠᠭ ᠯᠠᠪᠯᠠᠭᠠᠳ ᠠᠶᠠᠠᠴᠢᠨ ᠤ ᠮᠠᠰᠢᠨ ᠵᠤᠭᠰᠣᠭᠠᠯ ᠵᠦᠭ᠌ ᠶᠠᠪᠣᠬᠣ ᠪᠠᠷ ᠦᠨᠳᠡᠢᠪᠡ᠃ ᠡᠷᠳᠠᠨᠢᠵᠠᠪ ᠤᠨ ᠦᠬᠡᠯᠡᠢ ᠬᠦᠤ ᠶᠢᠨ ᠲᠦᠷᠢ ᠪᠠᠶ᠋ᠢᠳᠠᠯ ᠢ ᠦᠪᠡᠷ ᠤᠨ ᠪᠠᠶ᠎ᠠ ᠲᠡᠶ ᠪᠠᠨ ᠠᠳᠠᠯᠢᠳᠬᠠᠵᠣ ᠬᠠᠷᠢᠴᠠᠭᠣᠯᠣᠭᠰᠠᠭᠠᠷ ᠲᠠᠠᠳᠣᠷ ᠮᠥᠨᠳᠥᠷ ᠬᠢᠰᠬᠢᠯᠠᠵᠣ ᠠᠶᠠᠠᠴᠢᠨ ᠤ ᠮᠠᠰᠢᠨ ᠵᠤᠭᠰᠣᠭᠠᠯ ᠬᠦᠷᠪᠡᠯ ᠬᠡᠷᠡᠯ ᠠᠶᠠᠠᠴᠢᠳ ᠤᠨ ᠴᠣᠪᠣᠯᠳᠣᠨ ᠰᠢᠬᠠᠯᠴᠠᠵᠣ ᠣᠷᠣᠬᠣ ᠲᠡᠷᠬᠡᠨ ᠡᠬᠥᠳᠡᠨ ᠳᠤ ᠲᠡᠬᠥᠨ ᠢ ᠬᠦᠯᠢᠶᠡᠵᠦ ᠪᠠᠶ᠋ᠢᠨ᠎ᠠ᠃
《 ᠨᠠᠳᠠ ᠳᠤ ᠴᠤ ᠪᠣᠯ ᠣᠳᠣ ᠬᠣᠰᠢᠭᠣ ᠪᠠᠯᠭᠠᠰᠣ ᠣᠷᠣᠬᠤ ᠴᠢᠮ᠎ᠠ ᠲᠡᠶ ᠴᠣᠭ ᠶᠠᠪᠣᠬᠣ ᠰᠢᠯᠳᠠᠭ ᠦᠭᠡᠶ ᠪᠣᠯᠵᠠᠢ᠃ ᠡᠬᠡᠴᠢ ᠶ᠋ᠢᠨ ᠴᠢᠨᠢ ᠬᠣᠨᠢᠳ ᠢ ᠲᠡᠬᠡᠬᠡᠭ᠍ᠰᠡᠨ ᠲᠡᠷᠬᠡ ᠮᠠᠨ ᠤ ᠠᠴᠢᠶ᠎ᠠ ᠶᠢᠨ ᠪᠣᠭᠣᠳᠠᠯ ᠤᠨ ᠡᠬᠥᠳᠡᠨ ᠳᠤ ᠵᠤᠭᠰᠣᠵᠣ ᠪᠠᠶ᠋ᠢᠨ᠎ᠠ》 ᠬᠡᠵᠦ ᠬᠡᠷᠡᠯ ᠬᠡᠯᠡᠬᠡᠥᠨ ᠵᠤᠣᠮᠠᠰᠬᠢᠨ ᠢᠨᠢᠶᠠᠵᠠᠢ᠃
ᠡᠠᠢ᠂ ᠪᠢ ᠴᠢᠨᠢ ᠪᠠᠭᠣᠳᠠᠯ ᠤᠨ ᠭᠣᠳᠣᠮ ᠲᠦᠩᠬᠢᠨᠡᠬᠥᠯᠬᠥ ᠲᠠᠳᠠ ᠭᠣᠷᠪᠠ ᠶᠢᠨ ᠶᠠᠷᠢᠶ᠎ᠠ ᠶᠢ ᠴᠢᠩᠨᠠᠵᠣ ᠵᠤᠭᠰᠣᠬᠣ ᠳᠠᠭᠠᠨ ᠪᠠᠰᠠ ᠬᠡᠨ ᠨᠢ ᠡᠨᠠ ᠲᠡᠬᠡᠷᠡᠮ ᠤᠳ ᠲᠤ ᠬᠣᠨᠢᠳ ᠡᠴᠡ ᠪᠠᠨ ᠪᠣᠯᠢᠶᠠᠭᠳᠠᠴᠢᠬᠠᠪᠠ ᠬᠡᠵᠦ ᠪᠣᠳᠣᠭᠰᠠᠨ ᠴᠢᠨᠢ ᠬᠠᠷᠢᠨ ᠮᠠᠨ ᠤ ᠬᠣᠰᠣᠳᠣ ᠶ᠋ᠢᠨ ᠪᠠᠶᠠᠷ ᠭᠠᠶ᠋ᠢᠬᠠᠯ ᠮᠣᠷᠢᠨ ᠰᠢᠷ᠎ᠠ ᠰᠢᠳᠣ ᠪᠠᠨ ᠠᠷᠰᠠᠶ᠋ᠢᠯᠭᠠᠭᠠᠳ ᠣᠨᠣᠭᠳᠠᠴᠢᠬᠠᠭᠰᠠᠨ ᠪᠠᠶ᠋ᠢᠬᠣ ᠰᠢᠳᠠ᠃ ᠦᠬᠡᠳᠡ ᠦᠭᠡᠶ ᠬᠦᠮᠥᠨ ᠬᠡᠳᠡᠭ ᠴᠢᠨᠢ ᠶᠠᠭᠣ ᠬᠢᠪᠠᠴᠣ ᠪᠦᠳᠥᠯ ᠢᠶᠡᠷ ᠪᠠᠷᠣᠭᠳᠠᠢ ᠪᠠᠶ᠋ᠢᠭᠠᠳ ᠪᠠᠶ᠋ᠢᠳᠠᠭ ᠶᠣᠮ᠃ ᠡᠷᠬᠢᠨ ᠲᠣᠭᠣᠷᠢᠨ ᠤ ᠵᠠᠭᠣᠨ ᠭᠠᠵᠠᠷ ᠤᠨ ᠲᠣᠳᠣᠷ᠎ᠠ ᠬᠣᠳᠠᠨ ᠳᠠᠭᠠᠨ ᠬᠣᠨᠢ ᠢᠮᠠᠭ᠎ᠠ ᠲᠡᠶ ᠠᠶ᠋ᠢᠯ ᠡᠷᠣᠬᠡ ᠶᠢᠨ ᠠᠯᠢ ᠨᠢ ᠨᠢᠭᠣᠵᠣ ᠬᠠᠪᠴᠢᠵᠣ ᠪᠡᠯᠴᠢᠬᠡᠬᠥ ᠦᠭᠡᠶ ᠪᠠᠷ ᠡᠳᠣᠷ ᠰᠦᠨᠢ ᠦᠬᠡᠢ ᠬᠣᠷᠢᠵᠣ ᠪᠠᠶ᠋ᠢᠬᠣ ᠪᠣᠢ︖ ᠪᠠᠶᠠᠷ ᠯᠠ ᠪᠣᠯ ᠪᠣᠷᠪᠢᠨ ᠳᠠᠭᠠᠨ ᠪᠠᠭᠠᠰᠣ ᠲᠡᠶ ᠬᠡᠷᠡᠭ ᠬᠢᠴᠢᠬᠡᠬᠡᠥᠨ ᠬᠦᠮᠥᠨ ᠤ᠂ ᠦᠪᠡᠷ ᠤᠨ ᠪᠠᠶ᠎ᠠ ᠳᠤ ᠶᠠᠷᠰᠢᠭ ᠲᠠᠳᠠᠬᠣ ᠶᠣᠮ᠃
ᠨᠠᠮᠢ᠋ᠢ ᠪᠠᠶ᠎ᠠ ᠪᠠᠨ ᠴᠠᠭᠠᠨ ᠲᠠᠪᠠᠭ᠎ᠠ ᠡᠴᠡ ᠲᠣᠬᠣᠢ ᠲᠡᠬᠡᠬᠥᠷ ᠬᠡᠵᠦ ᠦᠨᠡᠯᠠᠬᠥ ᠳᠤ ᠬᠣᠰᠣᠳᠣ ᠶᠢᠨ ᠣᠯᠣᠰ ᠢᠨᠢᠶᠠᠳᠣᠮ ᠪᠣᠯᠭᠠᠨ ᠱᠣᠣᠯᠠᠵᠣ ᠪᠠᠶ᠋ᠢᠭᠰᠠᠨ ᠡᠴᠡ ᠪᠢᠰᠢ ᠴᠠᠭᠠᠨᠠᠬᠢ ᠨᠢᠭᠣᠴᠠ ᠶᠢ ᠨᠢ ᠲᠠᠳᠠᠨ ᠤ ᠲᠣᠮᠳᠠᠬᠢ ᠬᠡᠨ ᠨᠢ ᠴᠤ ᠰᠣᠪᠢᠵᠣ ᠣᠯᠣᠭᠰᠠᠨ ᠦᠭᠡᠶ᠃ ᠮᠢᠨᠣ ᠲᠡᠬᠡᠵᠦ ᠬᠡᠯᠡᠳᠡᠭ ᠴᠢᠨᠢ ᠶᠠᠭ ᠣᠳᠣ ᠶᠢᠨ ᠡᠶ᠋ᠢᠮᠣ ᠪᠠᠶ᠋ᠢᠳᠠᠯ ᠡᠬᠥᠰᠬᠥ ᠶᠢ ᠠᠷᠪᠠ ᠬᠣᠷᠢᠨ ᠵᠢᠯ ᠤᠨ ᠣᠷᠢᠳᠠᠢ ᠡᠴᠡ ᠰᠠᠷᠠᠵᠣ ᠣᠯᠣᠭᠠᠳ ᠬᠡᠯᠡᠭ᠍ᠰᠡᠨ ᠦᠬᠡ ᠶᠣᠮ ᠰᠢᠤ᠃ ᠲᠠᠯ᠎ᠠ ᠶᠢᠨ ᠪᠡᠯᠴᠢᠬᠡᠷ ᠲᠤ ᠠᠭᠠᠯᠵᠢ ᠶᠢᠨ ᠦᠬᠡᠰᠢ ᠰᠢᠭ᠌ ᠰᠠᠷᠠᠯᠵᠢ ᠲᠣᠣᠷ ᠲᠠᠳᠠᠭᠠᠳ ᠡᠬᠢᠯᠡᠮᠡᠭ᠍ᠴᠡ ᠪᠢ ᠬᠡᠳᠡᠭ ᠬᠦᠮᠥᠨ ᠦᠬᠡᠷ ᠤᠳ ᠢᠶᠡᠨ ᠯᠠ ᠦᠯᠠᠳᠡᠬᠡᠬᠡᠥᠨ ᠠᠳᠣᠭᠣ ᠪᠣᠭ ᠮᠠᠯ ᠬᠣᠶᠠᠷ ᠢᠶᠡᠨ ᠪᠦᠬᠥᠳᠡ ᠶᠢ ᠰᠢᠢᠳᠪᠥᠷᠢᠯᠡᠴᠢᠬᠡᠭ᠍ᠰᠡᠨ᠃ ᠰᠠᠩᠵᠠᠢ ᠨᠠᠮᠢ᠋ᠢ ᠣᠭᠣᠳᠠ ᠶᠢᠨ ᠠᠮᠠᠰᠠᠷ ᠣᠶᠠᠬᠣ ᠦᠶ᠎ᠡ ᠳᠤ ᠰᠠᠶᠢ ᠲᠣᠳᠠᠭᠠᠵᠣ ᠲᠡᠢᠯᠬᠥ ᠦᠭᠡᠶ ᠪᠠᠨ ᠮᠡᠳᠡᠬᠡᠥᠨ ᠲᠠᠯᠴᠢᠯᠠᠵᠣ ᠲ᠋ᠡᠮᠡᠢᠷᠡᠬᠥ ᠢᠳᠠᠭᠣ ᠶᠢᠨ ᠲᠣᠭᠠᠨ ᠡᠴᠡ ᠭᠠᠷᠭ᠎ᠠ᠃
ᠲᠥᠷᠤ ᠶᠢᠨ ᠪᠣᠳᠣᠯᠭ᠎ᠠ ᠬᠡᠵᠦ ᠶᠠᠭᠣ ᠲᠠᠷᠠ᠂ ᠲᠦᠬᠥᠬᠡᠷᠡᠬᠥ ᠦᠭᠡᠶ ᠬᠦᠮᠥᠨ ᠳᠡᠭᠡᠨ ᠪᠣᠯ ᠲᠠᠷᠠ ᠴᠢᠭ᠌ ᠢᠶᠡᠷ ᠢᠶᠡᠨ ᠴᠢᠳᠣᠷ ᠲᠣᠱᠠ ᠬᠡᠵᠦ ᠮᠠᠳᠠ᠃ ᠬᠣᠳᠠ ᠪᠠᠯᠭᠠᠰᠣ ᠶᠢ ᠶᠡᠬᠡ ᠪᠠᠷ ᠬᠥᠭ᠍ᠵᠢᠬᠥᠯᠵᠦ ᠪᠦᠲᠦᠬᠡᠨ ᠪᠠᠶ᠋ᠢᠭᠣᠯᠬᠣ ᠬᠡᠳᠡᠭ ᠴᠢᠨᠢ ᠬᠢᠳᠠᠳ ᠮᠠᠶᠢᠭ ᠢᠶᠡᠷ ᠣᠯᠣᠰ ᠵᠠᠰᠠᠬᠤ ᠪᠣᠳᠣᠯᠭ᠎ᠠ ᠰᠢᠤ᠃ ᠡᠶ᠋ᠢᠮᠣ ᠪᠠᠶ᠋ᠢᠳᠠᠯ ᠲᠣᠣᠷ᠎ᠠ ᠴᠢ ᠮᠣᠩᠭ᠋ᠣᠯ ᠮᠠᠶᠢᠭ ᠢᠶᠡᠷ ᠢᠶᠡᠨ ᠠᠮᠢᠳᠣᠷᠠᠵᠣ ᠮᠠᠯᠵᠢᠬᠤ ᠬᠡᠥᠨ ᠪᠣᠯᠳᠠᠭ ᠤᠤ︖ ᠪᠦᠲᠦᠬᠥᠨ ᠭᠣᠶ᠎ᠠ ᠶᠢ ᠮᠣᠰᠬᠢᠵᠣ ᠲᠡᠢᠯᠳᠡᠭ ᠴᠠᠷᠪᠠᠭᠣ ᠪᠠᠢᠢᠬᠤ ᠶᠢ ᠪᠢ ᠯᠠ ᠢᠳᠡᠬᠡᠬᠥ ᠦᠭᠡᠶ᠃
ᠶᠠᠷᠢᠶᠠᠨ ᠦᠭᠡᠶ ᠬᠣᠰᠣᠳᠣ ᠶᠢᠨ ᠠᠶ᠋ᠢᠯ ᠢ ᠪᠦᠬᠥᠳᠡᠬᠡᠷ ᠢᠶᠡᠨ ᠴᠠᠭᠠᠨ ᠲᠠᠪᠠᠭᠠᠨ ᠳᠤ ᠢᠷᠠᠵᠣ ᠨᠠᠳᠠ ᠲᠡᠶ ᠠᠳᠠᠯᠢ ᠪᠠᠭᠣᠳᠠᠯ ᠡᠷᠬᠢᠯᠠ ᠬᠡᠵᠦ ᠱᠠᠭᠠᠷᠳᠠᠵᠣ ᠪᠣᠯᠬᠣ ᠦᠭᠡᠶ᠃ ᠦᠨᠡᠨ ᠲᠡᠬᠡᠬᠥ ᠳᠤ ᠬᠦᠷᠪᠡᠯ ᠮᠢᠨᠣ ᠡᠬᠥᠳᠡᠨ ᠬᠠᠳᠠᠪᠴᠢ ᠡᠯᠡᠭ᠍ᠳᠡᠵᠦ ᠨᠢᠮᠬᠡᠷᠡᠬᠡᠥᠨ ᠪᠢ ᠴᠣ ᠪᠠᠰᠠ ᠴᠢᠬᠢ ᠲᠣᠬᠣ ᠠᠮᠣᠷ ᠰᠠᠭᠣᠬᠣ ᠡᠴᠡ ᠪᠠᠨ ᠬᠣᠯᠠᠳᠠᠨ᠎ᠠ᠃ ᠨᠠᠳᠠ ᠪᠠᠷ ᠲᠥᠷᠤ ᠶᠢᠨ ᠪᠣᠳᠣᠯᠭ᠎ᠠ ᠶᠢᠨ ᠡᠷᠬᠡ ᠮᠡᠳᠡᠬᠥᠯᠬᠥ ᠳᠤ ᠬᠦᠷᠪᠡᠯ ᠪᠢ ᠲᠠᠳᠠᠨ ᠤ ᠬᠦᠯ ᠰᠢᠯᠪᠢ ᠶᠢᠨ ᠬᠢᠨᠢ ᠨᠠᠷᠢᠨ ᠪᠦᠲᠦᠬᠥᠨ ᠢ ᠨᠢᠬᠡ ᠨᠢᠬᠡ ᠪᠠᠷ ᠰᠠᠶ᠋ᠢᠬᠠᠨ ᠬᠡᠮᠵᠢᠵᠦ᠂ ᠲᠠᠮᠣᠷ ᠠᠯᠠᠭ᠎ᠠ ᠲᠡᠶ ᠲᠣᠱᠠ ᠲᠠᠪᠳᠠᠵᠣ ᠦᠭ᠍ᠬᠥᠬᠡᠥᠨ ᠬᠣᠳᠠ ᠲᠡᠶ ᠬᠣᠨᠢ ᠮᠠᠯ ᠢᠶᠡᠷ ᠨᠢ ᠡᠵᠠᠨ ᠡᠵᠠᠨ ᠢ ᠨᠢ ᠬᠠᠷᠢᠭᠣᠯᠣᠭᠣᠯᠣᠨᠠ᠃
ᠡᠨᠠ ᠡᠳᠣᠷ ᠤᠨ ᠪᠠᠭᠣᠳᠠᠯ ᠳᠤ ᠢᠷᠡᠭ᠍ᠰᠡᠨ ᠵᠤᠴᠢᠳ ᠤᠨ ᠲᠣᠮᠳᠠ ᠡᠴᠡ ᠪᠢ ᠬᠡᠷᠡᠯ ᠢ ᠲᠠᠨᠢᠨ᠎ᠠ᠃ ᠲᠠᠯᠳᠠ ᠲᠠᠮ ᠢᠶᠡᠷ ᠰᠣᠨᠣᠰᠬᠣ ᠳᠤ ᠲᠠᠷᠠ ᠪᠣᠯ ᠰᠠᠩᠵᠠᠢ ᠡᠪᠥᠬᠡᠨ ᠤ ᠠᠪᠠᠯᠢ ᠡᠬᠡᠨᠡᠷ ᠡᠴᠡ ᠨᠢ ᠲᠥᠷᠥᠭᠰᠡᠨ ᠦᠬᠢᠨ ᠬᠡᠨ᠎ᠡ᠃ ᠦᠨᠡᠨ ᠬᠣᠳᠠᠯ ᠢ ᠨᠢ ᠮᠡᠳᠡᠬᠥ ᠦᠭᠡᠶ᠃ ᠴᠠᠭᠠᠨ ᠰᠠᠷ᠎ᠠ ᠶᠢᠨ ᠰᠢᠨᠠᠳ ᠢᠶᠡᠷ ᠢᠷᠡᠬᠡᠥᠨ ᠡᠪᠥᠬᠡᠨ ᠳᠤ ᠮᠥᠷᠬᠥᠨ ᠵᠤᠯᠭᠠᠳᠠᠭ ᠪᠠᠶ᠋ᠢᠭᠰᠠᠨ ᠢᠶᠡᠷ ᠨᠢ ᠦᠵᠡᠪᠡᠯ ᠲᠥᠷᠥᠭᠰᠡᠨ ᠦᠬᠢᠨ ᠨᠢ ᠮᠦᠨ ᠮᠠᠭᠠᠳ᠃ ᠬᠡᠷᠡᠯ ᠢ ᠵᠢᠰᠣ ᠴᠢᠷᠠᠢ ᠪᠠᠷ ᠨᠢ ᠪᠠᠷᠣᠭᠯᠠᠪᠠᠯ ᠨᠠᠳᠠ ᠲᠡᠶ ᠨᠠᠰᠣ ᠬᠣᠷᠠᠭ᠃ ᠬᠡᠷᠪᠡ ᠪᠢ ᠴᠢᠷᠮᠠᠶ᠋ᠢᠵᠣ ᠪᠠᠶ᠋ᠢᠭᠠᠳ ᠰᠠᠩᠵᠠᠢ ᠶᠢᠨ ᠪᠠᠶ᠎ᠠ ᠲᠡᠬᠡᠷ᠎ᠡ ᠡᠴᠡ ᠬᠡᠣᠬᠡᠥᠨ ᠣᠯᠵᠣ᠂ ᠣᠷᠣᠭ ᠤᠨ ᠪᠠᠳᠣᠯᠠᠪᠣᠷᠢ ᠡᠨᠠ ᠲᠠᠷᠠ ᠪᠠᠨ ᠠᠪᠣᠭᠠᠳ ᠲᠡᠢᠯᠬᠥ ᠳᠤ ᠬᠦᠷᠪᠡᠯ ᠬᠡᠷᠡᠯ ᠨᠠᠮᠢ᠋ᠢ ᠡᠵᠢ ᠲᠠᠭᠣᠳᠠᠬᠣ ᠢᠨᠢᠶᠠᠳᠣᠮ ᠲᠡᠶ ᠣᠴᠢᠷ ᠪᠣᠯᠣᠨ᠎ᠠ᠃
ᠣᠪᠣᠨ ᠴᠣᠪᠣᠨ ᠢᠷᠡᠭ᠍ᠰᠡᠨ ᠲᠠᠪᠣᠨ ᠵᠤᠴᠢᠨ (ᠭᠡᠷᠡᠯ ᠴᠤ ᠪᠠᠭᠳᠠᠨ᠎ᠠ) ᠮᠠᠨ ᠤ ᠪᠠᠭᠣᠳᠠᠯ ᠤᠨ ᠬᠠᠮᠣᠭ ᠤᠨ ᠲᠣᠮᠣ ᠦᠷᠣᠬᠡ ᠶᠢ ᠡᠵᠠᠯᠠᠨ ᠶᠠᠷᠢᠯᠴᠠᠵᠣ ᠰᠠᠭᠣᠭᠠᠳ ᠴᠠᠭ ᠢᠯᠡᠬᠥᠤ ᠪᠣᠯᠵᠣ ᠪᠠᠶ᠋ᠢᠨ᠎ᠠ᠃ ᠴᠠᠢ ᠶᠢᠨ ᠣᠰᠣ ᠬᠦᠷᠬᠡᠬᠥ ᠪᠠᠷ ᠲᠥᠷᠣᠬᠥᠤ ᠣᠳᠠᠭ᠎ᠠ ᠣᠷᠣᠬᠣ ᠳᠤ ᠬᠦᠢᠳᠡᠨ ᠬᠦᠬᠡ ᠴᠢᠷᠠᠢ ᠲᠡᠶ ᠪᠠᠶ᠋ᠢᠯᠴᠠᠵᠣ ᠪᠠᠶ᠋ᠢᠭᠰᠠᠨ ᠢᠶᠡᠨ ᠣᠷᠣᠢ ᠶᠢᠨ ᠬᠣᠭᠣᠯᠠ ᠪᠡᠯᠡᠲᠦᠬᠥᠯᠬᠥ ᠡᠰᠠᠬᠥ ᠶᠢ ᠨᠢ ᠯᠠᠪᠯᠠᠬᠣ ᠪᠠᠷ ᠲᠠᠬᠢᠭᠠᠳ ᠣᠷᠣᠬᠣ ᠳᠤ ᠴᠠᠭᠠᠰᠣ ᠪᠢᠷ ᠭᠠᠷᠭᠠᠭᠠᠳ ᠪᠢᠴᠢᠵᠣ ᠵᠢᠷᠣᠬᠣ ᠪᠣᠯᠵᠣ ᠪᠠᠶ᠋ᠢᠪᠠ᠃
ᠮᠠᠯ ᠤᠨ ᠵᠠᠬ᠎ᠠ ᠲᠡᠬᠡᠷ᠎ᠡ ᠦᠬᠡᠷ ᠠᠷᠠᠯᠵᠢᠶᠠᠯᠠᠬᠣ ᠪᠠᠷ ᠬᠦᠶᠥᠵᠦ ᠪᠠᠶ᠋ᠢᠬᠣ ᠦᠶ᠎ᠡ ᠳᠤ ᠪᠢ ᠵᠠᠪ ᠴᠢᠯᠦᠬᠡ ᠪᠠᠷ ᠢᠶᠡᠨ ᠪᠠᠶᠠᠷ ᠲᠠᠭᠣᠯᠠ ᠬᠣᠶᠠᠷ ᠤᠨ ᠬᠣᠭᠣᠷᠣᠠᠳᠣ ᠵᠠᠭᠣᠴᠢ ᠪᠠᠷ ᠣᠷᠣᠭᠠᠳ ᠬᠦᠴᠦ ᠬᠦᠯᠥᠰᠥᠨ ᠤ ᠬᠢᠨᠢ ᠣᠷᠣ ᠪᠣᠯᠭᠠᠵᠣ ᠪᠠᠶᠠᠷ ᠢ ᠬᠡᠲᠦ ᠬᠣᠨᠣᠭ ᠵᠠᠷᠣᠭᠰᠠᠨ ᠶᠣᠮ᠃ ᠰᠡᠬᠥᠯᠡᠷ ᠨᠢ ᠮᠠᠨ ᠤ ᠬᠦᠮᠥᠨ ᠲᠠᠷᠠ ᠶᠠᠪᠣᠳᠠᠯ ᠢ ᠰᠠᠩᠵᠠᠢ ᠠᠶ᠋ᠢᠯ ᠤᠳ ᠡᠴᠡ ᠴᠣᠭᠯᠠᠭᠣᠯᠣᠭᠰᠠᠨ ᠦᠬᠡᠷ ᠢᠶᠡᠨ ᠪᠠᠶᠠᠷ ᠢᠶᠡᠷ ᠰᠠᠷ᠎ᠠ ᠢᠯᠡᠬᠥᠤ ᠬᠠᠷᠢᠭᠣᠯᠣᠭᠣᠯᠣᠭᠠᠳ ᠬᠦᠯᠥᠰᠤ ᠮᠦᠩᠬᠥ ᠬᠡᠵᠦ ᠰᠤᠬᠤᠷ ᠵᠤᠭᠣᠰ ᠴᠤ ᠲᠥᠯᠥᠭᠰᠡᠨ ᠦᠭᠡᠶ ᠪᠣᠯᠭᠠᠵᠣ᠂ ᠬᠦᠮᠥᠨ ᠦᠵᠡᠪᠡᠯ ᠬᠡᠯᠡᠬᠡᠥᠨ ᠬᠡᠷᠡᠮ ᠦᠵᠡᠪᠡᠯ ᠵᠢᠷᠣᠵᠣ᠂ ᠨᠠᠮᠢ᠋ᠢ ᠬᠣᠰᠣᠳᠣ ᠶᠢᠨ ᠣᠶ᠋ᠢᠷ᠎ᠠ ᠲᠣᠭᠣᠷᠢᠨ ᠤ ᠠᠶ᠋ᠢᠯ ᠤᠳ ᠢᠶᠡᠷ ᠦᠮᠠᠬᠡᠶ᠋ᠢᠷᠡᠬᠥᠯᠵᠦ ᠬᠦᠢᠴᠡᠭ᠍ᠰᠡᠨ ᠶᠣᠮ᠃ ᠣᠳᠣ ᠲᠡᠬᠥᠨ ᠤ ᠵᠠᠭᠣ ᠢᠯᠡᠬᠥᠤ ᠬᠣᠨᠢ ᠮᠢᠨᠣ ᠪᠠᠭᠣᠳᠠᠯ ᠤᠨ ᠬᠦᠷᠢᠶ᠎ᠡ ᠡᠵᠡᠯᠠᠬᠡᠥᠨ ᠲᠦᠬᠥᠷᠬᠡᠴᠢᠬᠡᠯᠡ᠃ ᠬᠠᠳᠠᠵᠣ ᠦᠬᠥᠮᠡᠷ ᠪᠣᠯᠣᠭᠰᠠᠨ ᠬᠣᠨᠢᠳ ᠢ ᠨᠢ ᠣᠰᠣᠯᠠᠬᠣ ᠦᠭᠡᠶ ᠦᠦ᠂ ᠡᠪᠡᠰᠥᠯᠠᠬᠥ ᠦᠭᠡᠶ ᠦᠦ᠃ ᠬᠣᠶᠠᠷ ᠭᠣᠵᠦᠡᠭ ᠵᠦᠭ᠌ ᠢᠶᠡᠨ ᠲᠡᠬᠡᠬᠡᠵᠦ ᠠᠪᠠᠴᠢᠬᠤ ᠲᠡᠷᠬᠡ ᠶᠢ ᠨᠢ ᠡᠷᠢᠵᠣ ᠬᠦᠶᠥᠬᠥ ᠦᠭᠡᠶ ᠦᠦ᠃ ᠶᠠᠪᠣᠭᠰᠠᠨ ᠬᠣᠶ᠋ᠢᠨ᠎ᠠ ᠨᠢ ᠬᠦᠷᠢᠶᠡᠨ ᠳᠤ ᠬᠣᠴᠣᠷᠭᠠᠭᠰᠠᠨ ᠬᠣᠷᠭᠣᠯ ᠢ ᠨᠢ ᠴᠡᠪᠡᠷᠯᠡᠬᠥ ᠦᠭᠡᠶ ᠦᠦ᠃ ᠡᠨᠠ ᠲᠠᠩᠰᠠ ᠶᠢ ᠪᠠᠶᠠᠷ ᠨᠠᠳᠠ ᠲᠡᠶ ᠨᠢᠭᠣᠷ ᠣᠴᠠᠷᠠᠭᠰᠠᠨ ᠬᠣᠶ᠋ᠢᠨ᠎ᠠ ᠪᠠᠨ ᠶᠠᠭᠠᠬᠢᠵᠣ ᠪᠣᠳᠣᠳᠠᠭ ᠪᠣᠯ︕
ᠪᠢ ᠰᠠᠩᠵᠠᠢ ᠶᠢ ᠲᠠᠭᠠᠭᠠᠳ ᠦᠷᠣᠬᠡᠰᠥᠨ ᠪᠣᠯᠣ ᠲᠡᠶ ᠵᠢᠣᠠᠬᠥᠬᠥᠷ ᠲᠡᠷᠬᠡ ᠲᠥᠯᠬᠢᠵᠦ ᠴᠠᠭᠠᠨ ᠲᠠᠪᠠᠭ᠎ᠠ ᠪᠠᠯᠭᠠᠰᠣ ᠶᠢᠨ ᠵᠠᠬᠡᠯᠢ ᠭᠣᠳᠣᠮᠵᠢ ᠶᠢ ᠪᠠᠷᠠᠳᠠᠯ᠎ᠠ ᠬᠡᠰᠦᠬᠡᠥᠨ ᠰᠠᠶᠢ ᠬᠠᠷ᠎ᠠ ᠪᠣᠳᠠᠭᠠᠨ ᠤ ᠦᠨ᠎ᠡ ᠪᠠᠷ ᠨᠢ᠋ᠮᠠᠨ ᠪᠣᠭᠣᠵᠢ ᠬᠦᠬᠡ ᠡᠪᠠᠰᠣ ᠰᠣᠯᠢᠵᠣ ᠠᠪᠴᠢᠷᠠᠵᠠᠢ᠃ ᠲ᠋ᠡᠭ᠍ᠰᠢᠳᠬᠡᠬᠡᠥᠨ ᠠᠷᠠᠢ ᠬᠣᠷᠢᠨ ᠵᠢᠡᠭ ᠬᠦᠷᠬᠥ ᠦᠭᠡᠶ ᠨᠢ᠋ᠮᠠᠨ ᠪᠣᠭᠣᠵᠢ ᠡᠪᠠᠰᠣ ᠶᠢ ᠡᠪᠣᠯ ᠤᠨ ᠬᠣᠷᠠᠭ᠎ᠠ ᠪᠠᠷ ᠰᠣᠯᠢᠬᠤ ᠬᠡᠳᠡᠭ ᠴᠢᠨᠢ ᠬᠣᠨᠢ ᠨᠢ ᠬᠣᠨᠢ ᠪᠠᠨ ᠪᠠᠷᠢᠵᠣ ᠢᠳᠡᠭ᠍ᠰᠡᠨ ᠬᠡᠷᠡᠭ ᠪᠣᠯᠵᠠᠢ᠃ ᠲᠠᠯ᠎ᠠ ᠨᠣᠳᠣᠭ ᠬᠠᠮᠢᠶᠠᠷᠬᠣ ᠬᠦᠮᠥᠰ ᠲᠤ ᠬᠣᠨᠢ ᠪᠦᠷᠢ ᠶᠢ ᠬᠣᠶᠠᠷ ᠵᠠᠭᠣ ᠲᠠᠪᠢᠨ ᠲᠦᠬᠥᠷᠢᠭ᠌ ᠢᠶᠡᠷ ᠬᠠᠩᠰᠢᠯᠠᠵᠣ ᠠᠷᠪᠠᠨ ᠪᠦᠲᠦᠬᠥᠨ ᠬᠣᠨᠢ ᠲᠣᠰᠢᠶᠠᠭᠰᠠᠨ ᠲᠣᠯᠠ ᠰᠠᠩᠵᠠᠢ ᠶᠢᠨ ᠪᠠᠭᠣᠳᠠᠯ ᠤᠨ ᠬᠦᠷᠢᠶᠡᠨ ᠳᠤ ᠣᠳᠣ ᠵᠠᠭᠣ ᠠᠷᠪᠠᠨ ᠬᠣᠶᠠᠷ ᠬᠣᠨᠢ ᠦᠯᠠᠳᠡᠵᠦ ᠪᠣᠢ᠃ ᠪᠠᠶᠠᠷ ᠦᠪᠡᠷ ᠲᠡᠭᠡᠨ ᠢᠷᠡᠭ᠍ᠰᠡᠨ ᠪᠣᠯ ᠲᠠᠳᠠ ᠲᠣᠷᠭᠠᠭᠣᠯᠢ ᠶᠢᠨ ᠬᠡᠮᠵᠢᠶ᠎ᠡ ᠬᠢᠵᠠᠭᠠᠷ ᠤᠨ ᠲᠡᠬᠡᠷ᠎ᠡ ᠱᠣᠭᠣᠮ ᠳᠤ ᠲᠣᠯᠭᠠᠵᠣ ᠲᠠᠪᠣᠨ ᠮᠢᠩᠭ᠋ᠠᠨ ᠲᠦᠬᠥᠷᠢᠭ᠌ ᠲᠣᠷᠭᠠᠬᠣ ᠪᠠᠷ ᠰᠶ᠋ᠢᠲᠦᠬᠡᠥᠨ ᠪᠠᠶ᠋ᠢᠵᠣ ᠬᠡᠨ᠎ᠡ ᠰᠢᠤ᠃ ᠠᠷᠪᠠᠨ ᠬᠣᠨᠢ ᠢᠩᠬᠢᠬᠡᠥᠨ ᠲᠠᠯ᠎ᠠ ᠨᠣᠳᠣᠭ ᠬᠠᠮᠢᠶᠠᠷᠬᠣ ᠲᠣᠪᠴᠢᠶᠠᠨ ᠤ ᠠᠯᠠᠭᠠᠨ ᠴᠢᠨᠡᠬᠡ ᠲᠠᠮᠠᠭ᠎ᠠ ᠲᠡᠶ ᠴᠠᠭᠠᠰᠣ ᠪᠣᠯᠣᠭᠠᠳ ᠬᠣᠪᠢᠷᠠᠴᠢᠬᠠᠠᠯᠠ᠃ ᠬᠣᠨᠢᠳ ᠢ ᠣᠰᠣᠯᠠᠵᠣ ᠡᠪᠠᠰᠣᠯᠠᠵᠣ ᠪᠠᠷᠠᠭᠠᠳ ᠬᠡᠷᠡᠯ ᠪᠢᠳᠠ ᠬᠣᠶᠠᠷ ᠮᠠᠷᠭᠠᠰᠢ ᠶᠢᠨ ᠬᠣᠨᠢ ᠲᠡᠬᠡᠬᠡᠬᠥ ᠳᠤ ᠬᠦᠯᠥᠰᠥᠯᠠᠬᠥ ᠲᠡᠷᠬᠡ ᠪᠠᠨ ᠡᠷᠢᠬᠥ ᠪᠠᠷ ᠭᠠᠷᠬᠣ ᠦᠶ᠎ᠡ ᠳᠤ ᠨᠠᠷᠠ ᠵᠢᠷᠭᠠᠬᠣ ᠰᠢᠬᠠᠵᠠᠢ᠃
《 ᠪᠢ ᠣᠳᠣ ᠦᠬᠡᠷ᠎ᠡ ᠶᠠᠭᠣᠮᠠᠨ ᠳᠤ ᠵᠤᠪᠠᠵᠣ ᠪᠠᠶ᠋ᠢᠬᠣ ᠦᠭᠡᠶ᠂ ᠬᠣᠨᠢ ᠲᠡᠬᠡᠬᠡᠥᠨ ᠪᠣᠴᠠᠭᠰᠠᠨ ᠬᠣᠶ᠋ᠢᠨ᠎ᠠ ᠡᠬᠡᠴᠢ ᠴᠢᠨᠢ ᠬᠣᠨᠢ ᠪᠠᠨ ᠪᠦᠷᠢᠳᠬᠡᠬᠡᠥᠨ ᠠᠷᠪᠠ ᠬᠣᠷᠢ ᠪᠠᠷ ᠲᠣᠳᠠᠭᠰᠠᠨ ᠢ ᠮᠠᠳᠠᠪᠠᠯ ᠭᠣᠣᠯ ᠨᠢ ᠬᠠᠷᠠᠯᠠᠨ᠎ᠠ ᠪᠠᠶ᠋ᠢᠬ᠎ᠠ ᠬᠡᠵᠦ ᠠᠶᠣᠵᠣ ᠪᠠᠶ᠋ᠢᠨ᠎ᠠ》 ᠬᠡᠵᠦ ᠬᠡᠷᠡᠯ ᠢᠩᠬᠢᠵᠣ ᠪᠠᠬ᠎ᠠ ᠨᠢ ᠬᠠᠨᠣᠵᠣ ᠪᠠᠶ᠋ᠢᠬᠣ ᠰᠢᠭ ᠬᠡᠯᠡᠬᠡᠥᠨ ᠨᠠᠮᠢ᠋ᠢ ᠨᠠᠯᠠᠵᠣ ᠲᠣᠭᠣᠶ᠋ᠢᠳᠠᠨ ᠴᠠᠷᠳᠠᠮᠠᠯ ᠵᠠᠮ ᠤᠨ ᠬᠦᠪᠡᠬᠡ ᠪᠠᠷ ᠠᠵᠢᠭ ᠴᠣ ᠦᠭᠡᠶ ᠠᠯᠬᠤᠨ᠎ᠠ᠃
《 ᠦᠷᠣᠬᠡᠯ ᠤᠨ ᠭᠣᠣᠯ ᠬᠠᠷᠠᠯᠠᠬᠣ ᠣᠴᠢᠷ ᠤᠨ ᠲᠥᠯᠣᠬᠡ ᠴᠢ ᠠᠶᠣᠬᠣ ᠶᠠᠭᠣ ᠪᠣᠢ︖》
《 ᠡᠶ᠋ᠢᠮᠣ ᠣᠷᠣᠭᠣᠳᠠᠭᠰᠠᠨ ᠶᠠᠪᠣᠳᠠᠯ ᠬᠡᠨ ᠤ ᠪᠠᠶ᠎ᠠ ᠲᠡᠬᠡᠷ᠎ᠡ ᠲᠠᠭᠠᠷᠠᠭᠰᠠᠨ ᠴᠤ ᠲᠡᠰᠬᠥ ᠠᠯᠳᠠᠷᠠᠨ᠎ᠠ᠃》
《 ᠲ᠋ᠡᠰᠬᠥ ᠠᠯᠳᠠᠷᠠᠨ᠎ᠠ ᠬᠡᠥᠨ ᠠᠮᠢᠳᠣ ᠶᠠᠪᠣᠬᠣ ᠪᠠᠨ ᠪᠠᠶ᠋ᠢᠴᠢᠬᠠᠵᠣ ᠪᠣᠯᠬᠣ ᠦᠭᠡᠶ ᠪᠠ ᠁》
《 ᠴᠢ ᠮᠢᠨᠣ ᠦᠬᠡᠨ ᠳᠤ ᠲᠠᠭ᠎ᠠ ᠦᠭᠡᠶ ᠪᠠᠶ᠋ᠢᠯ᠎ᠠ ᠴᠤ ᠬᠡᠰᠡᠨ ᠡ᠊ᠠᠳᠠ ᠡᠴᠡ ᠰᠠᠯᠬᠣ ᠪᠣᠯᠳᠠᠯ᠎ᠠ ᠠᠶᠠᠯᠳᠣᠭᠠᠳ ᠦᠭ᠌ ᠳ᠋ᠠ᠃ ᠭᠣᠶᠣᠵᠣ ᠪᠠᠶ᠋ᠢᠨ᠎ᠠ ᠰᠢᠤ︕》
ᠲᠡᠷᠬᠡ ᠬᠦᠯᠥᠰᠥᠯᠠᠬᠥ ᠭᠠᠵᠠᠷ ᠡᠴᠡ ᠰᠠᠯᠬᠣ ᠦᠶ᠎ᠡ ᠳᠤ ᠪᠦᠷᠥᠢ ᠲᠠᠰᠣᠷᠠᠴᠢᠬᠠᠭᠰᠠᠨ ᠪᠠᠶ᠋ᠢᠪᠠ᠃
《 ᠶᠠᠪᠣᠳᠠᠯ ᠣᠴᠢᠷ ᠢᠶᠡᠨ ᠪᠦᠬᠥᠳᠡ ᠶᠢ ᠪᠡᠶᠡᠯᠠᠬᠥᠯᠴᠢᠬᠡᠯᠡ᠂ ᠮᠠᠷᠭᠠᠰᠢ ᠶᠢᠨ ᠦᠥᠷ ᠴᠠᠶ᠋ᠢᠬᠣ ᠦᠶ᠎ᠡ ᠪᠠᠷ ᠬᠣᠨᠢᠳ ᠢᠶᠡᠨ ᠲᠡᠬᠡᠬᠡᠵᠦ ᠬᠣᠶᠠᠷ ᠭᠣᠵᠦᠡᠭ ᠵᠦᠭ᠌ ᠢᠶᠡᠨ ᠮᠣᠷᠳᠠᠬᠣ ᠪᠣᠯᠳᠠᠯ᠎ᠠ ᠪᠢᠳᠠ ᠬᠣᠶᠠᠷ ᠶᠠᠭᠣ ᠬᠢᠨ᠎ᠠ︖》 ᠬᠡᠵᠦ ᠬᠡᠷᠡᠯ ᠠᠰᠠᠭᠣᠪᠠ᠃
《 ᠶᠠᠭ ᠬᠢᠬᠥ ᠠᠵᠢᠯ ᠦᠭᠡᠶ ᠪᠣᠯ ᠬᠣᠷᠣᠭᠣ ᠬᠢᠮᠣᠰᠣ ᠪᠠᠨ ᠣᠷᠣᠯᠳᠣᠭᠠᠳ ᠰᠠᠭᠣ︕》
《 ᠬᠣᠶᠠᠭᠣᠯᠠ ᠬᠣᠭᠣᠯᠠᠨ ᠬᠡᠷ ᠲᠤ ᠣᠷᠣᠵᠣ ᠠᠷᠢᠬᠢ ᠣᠣᠭᠣᠶᠠ᠃ ᠬᠣᠩᠭ᠋ᠣᠷ ᠤᠨ ᠨᠢᠳᠣᠨ ᠡᠴᠡ ᠲᠠᠯᠳᠠᠭᠣᠷ ᠴᠢᠮ᠎ᠠ ᠲᠡᠶ ᠴᠣᠭ ᠰᠠᠭᠣᠵᠣ ᠠᠷᠢᠬᠢ ᠣᠣᠭᠣᠭᠰᠠᠨ ᠦᠭᠡᠶ ᠠᠷᠪᠠᠨ ᠲᠣᠯᠣᠭᠠᠨ ᠵᠢᠯ ᠤᠨ ᠭᠠᠳᠠᠨ᠎ᠠ ᠲᠠᠪᠣᠨ ᠰᠠᠷ᠎ᠠ ᠪᠣᠯᠴᠢᠬᠠᠵᠠᠢ᠃》
ᠲᠠᠷᠠ ᠬᠥ ᠥᠩᠬᠡᠷᠡᠭ᠍ᠰᠡᠨ ᠣᠴᠢᠷ ᠢ ᠣᠳᠣᠬᠢ ᠪᠠᠶ᠋ᠢᠳᠠᠯ ᠲᠡᠶ ᠬᠣᠯᠪᠣᠵᠣ ᠲᠣᠷᠠᠰᠬᠣ ᠪᠠᠷ ᠪᠢ ᠬᠡᠷᠡᠯ ᠤᠨ ᠡᠮᠣᠨ᠎ᠠ ᠶᠠᠭᠠᠬᠢᠵᠣ ᠡᠶ᠋ᠢᠬᠥ ᠪᠠᠨ ᠣᠯᠬᠣ ᠦᠭᠡᠶ ᠪᠣᠯᠪᠠ᠃ ᠡᠨᠠ ᠱᠣᠯᠣᠮ ᠰᠢᠭ ᠡᠮ᠎ᠠ ᠮᠢᠨᠣ ᠲᠠᠷᠠ ᠬᠥ ᠡᠮᠵᠡᠭ ᠲᠡᠶ ᠤᠬᠤᠷ ᠰᠡᠬᠥᠯ ᠢ ᠪᠠᠶ᠋ᠢᠨ ᠲᠠᠬᠢᠨ ᠲᠡᠮᠳᠡᠷᠢᠭ᠍ᠰᠠᠬᠡᠷ ᠨᠢᠬᠡ ᠮᠡᠳᠡᠬᠥ ᠳᠤ ᠨᠠᠮᠢ᠋ᠢ ᠬᠣᠭᠣᠯᠠᠨ ᠬᠡᠷ ᠲᠤ ᠲᠠᠭᠠᠭᠣᠯᠣᠭᠠᠳ ᠣᠷᠣᠴᠢᠬᠠᠭᠰᠠᠨ ᠪᠠᠶ᠋ᠢᠯ᠎ᠠ᠃
ᠡᠨᠠ ᠦᠳᠡᠰᠢ ᠬᠦᠷᠢᠶ᠎ᠡ ᠲᠦᠬᠥᠷᠡᠨᠭ᠌ ᠬᠣᠨᠢᠳ ᠪᠣᠯᠴᠢᠬᠠᠭᠰᠠᠨ ᠴᠢᠨᠢ ᠪᠠᠭᠣᠳᠠᠯ ᠳᠤ ᠬᠣᠰᠣᠳᠣ ᠶᠢᠨ ᠬᠣᠶᠠᠷ ᠡᠴᠡ ᠦᠬᠡᠷ᠎ᠡ ᠵᠤᠴᠢᠨ ᠢᠷᠡᠭ᠍ᠰᠡᠨ ᠦᠭᠡᠶ᠃ ᠰᠠᠩᠵᠠᠢ ᠬᠦᠷᠢᠶᠡᠨ ᠤ ᠲᠠᠮᠣᠷ ᠬᠠᠭᠠᠯᠭ᠎ᠠ ᠪᠠᠨ ᠲᠣᠳᠣᠷ᠎ᠠ ᠡᠴᠡ ᠨᠢ ᠣᠨᠢᠰᠣᠯᠠᠵᠣ ᠣᠷᠣᠵᠣ ᠢᠷᠡᠬᠡᠥᠨ ᠦᠷᠣᠬᠡᠨ ᠳᠡᠭᠡᠨ ᠨᠠᠮᠢ᠋ᠢ ᠲᠠᠭᠣᠳᠠᠪᠠ᠃ ᠡᠳᠣᠷ ᠤᠨ ᠪᠣᠳᠠᠭᠠᠨ ᠰᠢᠷᠡᠬᠡᠨ ᠤ ᠲᠡᠷᠬᠡᠳᠡ ᠠᠮᠠᠯᠠᠭᠰᠠᠨ ᠦᠬᠡ ᠪᠠᠶ᠋ᠢᠬᠣ ᠲᠣᠯᠠ ᠪᠢ ᠴᠤ ᠰᠢᠯᠵᠢᠵᠣ ᠴᠢᠳᠠᠭᠰᠠᠨ ᠦᠭᠡᠶ᠃ ᠲᠤᠷ᠎ᠠ ᠪᠠᠷ ᠪᠠᠷᠣᠭᠳᠠᠢ ᠪᠠᠶ᠋ᠢᠭᠰᠠᠨ ᠴᠤ ᠲᠠᠭᠠᠵᠣ ᠣᠴᠢᠭᠠᠳ ᠦᠮᠣᠳᠥᠨ ᠲᠠᠯᠠᠢ ᠪᠠᠨ ᠰᠣᠯᠠᠯᠠᠵᠣ ᠦᠭᠴᠡᠢ᠃
ᠡᠪᠥᠬᠡᠨ ᠤ ᠶᠠᠷᠰᠢᠭ ᠲᠡᠶ ᠠᠯᠪᠠ ᠶᠢ ᠲᠠᠭᠣᠰᠬᠠᠭᠠᠳ ᠦᠷᠣᠬᠡᠨ ᠳᠡᠭᠡᠨ ᠪᠣᠴᠠᠬᠣ ᠦᠦ᠂ ᠶᠠᠭᠠᠬᠢᠬᠣ ᠦᠦ ᠬᠡᠵᠦ ᠵᠠᠯᠬᠠᠭᠣᠷᠠᠨ ᠬᠡᠪᠳᠡᠵᠦ ᠪᠠᠶ᠋ᠢᠬᠣ ᠳᠤ ᠭᠠᠳᠠᠭ᠎ᠠ ᠬᠦᠷᠢᠶᠡᠨ ᠡᠬᠥᠳᠡ ᠪᠠᠯᠪᠠᠬᠣ ᠴᠢᠮᠡᠬᠡ ᠭᠠᠷᠣᠯ᠎ᠠ᠃
《 ᠦᠬᠢᠨ ᠬᠦᠷᠬᠡᠨ ᠬᠣᠶᠠᠷ ᠴᠢᠨᠢ ᠢᠷᠠᠵᠣ ᠪᠠᠶ᠋ᠢᠬᠣ ᠪᠣᠯᠣᠯᠳᠠᠢ᠃ ᠬᠣᠨᠣᠬᠣ ᠲᠠᠰᠣᠯᠭ᠎ᠠ ᠶᠢ ᠨᠢ ᠵᠢᠭᠠᠵᠣ ᠦᠭ᠍ᠬᠥᠢ᠎ᠡ ᠳ᠋ᠠ᠃》
《 ᠡᠠᠰ ᠲᠣᠰ ᠲᠣᠨᠢ ᠦᠷᠣᠬᠡ ᠲᠣᠬᠢᠷᠠᠭᠣᠯᠣᠭᠠᠳ ᠦᠭᠴᠢᠬᠡ ᠡ ᠁》
《 ᠲᠠᠳᠠ ᠬᠣᠶᠠᠷ ᠴᠢᠨᠢ ᠡᠷ᠎ᠠ ᠡᠮ᠎ᠠ ᠪᠢᠰᠢ ᠶᠣᠮ ᠦᠦ︖》
《 ᠴᠢᠮ᠎ᠠ ᠳᠤ ᠰᠠᠪᠠᠭ᠎ᠠ ᠦᠭᠡᠶ ᠣᠴᠢᠷ ᠢ ᠠᠰᠠᠭᠣᠭᠠᠳ ᠶᠠᠭᠠᠬᠢᠬᠣ ᠁》 ᠰᠠᠩᠵᠠᠢ ᠮᠢᠨᠣ ᠰᠠᠶᠢᠬᠠᠨ ᠤ ᠲᠣᠷᠠᠮᠵᠢᠬᠠᠨ ᠣᠪᠣᠷ ᠲ᠋ᠤ ᠬᠢᠯᠢᠡᠭ ᠲᠥᠷᠥᠭᠰᠠᠬᠡᠷ ᠪᠠᠶ᠋ᠢᠬᠣ ᠪᠣᠯᠣᠯᠳᠠᠢ᠃
ᠪᠢ ᠲᠥᠯᠬᠢᠬᠥᠷ ᠠᠪᠴᠣ ᠭᠠᠷᠣᠭᠠᠳ ᠬᠦᠷᠢᠶᠡᠨ ᠡᠬᠥᠳᠡᠨ ᠤ ᠣᠨᠢᠰᠤ ᠶᠢ ᠨᠡᠬᠡᠬᠡᠵᠦ ᠦᠭ᠍ᠪᠡᠯ ᠬᠡᠷᠡᠯ ᠨᠦᠬᠥᠬᠡᠳᠡᠬᠢ ᠡᠷᠡᠭ᠍ᠳᠡᠢ ᠪᠠᠷ ᠢᠶᠡᠨ ᠲᠥᠰᠢᠬᠥᠯᠵᠦ ᠱᠠᠯ ᠰᠣᠭᠳᠣᠭᠣ ᠣᠷᠣᠵᠣ ᠢᠷᠠᠵᠠᠢ᠃ ᠡᠬᠥᠳᠡ ᠨᠢ ᠡᠰᠡᠷᠬᠥᠯᠡᠵᠦ ᠪᠠᠶ᠋ᠢᠭ᠎ᠠ ᠬᠣᠶᠠᠷ ᠲᠠᠰᠣᠯᠭ᠎ᠠ ᠶᠢ ᠲᠠᠳᠠᠨ ᠳᠦ ᠵᠢᠭᠠᠵᠣ ᠦᠭ᠍ᠬᠥᠬᠡᠥᠨ ᠰᠠᠯᠵᠣ ᠶᠠᠪᠣᠬᠣ ᠬᠡᠳᠡᠯ᠎ᠡ ᠬᠣᠶᠠᠷ ᠵᠤᠴᠢᠨ ᠣᠷᠣ ᠶᠢᠨ ᠨᠠᠭᠠᠭᠣᠷ ᠴᠠᠭᠠᠭᠣᠷ ᠲᠣᠭᠣᠯᠴᠠᠵᠣ ᠬᠦᠬᠡᠬᠡᠯᠴᠡᠬᠡᠥᠨ ᠡᠬᠢᠯᠡᠴᠢᠬᠡᠯ᠎ᠡ᠃ ᠬᠡᠷᠡᠯ ᠵᠠᠪᠠᠯ ᠨᠦᠬᠥᠬᠡ ᠡᠷᠡᠭ᠍ᠳᠡᠢ ᠶᠢᠨ ᠢᠶᠡᠨ ᠲᠣᠬᠣᠢ ᠶᠢ ᠲᠠᠷᠠᠯᠠᠵᠣ ᠣᠷᠣ ᠲᠡᠬᠡᠷ᠎ᠡ ᠴᠣᠭ ᠬᠡᠪᠳᠡᠬᠥ ᠬᠡᠨ᠎ᠡ᠃ ᠲᠠᠷᠠ ᠡᠷᠡᠭ᠍ᠳᠡᠢ ᠨᠢ ᠨᠠᠮᠢ᠋ᠢ ᠬᠢᠯᠠᠪ ᠬᠢᠯᠠᠪ ᠬᠠᠷᠠᠭᠠᠳ ᠡᠬᠥᠳᠡ ᠡᠰᠡᠷᠬᠥᠯᠡᠵᠦ ᠪᠠᠶ᠋ᠢᠬᠣ ᠬᠣᠶᠠᠷ ᠦᠷᠣᠬᠡᠨ ᠤ ᠨᠢᠬᠡ ᠡᠴᠡ ᠨᠢ ᠨᠦᠬᠥᠬᠡ ᠣᠷᠣᠭᠣ ᠪᠣᠯᠳᠠᠵᠣ ᠵᠠᠶ᠋ᠢᠯᠠᠭᠠᠳ ᠪᠠᠷᠢᠭᠳᠠᠬᠣ ᠦᠭᠡᠶ᠃
《 ᠲᠣᠬᠣᠢ ᠶᠢ ᠴᠢᠨᠢ ᠲᠡᠷᠡᠯᠠᠬᠥ ᠬᠡᠪᠡᠯ ᠲᠡᠷᠡᠯᠠᠬᠥᠯᠴᠢᠬᠡ᠃ ᠣᠠᠳᠠᠭᠰᠠᠨ ᠬᠣᠶ᠋ᠢᠨ᠎ᠠ ᠨᠢ ᠵᠠᠶ᠋ᠢᠯᠠᠭᠠᠳ ᠶᠠᠪᠣᠪᠠᠯ ᠪᠠᠷᠠᠯ᠎ᠠ 》 ᠬᠡᠵᠦ ᠪᠢ ᠲᠠᠷᠠ ᠡᠷᠡᠭ᠍ᠳᠡᠢ ᠳᠤ ᠠᠷᠭ᠎ᠠ ᠵᠢᠭᠠᠪᠠ᠃
《 ᠴᠢ ᠬᠡᠨ ᠶᠣᠮ︖ ᠬᠡᠷ ᠡᠴᠡ ᠭᠠᠷ 》 ᠬᠡᠵᠦ ᠬᠡᠷᠡᠯ ᠨᠠᠮᠢ᠋ᠢ ᠲᠣᠯᠢᠶᠠᠪᠣᠷ ᠬᠣᠷᠣᠭᠣ ᠪᠠᠷ ᠵᠢᠭᠠᠵᠣ ᠭᠣᠳᠣᠮ ᠲᠣᠷᠬᠢᠳᠠᠯ᠎ᠠ ᠣᠷᠢᠯᠠᠬᠣᠯᠠᠷ ᠪᠢ ᠣᠯᠠᠭᠠᠨ ᠭᠠᠯᠵᠠᠭᠣ ᠲᠠᠷᠠ ᠡᠮ᠎ᠠ ᠶᠢ ᠲᠠᠬᠢᠵᠣ ᠦᠵᠡᠬᠥ ᠲᠤᠷ᠎ᠠ ᠦᠭᠡᠶ ᠪᠣᠯᠵᠣ ᠬᠣᠷᠳᠣᠬᠠᠨ ᠪᠠᠶ᠎ᠠ ᠵᠠᠶ᠋ᠢᠯᠠᠵᠠᠢ᠃
ᠵᠠᠬᠡᠯᠢ ᠭᠣᠳᠣᠮᠵᠢ ᠶᠢᠨ ᠣᠯᠠᠭᠠᠨ ᠨᠣᠭᠣᠭᠠᠨ ᠳ᠋ᠧᠨᠭ᠌ ᠲᠡᠶ ᠭᠠᠵᠠᠷ ᠣᠷᠣᠭᠠᠳ ᠢᠷᠠᠪᠠ ᠬᠡᠭ᠍ᠰᠠᠬᠡᠷ ᠬᠦᠳᠡᠬᠡ ᠶᠢᠨ ᠵᠢᠪᠠᠷ ᠰᠠᠯᠬᠢᠨ ᠳᠤ ᠶᠠᠪᠣᠭᠰᠠᠨ ᠪᠦᠰᠠᠬᠥᠢ ᠨᠢᠳᠣᠨ ᠳᠤ ᠲᠣᠷᠬᠣ ᠪᠠᠨ ᠪᠠᠶ᠋ᠢᠴᠢᠬᠠᠨᠠ᠃ ᠬᠡᠷᠡᠯ ᠢ ᠬᠣᠶᠠᠷ ᠭᠣᠵᠦᠡᠭ ᠤᠨ ᠬᠣᠭᠣᠷᠣᠠᠳᠣ ᠨᠢ ᠵᠤᠭᠰᠣᠭᠠᠭᠠᠳ ᠦᠵᠡᠬᠥ ᠳᠤ ᠨᠢᠳᠣ ᠨᠢ ᠲᠣᠷᠮᠣᠯᠵᠠᠭᠠᠳ ᠪᠠᠬ᠎ᠠ ᠬᠣᠷᠣᠬᠠᠢ ᠶᠢ ᠲᠡᠰᠬᠥ ᠠᠯᠳᠠᠳᠠᠯ᠎ᠠ ᠦᠲᠦᠬᠡᠵᠦ ᠪᠠᠶ᠋ᠢᠭᠰᠠᠨ ᠪᠣᠯ ᠴᠠᠭᠠᠨ ᠲᠠᠪᠠᠭᠠᠨ ᠳᠤ ᠢᠷᠡᠬᠡᠥᠨ ᠴᠢᠷᠠᠢ ᠶᠢ ᠨᠢ ᠯᠠᠪᠯᠠᠬᠣ ᠳᠤ ᠦᠨᠳᠡᠬᠡᠨ ᠬᠠᠴᠠᠷ ᠨᠢ ᠣᠯᠠᠶ᠋ᠢᠭᠠᠳ ᠲᠠᠳᠣᠢ ᠯᠠ ᠰᠠᠶ᠋ᠢᠬᠠᠨ ᠪᠢᠰᠢ ᠪᠣᠯᠵᠠᠢ᠃ ᠡᠨᠠ ᠴᠢᠨᠢ ᠲᠡᠬᠥᠨ ᠢ ᠬᠡᠷ ᠡᠴᠡ ᠨᠢ ᠵᠠᠭᠣᠬᠠᠨ ᠭᠠᠵᠠᠷ ᠵᠠᠶ᠋ᠢᠳᠠᠭᠣᠯᠣᠭᠠᠳ ᠦᠵᠡᠬᠥ ᠳᠤ ᠡᠶ᠋ᠢᠮᠣ᠃ ᠬᠡᠷᠪᠡ ᠭᠣᠷᠪᠠᠨ ᠵᠠᠭᠣᠨ ᠭᠠᠵᠠᠷ ᠤᠨ ᠲ᠋ᠡᠷᠳᠡᠬᠡ ᠪᠠᠶ᠋ᠢᠬᠣ ᠬᠣᠰᠢᠭᠣ ᠪᠠᠯᠭᠠᠰᠣᠨ ᠳᠤ ᠶᠠᠪᠣᠵᠣ ᠪᠠᠶ᠋ᠢᠬᠣ ᠶᠢ ᠨᠢ ᠦᠵᠡᠬᠥ ᠶᠣᠮ ᠪᠣᠯ ᠮᠢᠨᠣ ᠰᠠᠷᠠᠯ ᠳᠤ ᠶᠠᠮᠠᠷ ᠬᠣᠪᠢᠷᠠᠯᠳᠠ ᠭᠠᠷᠬᠣ ᠶᠢ ᠪᠣᠤ ᠮᠠᠳᠠ᠃ ᠪᠡᠯᠴᠢᠬᠡᠷ ᠤᠨ ᠴᠡᠬᠡᠷ ᠲᠠᠯᠪᠢᠭᠳᠠᠬᠣ ᠣᠳᠣ ᠬᠡᠲᠦᠬᠡᠨ ᠬᠣᠨᠣᠭ ᠤᠨ ᠵᠠᠶ᠋ᠢᠳᠠᠢ ᠪᠣᠯᠵᠠᠢ᠃ ᠲᠣᠪᠴᠢᠶᠠᠨ (ᠲᠠᠯ᠎ᠠ ᠨᠤᠳᠤᠭ ᠬᠠᠮᠢᠶᠠᠷᠬᠤ ᠳᠤᠪᠴᠢᠶ᠎ᠠ ᠵᠢ ᠵᠢᠭᠠᠵᠤ ᠪᠤᠢ ) ᠳᠠᠭᠠᠨ ᠪᠣᠴᠠᠬᠣ ᠡᠴᠡ ᠣᠷᠢᠳᠠᠢ ᠴᠠᠭᠠᠨ ᠲᠠᠪᠠᠭᠠᠨ ᠤ ᠦᠬᠢᠥᠨ ᠢᠶᠡᠷ ᠲᠣᠯᠣᠭᠠᠢ ᠬᠦᠯ ᠢᠶᠡᠨ ᠬᠡᠲᠦ ᠬᠣᠨᠣᠭ ᠭᠠᠶ᠋ᠢᠭᠣᠶ᠋ᠢᠬᠠᠨ ᠣᠬᠢᠶᠠᠯᠭᠠᠶᠠ᠃ ᠬᠣᠨᠢ ᠬᠡᠳᠡᠯ᠎ᠡ ᠲᠣᠷᠭᠠᠭᠣᠯᠢ ᠬᠡᠵᠦ ᠬᠦᠶᠥᠭᠰᠠᠬᠡᠷ ᠪᠠᠶ᠋ᠢᠭᠠᠳ ᠰᠢᠩᠬᠡᠭ᠌ ᠦᠨᠥᠷ ᠲᠤ ᠮᠣᠩᠬᠠᠷᠠᠬᠣ ᠰᠢᠬᠠᠵᠣ ᠪᠦᠰᠠᠬᠥᠢ ᠬᠦᠮᠥᠨ ᠤ ᠲᠠᠴᠢᠶᠠᠳᠠᠵᠣ ᠣᠷᠢ ᠲᠠᠯᠪᠢᠬᠣ ᠲᠠᠭᠣ ᠴᠢᠮᠡᠬᠡ ᠶᠢ ᠬᠦᠷᠳᠡᠯ᠎ᠡ ᠮᠠᠷᠳᠠᠴᠢᠬᠠᠬᠣ ᠠᠯᠳᠠᠯ᠎ᠠ᠃ ᠲᠣᠪᠴᠢᠶᠠᠨ ᠤ ᠣᠳᠣᠷᠢᠳᠣᠯᠭ᠎ᠠ ᠨᠠᠮᠢ᠋ᠢ ᠴᠥᠯᠡᠯᠬᠡ ᠳᠤ ᠶᠠᠪᠣᠭᠣᠯᠣᠭᠰᠠᠨ ᠴᠤ ᠪᠣᠯᠣᠭ᠂ ᠲᠣᠷᠰᠢᠵᠣ ᠰᠢᠯᠭᠠᠭᠰᠠᠨ ᠴᠣ ᠪᠣᠯᠣᠭ᠂ ᠲᠣᠰᠢᠶᠠᠭᠰᠠᠨ ᠡᠬᠥᠷᠬᠡ ᠶᠢ ᠨᠢ ᠪᠢ ᠨᠡᠷ᠎ᠡ ᠲᠥᠷᠤ ᠲᠡᠶ ᠪᠠᠷ ᠪᠡᠶᠡᠯᠠᠬᠥᠯᠵᠡᠢ᠃ ᠪᠠᠯ ᠪᠠᠷᠢᠭᠠᠳ ᠭᠠᠷ ᠲᠣᠯᠢᠶᠠᠬᠣ ᠦᠭᠡᠶ ᠬᠦᠮᠥᠨ ᠠᠯᠠᠭ᠎ᠠ᠃ ᠪᠢ ᠣᠶ᠋ᠢᠯᠠ ᠪᠠᠨ ᠪᠠᠷᠠᠭᠰᠠᠨ᠂ ᠪᠠᠰᠠ ᠣᠯᠬᠣ ᠶᠣᠰᠣᠳᠠᠢ ᠪᠠᠭ᠎ᠠ ᠰᠠᠭ᠎ᠠ ᠬᠣᠠᠵᠢᠶᠠ ᠪᠠᠨ ᠴᠤ ᠣᠯᠣᠭᠰᠠᠨ᠃ ᠢᠷᠡᠬᠥ ᠶ᠋ᠢᠯ ᠬᠡᠨ ᠢᠶᠡᠨ ᠲᠠᠷᠠ ᠰᠣᠮᠣ ᠣᠷᠣᠭᠣ ᠶᠠᠪᠣᠭᠣᠯᠪᠠᠯ ᠶᠠᠪᠣᠭᠣᠯ᠂ ᠪᠢ ᠯᠠ ᠲᠠᠬᠢᠵᠣ ᠲᠠᠶ᠋ᠢᠰᠢ ᠪᠠᠨ ᠬᠦᠯ ᠬᠢᠰᠬᠢᠬᠥ ᠦᠭᠡᠶ᠃ ᠬᠣᠰᠣᠳᠣ ᠶᠢᠨ ᠪᠠᠶᠠᠷ ᠢ ᠣᠷᠣᠯᠠᠵᠣ ᠢᠷᠡᠭ᠍ᠰᠡᠨ ᠵᠢᠷᠥᠬᠡ (ᠬᠤᠨᠢᠳ ᠤᠨ ᠡᠵᠡᠨ ᠪᠠᠶᠠᠷ ᠤᠨ ᠬᠦᠷᠢ ᠳᠡᠬᠦᠦ ᠨᠢ ᠭᠡᠨ᠎ᠠ ) ᠬᠡᠳᠡᠭ ᠬᠦᠮᠥᠨ ᠲᠡᠶ᠂ ᠬᠣᠪᠢ ᠬᠦᠮᠥᠨ ᠤ ᠪᠠᠭᠣᠳᠠᠯ ᠤᠨ ᠦᠷᠣᠬᠡᠨ ᠳᠤ ᠴᠠᠭ ᠢᠯᠡᠬᠥᠤ ᠬᠡᠯᠡ ᠠᠮᠨ ᠪᠣᠯᠣᠯᠴᠠᠵᠣ ᠪᠠᠶ᠋ᠢᠮᠠᠨ ᠲᠣᠷᠭᠠᠭᠣᠯᠢ ᠶᠢᠨ ᠵᠣᠭᠣᠰ ᠤᠨ ᠣᠷᠣᠨ ᠳᠤ ᠰᠠᠭᠣᠯᠭᠠᠵᠣ ᠠᠪᠣᠭᠰᠠᠨ ᠠᠷᠪᠠᠨ ᠬᠣᠨᠢ ᠶᠢ ᠴᠠᠭᠠᠨ ᠲᠠᠪᠠᠭ᠎ᠠ ᠪᠠᠯᠭᠠᠰᠣ ᠶᠢᠨ ᠪᠠᠷᠠᠭᠣᠨ ᠵᠠᠬ᠎ᠠ ᠶᠢᠨ ᠲᠠᠨᠢᠯ ᠠᠶ᠋ᠢᠯ ᠤᠨ ᠬᠠᠰᠢᠶᠠᠨ ᠳᠤ ᠲᠦᠷ ᠬᠣᠷᠢᠵᠣ ᠲᠠᠯᠪᠢᠵᠠᠢ᠃ ᠵᠢᠯᠣᠭᠣᠴᠢ ᠪᠠᠷ ᠨᠦᠬᠥᠬᠡ ᠰᠣᠮᠣᠨ ᠤ ᠠᠵᠢᠯᠳᠠᠨ ᠢ ᠬᠡᠷ ᠣᠷᠣᠭᠣ ᠨᠢ ᠬᠦᠷᠬᠡᠬᠥᠯᠦᠬᠡᠥᠨ ᠪᠢ ᠴᠠᠭᠠᠨ ᠲᠠᠪᠠᠭᠠᠨ ᠳᠤ ᠬᠣᠴᠣᠷᠬᠣ ᠪᠠᠷ ᠪᠣᠯᠪᠠ᠃ ᠰᠠᠯᠬᠣ ᠦᠶ᠎ᠡ ᠳᠤ ᠨᠦᠬᠥᠬᠡ ᠰᠣᠮᠣᠨ ᠤ ᠠᠵᠢᠯᠳᠠᠨ ᠳᠤ ᠬᠡᠲᠦ ᠬᠣᠨᠣᠭ ᠪᠡᠯᠴᠢᠬᠡᠷ ᠴᠠᠭᠳᠠᠬᠣ ᠠᠯᠪᠠ ᠬᠦᠢᠴᠡᠬᠡᠵᠦ ᠪᠠᠶ᠋ᠢᠬᠣ ᠶᠢ ᠲᠠᠬᠢᠨ ᠲᠠᠬᠢᠨ ᠰᠠᠨᠠᠭᠣᠯᠵᠣ ᠨᠠᠶ᠋ᠢᠳᠠᠭᠰᠠᠨ᠃ ᠴᠠᠭᠳᠠᠨ᠎ᠠ ᠦᠦ᠂ ᠪᠠᠶ᠋ᠢᠨ᠎ᠠ ᠦᠦ ᠡᠠᠶ᠎ᠠ ᠪᠠᠷ ᠶ᠋ᠢᠠᠨ ᠪᠣᠯ᠂ ᠶᠠᠭᠣ ᠴᠤ ᠬᠡᠰᠡᠨ ᠪᠢ ᠬᠡᠯᠡᠬᠥ ᠶᠣᠰᠣᠳᠠᠢ ᠦᠬᠡ ᠪᠠᠨ ᠬᠡᠯᠡᠬᠡᠥᠨ ᠲᠡᠷᠬᠡ ᠵᠢᠯᠣᠭᠣᠴᠢ ᠬᠣᠶᠠᠷ ᠢ ᠴᠤ ᠲᠡᠬᠥᠨ ᠳᠤ ᠲᠣᠰᠢᠶᠠᠴᠢᠬᠠᠭᠰᠠᠨ᠃ ᠲ᠋ᠠᠯ᠎ᠠ ᠡᠪᠠᠰᠣ ᠣᠷᠭᠣᠬᠣ ᠪᠠᠨ ᠪᠠᠶ᠋ᠢᠭᠠᠳ ᠬᠠᠯᠴᠠᠭᠠᠶ᠋ᠢᠷᠠᠯᠠ ᠴᠤ ᠬᠡᠰᠡᠨ ᠮᠢᠨᠣ ᠳᠤᠬᠤᠨ ᠲᠡᠬᠡᠷᠡᠬᠢ ᠬᠡᠵᠢᠬᠡ ᠣᠨᠠᠵᠣ ᠪᠠᠶ᠋ᠢᠭ᠎ᠠ ᠪᠢᠰᠢ᠃ ᠪᠡᠯᠴᠢᠬᠡᠷ ᠴᠠᠭᠳᠠᠬᠣ ᠬᠣᠭᠣᠴᠠᠭ᠎ᠠ ᠲᠠᠭᠣᠰᠣᠭᠠᠳ ᠵᠢᠯᠣᠭᠣᠴᠢ ᠨᠠᠭᠠᠰᠢ ᠪᠠᠨ ᠡᠷᠢᠵᠣ ᠢᠷᠡᠬᠥ ᠪᠣᠯᠳᠠᠯ᠎ᠠ ᠲᠠᠨᠢᠯ ᠪᠣᠰᠣ ᠶᠢᠨ ᠡᠮ᠎ᠠ ᠬᠦᠮᠥᠨ ᠲ᠋ᠠᠢ ᠨᠦᠬᠥᠴᠡᠬᠥ ᠶᠢᠷᠳᠢᠨᠴᠣ ᠶᠢᠨ ᠲᠡᠬᠡᠲᠦ ᠵᠢᠷᠭᠠᠯ ᠢᠶᠡᠷ ᠰᠣᠭᠳᠣᠵᠣ ᠪᠠᠶ᠋ᠢᠶ᠎ᠠ᠃
ᠴᠠᠭᠠᠨ ᠲᠠᠪᠠᠭᠠᠨ ᠡᠴᠡ ᠬᠣᠨᠢ ᠲᠡᠬᠡᠬᠡᠵᠦ ᠢᠷᠡᠭ᠍ᠰᠡᠨ ᠲᠡᠷᠬᠡ ᠬᠡᠷᠡᠯ ᠢ ᠬᠡᠷ ᠤᠨ ᠬᠢᠨᠢ ᠡᠬᠥᠳᠡ ᠪᠠᠷ ᠲᠠᠭᠠᠷᠢᠬᠤ ᠳᠠᠭᠠᠨ ᠪᠠᠭᠣᠯᠭᠠᠭᠠᠳ ᠪᠠᠶᠠᠷ ᠤᠨ ᠡᠬᠥᠳᠡᠨ ᠳᠤ ᠢᠷᠡᠬᠥ ᠦᠶᠡᠰ ᠦᠷᠯᠦᠬᠡᠨ ᠤ ᠨᠠᠷᠠ ᠰᠠᠶᠢᠬᠠᠨ ᠠᠭᠣᠯᠠᠨ ᠡᠴᠡ ᠴᠤᠬᠤᠢᠵᠤ ᠪᠠᠢᠪᠠ᠃ ᠲᠡᠷᠬᠡᠨ ᠲᠡᠬᠡᠷᠡᠬᠢ ᠬᠣᠨᠢᠳ ᠢ ᠪᠠᠭᠣᠯᠭᠠᠵᠣ ᠪᠠᠷᠠᠳᠠᠯ᠎ᠠ ᠮᠠᠰᠢᠨ ᠤ ᠵᠢᠯᠣᠭᠣᠴᠢ ᠵᠠᠯᠠᠭᠣ ᠪᠠᠶᠠᠷ ᠢ ᠬᠠᠷᠠᠨ ᠬᠠᠷᠠᠨ ᠢᠨᠢᠶᠠᠳᠣ ᠠᠯᠳᠠᠵᠣ ᠪᠠᠶ᠋ᠢᠯ᠎ᠠ᠃ ᠪᠦᠬᠥ ᠪᠠᠶ᠎ᠠ ᠳ᠋ᠣᠨᠢ ᠭᠣᠣᠯ ᠤᠨ ᠬᠦᠪᠡᠬᠡᠨ ᠤ ᠬᠠᠷ᠎ᠠ ᠯᠠᠭ ᠪᠢᠯᠳᠠᠵᠣ ᠬᠠᠳᠠᠭᠰᠠᠨ ᠪᠠᠶᠠᠷ ᠤᠨ ᠨᠢᠭᠣᠷ ᠴᠢᠷᠠᠢ ᠬᠦᠵᠦᠬᠥᠤ ᠲᠣᠯᠣᠭᠠᠢ ᠨᠢ ᠬᠦᠷᠳᠡᠯ᠎ᠡ ᠡᠷᠢᠶᠠᠯᠵᠠᠵᠣ ᠬᠠᠯᠳᠠᠩᠰᠢᠭᠠᠳ ᠣᠷᠣᠭᠣᠯ ᠳᠠᠭᠠᠨ ᠲᠠᠯᠳᠠᠯᠠᠭᠳᠠᠬᠣ ᠦᠭᠡᠶ ᠠᠷᠰᠠᠶ᠋ᠢᠭᠰᠠᠨ ᠰᠢᠷ᠎ᠠ ᠰᠢᠳᠣ ᠪᠠ ᠣᠯᠠᠭᠠᠨ ᠰᠣᠳᠠᠰᠣ ᠲᠠᠳᠠᠭᠰᠠᠨ ᠬᠣᠶᠠᠷ ᠨᠢᠳᠣᠨ ᠤ ᠴᠠᠭᠠᠨ ᠨᠢ ᠣᠠᠴᠠᠭᠠᠢ ᠢᠯᠨ ᠲᠡᠶ ᠬᠠᠷᠠᠭᠳᠠᠨ᠎ᠠ᠃ ᠬᠡᠷ ᠤᠨ ᠬᠢᠨᠢ ᠡᠬᠥᠳᠡᠨ ᠳᠤ ᠲᠦᠴᠢᠷ ᠫᠢᠴᠢᠷ ᠦᠢᠮᠡᠬᠡᠨ ᠭᠠᠷᠴᠣ ᠬᠠᠭᠠᠰ ᠴᠠᠭ ᠰᠢᠬᠠᠭᠣ ᠪᠣᠯᠣᠭᠰᠠᠨ ᠪᠠᠶ᠋ᠢᠬᠣ ᠳᠤ ᠲᠠᠭᠣᠯᠠ ᠬᠡᠷ ᠡᠴᠡ ᠪᠠᠨ ᠪᠣᠯᠳᠠᠶ᠋ᠢᠭᠰᠠᠨ ᠦᠭᠡᠶ᠃
ᠬᠠᠰᠢᠶᠠᠨ ᠠᠮᠠᠰᠠᠷ ᠪᠦᠭ᠍ᠯᠠᠵᠦ ᠵᠤᠭᠰᠣᠭᠠᠭᠰᠠᠨ ᠮᠠᠰᠢᠨ ᠲᠡᠷᠬᠡᠨ ᠡᠴᠡ ᠵᠢᠷᠥᠬᠡ ᠪᠠᠶᠠᠷ ᠬᠣᠶᠠᠷ ᠬᠣᠨᠢ ᠪᠠᠭᠣᠯᠭᠠᠵᠣ ᠪᠠᠶ᠋ᠢᠬᠣ ᠵᠢ ᠪᠢ ᠴᠣᠩᠬᠣᠨ ᠰᠢᠯ ᠢᠶᠡᠷ ᠭᠠᠳᠠᠭᠰᠢ ᠬᠠᠯᠳᠣᠬᠠᠨ ᠬᠠᠷᠠᠭᠠᠳ ᠣᠬᠣᠷᠢᠭᠠᠳ ᠰᠠᠭᠣᠴᠢᠬᠠᠭᠰᠠᠨ ᠶᠣᠮ᠃ ᠪᠣᠷᠬᠠᠨ ᠡ︕ ᠶᠠᠪᠣᠳᠠᠯ ᠣᠴᠢᠷ ᠶᠠᠭᠣ ᠴᠤ ᠬᠡᠰᠡᠨ ᠮᠢᠨᠣ ᠬᠠᠷᠠᠰᠠᠬᠣ ᠳᠠᠭᠠᠨ ᠮᠠᠭᠣ ᠶᠢᠨ ᠮᠤᠬᠤᠷ ᠲᠤ ᠲᠣᠯᠭᠠᠭᠠᠳ ᠪᠣᠳᠣᠵᠣ ᠪᠠᠶ᠋ᠢᠭᠰᠠᠨ ᠰᠢᠭ ᠪᠣᠯᠣᠭᠰᠠᠨ ᠦᠬᠡᠢ᠃ ᠲᠡᠬᠥᠤ ᠮᠢᠨᠢ ᠡᠬᠡᠴᠢ ᠬᠦᠷᠬᠡᠨ ᠡᠠᠬ᠎ᠠ ᠬᠣᠶᠠᠷ ᠤᠨ ᠢᠶᠡᠨ ᠭᠠᠷ ᠲᠠᠭᠠᠨ ᠪᠠᠯᠠᠨ ᠮᠦᠩᠬᠦ (ᠢᠮᠠᠭᠠᠨ ᠨᠤᠤᠯᠤᠭᠤᠷ ᠬᠤᠳᠠᠯᠳᠤᠵᠤ ᠤᠯᠤᠭᠰᠠᠨ ᠵᠤᠭᠤᠰ ᠪᠠᠭ᠎ᠠ ᠰᠠᠭ᠎ᠠ ᠪᠤᠢ ) ᠲᠠᠮᠠᠢ ᠦᠭᠡᠶ ᠬᠡᠳᠡᠭ ᠢ ᠬᠡᠨ ᠡᠴᠡ ᠴᠤ ᠲᠣᠳᠣ ᠮᠡᠳᠡᠬᠥ ᠲᠣᠯᠠᠳᠠ ᠪᠠᠨ ᠲᠣᠷᠭᠠᠭᠣᠯᠢ ᠳᠤ ᠦᠭ᠍ᠬᠥ ᠵᠤᠭᠣᠰ ᠢ ᠬᠣᠨᠢ ᠪᠠᠷ ᠲᠥᠯᠣᠵᠦ ᠰᠠᠭᠣᠯᠭᠠᠭᠰᠠᠨ ᠨᠢ ᠶᠠᠭ ᠲᠠᠭᠠᠷᠠᠵᠠᠢ᠃ ᠬᠣᠶᠠᠷ ᠬᠣᠨᠣᠭ ᠬᠠᠠᠵᠣᠨ ᠵᠤᠣᠬᠠᠨ ᠳᠤ ᠣᠳᠣᠭ᠎ᠠ ᠦᠨᠥᠷᠲᠦᠬᠡᠳᠥᠢ᠂ ᠬᠠᠵᠠᠭᠣᠯᠠᠵᠣ ᠨᠢᠳᠣ ᠲᠠᠷᠣᠬᠣ ᠬᠡᠪᠡᠯ ᠬᠦᠢᠳᠡᠨ ᠮᠥᠯᠢᠬᠥᠨ ᠬᠠᠠᠵᠣ ᠬᠠᠪᠢᠷᠭ᠎ᠠ ᠬᠠᠭᠠᠷᠢᠵᠣ ᠬᠠᠷ᠎ᠠ ᠲᠠᠷᠣᠭᠣᠯᠣᠨ ᠲᠠᠬᠢᠨ ᠲᠠᠬᠢᠨ ᠰᠡᠷᠠᠬᠡᠬᠡᠥᠨ᠂ ᠠᠮᠢᠳᠣᠷᠠᠯ ᠬᠠᠷᠠᠩᠭ᠋ᠣᠢ ᠨᠦᠬᠡᠨ ᠳᠤ ᠣᠷᠣᠵᠣ ᠲᠠᠭᠣᠰᠴᠠᠢ ᠬᠡᠵᠦ ᠯᠠ ᠪᠣᠳᠣᠬᠣ ᠳᠤ ᠬᠦᠷᠴᠦ ᠪᠠᠶ᠋ᠢᠯ᠎ᠠ ᠰᠢᠤ᠃ ᠣᠳᠣ ᠢᠯᠠᠭ᠎ᠠ ᠰᠢᠪᠠᠷᠳᠠᠮᠠ ᠴᠠᠢ ᠴᠢᠨᠠᠵᠣ᠂ ᠬᠡᠲᠦᠬᠥᠯᠡ ᠬᠠᠯᠠᠭᠣᠨ ᠬᠠᠠᠵᠣᠨ ᠲᠡᠬᠡᠷ᠎ᠡ ᠪᠠᠨ ᠰᠠᠨᠠᠭ᠎ᠠ ᠠᠮᠠᠷ ᠵᠠᠪᠢᠯᠠᠵᠣ ᠰᠠᠭᠣᠭᠠᠳ ᠵᠤᠯᠵᠠᠭ᠎ᠠ ᠯᠣᠤ ᠣᠰᠣ ᠰᠣᠷᠣᠬᠣ ᠰᠢᠭ ᠬᠦᠯᠥᠷᠠᠳᠡᠯᠡ ᠪᠠᠨ ᠲᠠᠳᠠᠶ᠎ᠠ᠃
ᠨᠠᠮᠢ᠋ᠢ ᠴᠠᠭᠠᠨ ᠲᠠᠪᠠᠭᠠᠨ ᠡᠴᠡ ᠪᠣᠴᠠᠵᠣ ᠢᠷᠡᠬᠡᠥᠨ ᠬᠡᠷ ᠲᠡᠭᠡᠨ ᠣᠷᠣᠬᠣ ᠦᠶ᠎ᠡ ᠳᠤ ᠡᠷᠳᠠᠨᠢᠵᠠᠪ ᠡᠷᠳᠠ ᠶᠢᠨ ᠴᠠᠢ ᠪᠠᠨ ᠴᠢᠨᠠᠵᠣ ᠪᠠᠶ᠋ᠢᠵᠠᠢ᠃ ᠲᠣᠭᠣᠰᠣ ᠲᠡᠶ ᠬᠣᠪᠴᠠᠰᠣ ᠪᠠᠨ ᠲᠠᠶ᠋ᠢᠴᠢᠵᠣ ᠨᠢᠭᠣᠷ ᠭᠠᠷ ᠢᠶᠡᠨ ᠣᠬᠢᠶᠠᠵᠣ ᠡᠬᠢᠯᠡᠬᠥ ᠡᠴᠡ ᠠᠪᠣᠭᠠᠳ ᠲᠠᠷᠠ ᠪᠣᠯᠬᠣ ᠪᠠ ᠪᠣᠯᠬᠣ ᠦᠭᠡᠶ ᠵᠦᠢᠯ ᠢ ᠲᠣᠭᠣᠷᠢᠭᠣᠯᠵᠣ ᠲᠣᠭᠰᠢᠭᠣᠯᠵᠣ ᠠᠰᠠᠭᠣᠭᠠᠳ ᠨᠠᠮᠢ᠋ᠢ ᠵᠦᠬᠡᠷ ᠲᠠᠯᠪᠢᠬᠣ ᠦᠭᠡᠶ ᠬᠦᠮᠥᠨ ᠤ ᠮᠠᠶᠢᠭᠳᠠᠢ ᠵᠨᠩᠨᠠᠨᠠ᠃ 《 ᠵᠨᠪ ᠲᠣᠬᠢᠶᠠᠯ ᠲᠠᠭᠠᠷᠠᠭᠰᠠᠨ ᠲᠡᠬᠡᠷ᠎ᠡ ᠨᠢ ᠵᠢᠷᠥᠬᠡ ᠲᠡᠶ ᠴᠣᠭ ᠬᠣᠨᠣᠬᠣ ᠬᠡᠵᠦ ᠰᠣᠭᠳᠣᠭᠣ ᠪᠠᠷ ᠣᠪᠯᠠᠭᠠᠳ ᠪᠠᠰᠠ ᠰᠠᠨᠠᠭᠠᠨ ᠳ᠋ᠠᠭᠠᠨ ᠬᠦᠷᠴᠦ ᠲᠡᠢᠯᠥᠭᠰᠡᠨ ᠦᠭᠡᠶ 》 ᠬᠡᠵᠦ ᠪᠢ ᠦᠨᠡᠨ ᠢᠶᠡᠨ ᠬᠡᠯᠡᠪᠡᠯ ᠮᠠᠨ ᠤ ᠬᠦᠮᠥᠨ ᠬᠡᠢ ᠨᠢ ᠭᠠᠷᠴᠣ ᠬᠠᠮᠰᠶ᠋ᠢᠭᠠᠳ ᠲᠣᠪ ᠲᠣᠭᠣᠢ ᠪᠣᠯᠵᠠᠢ᠃
ᠴᠣᠩᠬᠤ ᠪᠠᠷ ᠲᠣᠰᠬᠣ ᠨᠠᠷᠠᠨ ᠤ ᠬᠡᠷᠡᠯ ᠲᠣᠣᠷ᠎ᠠ ᠨᠣᠵᠣᠭᠣᠷᠠᠨ ᠣᠠᠳᠠᠵᠣ ᠪᠠᠶ᠋ᠢᠬᠣ ᠳᠠᠭᠠᠨ ᠪᠢ ᠲᠠᠰᠣᠭ ᠪᠣᠰᠠᠭ ᠵᠠᠬᠥᠳᠥᠯᠠᠵᠦ ᠯᠨ ᠪᠠᠶ᠋ᠢᠭᠰᠠᠨ ᠪᠣᠯᠪᠠᠴᠣ ᠰᠡᠷᠠᠬᠥ ᠦᠶ᠎ᠡ ᠳᠤ ᠡᠶ᠋ᠢᠮᠣ ᠨᠢᠬᠡ ᠪᠦᠯᠥᠭ ᠵᠢᠷᠣᠭ ᠲᠥᠷᠰᠦ ᠯᠠ ᠪᠣᠳᠣᠯ ᠳᠤ ᠴᠡᠬᠡᠵᠢᠯᠡᠭ᠍ᠳᠡᠵᠦ ᠦᠯᠠᠳᠡᠵᠡᠢ ᠁ ᠨᠠᠮᠣᠷ ᠬᠠᠳᠥᠯᠡᠨᠭ᠌ ᠤᠨ ᠰᠢᠪᠳᠣᠷᠭᠠᠨ ᠤ ᠦᠶ᠎ᠡ ᠪᠠᠷ ᠣᠪᠣᠭᠠᠯᠠᠭᠰᠠᠨ ᠠᠯᠢᠰᠤ ᠵᠢᠯᠠᠭ᠎ᠠ ᠰᠣᠵᠠᠭ ᠤᠨ ᠬᠢᠷ᠎ᠠ ᠬᠦᠳᠥᠯ ᠲᠡᠬᠡᠬᠥᠷ ᠴᠣᠪᠣᠭᠣᠯᠵᠣ ᠪᠣᠰᠬᠠᠭᠰᠠᠨ ᠰᠢᠷᠭᠠᠯ ᠥᠩᠬᠡᠲᠦ ᠮᠠᠶ᠋ᠢᠬᠠᠨ ᠨᠣᠭᠣᠳ ᠰᠢᠭ ᠬᠠᠷᠠᠭᠳᠠᠵᠣ ᠪᠠᠶ᠋ᠢᠨ᠎ᠠ᠃ ᠵᠢᠯᠠᠭ᠎ᠠ ᠶᠢᠨ ᠭᠣᠣᠯ ᠲᠠᠭᠠᠭᠰᠠᠨ ᠵᠠᠮ ᠤᠨ ᠬᠠᠵᠠᠭᠣ ᠶ᠋ᠢᠨ ᠰᠠᠶ᠋ᠢᠷ ᠲᠡᠶ ᠬᠠᠯᠴᠠᠭᠠᠢ ᠲᠡᠬᠡᠷ᠎ᠡ ᠡᠷᠳᠠᠨᠢᠵᠠᠪ ᠪᠢᠳᠠ ᠬᠣᠶᠠᠷ ᠦᠬᠡᠳᠡ ᠦᠬᠡᠳᠡ ᠡᠴᠡ ᠪᠠᠨ ᠡᠰᠡᠷᠬᠥᠯᠡᠵᠦ ᠰᠠᠭᠣᠭᠠᠳ ᠬᠢᠷ᠎ᠠ ᠲᠡᠬᠡᠷᠡᠬᠢ ᠬᠠᠳᠥᠯᠡᠨᠭ᠌ ᠣᠣᠯ ᠳᠠᠭᠠᠨ ᠴᠣᠠᠠᠣᠮ ᠬᠡᠨ ᠬᠡᠨ ᠤ ᠬᠢ ᠪᠣᠯᠬᠣ ᠶᠢ ᠲᠣᠷᠠᠰᠣᠨ ᠶᠠᠷᠢᠵᠣ ᠪᠣᠢ ᠁ ᠵᠠᠮ ᠪᠠᠷᠠᠭᠣᠠᠰᠢ ᠪᠠᠨ ᠰᠣᠨᠣᠯᠵᠠᠭᠠᠳ ᠠᠯᠣᠰ ᠲᠡᠷᠳᠡᠬᠡ ᠬᠦᠬᠡᠷᠡᠬᠥ ᠠᠭᠣᠯᠠ ᠶᠢᠨ ᠪᠠᠯ ᠢᠶᠡᠷ ᠲᠠᠪᠠᠵᠣ ᠣᠷᠣᠭᠰᠠᠨ ᠮᠠᠶᠢᠭᠲᠠᠢ᠃ ᠵᠠᠮ ᠢ ᠬᠡᠷᠥᠵᠦ ᠪᠣᠷᠣᠭᠠᠨ ᠣᠰᠣᠨ ᠤ ᠲᠣᠨᠣᠮᠠᠯ ᠬᠠᠶᠠ ᠲᠠᠭᠠᠷᠠᠯᠳᠣᠨᠠ ᠁ ᠪᠢᠳᠠ ᠬᠣᠶᠠᠷ ᠤᠨ ᠵᠠᠮ ᠳᠤ ᠨᠣᠭᠣᠭᠠᠨ ᠠᠯᠠᠭ ᠵᠤᠪᠴᠠᠭ᠎ᠠ ᠲᠡᠶ ᠪᠣᠷᠣ ᠬᠠᠷ᠎ᠠ ᠴᠢᠷᠠᠢ ᠲᠡᠶ 《 ᠡᠨᠡᠳᠬᠡᠭ᠌ 》 ᠬᠡᠯᠡ ᠪᠠᠷ ᠶᠠᠷᠢᠳᠠᠭ ᠵᠢᠭᠠᠯ ᠦᠬᠢᠨ ᠲᠠᠭᠠᠷᠠᠯᠳᠣᠵᠠᠢ᠃
ᠰᠡᠷᠡᠭ᠍ᠰᠡᠨ ᠬᠣᠶ᠋ᠢᠨ᠎ᠠ ᠪᠠᠨ ᠪᠢ ᠡᠷᠬᠢᠬᠥᠯᠵᠦ ᠣᠷᠪᠠᠭᠣᠯᠵᠣ ᠪᠣᠳᠣᠵᠣ ᠦᠵᠡᠪᠡᠯ ᠵᠠᠬᠥᠳᠥᠨ ᠲᠣᠳᠣᠷᠠᠬᠢ ᠲᠠᠷᠠ ᠦᠬᠢᠨ ᠴᠤᠬᠤᠮ ᠶᠠᠮᠠᠷ ᠬᠡᠯᠡ ᠪᠠᠷ ᠶᠠᠷᠢᠵᠣ ᠪᠠᠶ᠋ᠢᠭᠰᠠᠨ ᠢ ᠪᠣᠤ ᠮᠠᠳᠠ᠃ ᠮᠣᠩᠭ᠋ᠣᠯ ᠬᠢᠳᠠᠳ ᠬᠣᠶᠠᠷ ᠬᠡᠯᠡ ᠴᠤ ᠪᠣᠯ ᠪᠢᠰᠢ᠃ ᠶᠠᠷᠣ ᠨᠢ ᠨᠠᠮᠢ᠋ᠢ ᠦᠬᠢᠨ ᠲᠦᠷᠦᠬᠦ ᠪᠥᠭ᠍ᠰᠡ ᠦᠭᠡᠶ ᠬᠡᠵᠦ ᠦᠬᠡᠨ ᠳᠤ ᠲᠣᠷᠠᠳᠠᠢ ᠬᠦᠮᠥᠨ ᠡᠳᠡᠬᠡᠥᠨ ᠰᠣᠨᠢᠨ ᠬᠡᠯᠡ ᠪᠠᠷ ᠦᠥᠯᠠᠵᠦ ᠰᠡᠪᠯᠡᠭ᠍ᠰᠡᠨ ᠮᠠᠭᠠᠳ ᠦᠭᠡᠶ᠃
ᠬᠣᠰᠢᠭᠣᠨ ᠤ ᠺᠠᠳ᠋ᠷ ᠬᠠᠭᠰᠠᠭᠠᠭᠰᠠᠨ ᠦᠷᠥᠮ᠎ᠡ ᠶᠢ ᠨᠢ ᠢᠳᠠᠵᠣ ᠪᠣᠯᠣᠭᠰᠠᠨ ᠶᠣᠮ ᠴᠢᠨᠢ᠂ ᠰᠣᠮᠣᠨ ᠤ ᠺᠠᠳ᠋ᠷ ᠬᠣᠰᠣᠮ ᠢ ᠨᠢ ᠲᠣᠯᠢᠶᠠᠵᠣ ᠪᠣᠯᠬᠣ ᠦᠭᠡᠶ ᠶᠣᠰᠣ ᠠᠯᠠᠭ᠎ᠠ᠃ ᠪᠡᠯᠴᠢᠬᠡᠷ ᠴᠠᠭᠳᠠᠬᠣ ᠶᠢ ᠡᠵᠠᠨ ᠮᠡᠳᠡᠬᠥ ᠡᠷᠬᠡ ᠣᠳᠣ ᠮᠢᠨᠣ ᠭᠠᠷ ᠲᠤ ᠪᠣᠢ᠃ ᠬᠣᠨᠢᠨ ᠳᠤ ᠵᠠᠬᠥᠯᠬᠡᠭ᠍ᠰᠡᠨ ᠰᠠᠳᠠᠷ ᠲᠠᠳᠣᠢ ᠬᠡᠲᠦᠬᠡᠨ ᠬᠣᠨᠣᠭ ᠤᠨ ᠬᠡᠷᠡᠭ ᠬᠡᠯᠡ ᠴᠤ ᠬᠢᠳᠠᠳ ᠦᠬᠡ ᠪᠠᠷ ᠬᠡᠯᠡᠪᠡᠯ ᠡᠷᠬᠡ ᠵᠠᠷᠬᠡ ᠬᠡᠳᠡᠭ ᠢ ᠭᠠᠷ ᠲ᠋ᠤ ᠪᠠᠶ᠋ᠢᠬᠣ ᠳ᠋ᠣᠨᠢ ᠡᠳ᠋ᠯᠠᠵᠣ ᠵᠠᠪᠳᠣᠬᠣ ᠦᠭᠡᠶ ᠪᠣᠯ ᠬᠣᠭᠣᠴᠠᠭ᠎ᠠ ᠨᠢ ᠥᠩᠬᠡᠷᠡᠭ᠍ᠰᠡᠨ ᠪᠢᠯᠧᠲ᠋ ᠰᠢᠭ᠌ ᠬᠠᠭᠣᠴᠢᠷᠠᠴᠢᠬᠠᠨᠠ᠃ ᠵᠢᠯᠣᠭᠣᠴᠢ ᠪᠢᠳᠠ ᠬᠣᠶᠠᠷ ᠵᠦᠪᠳᠡᠯᠴᠡᠬᠡᠥᠨ ᠨᠦᠬᠥᠬᠡ ᠲᠦᠷ ᠴᠠᠭ ᠤᠨ ᠠᠵᠢᠯᠴᠢᠨ ᠳᠤ ᠶᠠᠭᠣ ᠴᠤ ᠰᠣᠨᠣᠰᠬᠠᠬᠣ ᠦᠭᠡᠶ ᠪᠠᠷ ᠬᠣᠶᠠᠭᠣᠯᠠᠬᠠᠨ ᠶ᠋ᠢᠠᠨ ᠬᠡᠲᠦ ᠬᠣᠨᠣᠭ ᠪᠡᠯᠴᠢᠬᠡᠷ ᠴᠠᠭᠳᠠᠬᠣ ᠪᠠᠷ ᠲᠣᠭᠳᠠᠵᠠᠢ᠃
ᠪᠢ ᠪᠣᠯ ᠡᠨᠭ᠌ ᠤᠨ ᠴᠠᠭ ᠲᠠᠭᠠᠨ ᠮᠠᠰᠢᠨ ᠤ ᠵᠠᠯᠠᠭᠣᠷ ᠡᠷᠬᠢᠬᠥᠯᠬᠥ ᠡᠴᠡ ᠪᠠᠨ ᠦᠬᠡᠷ᠎ᠡ ᠶᠠᠪᠣᠳᠠᠯ ᠳᠤ ᠭᠠᠷ ᠲᠥᠷᠣᠬᠥ ᠲᠤᠷ᠎ᠠ ᠦᠬᠡᠢ ᠬᠦᠮᠥᠨ ᠶᠣᠮ᠃ ᠮᠣᠩᠭ᠋ᠣᠯ ᠦᠬᠡ ᠶᠢ ᠬᠡᠯᠡᠬᠥ ᠳᠡᠭᠡᠨ ᠠᠨᠠᠢ ᠪᠣᠯᠪᠠᠴᠣ ᠰᠣᠨᠣᠰᠣᠭᠰᠠᠨ ᠢᠶᠡᠨ ᠪᠣᠯ ᠶᠡᠬᠡ ᠲᠥᠯᠥᠪ ᠢ ᠨᠢ ᠲᠦᠬᠥᠬᠡᠷᠡᠳᠡᠭ᠃ ᠮᠠᠨ ᠤ ᠶᠠᠷᠣᠳᠠ ᠶᠢᠨ ᠬᠡᠯᠡᠳᠡᠭ ᠲᠡᠭ᠍ᠷᠢ ᠡᠴᠡ ᠠᠶᠣᠬᠣ ᠦᠭᠡᠶ ᠭᠠᠵᠠᠷ ᠡᠴᠡ ᠠᠶᠣᠬᠣ ᠦᠭᠡᠶ᠂ ᠦᠯᠬᠢ ᠮᠣᠩᠭ᠋ᠣᠯ ᠬᠦᠮᠥᠨ ᠬᠢᠳᠠᠳ ᠦᠬᠡ ᠬᠡᠯᠡᠬᠥ ᠡᠴᠡ ᠯᠠ ᠠᠶᠣᠨ᠎ᠠ ᠬᠡᠳᠡᠭ ᠴᠢᠨᠢ ᠶᠠᠭᠠᠬᠢᠬᠣ ᠶᠢᠨ ᠠᠷᠭ᠎ᠠ ᠦᠭᠡᠶ ᠵᠦᠪ ᠦᠬᠡ ᠪᠠᠶ᠋ᠢᠵᠣ ᠰᠢᠤ︕ ᠪᠢ ᠲᠠᠯ᠎ᠠ ᠨᠣᠳᠣᠭ ᠬᠠᠮᠢᠶᠠᠷᠬᠣ ᠲᠣᠪᠴᠢᠶᠠᠨ ᠳᠤ ᠠᠵᠢᠯ ᠰᠢᠯᠵᠢᠵᠣ ᠢᠷᠡᠭ᠍ᠰᠡᠨ ᠡᠴᠡ ᠪᠠᠨ ᠠᠪᠣᠭᠠᠳ ᠲᠣᠪᠴᠢᠶᠠᠨ ᠤ ᠪᠠᠭ᠎ᠠ ᠶᠡᠬᠡ ᠮᠠᠰᠢᠨ ᠤ ᠵᠠᠯᠠᠭᠣᠷ ᠤᠨ ᠣᠯᠠᠩᠬᠢ ᠳ᠋ᠣᠨᠢ ᠭᠠᠷ ᠬᠦᠷᠴᠦ ᠥᠩᠬᠡᠷᠡᠵᠡᠢ᠃ ᠬᠡᠪᠡᠴᠦ ᠮᠣᠩᠭ᠋ᠣᠯ ᠲᠠᠷᠣᠭ᠎ᠠ ᠶᠢᠨ ᠭᠠᠷ ᠲᠣᠣᠷ᠎ᠠ ᠠᠵᠢᠯᠯᠠᠵᠣ ᠮᠠᠯᠵᠢᠬᠤ ᠤᠷᠤᠨ (ᠦᠨᠡᠨ ᠳᠡᠭᠡᠨ ᠬᠠᠭᠠᠰ ᠮᠠᠯᠵᠢᠬᠤ ᠬᠠᠭᠠᠰ ᠳᠠᠷᠢᠶᠠᠯᠠᠬᠤ ᠤᠷᠤᠨ ᠭᠡᠪᠡᠯ ᠵᠤᠬᠢᠨ᠎ᠠ) ᠢᠶᠡᠷ ᠬᠡᠳᠥᠨ ᠰᠠᠷ᠎ᠠ ᠡᠷᠬᠢᠴᠡᠬᠥ ᠠᠯᠪᠠᠨ ᠳᠤ ᠰᠠᠶᠢ ᠲᠣᠬᠢᠶᠠᠯᠳᠣᠵᠠᠢ᠃ ᠡᠨᠠ ᠬᠡᠳᠥᠨ ᠰᠠᠷ᠎ᠠ ᠶᠢᠨ ᠬᠣᠭᠣᠴᠠᠭᠠᠨ ᠳᠤ ᠶᠣᠰᠣᠳᠠᠢ ᠨᠢᠳᠣ ᠨᠡᠬᠡᠬᠡᠪᠡ᠃ ᠮᠢᠨᠣ ᠦᠵᠡᠬᠥ ᠪᠠᠷ ᠮᠣᠩᠭ᠋ᠣᠯ ᠬᠦᠮᠥᠨ ᠨᠢ ᠮᠣᠩᠭ᠋ᠣᠯ ᠬᠦᠮᠥᠨ ᠳᠡᠭᠡᠨ ᠪᠢᠳᠠᠨ ᠤ ᠲᠠᠭᠠᠮᠠᠭᠯᠠᠳᠠᠭ ᠰᠢᠭ ᠲᠠᠶ᠋ᠢᠮᠣ ᠡᠯᠢᠬᠡᠰᠡᠭ ᠪᠢᠰᠢ ᠶᠣᠮ ᠪᠠᠶ᠋ᠢᠨ᠎ᠠ᠃
ᠦᠵᠡ ᠳ᠋ᠠ᠂ ᠡᠨᠠ ᠨᠢᠬᠡ ᠮᠠᠭᠣ ᠰᠣᠮᠣᠨ ᠤ ᠠᠵᠢᠯᠳᠠᠨ ᠬᠦᠷᠳᠡᠯ᠎ᠡ ᠨᠠᠳᠠ ᠳᠤ ᠣᠬᠠᠭᠠᠨ ᠵᠢᠭᠠᠵᠣ ᠪᠠᠶ᠋ᠢᠬᠣ ᠶᠢ᠃ ᠡᠨᠠ ᠬᠡᠲᠦ ᠬᠣᠨᠣᠭ ᠲᠤ ᠬᠣᠶᠠᠭᠣᠯᠠ ᠠᠶ᠋ᠢᠯ ᠭᠠᠴᠠᠭ᠎ᠠ ᠴᠠᠭᠳᠠᠵᠣ᠂ ᠬᠡᠳᠥᠢ ᠬᠣᠠᠵᠢᠶᠠ ᠣᠯᠪᠠᠯ ᠲᠠᠳᠣᠢ ᠪᠠᠨ ᠲᠡᠭ᠍ᠰᠢ ᠪᠠᠷ ᠬᠣᠪᠢᠶᠠᠯᠴᠠᠶᠠ ᠬᠡᠨ᠎ᠡ᠃ ᠪᠢ ᠲᠡᠬᠥᠨ ᠤ ᠡᠨᠠ ᠢᠯᠠᠨ ᠲᠠᠯᠠᠨ ᠦᠭᠡᠶ ᠦᠬᠡ ᠡᠴᠡ ᠬᠡᠷᠰᠠᠥᠯᠠᠵᠦ ᠰᠢᠷᠬᠡᠶ᠋ᠢᠬᠡᠥᠨ ᠦᠬᠡᠳᠡ ᠡᠴᠡ ᠨᠢ ᠣᠪᠣᠷ ᠢᠶᠡᠨ ᠲᠣᠣᠷ᠎ᠠ ᠨᠢ ᠲᠣᠳᠣᠷᠬᠠᠢ ᠢᠯᠡᠳᠬᠡᠭ᠍ᠰᠡᠨ ᠦᠭᠡᠶ᠃ ᠶᠠᠭᠣ ᠴᠤ ᠬᠡᠰᠡᠨ ᠲᠡᠬᠥᠨ ᠤ ᠶᠠᠮᠠᠷ ᠬᠡᠷᠡᠭ ᠬᠢᠬᠥ ᠶᠢ ᠨᠢ ᠦᠵᠡᠵᠦ ᠪᠠᠶ᠋ᠢᠭᠠᠳ ᠪᠣᠯᠣᠶ᠎ᠠ᠃ ᠬᠡᠷᠪᠡ ᠭᠠᠷ ᠲᠠᠭᠠᠨ ᠬᠣᠯᠪᠣᠭᠠᠰᠣᠳᠠᠢ ᠭᠠᠩ 《 ᠪᠠᠭᠣᠤ 》 ᠵᠠᠬᠥᠴᠢᠬᠡᠬᠥ ᠬᠡᠷᠡᠭ ᠶᠣᠮ ᠪᠣᠯ ᠠᠭᠣᠯᠠ ᠶᠢᠨ ᠴᠢᠨᠡᠬᠡ ᠠᠯᠳᠠ ᠣᠯᠪᠠᠴᠣ ᠵᠠᠷᠣᠬᠣ ᠭᠠᠵᠠᠷ ᠦᠬᠡᠢ ᠪᠣᠯᠣᠨ᠎ᠠ᠃ ᠨᠠᠮᠢ᠋ᠢ ᠴᠠᠭᠠᠨ ᠪᠣᠳᠠᠭᠠᠨ ᠤ ᠰᠠᠪᠠ ᠲᠠᠳᠣᠢ ᠪᠠᠷ ᠪᠣᠳᠣᠵᠣ ᠪᠠᠶ᠋ᠢᠪᠠᠯ ᠲᠠᠷᠠ ᠶᠣᠰᠣᠳᠠᠢ ᠠᠨᠳᠠᠭᠣᠷᠠᠵᠠᠢ ᠁
ᠡᠷᠳᠠᠨᠢᠵᠠᠪ ᠮᠣᠷᠢ ᠣᠨᠣᠵᠣ ᠮᠠᠩᠬᠢᠰᠣᠨ ᠳᠤ ᠲᠠᠯᠪᠢᠭᠰᠠᠨ ᠬᠠᠪᠬ᠎ᠠ ᠪᠠᠨ ᠡᠷᠬᠢᠬᠥ ᠴᠤ ᠦᠬᠡᠷ᠎ᠡ ᠦᠭᠡᠶ᠂ ᠬᠡᠬᠡᠷ᠎ᠡ ᠬᠣᠨᠣᠭᠣᠯᠣᠭᠰᠠᠨ ᠦᠬᠡᠷ ᠤᠳ ᠢᠶᠡᠨ ᠯᠠᠪᠯᠠᠬᠣ ᠪᠠᠷ ᠬᠣᠰᠣᠳᠣ ᠭᠣᠵᠦᠡᠭ ᠤᠨ ᠪᠠᠷᠠᠭᠣᠨ ᠰᠣᠭᠣ ᠶᠢᠨ ᠴᠠᠷᠠᠰᠣᠨ ᠲᠣᠮᠳᠠ ᠰᠢᠷᠭᠣᠵᠠᠢ᠃ ᠣᠷᠭᠣᠭ᠎ᠠ ᠴᠠᠷᠠᠰᠣᠨ ᠪᠣᠳᠠ ᠶᠢ ᠴᠠᠪᠴᠢᠬᠤ ᠬᠦᠮᠥᠨ ᠦᠭᠡᠶ ᠪᠣᠯᠣᠭᠰᠠᠨ ᠬᠡᠲᠦᠬᠡᠨ ᠵᠢᠯ ᠤᠨ ᠴᠢᠯᠦᠬᠡᠨ ᠳᠤ ᠡᠪᠣᠯᠵᠢᠶ᠎ᠠ ᠣᠷᠣᠭᠣ ᠰᠢᠳᠠᠭᠠᠯᠭ᠎ᠠ ᠶᠢᠨ ᠨᠣᠶ᠋ᠢᠳᠠᠨ ᠴᠠᠷᠠᠰᠣ ᠵᠦᠬᠡᠬᠡᠪᠥᠷᠢᠯᠡᠳᠡᠭ ᠪᠠᠶ᠋ᠢᠭᠰᠠᠨ ᠲᠡᠷᠬᠡᠨ ᠵᠠᠮ ᠢ᠂ ᠠᠭᠣᠯᠠ ᠶᠢᠨ ᠬᠣᠷᠮᠣᠢ ᠪᠠᠯ ᠤᠨ ᠠᠭᠵᠠᠭ ᠪᠣᠭᠵᠠᠭ ᠴᠠᠷᠠᠰᠣᠨ ᠪᠣᠳᠠ ᠬᠠᠰᠢᠭᠠᠳ ᠪᠠᠯᠠᠯᠴᠢᠬᠠᠪᠠ᠃ ᠮᠠᠩᠬᠢᠰᠣ ᠶᠢᠨ ᠮᠦᠷ ᠢᠯᠡᠷᠠᠬᠥᠯᠥᠭᠰᠡᠨ ᠨᠢᠭᠣᠴᠠ ᠭᠠᠵᠠᠷ ᠢᠶᠡᠨ ᠬᠦᠷᠪᠡᠯ ᠬᠠᠪᠬ᠎ᠠ ᠨᠢ ᠪᠣᠰᠣᠭᠰᠠᠨ ᠦᠭᠡᠶ᠃ ᠦᠬᠡᠷ ᠤᠳ ᠨᠢ ᠲᠣᠭ᠎ᠠ ᠲᠣᠯᠣᠭᠠᠢ ᠪᠦᠷᠢᠨ ᠢᠶᠡᠷ ᠢᠶᠡᠨ ᠴᠠᠷᠠᠰᠣᠨ ᠰᠢᠭᠣᠢ ᠶᠢᠨ ᠲᠣᠮᠳᠠᠬᠢ ᠠᠭᠯᠠᠭ ᠲᠤ ᠪᠠᠶ᠋ᠢᠭ᠎ᠠ ᠲᠣᠯᠠ ᠲᠠᠷᠠ ᠮᠣᠷᠢ ᠡᠴᠠ ᠪᠠᠨ ᠪᠠᠭᠣᠵᠣ ᠲᠠᠪᠠᠷᠢ ᠬᠠᠭᠣᠷᠠᠢ ᠲᠥᠯᠡᠰᠢ ᠲᠡᠬᠥᠬᠡᠥᠨ ᠪᠣᠭᠣᠵᠢᠯᠠᠵᠣ ᠡᠬᠥᠷᠴᠡᠢ᠃
ᠲᠠᠷᠠ ᠦᠪᠡᠷ ᠢ ᠪᠠᠨ ᠡᠮ᠎ᠠ ᠬᠦᠮᠥᠨ ᠤ ᠲᠣᠬᠠᠢ ᠳᠤ ᠠᠭᠣᠵᠢᠭᠣ ᠪᠣᠳᠣᠯ ᠡᠪᠥᠷᠯᠡᠬᠥ ᠬᠡᠵᠦ ᠱᠠᠭᠠᠷᠳᠠᠬᠣ ᠲᠣᠰᠣᠮ ᠳᠤ ᠣᠯᠠᠮ ᠶ᠋ᠢᠠᠷ ᠰᠢᠨᠠᠯᠵᠣ ᠵᠤᠪᠠᠬᠣ ᠰᠢᠭ ᠪᠣᠯᠣᠨ᠎ᠠ᠃ ᠬᠡᠷᠡᠯ ᠢ ᠲᠤᠷ᠎ᠠ ᠪᠠᠷ ᠨᠢ ᠲᠠᠯᠪᠢᠴᠢᠬᠠᠨ᠎ᠠ ᠬᠡᠳᠡᠭ ᠦᠬᠡ᠂ ᠲᠡᠬᠥᠨ ᠤ ᠪᠣᠳᠣᠯ ᠳᠤ ᠣᠯᠣᠰ ᠲᠥᠷᠤ ᠶ᠋ᠢᠨ ᠣᠷᠢᠶ᠎ᠠ ᠰᠢᠭ ᠬᠡᠶ᠋ᠢᠰᠪᠥᠷᠢ ᠵᠦᠢᠯ ᠪᠣᠯᠵᠣ᠂ ᠪᠣᠳᠣᠯ ᠤᠨ ᠬᠢᠨᠢ ᠡᠴᠢᠨ᠎ᠠ ᠡᠴᠡ ᠱᠠᠯ ᠵᠦᠷᠢᠭᠰᠡᠨ ᠪᠠᠶ᠋ᠢᠯ᠎ᠠ᠃ ᠬᠡᠷᠡᠯ ᠴᠠᠭᠠᠨ ᠲᠠᠪᠠᠭ᠎ᠠ ᠪᠠᠯᠭᠠᠰᠣᠨ ᠳᠤ ᠣᠴᠢᠭᠰᠠᠨ ᠥᠩᠬᠡᠷᠡᠯᠳᠡ ᠬᠡᠳᠡᠭ ᠤᠨ ᠢᠶᠡᠨ ᠵᠠᠷᠢᠮ ᠬᠡᠰᠡᠭ ᠢ ᠲᠡᠬᠥᠨ ᠳᠤ ᠭᠠᠶ᠋ᠢᠬᠠᠭᠣᠯᠵᠣ ᠮᠠᠵᠣᠣᠯᠠᠬᠣ ᠰᠢᠭ ᠬᠡᠯᠡᠵᠡᠢ᠃ ᠡᠨᠠ ᠨᠢ ᠲᠡᠬᠥᠨ ᠤ ᠪᠣᠳᠣᠭᠰᠠᠨ ᠡᠴᠡ ᠴᠤ ᠬᠣᠯᠠ ᠬᠡᠳᠥᠷᠠᠬᠡᠥᠨ ᠡᠷ᠎ᠠ ᠡᠮ᠎ᠠ ᠬᠣᠶᠠᠷ ᠬᠣᠭᠣᠷᠣᠠᠳᠣ ᠪᠠᠨ ᠬᠠᠳᠠᠭᠠᠯᠠᠪᠠᠯ ᠵᠤᠬᠢᠬᠣ ᠨᠢᠭᠣᠷ ᠤᠨ ᠪᠠᠭ ᠢ ᠬᠦᠷᠳᠡᠯ᠎ᠡ ᠬᠠᠤ ᠲᠠᠳᠠᠬᠣ ᠳᠤ ᠬᠦᠷᠴᠡᠢ᠃
ᠬᠡᠷ ᠤᠨ ᠢᠶᠡᠨ ᠠᠷᠤ ᠳᠤ ᠢᠷᠡᠬᠡᠥᠨ ᠡᠷᠳᠠᠨᠢᠵᠠᠪ ᠮᠣᠷᠢ ᠪᠠᠨ ᠭᠣᠣᠯ ᠤᠨ ᠲᠣᠬᠣᠢ ᠳᠤ ᠡᠮᠠᠬᠡᠯ ᠲᠡᠶ ᠴᠢᠳᠣᠷᠯᠠᠵᠣ ᠲᠠᠯᠪᠢᠪᠠ᠃ ᠪᠣᠭᠣᠵᠢ ᠲᠥᠯᠡᠰᠢ ᠪᠠᠨ ᠨᠢᠷᠣᠭᠣᠨ ᠡᠴᠡ ᠪᠠᠨ ᠪᠠᠭᠣᠯᠭᠠᠨ ᠰᠣᠭᠣᠪᠴᠢᠯᠠᠵᠣ ᠬᠡᠲᠦ ᠠᠯᠬᠣᠭᠠᠳ ᠶᠠᠭᠣ ᠨᠢᠬᠡ ᠳᠤ ᠣᠴᠠᠭᠠᠷ ᠬᠢᠯᠢᠡᠭ ᠲᠦᠷᠦᠬᠦ ᠰᠢᠭ᠌ ᠲᠣᠯᠠ ᠲᠥᠯᠡᠰᠢ ᠪᠠᠨ ᠶᠠᠪᠣᠭᠠᠨ ᠳᠠᠭᠠᠨ ᠵᠠᠮ ᠤᠨ ᠬᠠᠵᠠᠭᠣ ᠳᠤ ᠣᠷᠬᠢᠵᠠᠢ᠃ ᠬᠡᠷ ᠲᠡᠭᠡᠨ ᠣᠷᠣᠬᠣ ᠳᠤ ᠬᠡᠷᠡᠯ ᠬᠠᠷᠠᠬᠠᠨ ᠰᠡᠷᠠᠬᠡ ᠦᠭᠡᠶ᠂ ᠬᠡᠬᠡᠪᠴᠢ ᠪᠠᠷ ᠲᠣᠰᠬᠣ ᠨᠠᠷᠠᠨ ᠤ ᠬᠡᠷᠡᠯ ᠡᠴᠡ ᠰᠠᠶᠢᠬᠠᠨ ᠰᠢᠯᠵᠢᠭ᠍ᠰᠡᠨ ᠪᠠᠶ᠋ᠢᠳᠠᠯ ᠲᠡᠶ ᠬᠦᠯ ᠭᠠᠷ ᠢᠶᠡᠨ ᠬᠠᠠᠵᠣᠨ ᠴᠢᠨᠡᠬᠡ ᠪᠠᠷ ᠠᠷᠪᠠᠶ᠋ᠢᠯᠭᠠᠭᠠᠳ ᠮᠠᠩᠰᠢᠭᠣᠷᠠᠨ ᠣᠠᠳᠠᠵᠣ ᠪᠠᠶ᠋ᠢᠵᠠᠢ᠃ ᠲᠠᠷᠠ ᠱᠠᠬᠠᠢ ᠲᠠᠶ᠋ᠢᠯᠣᠭᠰᠠᠨ ᠦᠭᠡᠶ ᠪᠠᠷ ᠰᠢᠭᠣᠳ ᠬᠠᠠᠵᠣᠨ ᠲᠡᠬᠡᠷ᠎ᠡ ᠪᠠᠨ ᠦᠰᠥᠷᠴᠦ ᠭᠠᠷᠣᠭᠠᠳ ᠡᠬᠡᠨᠡᠷ ᠤᠨ ᠢᠶᠡᠨ ᠬᠠᠵᠠᠭᠣ ᠳᠤ ᠰᠦᠬᠥᠷᠡᠵᠦ ᠦᠮᠣᠲᠦ ᠶᠢ ᠨᠢ ᠰᠢᠪᠳᠣᠯᠵᠣ ᠭᠠᠷᠴᠠᠢ᠃ ᠬᠡᠷᠡᠯ ᠰᠡᠷᠠᠬᠡᠥᠨ ᠨᠢᠳᠣ ᠪᠠᠨ ᠵᠠᠪᠰᠠᠷᠯᠠᠬᠣ ᠰᠢᠭ ᠪᠣᠯᠣᠭᠰᠠᠨ ᠢᠶᠡᠨ ᠭᠠᠷ ᠢ ᠨᠢ ᠪᠠᠶ᠎ᠠ ᠲᠡᠬᠡᠷ᠎ᠡ ᠡᠴᠡ ᠪᠠᠨ ᠰᠠᠵᠢᠨ ᠵᠠᠶ᠋ᠢᠯᠠᠭᠣᠯᠵᠣ ᠪᠣᠰᠣᠭᠠᠳ ᠰᠠᠭᠣᠴᠢᠬᠠᠪᠠ᠃
《 ᠪᠠᠰᠠ ᠶᠠᠭᠠᠬᠢᠬᠣ ᠰᠠᠨᠠᠭ᠎ᠠ ᠲᠡᠶ ᠶᠣᠮ 》 ᠬᠡᠵᠦ ᠬᠡᠷᠡᠯ ᠠᠭᠰᠣᠷᠪᠠ᠃
《 ᠴᠢᠮᠢ᠋ᠢ ᠰᠠᠨᠠᠶ᠎ᠠ 》 ᠬᠡᠵᠦ ᠡᠷᠳᠠᠨᠢᠵᠠᠪ ᠬᠡᠯᠡᠪᠡ᠃
《 ᠰᠠᠨᠠᠨ᠎ᠠ ᠬᠡᠪᠡᠯ ᠰᠠᠨᠠᠭᠠᠳ᠂ ᠰᠠᠨᠠᠬᠣ ᠦᠭᠡᠶ ᠬᠡᠪᠡᠯ ᠲᠥᠯᠬᠢᠬᠡᠥᠨ ᠁ ᠴᠢ ᠬᠡᠳᠥᠢ ᠰᠠᠮᠠᠭᠣᠷᠠᠴᠢᠬᠠᠭᠰᠠᠨ ᠪᠣᠢ 》 ᠬᠡᠵᠦ ᠬᠡᠷᠡᠯ ᠬᠡᠯᠡᠪᠡ᠃
《 ᠬᠡᠪᠳᠡ ᠡ᠂ ᠬᠡᠪᠳᠡ᠃ ᠰᠠᠨᠠᠶ᠎ᠠ ᠳ᠋ᠠ 》 ᠬᠡᠵᠦ ᠡᠷᠳᠠᠨᠢᠵᠠᠪ ᠬᠡᠯᠡᠪᠡ᠃
《 ᠶᠠᠭᠠᠬᠢᠵᠣ ᠦᠪᠡᠷ ᠤᠨ ᠲᠡᠬᠥᠤ ᠨᠡᠷ ᠬᠡᠵᠦ ᠬᠡᠯᠡᠳᠡᠭ ᠪᠣᠯᠪᠠᠴᠣ ᠠᠮᠢᠳᠣᠷᠠᠯ ᠣᠠᠳᠣᠷᠣᠯᠭᠠ ᠠᠰᠳᠠᠭᠠᠨ ᠣᠯᠣᠰ ᠢ ᠬᠡᠲᠦ ᠬᠣᠨᠣᠭ ᠢᠶᠡᠷ ᠵᠤᠪᠠᠭᠠᠴᠢᠬᠠᠭᠰᠠᠨ ᠶᠣᠮ ᠴᠢᠨᠢ ᠬᠠᠷᠢᠨ ᠲᠠᠯ᠎ᠠ ᠶᠢ ᠨᠢ ᠬᠦᠢᠴᠡᠬᠡᠬᠥ ᠦᠭᠡᠶ ᠪᠠᠷ ᠯᠠ ᠪᠣᠯᠬᠣ ᠦᠭᠡᠶ᠃ 》
《 ᠴᠢ ᠮᠠᠨᠠᠷᠠᠯᠠ ᠡᠶ᠋ᠢᠯᠠ ᠬᠡᠵᠦ ᠮᠢᠨᠣ ᠶᠠᠪᠣᠬᠣ ᠵᠠᠮ ᠳᠤ ᠰᠡᠵᠢᠬᠥᠷ ᠰᠠᠯᠠᠭ᠎ᠠ ᠭᠠᠷᠭᠠᠭᠰᠠᠨ ᠦᠭᠡᠶ ᠪᠣᠯ ᠪᠢ ᠦᠪᠡᠷ ᠲᠡᠭᠡᠨ ᠴᠠᠭᠠᠨ ᠲᠠᠪᠠᠭᠠᠨ ᠳᠤ ᠣᠴᠢᠭᠰᠠᠨ ᠴᠤ ᠡᠨᠠ ᠶᠠᠪᠣᠳᠠᠯ ᠢ ᠨᠢᠬᠡ ᠯᠠ ᠠᠳᠠᠯᠢ ᠪᠦᠲᠦᠬᠡᠴᠢᠬᠡᠨᠡ᠃》
《 ᠴᠢᠨᠣ ᠰᠢᠨᠵᠢ ᠦᠦ ᠁》
《 ᠮᠢᠨᠣ ᠰᠢᠨᠵᠢ ᠶᠠᠭᠠᠬᠢᠪᠠ︖ ᠰᠢᠨᠵᠢ ᠨᠢ ᠮᠠᠭᠣ ᠨᠣᠬᠠᠢ ᠴᠢᠨ᠋ᠸ᠎ᠠ ᠪᠠᠷᠢᠨ᠎ᠠ ᠬᠡᠳᠡᠭ ᠰᠢᠤ᠃ ᠰᠠᠩᠵᠠᠢ ᠡᠪᠥᠬᠡᠨ ᠴᠠᠭᠠᠨ ᠲᠠᠪᠠᠭᠠᠨ ᠳᠤ ᠮᠠᠠᠳᠣ ᠰᠠᠭᠣᠵᠣ ᠪᠠᠶ᠋ᠢᠭᠰᠠᠨ ᠴᠠᠭ ᠲᠤ ᠲᠠᠠᠳᠠ ᠣᠴᠢᠭᠠᠳ ᠮᠢᠨᠣ ᠪᠦᠲᠦᠬᠡᠵᠦ ᠲᠡᠢᠯᠬᠥ ᠦᠭᠡᠶ ᠣᠴᠢᠷ ᠠᠯᠠᠭ᠎ᠠ᠃》
《 ᠲ᠋ᠠᠶ᠋ᠢᠮᠣ ᠪᠣᠯ ᠴᠢ ᠬᠦᠮᠥᠨ ᠤ ᠲᠠᠯ᠎ᠠ ᠶᠢ ᠬᠦᠢᠴᠡᠬᠡᠬᠥ ᠦᠭᠡᠶ ᠰᠠᠨᠠᠭ᠎ᠠ ᠲᠡᠶ ᠰᠢᠳᠠ︕》
《 ᠪᠢ ᠲᠡᠬᠡᠵᠦ ᠬᠡᠯᠡᠪᠡ ᠦᠦ︖》
《 ᠮᠡᠷᠬᠡᠯᠡᠨᠡ ᠬᠡᠥᠨ ᠮᠦᠬᠡᠷ ᠤᠨ ᠨᠦᠬᠡ ᠶᠢ ᠲᠥᠷᠪᠡ ᠴᠣᠭᠣᠯᠳᠠᠭ᠃ ᠬᠠᠮᠣᠭ ᠬᠡᠷᠡᠭ ᠪᠦᠷ ᠴᠢᠮ᠎ᠠ ᠡᠴᠡ ᠡᠬᠥᠰᠴᠡᠢ᠃ ᠦᠬᠥᠭ᠍ᠰᠡᠨ ᠳᠡᠬᠡᠨ ᠯᠠᠷᠵᠢᠶᠠᠯᠠᠵᠣ ᠬᠦᠮᠥᠨ ᠤ ᠪᠡᠯᠡᠭ ᠤᠨ ᠵᠤᠭᠣᠰ ᠡᠴᠡ ᠥ ᠰᠠᠪ ᠡᠷᠢᠭ᠍ᠰᠡᠨ ᠦᠭᠡᠶ ᠪᠣᠯ ᠲᠠᠳᠠ ᠬᠣᠷᠣ ᠪᠣᠳᠣᠵᠣ ᠰᠦᠨᠢ ᠣᠷᠣᠢ ᠪᠠᠷ ᠪᠡᠯᠴᠢᠬᠡᠷ ᠴᠠᠭᠳᠠᠬᠣ ᠦᠦ ᠁》
《 ᠬᠡᠨ ᠨᠢ ᠡᠶ᠋ᠢᠮᠣ ᠬᠣᠷᠳᠣᠨ ᠴᠢᠨᠣ ᠴᠢᠬᠢᠨ ᠳᠤ ᠬᠣᠪ ᠱᠣᠪ ᠵᠦᠬᠡᠬᠡᠬᠡᠥᠨ ᠵᠠᠪᠳᠣᠴᠢᠬᠠᠪᠠ︖ ᠡᠷᠳᠠᠨᠢᠵᠠᠪ ᠦᠦ︖》
ᠪᠠᠶᠠᠷ ᠬᠣᠨᠢ ᠠᠯᠠᠵᠣ ᠪᠢᠳᠠ ᠪᠦᠬᠥᠳᠡ ᠶᠢ ᠲᠠᠶ᠋ᠢᠯᠠᠬᠣ ᠶᠣᠮ ᠬᠡᠨ᠎ᠡ᠃ ᠲᠡᠬᠥᠨ ᠤ ᠬᠣᠳᠠ ᠲᠡᠶ ᠬᠣᠨᠢᠨ ᠲᠣᠮᠳᠠ ᠪᠦᠲᠦᠬᠥᠨ ᠡᠷ᠎ᠠ ᠲᠠᠣᠯᠠᠢ ᠶᠢᠨ ᠴᠢᠨᠡᠬᠡ ᠮᠢᠬ᠎ᠠ ᠭᠠᠷᠳᠠᠭ ᠶᠠᠭᠣᠮ᠎ᠠ ᠪᠠᠶ᠋ᠢᠬᠣ ᠯᠠ ᠳ᠋ᠠ᠃ ᠬᠣᠷᠢᠨ ᠵᠢᠯ ᠰᠠᠭᠠᠬᠠᠯᠳᠠ ᠰᠠᠭᠣᠭᠠᠳ ᠪᠠᠶᠠᠷ ᠲᠠᠭᠣᠯᠠ ᠬᠣᠶᠠᠷ ᠤᠨ ᠵᠤᠴᠢᠨ ᠲᠠᠶ᠋ᠢᠯᠠᠬᠣ ᠴᠢᠮᠡᠬᠡ ᠶᠢ ᠰᠠᠶᠢ ᠣᠯᠵᠣ ᠰᠣᠨᠣᠰᠣᠯ᠎ᠠ᠃ ᠬᠡᠲᠦ ᠬᠣᠨᠣᠭ ᠤᠨ ᠣᠷᠢᠳᠠᠢ ᠬᠣᠰᠣᠳᠣ ᠭᠣᠵᠦᠡᠭ ᠤᠨ ᠪᠠᠷᠠᠭᠣᠨ ᠰᠣᠭᠣ ᠶᠢᠨ ᠴᠠᠷᠠᠰᠣᠨ ᠲᠣᠮᠳᠠ ᠡᠴᠡ ᠣᠯᠣᠭᠰᠠᠨ ( ᠲᠠᠷᠠ ᠮᠠᠩᠬᠢᠰᠣ ᠶᠢ ᠪᠢ ᠵᠤᠷᠢᠯᠭ᠎ᠠ ᠲᠡᠶ ᠠᠯᠠᠭᠰᠠᠨ ᠪᠢᠰᠢ ᠰᠢᠤ᠂ ᠭᠣᠶᠠᠨ ᠳᠠᠭᠠᠨ ᠰᠢᠷᠬ᠎ᠠ ᠲᠡᠶ ᠪᠠᠷ ᠬᠣᠰᠣᠳᠣ ᠭᠣᠵᠦᠡᠭ ᠤᠨ ᠪᠠᠷᠠᠭᠣᠨ ᠰᠣᠭᠣ ᠶᠢᠨ ᠴᠠᠷᠠᠰᠣᠨ ᠲᠣᠮᠳᠠ ᠬᠡᠪᠳᠡᠵᠦ ᠪᠠᠶ᠋ᠢᠵᠠᠢ᠃ ᠮᠢᠨᠣ ᠦᠬᠡ ᠶᠢ ᠢᠳᠡᠬᠡᠬᠥ ᠦᠭᠡᠶ ᠬᠦᠮᠥᠨ ᠪᠠᠶ᠋ᠢᠪᠠᠯ ᠪᠢ ᠦᠪᠴᠢᠵᠦ ᠠᠪᠣᠭᠰᠠᠨ ᠠᠷᠠᠰᠣ ᠪᠠᠷ ᠨᠢ ᠬᠡᠷᠡᠴᠢᠯᠡᠵᠦ ᠪᠣᠯᠣᠨ᠎ᠠ ) ᠮᠠᠩᠬᠢᠰᠣ ᠶᠢᠨ ᠮᠢᠬ᠎ᠠ ᠪᠠᠨ ᠦᠴᠥᠬᠡᠳᠥᠷ ᠰᠠᠶᠢ ᠢᠳᠠᠵᠣ ᠪᠠᠷᠠᠭᠠᠭᠠᠳ ᠬᠣᠨᠢᠨ ᠱᠥᠯᠤ ᠰᠠᠨᠠᠵᠣ ᠪᠠᠶ᠋ᠢᠭᠰᠠᠨ᠃ ᠬᠠᠪᠣᠷ ᠡᠷᠳᠠ ᠪᠠᠷ ᠣᠰᠣᠨ ᠲᠣᠭᠣᠯ ᠬᠡᠲᠦ ᠶᠢ ᠰᠦᠢᠳᠬᠡᠬᠡᠥᠨ ᠵᠢᠯ ᠤᠨ ᠭᠠᠷᠣᠵᠠ ᠪᠠᠨ ᠬᠡᠷᠡᠯ ᠪᠢᠳᠠ ᠬᠣᠶᠠᠷ ᠲᠥᠯᠣᠴᠢᠬᠡᠭ᠍ᠰᠡᠨ ᠶᠣᠮ᠃ ᠵᠤᠨ ᠣᠷᠣᠭᠣᠯᠬᠣ ᠰᠢᠬᠠᠭᠠᠳ ᠪᠠᠶᠠᠷ ᠲᠠᠭᠣᠯᠠ ᠬᠣᠶᠠᠷ ᠤᠨ ᠬᠣᠨᠢᠳ ᠡᠴᠡ ᠭᠠᠷᠣᠵᠠ ᠭᠠᠷᠣᠯ᠎ᠠ ᠪᠠ᠃ ᠣᠳᠣ ᠵᠢᠷᠥᠬᠡ ᠬᠣᠩᠭ᠋ᠣᠷ ᠬᠣᠶᠠᠷ ᠤᠨ ᠡᠬᠡᠯᠵᠢ ᠪᠣᠯᠵᠣ ᠪᠠᠶ᠋ᠢᠨ᠎ᠠ᠂ ᠪᠣᠳᠣᠪᠠᠯ ᠪᠠᠷᠣᠭ ᠲᠠᠳᠠᠨ ᠤ ᠢᠮᠠᠭᠠᠳ ᠡᠴᠡ ᠨᠢ ᠭᠠᠷᠣᠵᠠ ᠭᠠᠷᠬᠣ ᠪᠣᠢ᠃ ᠲᠠᠳᠠ ᠢᠮᠠᠭ᠎ᠠ ᠪᠠᠷ ᠵᠤᠵᠠᠭᠠᠨ ᠠᠶ᠋ᠢᠯ ᠶᠣᠮ ᠴᠢᠨᠢ ᠁
ᠶᠠᠰᠣ ᠪᠠᠶ᠋ᠢᠪᠠᠯ ᠮᠢᠬ᠎ᠠ ᠣᠷᠭᠣᠳᠠᠭ ᠶᠣᠰᠣᠳᠠᠢ᠃ ᠡᠨᠠ ᠵᠢᠯ ᠬᠣᠨᠢᠳ ᠡᠴᠡ ᠪᠠᠨ ᠲᠦᠯ ᠣᠯᠣᠭᠰᠠᠨ ᠦᠭᠡᠶ ᠬᠡᠥᠨ ᠪᠣᠳᠣᠴᠢᠠᠠᠠᠶᠠ᠃ ᠬᠠᠪᠣᠷ ᠡᠷᠳᠠ ᠪᠠᠷ ᠬᠡᠷᠡᠯ ᠤᠨ ᠦᠬᠡᠷ ᠤᠳ ᠴᠠᠷᠠᠰᠣᠨ ᠨᠠᠮᠠᠭ᠎ᠠ ᠢᠳᠡᠬᠡᠥᠨ ᠶᠢᠰᠣᠨ ᠦᠨᠢᠶ᠎ᠡ ᠬᠡᠬᠡᠯ ᠬᠠᠶᠠᠭᠰᠠᠨ ᠢ ᠪᠣᠳᠣᠪᠠᠯ ᠮᠢᠨᠣ ᠡᠨᠠ ᠣᠳᠠᠭᠠᠨ ᠤ ᠲᠣᠷᠭᠠᠭᠣᠯᠢ ᠶᠠᠯᠠᠯᠠᠭᠠ ᠳᠤ ᠣᠨᠣᠭᠳᠠᠭᠰᠠᠨ ᠪᠠᠰᠠ ᠲᠠᠶ᠋ᠢᠮᠣ ᠯᠠ ᠲᠠᠰᠴᠣ ᠶᠠᠳᠠᠮᠠᠷ᠂ ᠬᠦᠮᠥᠨ ᠬᠦᠯᠢᠶᠡᠵᠦ ᠲᠡᠢᠯᠬᠥ ᠦᠬᠡᠢ ᠣᠴᠢᠷ ᠪᠢᠰᠢ᠃ ᠬᠡᠷᠡᠯ ᠪᠢᠳᠠ ᠬᠣᠶᠠᠷ ᠠᠳᠠᠯᠢᠬᠠᠨ ᠡᠮ᠎ᠠ ᠬᠦᠮᠥᠨ᠃ ᠲᠡᠬᠥᠨ ᠤ ᠲᠡᠰᠣᠬᠡᠥᠨ ᠭᠠᠷᠴᠢᠬᠠᠭᠰᠠᠨ ᠲᠠᠪᠠᠭ᠎ᠠ ᠶᠢ ᠪᠢ ᠪᠠᠰᠠ ᠠᠵᠢᠭ ᠴᠤ ᠦᠭᠡᠶ ᠲᠣᠭᠣᠯᠣᠭᠠᠳ ᠥᠩᠬᠡᠷᠡᠴᠢᠬᠡᠨᠡ᠃ ᠣᠳᠣ ᠬᠡᠲᠦ ᠬᠣᠨᠣᠭ ᠡᠴᠡ ᠬᠣᠨᠢ ᠢᠮᠠᠭ᠎ᠠ ᠲᠤᠷ᠎ᠠ ᠪᠠᠷ ᠢᠶᠡᠨ ᠪᠡᠯᠴᠢᠬᠥ ᠪᠣᠯᠴᠢᠬᠠᠨ᠎ᠠ᠃ ᠡᠨᠠ ᠬᠣᠭᠣᠷᠣᠠᠳᠣ ᠡᠳᠣᠷ ᠴᠤ ᠪᠣᠯᠣᠭ᠂ ᠰᠦᠨᠢ ᠴᠤ ᠪᠣᠯᠣᠭ ᠬᠣᠳᠠᠨ ᠤ ᠠᠮᠠᠰᠠᠷ ᠢᠶᠡᠨ ᠴᠢᠩᠭ᠎ᠠ ᠣᠶᠠᠭᠠᠳ ᠰᠠᠭᠣᠵᠣ ᠪᠠᠶ᠋ᠢᠶ᠎ᠠ᠃ ᠬᠣᠨᠢ ᠠᠯᠠᠵᠣ ᠲᠣᠳᠣᠷ ᠠᠷᠢᠯᠭᠠᠬᠣ ᠦᠶ᠎ᠡ ᠳᠡᠭᠡᠨ ᠬᠣᠩᠭ᠋ᠣᠷ ᠢ ᠲᠠᠭᠣᠳᠠᠵᠣ ᠬᠠᠪᠰᠣᠷᠣᠭᠣᠯᠬᠣ ᠴᠤ ᠶᠣᠮ ᠦᠦ᠃ ᠨᠢᠬᠡ ᠯᠠ ᠬᠣᠨᠢᠨ ᠤ ᠬᠡᠳᠡᠰᠤ ᠲᠣᠳᠣᠷ ᠢ ᠠᠷᠢᠯᠭᠠᠬᠣ ᠳᠤ ᠲᠡᠬᠡᠵᠦ ᠯᠠᠷᠵᠢᠶᠠᠯᠠᠭᠰᠠᠨ ᠤ ᠪᠡᠨ᠎ᠠ ᠭᠠᠷᠬᠣ ᠦᠭᠡᠶ ᠪᠠ᠂ ᠪᠠᠶ᠋ᠢᠴᠢᠬᠠᠶᠠ ᠵᠦᠬᠡᠷ ᠁
ᠪᠡᠯᠴᠢᠬᠡᠷ ᠤᠨ ᠴᠡᠬᠡᠷ ᠲᠠᠯᠪᠢᠭᠳᠠᠬᠣ ᠡᠳᠣᠷ ᠬᠣᠨᠣᠭ ᠰᠢᠬᠠᠵᠣ ᠣᠶ᠋ᠢᠷᠠᠳᠬᠣ ᠲᠣᠰᠣᠮ ᠲᠡᠰᠬᠥ ᠠᠯᠳᠠᠷᠠᠭᠰᠠᠨ ᠮᠠᠯᠴᠢᠳ ᠪᠠᠷᠣᠭ ᠯᠨ ᠬᠣᠨᠢ ᠢᠮᠠᠭ᠎ᠠ ᠪᠠᠨ ᠲᠤᠷ᠎ᠠ ᠪᠠᠷ ᠨᠢ ᠪᠣᠯᠭᠠᠴᠢᠬᠠᠬᠣ ᠪᠡᠶ᠋ᠢᠯᠬᠥᠢ ᠬᠡᠵᠦ ᠪᠣᠳᠣᠭᠰᠠᠨ ᠴᠢᠨᠢ ᠬᠣᠶᠠᠷ ᠡᠳᠣᠷ ᠢᠯᠡᠬᠥᠤ ᠰᠣᠮᠣᠨ ᠤ ᠪᠡᠯᠴᠢᠬᠡᠷ ᠢ ᠪᠠᠷᠠᠳᠠᠯ᠎ᠠ ᠬᠦᠶᠥᠬᠡᠥᠨ ᠬᠣᠳᠠᠨ ᠡᠴᠡ ᠪᠠᠨ ᠭᠠᠷᠣᠭᠰᠠᠨ ᠬᠣᠨᠢ ᠢᠮᠠᠭᠠᠨ ᠤ ᠰᠡᠬᠥᠳᠡᠷ ᠢ ᠴᠤ ᠣᠯᠵᠣ ᠬᠠᠷᠠᠭᠰᠠᠨ ᠦᠭᠡᠶ᠃ ᠡᠳᠡᠬᠡᠷ ᠮᠠᠯᠴᠢᠳ ᠢ ᠪᠣᠷᠣ ᠪᠦᠲᠦᠬᠥᠯᠢᠭ᠌ ᠬᠡᠵᠦ ᠪᠠᠰᠣᠵᠣ ᠪᠣᠯᠬᠣ ᠦᠭᠡᠶ ᠶᠣᠮ ᠪᠠᠶ᠋ᠢᠨ᠎ᠠ᠃ ᠲᠠᠳᠠ ᠴᠢᠨᠢ ᠬᠠᠮᠠᠷ ᠲᠣᠨᠢ ᠲᠠᠬᠢᠨ ᠲᠠᠬᠢᠨ ᠣᠳᠣᠭ᠎ᠠ ᠣᠷᠣᠭᠰᠠᠭᠠᠷ ᠪᠠᠶ᠋ᠢᠭᠠᠳ ᠨᠢᠬᠡ ᠨᠢᠬᠡ ᠪᠠᠷ ᠢᠶᠡᠨ ᠰᠡᠬᠥᠯ ᠤᠨ ᠣᠭ ᠨᠢ ᠬᠦᠷᠳᠡᠯ᠎ᠡ ᠴᠠᠶ᠋ᠢᠭᠰᠠᠨ ᠬᠥᠭ᠍ᠰᠢᠨ ᠦᠨᠡᠬᠡ ᠰᠢᠭ᠌ ᠪᠣᠯᠵᠠᠢ᠃
《 ᠲ᠋ᠠᠨ ᠢ ᠰᠣᠮᠣᠨ ᠲᠡᠬᠡᠷ᠎ᠡ ᠴᠢᠨᠢ ᠬᠦᠷᠬᠡᠵᠦ ᠦᠭ᠍ᠬᠥᠬᠡᠥᠨ ᠲᠡᠷᠬᠡᠨ ᠳᠡᠭᠡᠨ ᠲᠣᠰᠣ ᠨᠠᠮᠠᠵᠣ ᠰᠦᠨᠢ ᠪᠠᠷ ᠴᠠᠭᠠᠨ ᠲᠠᠪᠠᠭ᠎ᠠ ᠪᠠᠯᠭᠠᠰᠣ ᠣᠷᠣᠭᠣ ᠶᠠᠪᠣᠨ᠎ᠠ 》 ᠬᠡᠳᠡᠭ ᠦᠬᠡ ᠪᠠᠨ ᠵᠢᠯᠣᠭᠣᠴᠢ ᠨᠠᠳᠠ ᠳᠤ ᠬᠣᠶᠠᠳᠠᠬᠢ ᠣᠳᠠᠭ᠎ᠠ ᠪᠠᠨ ᠬᠡᠯᠡᠪᠡ᠃
《 ᠮᠠᠷᠭᠠᠰᠢ ᠪᠣᠯ ᠰᠠᠶᠢ ᠪᠡᠯᠴᠢᠬᠡᠷ ᠤᠨ ᠴᠡᠬᠡᠷ ᠲᠠᠯᠪᠢᠬᠣ ᠡᠳᠣᠷ᠃ ᠴᠢ ᠶᠠᠭᠠᠬᠢᠯ᠎ᠠ ᠴᠤ ᠬᠡᠰᠡᠨ ᠡᠨᠠ ᠰᠦᠨᠢ ᠶᠢᠨ ᠲᠡᠭ ᠴᠠᠭ ᠪᠣᠯᠳᠠᠯ᠎ᠠ ᠮᠢᠨᠣ ᠦᠬᠡ ᠪᠠᠷ ᠣᠷᠣᠭᠠᠳ ᠶᠠᠪᠣᠵᠣ ᠪᠠᠢ 》 ᠬᠡᠵᠦ ᠪᠢ ᠬᠡᠯᠡᠪᠡ᠃ ᠡᠨᠠ ᠨᠢᠬᠡ ᠮᠠᠭᠣ ᠵᠢᠯᠣᠭᠣᠴᠢ ᠨᠠᠮᠢ᠋ᠢ ᠲᠠᠭᠠᠭᠠᠳ ᠬᠣᠠᠵᠢᠶᠠ ᠠᠰᠢᠭ ᠣᠯᠬᠣ ᠮᠠᠶᠢᠭ ᠦᠭᠡᠶ ᠪᠣᠯᠣᠮᠠᠭᠴᠠ ᠬᠡᠷᠳ᠋ ᠬᠠᠷᠳ᠋ ᠲᠡᠶ ᠪᠣᠯᠴᠢᠬᠠᠯ᠎ᠠ᠃ ᠲᠡᠬᠡᠬᠥᠯᠡᠷ ᠲᠡᠷᠬᠡ ᠵᠠᠷᠣᠬᠣ ᠡᠷᠬᠡ ᠨᠢ ᠮᠢᠨᠣ ᠭᠠᠷ ᠲᠤ ᠪᠣᠢ᠃ ᠡᠨᠠ ᠡᠴᠢᠬᠡ ᠨᠢ ᠰᠠᠨᠠᠭᠠᠨ ᠳᠠᠭᠠᠨ ᠲᠣᠯᠣᠭᠠᠳᠣᠢ ᠦᠶ᠎ᠡ ᠳᠤ ᠲᠠᠷᠠ ᠲᠣᠶ᠋ᠢᠯᠠᠵᠣ ᠬᠣᠯᠠᠳᠬᠣ ᠬᠡᠵᠦ ᠪᠣᠤ ᠰᠠᠨᠠ᠃
ᠨᠢᠬᠡ ᠢᠳᠡᠭ᠍ᠰᠡᠨ ᠭᠠᠵᠠᠷ ᠢᠶᠡᠨ ᠲᠣᠯᠣᠭ᠎ᠠ ᠡᠷᠬᠢᠨ᠎ᠠ ᠬᠡᠵᠦ᠂ ᠪᠢ ᠴᠢᠨᠢ ᠶᠠᠪᠣᠭᠰᠠᠭᠠᠷ ᠪᠠᠶ᠋ᠢᠭᠠᠳ ᠪᠠᠰᠠ ᠯᠠ ᠬᠣᠶᠠᠷ ᠭᠣᠵᠦᠡᠭ ᠤᠨ ᠬᠣᠭᠣᠷᠣᠠᠳᠣ ᠬᠦᠷᠥᠬᠡᠥᠨ ᠢᠷᠡᠴᠢᠬᠡᠯ᠎ᠡ᠃ ᠬᠣᠰᠣᠳᠣ ᠭᠣᠵᠦᠡᠭ ᠤᠨ ᠬᠠᠳᠠᠨ ᠰᠣᠭᠣ ᠳᠤ ᠲᠡᠷᠬᠡ ᠪᠠᠨ ᠵᠤᠭᠰᠣᠭᠠᠭᠠᠳ ᠬᠡᠷᠡᠯ ᠤᠨ ᠬᠢ ᠣᠷᠣᠭᠣ ᠲᠣᠷᠠᠠᠳᠠᠪᠠ᠃ ᠬᠤᠯᠠᠩ ᠡᠴᠡ ᠨᠢ ᠣᠳᠣᠭ᠎ᠠ ᠬᠠᠷᠠᠭᠳᠠᠬᠣ ᠦᠭᠡᠶ᠃ ᠣᠷᠣᠢ ᠶᠢᠨ ᠬᠣᠭᠣᠯᠠ ᠪᠡᠯᠡᠳᠬᠥ ᠴᠠᠭ ᠪᠣᠯᠵᠣ ᠪᠠᠶ᠋ᠢᠬᠣ ᠳᠤ ᠡᠨᠠ ᠲᠠᠩᠬᠢᠯᠵᠠᠭᠣᠷ ᠡᠮ᠎ᠠ ᠬᠡᠷ ᠢᠶᠡᠨ ᠬᠣᠭᠣᠰᠣᠨ ᠬᠠᠶᠠᠵᠣ ᠬᠡᠶ᠋ᠢᠲᠦᠬᠡᠥᠨ ᠲᠣᠭᠣᠷᠢᠴᠢᠬᠠᠯᠠ ᠬᠡᠵᠦ ᠦᠦ︖ ᠡᠷ᠎ᠠ ᠶᠢᠨ ᠬᠢᠨᠢ ᠨᠢᠳᠣᠨ ᠲᠣᠣᠷ᠎ᠠ ᠲᠠᠷᠠ ᠡᠮ᠎ᠠ ᠶᠢ ᠨᠠᠭᠠᠳᠣᠮ ᠢᠶᠡᠷ ᠱᠠᠯᠠᠭᠠᠳ ᠠᠮᠠᠨ ᠳ᠋ᠣᠨᠢ ᠬᠣᠠᠳᠠᠭ᠎ᠠ ᠲᠡᠶ ᠠᠷᠢᠬᠢ ᠶᠡᠬᠥᠯᠡᠵᠦ ᠥᠩᠬᠡᠷᠡᠭ᠍ᠰᠡᠨ ᠶᠣᠮ᠃ ᠡᠷ᠎ᠠ ᠨᠢ ᠡᠵᠡᠬᠥᠢ ᠪᠠᠶ᠋ᠢᠬᠣ ᠲᠠᠭᠠᠷᠠᠪᠠᠯ ᠨᠢᠬᠡ ᠣᠷᠣᠯᠳᠣᠵᠣ ᠦᠵᠡᠬᠥ ᠰᠠᠨ᠃
ᠬᠣᠰᠢᠭᠣᠨ ᠳᠤ ᠠᠵᠢᠯᠯᠠᠳᠠᠭ ᠬᠦᠮᠥᠨ ᠬᠠᠰᠢ ᠯᠠ ᠨᠠᠳᠠ ᠰᠢᠭ ᠪᠤᠯᠤᠩ ᠲᠣᠬᠣᠢ ᠶᠢᠨ ᠰᠣᠮᠣᠨ ᠤ ᠭᠠᠵᠠᠷ ᠰᠠᠭᠣᠳᠠᠭ ᠬᠦᠮᠥᠨ ᠲ᠋ᠠᠢ ᠠᠳᠠᠯᠢ ᠦᠭᠡᠶ᠃ ᠰᠡᠬᠥᠯ ᠤᠨ ᠬᠡᠲᠦ ᠬᠣᠨᠣᠭ ᠲᠤ ᠪᠡᠯᠴᠢᠬᠡᠷ ᠴᠠᠭᠳᠠᠵᠣ ᠲᠣᠭᠣᠷᠢᠯᠠ ᠴᠤ ᠬᠡᠥᠨ ᠲᠡᠷᠬᠡᠨ ᠰᠠᠭᠣᠳᠠᠯ ᠲᠡᠬᠡᠷ᠎ᠡ ᠪᠥᠭ᠍ᠰᠡ ᠬᠣᠯᠭᠣᠭᠠᠬᠣ ᠲᠠᠳᠣᠢ ᠬᠡᠥᠨ ᠲᠠᠷᠠ ᠡᠷᠳᠠ ᠮᠡᠳᠡᠴᠢᠬᠡᠭ᠍ᠰᠡᠨ ᠪᠣᠯᠣᠯᠳᠠᠢ᠃ ᠴᠠᠭᠠᠨ ᠲᠠᠪᠠᠭᠠᠨ ᠳᠤ ᠲᠠᠷᠠ ᠵᠢᠷᠭᠠᠵᠣ ᠪᠠᠶ᠋ᠢᠨ᠎ᠠ᠃ ᠪᠢ ᠡ᠊ᠠᠳᠠ ᠬᠠᠳᠠᠨ ᠰᠣᠭᠣ ᠶᠢᠨ ᠦᠬᠡᠷ ᠴᠢᠯᠠᠭᠣᠨ ᠲᠡᠬᠡᠷ᠎ᠡ ᠦᠷᠣᠬᠡᠰᠥᠨ ᠦᠯᠮᠡᠢ ᠪᠠᠷ ᠢᠶᠡᠨ ᠢᠳᠠᠯᠠᠵᠣ ᠦᠨᠳᠡᠢᠬᠡᠥᠨ ᠰᠠᠪᠠᠭ᠎ᠠ ᠴᠤ ᠦᠭᠡᠶ ᠡᠮ᠎ᠠ ᠬᠦᠮᠥᠨ ᠢ ᠵᠠᠪᠠᠯ ᠲᠣᠷᠠᠨ ᠤ ᠬᠠᠷᠠᠭᠠᠨ ᠳᠤ ᠣᠷᠣᠭᠣᠯᠣᠨ᠎ᠠ ᠬᠡᠵᠦ ᠱᠠᠯ ᠲᠠᠮᠠᠶ᠋ᠢᠷᠠᠨᠠ᠃ ᠦᠬᠡᠷ᠎ᠡ ᠶᠠᠭᠠᠬᠢᠬᠣ ᠪᠣᠢ︖ ᠲᠤᠷ᠎ᠠ ᠪᠠᠷ ᠶ᠋ᠢᠠᠨ ᠪᠡᠯᠴᠢᠭ᠍ᠰᠡᠨ ᠬᠣᠨᠢ ᠢᠮᠠᠭ᠎ᠠ ᠨᠢ ᠬᠠᠷᠠᠭᠳᠠᠬᠣ ᠦᠭᠡᠶ ᠶᠣᠮ ᠴᠢᠨᠢ᠂ ᠡᠮ᠎ᠠ ᠬᠦᠮᠥᠨ ᠤ ᠬᠣᠷᠮᠣᠢ ᠬᠣᠰᠢ ᠶᠢ ᠴᠤ ᠬᠡᠰᠡᠨ ᠲᠠᠳᠠᠵᠣ ᠦᠵᠡᠬᠥ ᠪᠠ ᠁ ᠦᠮᠣᠳᠥᠨ ᠠᠯᠨ ᠨᠣᠶ᠋ᠢᠳᠠᠷᠠᠴᠢᠠᠠᠠᠯᠠ ᠁ ᠬᠡᠷᠡᠯ ᠴᠢ ᠪᠣᠤ ᠶᠠᠭᠠᠷᠠᠵᠣ ᠪᠠᠢ ᠁ ᠡᠪᠣᠷ ᠲᠤ ᠴᠢᠨᠢ ᠰᠢᠷᠭᠣᠵᠣ ᠣᠷᠣᠬᠣ ᠵᠠᠪ ᠲᠣᠬᠢᠶᠠᠯ ᠬᠠᠷᠭᠣᠭᠰᠠᠨ ᠬᠣᠶ᠋ᠢᠨ᠎ᠠ ᠮᠠᠳᠠᠶ᠎ᠠ ᠳ᠋ᠠ ᠴᠢᠮᠢ᠋ᠢ ᠁
ᠲᠠᠭᠣᠯᠠ ᠪᠢᠳᠠ ᠬᠣᠶᠠᠷ ᠬᠣᠨᠢ ᠪᠠᠨ ᠠᠯᠠᠵᠣ ᠬᠡᠳᠡᠰᠤ ᠲᠣᠳᠣᠷ ᠢ ᠨᠢ ᠠᠷᠢᠯᠭᠠᠵᠣ ᠪᠠᠷᠠᠭᠠᠳ ᠴᠢᠨᠠᠬᠣ ᠲᠣᠭᠣᠭ᠎ᠠ ᠲᠡᠶ ᠮᠢᠬ᠎ᠠ ᠪᠠᠨ ᠵᠤᠣᠬᠠᠨ ᠲᠡᠬᠡᠷ᠎ᠡ ᠪᠠᠨ ᠰᠠᠭᠣᠯᠭᠠᠭᠰᠠᠨ ᠬᠣᠶ᠋ᠢᠨ᠎ᠠ ᠰᠠᠶᠢ ᠨᠦᠬᠥᠬᠡ ᠬᠣᠶᠠᠷ ᠠᠶ᠋ᠢᠯ ᠣᠷᠣᠭᠣ ᠲᠣᠬᠢᠶ᠎ᠠ ᠦᠭᠴᠡᠢ᠃ ᠲᠠᠳᠠᠨ ᠳᠤ ᠲᠣᠬᠢᠶ᠎ᠠ ᠦᠭ᠍ᠬᠥ ᠣᠴᠢᠷ ᠢᠶᠡᠨ ᠬᠡᠲᠦ ᠬᠣᠨᠣᠭ ᠤᠨ ᠣᠷᠢᠳᠠᠢ ᠬᠡᠯᠡᠬᠡᠥᠨ ᠰᠣᠨᠣᠰᠬᠠᠴᠢᠬᠠᠭᠰᠠᠨ ᠶᠣᠮ᠃ ᠡᠬᠥᠳᠡᠨ ᠳᠡᠭᠡᠨ ᠪᠢᠳᠠ ᠠᠷᠭᠠᠯ ᠣᠪᠣᠭᠠᠯᠠᠭᠠᠳ ᠭᠠᠯ ᠤᠨ ᠰᠣᠷ ᠲᠡᠭ᠍ᠳᠡᠬᠡᠪᠡᠯ ᠲᠠᠳᠠ ᠨᠠᠭᠠᠰᠢ ᠪᠠᠨ ᠢᠷᠡᠬᠥ ᠶᠣᠰᠣᠳᠠᠢ᠃ ᠡᠨᠠ ᠲᠣᠬᠢᠶ᠎ᠠ ᠦᠭ᠍ᠬᠥ ᠠᠷᠭ᠎ᠠ ( ᠵᠠᠪᠠᠯ ᠣᠳᠠᠰᠣ ᠵᠠᠷᠣᠨ᠎ᠠ ᠬᠡᠵᠦ ᠬᠡᠨ ᠬᠡᠯᠡᠭ᠍ᠰᠡᠨ ᠪᠣᠢ︖ ) ᠶᠢ ᠪᠢ ᠪᠣᠳᠣᠵᠣ ᠣᠯᠣᠭᠰᠠᠨ ᠶᠣᠮ᠃ ᠣᠳᠣ ᠶᠠᠭ ᠠᠯᠢ ᠬᠡᠷ ᠨᠢ ᠴᠤ ᠬᠡᠰᠡᠨ ᠣᠷᠣᠢ ᠶᠢᠨ ᠠᠳᠠᠯ ᠢᠶᠡᠨ ᠲᠠᠭᠣᠰᠬᠠᠭᠠᠳ ᠮᠢᠨᠣ ᠲᠣᠬᠢᠶᠠᠨ ᠭᠠᠯ ᠲᠥᠷᠡᠯᠵᠡᠬᠥᠯᠬᠥ ᠶᠢ ᠯᠠ ᠬᠦᠯᠢᠶᠡᠵᠦ ᠪᠠᠶ᠋ᠢᠭ᠎ᠠ ᠪᠡᠶ᠋ᠢᠯᠬᠥᠢ᠃ ᠦᠳᠡᠰᠢ ᠪᠠᠰᠠ ᠲᠠᠪᠠᠭᠣ ᠰᠠᠪ ᠰᠠᠷᠠᠭᠣᠯ᠃ ᠲᠠᠳᠠ ᠪᠦᠬᠥᠳᠡ ᠶᠢ ᠴᠣᠭᠯᠠᠵᠣ ᠢᠷᠡᠬᠥ ᠦᠶ᠎ᠡ ᠳᠤ ᠲᠣᠭᠣᠭ᠎ᠠ ᠲᠡᠶ ᠮᠢᠬ᠎ᠠ ᠴᠤ ᠰᠢᠯᠵᠠᠷᠠᠴᠢᠬᠠᠨᠠ᠃ ᠭᠠᠯ ᠲᠣᠭᠣᠷᠢᠵᠣ ᠭᠠᠳᠠᠭ᠎ᠠ ᠰᠠᠭᠣᠭᠠᠳ ᠢᠳᠠᠵᠣ ᠣᠣᠭᠣᠨᠠ ᠦᠦ᠂ ᠬᠡᠷ ᠲᠤ ᠬᠠᠠᠵᠣᠨ ᠲᠡᠬᠡᠷ᠎ᠡ ᠭᠠᠷᠣᠭᠠᠳ ᠰᠦᠨᠢᠵᠢᠨ ᠢᠶᠡᠨ ᠣᠷᠢᠯᠠᠵᠣ ᠪᠠᠷᠬᠢᠷᠠᠨ᠎ᠠ ᠦᠦ᠂ ᠡᠨᠠ ᠰᠦᠨᠢ ᠡᠠᠶ᠎ᠠ ᠡᠠᠶ᠎ᠠ ᠪᠠᠷ ᠢᠶᠡᠨ ᠪᠣᠯᠵᠠᠭᠠᠭ ᠡ︕
《 ᠡᠮᠣᠨ᠎ᠠ ᠲᠣᠪᠣᠨ ᠤ ᠮᠢᠬ᠎ᠠ ᠢᠳᠡᠬᠥᠯᠬᠥ ᠲᠣᠬᠢᠶᠠᠨ ᠤ ᠭᠠᠯ ᠢᠶᠡᠨ ᠨᠣᠴᠣᠭᠠᠴᠢᠬᠠᠯᠠ ᠰᠢᠤ 》 ᠬᠡᠵᠦ ᠵᠢᠷᠥᠬᠡ ᠴᠣᠩᠬᠤ ᠪᠠᠷ ᠭᠠᠳᠠᠭᠰᠢ ᠬᠠᠷᠠᠭᠠᠳ ᠬᠠᠮᠠᠷ ᠢᠶᠡᠷ ᠢᠶᠡᠨ ᠭᠣᠩᠰᠢᠨ ᠡᠢᠨᠢᠶᠡᠭ᠍ᠰᠠᠬᠡᠷ ᠬᠡᠯᠡᠬᠥ ᠦᠶ᠎ᠡ ᠳᠤ ᠪᠢ ᠲᠣᠯᠢᠨ ᠤ ᠡᠮᠣᠨ᠎ᠠ ᠵᠤᠭᠰᠣᠭᠠᠳ ᠦᠰᠤ ᠪᠠᠨ ᠶᠠᠩᠵᠣᠯᠠᠵᠣ ᠪᠠᠶ᠋ᠢᠪᠠ᠃ ᠨᠠᠳᠠ ᠳᠤ ᠶᠠᠷᠣ ᠨᠢ ᠬᠡᠷᠡᠯ ᠲᠡᠶ ᠨᠢᠭᠣᠷ ᠴᠢᠷᠠᠢ ᠶᠢᠨ ᠵᠠᠰᠠᠯ ᠭᠣᠶᠣᠯᠠᠯ᠂ ᠡᠮᠣᠰᠴᠣ ᠵᠠᠬᠥᠬᠥ᠂ ᠴᠠᠭᠠᠰᠢᠯᠠᠭᠠᠳ ᠠᠯᠬᠣᠵᠣ ᠬᠢᠰᠬᠢᠬᠥ ᠪᠠᠨ ᠬᠦᠷᠳᠡᠯ᠎ᠡ ᠠᠳᠠᠯᠢᠳᠬᠠᠵᠣ ᠦᠵᠡᠬᠥ ᠪᠣᠳᠣᠯ ᠣᠷᠣᠭᠠᠳ ᠪᠠᠶ᠋ᠢᠬᠣ ᠶᠣᠮ᠃ ᠶᠠᠭ ᠯᠠ ᠬᠣᠷᠢᠨ ᠨᠠᠰᠣᠳᠠᠢ ᠵᠠᠰᠠᠵᠣ ᠭᠣᠶᠣᠯᠠᠬᠣ ᠲᠣᠷᠠᠳᠠᠢ ᠬᠦᠮᠥᠨ ᠳᠤ ᠮᠦᠴᠡᠬᠡ ᠪᠠᠨ ᠦᠭ᠍ᠬᠥ ᠦᠭᠡᠶ ᠬᠡᠵᠦ ᠵᠠᠩᠨᠠᠳᠠᠭ᠃ ᠬᠠᠳᠠᠮ ᠬᠠᠷᠢ ᠦᠵᠡᠬᠡ ᠦᠭᠡᠶ ᠦᠬᠢᠨ ᠲᠠᠷᠢᠬᠢᠨ ᠲᠣᠳᠣᠷ᠎ᠠ ᠨᠢᠭᠣᠭᠳᠠᠭᠠᠳ ᠨᠠᠮᠢ᠋ᠢ ᠵᠠᠬᠢᠷᠴᠣ ᠪᠠᠶ᠋ᠢᠭ᠎ᠠ ᠰᠢᠭ᠃
ᠬᠡᠷᠪᠡ ᠴᠠᠭᠠᠨ ᠲᠠᠪᠠᠭ᠎ᠠ ᠣᠷᠣᠭᠣ ᠲᠠᠳᠠ ᠬᠣᠶᠠᠷ ( ᠶ᠋ᠢᠷᠥᠬᠡ ᠬᠡᠷᠡᠯ ᠬᠣᠶᠠᠷ ) ᠤᠨ ᠴᠣᠭ ᠶᠠᠪᠣᠬᠣ ᠶᠢ ᠮᠡᠳᠡᠬᠥ ᠦᠬᠡᠢ ᠪᠣᠯᠣᠭᠰᠠᠨ ᠪᠣᠯ ᠯᠠᠪᠳᠠᠢ ᠢᠩᠬᠢᠵᠣ ᠴᠡᠬᠡᠵᠢᠨ ᠳᠤ ᠬᠠᠯᠠᠭᠣ ᠠᠰᠬᠠᠵᠣ ᠪᠣᠬᠢᠨᠢᠳᠣᠯ ᠲᠥᠷᠣᠬᠥ ᠦᠭᠡᠶ ᠪᠠᠶ᠋ᠢᠬ᠎ᠠ︕ ᠵᠢᠷᠥᠬᠡ ᠴᠠᠭᠠᠨ ᠲᠠᠪᠠᠭᠠᠨ ᠳᠤ ᠣᠴᠢᠵᠣ ᠬᠣᠨᠣᠳᠠᠭ ᠲᠠᠭᠠᠨ ᠣᠷᠣᠢ ᠶᠢᠨ ᠶᠢᠰᠣᠨ ᠴᠠᠭ ᠪᠣᠯᠣᠮᠠᠭᠴᠠ ᠬᠠᠷᠮᠠᠨ ᠣᠳᠠᠰᠣ ᠪᠠᠨ ᠲᠠᠷᠣᠴᠢᠬᠠᠵᠠᠢ᠃ ᠶᠠᠷᠣ ᠶ᠋ᠢᠨ ᠴᠠᠭ ᠲᠤ ᠡᠰᠠᠬᠥᠯ᠎ᠡ ᠬᠡᠷ ᠲᠡᠭᠡᠨ ᠪᠠᠶ᠋ᠢᠬᠣ ᠳᠤ ᠢᠩᠬᠢᠳᠡᠭ ᠵᠠᠡᠭ ᠲᠡᠶ ᠪᠣᠯᠪᠠᠴᠣ ᠶᠠᠭᠣᠨ ᠳᠤ ᠠᠷᠤ ᠡᠴᠡ ᠨᠢ ᠡᠬᠡᠨᠡᠷ ᠨᠢ ᠰᠠᠨᠠᠭ᠎ᠠ ᠪᠣᠯᠵᠣ ᠣᠠᠳᠠᠬᠣ ᠨᠣᠶ᠋ᠢᠷ ᠦᠭᠡᠶ ᠪᠠᠶ᠋ᠢᠬᠣ ᠦᠶ᠎ᠡ ᠳᠤ ᠢᠩᠬᠢᠵᠣ ᠬᠣᠷᠣᠰᠬᠠᠵᠣ ᠲᠠᠩᠰᠢᠬᠥᠯᠬᠥ ᠪᠣᠢ︖ ᠵᠢᠷᠥᠬᠡ ᠶᠢ ᠴᠠᠭᠠᠨ ᠲᠠᠪᠠᠭᠠᠨ ᠡᠴᠠ ᠪᠣᠴᠠᠵᠣ ᠢᠷᠡᠭ᠍ᠰᠡᠨ ᠡᠴᠡ ᠨᠢ ᠠᠪᠣᠭᠠᠳ ᠶᠠᠭᠠᠬᠢᠵᠣ ᠲᠠᠪᠠᠷᠢᠵᠣ ᠬᠡᠪᠳᠡᠪᠡᠴᠦ ᠬᠦᠠᠳᠡᠢ ᠵᠠᠶ᠋ᠢᠳᠠᠢ ᠰᠠᠨᠠᠭᠳᠠᠭᠠᠳ ᠪᠠᠶ᠋ᠢᠬᠣ ᠪᠣᠯᠵᠠᠢ᠃ ᠡᠨᠠ ᠬᠣᠷᠢᠨ ᠵᠢᠯ ᠳᠤ ᠬᠠᠠᠵᠣᠨ ᠲᠡᠬᠡᠷ᠎ᠡ ᠴᠣᠭ ᠬᠡᠪᠳᠡᠬᠥ ᠪᠣᠯᠭᠠᠨ ᠳᠤ ᠪᠢ ᠯᠠ ᠨᠢᠭᠣᠷ ᠬᠦᠷᠥᠰᠤ ᠦᠭᠡᠶ ᠬᠡᠶ᠋ᠢᠳᠥᠭᠰᠡᠨ ᠡᠮ᠎ᠠ ᠪᠣᠯᠵᠣ ᠣᠷᠢᠳ ᠢᠶᠡᠷ ᠲᠡᠬᠥᠨ ᠤ ᠡᠪᠣᠷ ᠣᠷᠣᠭᠣ ᠭᠠᠷ ᠢᠶᠡᠨ ᠰᠢᠷᠭᠣᠭᠣᠯᠳᠠᠭ᠃ ᠲᠠᠷᠠ ᠲᠠᠭᠠᠳᠠᠢ ᠬᠡᠪᠳᠡᠵᠦ ᠨᠠᠳᠠ ᠪᠠᠷ ᠭᠣᠣᠴᠢᠯᠠᠭᠣᠯᠵᠣ ᠣᠷᠣᠯᠳᠣᠭᠣᠯᠵᠣ ᠬᠠᠨᠣᠭᠠᠳ ᠬᠠᠷᠢᠭᠣ ᠬᠦᠳᠡᠯᠵᠦ ᠪᠠᠷᠢᠬᠤ ᠳᠠᠭᠠᠨ ᠲᠣᠷᠠᠳᠠᠢ ᠪᠠᠶ᠋ᠢᠪᠠᠴᠣ ᠲᠤᠷ᠎ᠠ ᠮᠠᠭᠣᠳᠠᠢ ᠰᠢᠭ ᠠᠪᠣᠷᠢᠯᠠᠵᠣ ᠵᠠᠩᠨᠠᠨ᠎ᠠ᠃ ᠬᠡᠷᠡᠯ ᠲᠡᠶ ᠴᠣᠭ ᠬᠡᠪᠳᠡᠬᠥ ᠳᠡᠭᠡᠨ ᠪᠠᠰᠠ ᠢᠩᠬᠢᠵᠣ ᠪᠠᠶ᠋ᠢᠳᠠᠭ ᠬᠡᠵᠦ ᠦᠦ ᠁ ᠪᠢ ᠢᠩᠬᠢᠵᠣ ᠪᠣᠳᠣᠬᠣ ᠦᠭᠡᠶ ᠪᠠᠶ᠋ᠢᠶ᠎ᠠ᠂ ᠬᠡᠪᠡᠴᠦ ᠪᠣᠳᠣᠯ ᠢᠶᠡᠨ ᠬᠣᠷᠢᠵᠣ ᠲᠡᠢᠯᠬᠥ ᠦᠭᠡᠶ᠃ ᠲᠡᠬᠥᠨ ᠳᠤ ᠪᠣᠳᠣᠯ ᠢᠶᠡᠨ ᠰᠢᠭᠣᠳ ᠬᠡᠯᠡᠶ᠎ᠡ ᠬᠡᠥᠨ ᠪᠠᠰᠠ ᠬᠡᠯᠡᠵᠦ ᠴᠢᠳᠠᠬᠣ ᠦᠭᠡᠶ ᠪᠣᠬᠢᠨᠢᠳᠣᠵᠣ ᠪᠠᠶ᠋ᠢᠨ᠎ᠠ ᠁
《 ᠶᠠᠪᠣᠶ᠎ᠠ ᠬᠦᠶᠢ᠂ ᠪᠣᠰᠢᠭᠣᠯᠠ ᠁ 》 ᠵᠢᠷᠥᠬᠡ ᠭᠠᠳᠠᠭ᠎ᠠ ᠮᠣᠲ᠋ᠣᠷ ᠨᠣᠴᠣᠭᠠᠵᠣ ᠣᠭᠵᠣᠮ ᠣᠭᠵᠣᠮ ᠲᠣᠰᠣ ᠨᠠᠮᠠᠵᠣ ᠵᠤᠭᠰᠣᠬᠣ ᠳ᠋ᠠᠭᠠᠨ ᠲᠠᠭᠣᠳᠠᠵᠣ ᠪᠠᠶ᠋ᠢᠨ᠎ᠠ᠃
《 ᠪᠢ ᠣᠴᠢᠬᠤ ᠦᠭᠡᠶ᠂ ᠴᠢ ᠭᠠᠭᠴᠠᠭᠠᠷ ᠢᠶᠡᠨ ᠶᠠᠪᠣᠴᠢᠬᠠ︕》
ᠵᠢᠷᠥᠬᠡ ᠭᠠᠳᠠᠨ᠎ᠠ ᠡᠴᠡ ᠣᠷᠣᠵᠣ ᠢᠷᠡᠬᠡᠥᠨ ᠲᠣᠳᠣᠷ᠎ᠠ ᠦᠷᠣᠬᠡᠨ ᠤ ᠬᠠᠳᠠᠪᠴᠢ ᠶᠢᠨ ᠨᠠᠭᠠᠨ᠎ᠠ ᠵᠤᠭᠰᠣᠵᠣ ᠨᠠᠮᠢ᠋ᠢ ᠱᠣᠬᠣᠭᠣᠷᠬᠠᠵᠣ ᠬᠠᠷᠠᠨ᠎ᠠ᠃ ᠡᠨᠠ ᠦᠳᠡᠰᠢ ᠪᠢ ᠡᠷ᠎ᠠ ᠬᠦᠮᠥᠨ ᠤ ᠰᠦᠨᠡᠰᠤ ᠶᠢ ᠲᠠᠯᠠᠯᠣᠮᠠᠷ ᠭᠣᠶᠣ ᠪᠣᠯᠣᠭᠰᠠᠨ ᠢᠶᠡᠨ ᠮᠠᠳᠠᠵᠣ ᠪᠣᠢ᠃ ᠰᠡᠬᠥᠳᠡᠷ ᠭᠠᠷᠬᠣ ᠦᠬᠡᠢ ᠳ᠋ᠧᠨᠭ᠌ ᠤᠨ ᠬᠡᠷᠡᠯ ᠲᠣᠣᠷ᠎ᠠ ᠬᠠᠷᠠᠬᠣ ᠳᠤ ᠲᠠᠶ᠋ᠢᠮᠣ᠃ ᠲᠦᠳᠡᠭ ᠤᠨ ᠲᠡᠷᠬᠡᠳᠡ ᠡᠴᠡ ᠬᠠᠷᠠᠬᠣ ᠳᠤ ᠨᠡᠨᠭ᠌ ᠴᠤ ᠲᠠᠶ᠋ᠢᠮᠣ ᠡ︕ ᠶ᠋ᠢᠷᠥᠬᠡ ᠲᠡᠷᠬᠡᠳᠡ ᠢᠷᠠᠵᠣ ᠵᠠᠰᠠᠯ ᠤᠨ ᠬᠣᠪᠴᠠᠰᠣᠨ ᠤ ᠭᠠᠳᠠᠨ᠎ᠠ ᠡᠴᠡ ᠬᠦᠬᠥ ᠶᠢ ᠲᠡᠮᠳᠡᠷᠢᠰᠬᠢᠬᠡᠥᠨ ᠨᠢᠷᠣᠭᠣᠨ ᠳᠤ ᠨᠠᠯᠠᠵᠣ ᠴᠢᠮᠠᠷᠬᠠᠢ ᠣᠷᠴᠢᠮ ᠢ ᠦᠨᠥᠷᠯᠡᠨᠡ᠃ ᠪᠢ ᠬᠦᠯ ᠳᠡᠭᠡᠨ ᠦᠨᠳᠥᠷ ᠦᠰᠣᠬᠡᠢ ᠲᠡᠶ ᠱᠠᠬᠠᠢ ᠣᠭᠯᠠᠭᠠᠳ ᠵᠤᠭᠰᠣᠵᠣ ᠪᠠᠶ᠋ᠢᠭ᠎ᠠ ᠲᠣᠯᠠ ᠡᠨᠠ ᠦᠳᠡᠰᠢ ᠬᠡᠷ ᠡᠴᠡ ᠪᠠᠨ ᠦᠨᠡᠨ ᠵᠠᠶ᠋ᠢᠳᠠᠬᠣ ᠦᠭᠡᠶ ᠬᠡᠰᠡᠨ ᠪᠢᠰᠢ ᠶᠣᠮ᠃ ᠵᠢᠷᠥᠬᠡ ᠴᠢᠮᠠᠷᠬᠠᠢ ᠦᠨᠥᠷᠯᠡᠬᠥ ᠪᠠᠨ ᠪᠣᠯᠢᠵᠣ ᠨᠠᠮᠢ᠋ᠢ ᠪᠠᠶ᠎ᠠ ᠡᠰᠡᠷᠬᠥ ᠪᠠᠨ ᠬᠠᠠᠳᠣᠭᠣᠯᠵᠣ ᠵᠤᠭᠰᠣᠭᠠᠭᠠᠳ ᠣᠷᠣᠭᠣᠯ ᠬᠡᠯᠡ ᠶᠢ ᠬᠦᠬᠥᠵᠦ ᠭᠠᠷᠴᠠᠢ᠃ ᠢᠩᠬᠢᠬᠡᠥᠨ ᠡᠬᠢᠯᠡᠭ᠍ᠰᠡᠨ ᠴᠢᠨᠢ ᠪᠢᠳᠠ ᠬᠣᠶᠠᠷ ᠦᠵᠡᠭ᠍ᠳᠡᠬᠥ ᠦᠬᠡᠢ ᠴᠠᠪᠠᠤ ᠪᠠᠷ ᠨᠠᠭᠠᠯᠭᠠᠭᠰᠠᠨ ᠰᠢᠭ ᠪᠣᠯᠵᠠᠢ᠃ ᠪᠢ ᠦᠲᠦᠬᠡᠯᠬᠡ ᠳᠤ ᠣᠴᠠᠷᠠᠭᠰᠠᠨ ᠪᠠᠶ᠎ᠠ ᠪᠠᠨ ᠴᠢᠳᠠᠨ ᠶᠠᠳᠠᠨ ᠬᠣᠷᠢᠵᠣ ᠵᠢᠷᠥᠬᠡ ᠶ᠋ᠢᠨ ᠭᠠᠷ ᠢ ᠠᠯᠳᠠᠭᠣᠯᠵᠣ ᠭᠠᠳᠠᠭ᠎ᠠ ᠭᠠᠷᠣᠭᠠᠳ ᠲᠣᠯᠣᠭᠠᠰᠣᠳᠠᠢ ᠮᠣᠲ᠋ᠣᠷ ᠤᠨ ᠬᠢᠨᠢ ᠵᠦᠭ᠌ ᠣᠴᠢᠪᠠ᠃
ᠰᠣᠮᠣᠨ ᠤ ᠡᠨᠠ ᠠᠵᠢᠯᠳᠠᠨ ᠶᠣᠰᠣᠳᠠᠢ ᠯᠠ ᠰᠠᠶ᠋ᠢᠨ ᠰᠠᠷᠢᠮᠰᠠᠭ ᠪᠢᠰᠢ ᠶᠣᠮ ᠪᠠᠶ᠋ᠢᠨ᠎ᠠ᠃ ᠡᠨᠠ ᠵᠤᠯᠢᠭ ᠲᠤ ᠶᠡᠬᠡ ᠡᠷᠬᠡ ᠪᠠᠷᠢᠭᠣᠯᠬᠣ ᠳᠤ ᠬᠦᠷᠪᠡᠯ ᠬᠦᠮᠥᠨ ᠤ ᠠᠮᠢ ᠬᠣᠷᠣᠭᠠᠬᠣ ᠡᠴᠡ ᠴᠤ ᠪᠣᠴᠠᠬᠣ ᠦᠭᠡᠶ ᠪᠠᠶ᠋ᠢᠬ᠎ᠠ︕ ᠨᠠᠮᠢ᠋ᠢ ᠡᠨᠠ ᠰᠦᠨᠢ ᠶᠢᠨ ᠲᠡᠭ ᠴᠠᠭ ᠬᠦᠷᠳᠡᠯ᠎ᠡ ᠦᠬᠡ ᠰᠣᠨᠣᠰ ᠬᠡᠵᠦ ᠪᠠᠶ᠋ᠢᠨ᠎ᠠ ᠰᠢᠤ︕ ᠡᠬᠥᠳᠡᠨ ᠰᠢᠳᠣ ᠪᠠᠨ ᠣᠨᠠᠳᠠᠯ᠎ᠠ ᠡᠢᠨᠢᠶᠠᠮᠠᠷ ᠬᠡᠷᠡᠭ ᠪᠣᠯᠵᠠᠢ᠃
ᠮᠠᠭᠣ ᠵᠤᠯᠢᠭ ᠦᠬᠡᠷ ᠴᠢᠯᠠᠭᠣᠨ ᠲᠡᠬᠡᠷ᠎ᠡ ᠵᠤᠭᠰᠣᠭᠠᠳ ᠬᠣᠶᠠᠷ ᠭᠣᠵᠦᠡᠭ ᠠᠭᠣᠯᠠ ᠶᠢᠨ ᠬᠣᠭᠣᠷᠣᠠᠳᠣᠬᠢ ᠲᠠᠯ᠎ᠠ ᠣᠷᠣᠭᠣ ᠪᠦᠷᠥᠢ ᠲᠠᠰᠣᠷᠠᠬᠣ ᠪᠣᠯᠳᠠᠯ᠎ᠠ ᠲᠣᠷᠠᠠᠳᠠᠵᠣ ᠵᠤᠭᠰᠣᠭᠰᠠᠨ ᠶᠣᠮ᠃ ᠪᠢ ᠵᠠᠯᠠᠭᠣᠷ ᠲᠡᠬᠡᠷ᠎ᠡ ᠪᠠᠨ ᠡᠯᠢᠬᠡᠳᠡᠵᠦ ᠨᠢᠳᠣᠨ ᠤ ᠬᠣᠷᠣ ᠪᠠᠨ ᠲᠦᠷ ᠲᠠᠷᠣᠬᠣ ᠵᠠᠭᠣᠷ᠎ᠠ ᠪᠠᠨ ᠰᠠᠮᠠᠭᠣᠷᠠᠭᠰᠠᠨ ᠬᠣᠯᠠᠭᠠᠢ ᠶᠢ ᠶᠠᠭᠠᠬᠢᠵᠣ ᠵᠠᠯᠬᠠᠭᠠᠬᠣ ᠠᠷᠭ᠎ᠠ ᠪᠢᠰᠢᠯᠭᠠᠪᠠ᠃ ᠲᠠᠷᠠ ᠬᠡᠷᠪᠡ ᠨᠠᠮᠢ᠋ᠢ ᠠᠶ᠋ᠢᠯ ᠤᠨ ᠭᠠᠳᠠᠭ᠎ᠠ ᠦᠯᠠᠳᠡᠬᠡᠵᠦ᠂ ᠭᠠᠭᠴᠠᠭᠠᠷ ᠢᠶᠡᠨ ᠬᠡᠷ ᠲᠣᠨᠢ ᠣᠷᠣᠬᠣ ᠬᠡᠬᠥ ᠳᠤ ᠬᠦᠷᠪᠡᠯ ᠪᠢ ᠰᠡᠬᠥᠳᠡᠷ ᠨᠢ ᠰᠢᠭ᠌ ᠲᠠᠭᠠᠵᠣ ᠣᠷᠣᠨ᠎ᠠ᠃ ᠲᠠᠷᠠ ᠬᠡᠷᠪᠡ ᠠᠷᠢᠬᠢᠴᠢᠳ ᠲᠡᠶ ᠨᠡᠢᠯᠡᠬᠡᠥᠨ ᠲᠠᠭᠣᠯᠠᠵᠣ ᠨᠠᠷᠬᠢᠬᠣ ᠳᠤ ᠬᠦᠷᠪᠡᠯ ᠪᠢ ᠵᠠᠪᠠᠯ ᠲᠠᠬᠢᠨ ᠲᠠᠬᠢᠨ ᠰᠣᠯᠣᠭᠠᠢ ᠬᠣᠭᠣᠯᠠᠢ ᠪᠠᠷ ᠢᠶᠡᠨ ᠬᠢᠳᠠᠳ ᠲᠠᠭᠣᠤ ᠡᠬᠥᠰᠬᠡᠵᠦ ᠲᠠᠭᠣᠯᠠᠭᠠᠳ ᠣᠷᠮ᠎ᠠ ᠶᠢ ᠨᠢ ᠬᠣᠭᠣᠯᠣᠨᠠ᠃
ᠬᠠᠷᠠᠩᠭ᠋ᠣᠢ ᠲᠦᠬᠡᠵᠦ ᠲᠣᠷᠠᠨ ᠤ ᠬᠠᠷᠠᠭᠠᠨ (ᠤᠯᠠᠭᠠᠨ ᠤ ᠭᠠᠳᠠᠨᠠᠬᠢ ᠳᠤᠶᠠᠭᠠᠨ ᠤ ᠳᠤᠷᠠᠨ ᠶᠤᠮ ) ᠳᠤ ᠬᠡᠷᠡᠯ ᠦᠭᠡᠶ ᠭᠠᠵᠠᠷ ᠤᠨ ᠬᠣᠯᠠ ᠶᠢᠨ ᠪᠠᠷ᠎ᠠ ᠲᠠᠮᠠᠢ ᠴᠤ ᠲᠣᠳᠣ ᠬᠠᠷᠠᠭᠳᠠᠬᠣ ᠦᠭᠡᠶ ᠪᠣᠯᠣᠭᠰᠠᠨ ᠬᠣᠶ᠋ᠢᠨ᠎ᠠ ᠲᠠᠷᠠ ᠦᠬᠡᠷ ᠴᠢᠯᠠᠭᠣᠨ ᠲᠡᠬᠡᠷ᠎ᠡ ᠡᠴᠡ ᠭᠣᠯᠭᠣᠨ ᠪᠠᠭᠣᠵᠣ ᠲᠡᠷᠬᠡᠨ ᠮᠣᠬᠣᠯᠠᠭ ᠲᠤ ᠣᠷᠣᠵᠣ ᠢᠷᠡᠬᠡᠥᠨ ᠢᠳᠠᠵᠣ ᠣᠣᠭᠣᠬᠣ ᠶᠠᠭᠣᠮ᠎ᠠ ᠡᠷᠢᠵᠣ ᠮᠢᠨᠣ ᠰᠠᠭᠣᠳᠠᠯ ᠤᠨ ᠠᠷᠤ ᠶᠢᠨ ᠪᠣᠭᠴᠣ ᠡᠨᠠ ᠲᠠᠷᠠ ᠶᠢ ᠬᠦᠷᠳᠡᠯ᠎ᠡ ᠡᠷᠠᠬᠡ ᠵᠢᠷᠣᠭ᠎ᠠ ᠦᠭᠡᠶ ᠣᠷᠪᠠᠭᠣᠯᠵᠣ ᠬᠦᠷᠪᠡᠬᠥᠯᠵᠦ ᠭᠠᠷᠣᠯ᠎ᠠ᠃
《 ᠣᠳᠣ ᠬᠠᠮᠢᠭᠠᠰᠢ ᠪᠠᠨ ᠶᠠᠪᠣᠨ᠎ᠠ︖》 ᠬᠡᠵᠦ ᠪᠢ ᠲᠤᠷ᠎ᠠ ᠮᠠᠭᠣᠳᠠᠢ ᠠᠰᠠᠭᠣᠪᠠᠯ᠄
《 ᠬᠣᠶ᠋ᠢᠨ᠎ᠠ ᠬᠠᠷᠠᠭᠳᠠᠵᠣ ᠪᠠᠶ᠋ᠢᠭ᠎ᠠ ᠭᠠᠯ ᠤᠨ ᠬᠡᠷᠡᠯ ᠵᠦᠭ᠌ ᠶᠠᠪᠣ 》 ᠬᠡᠵᠦ ᠲᠠᠷᠠ ᠬᠡᠯᠡᠪᠡ᠃
ᠬᠣᠩᠭ᠋ᠣᠷ ᠤᠨ ᠭᠣᠶᠣᠯᠠᠵᠣ ᠶᠠᠩᠵᠣᠯᠠᠭᠰᠠᠨ ᠬᠡᠵᠦ ᠬᠡᠯᠡᠬᠥ ᠡᠴᠡ ᠭᠠᠳᠠᠨ᠎ᠠ ᠬᠡᠳᠥᠨ ᠬᠣᠷᠣᠭᠣ ᠪᠣᠯᠵᠠᠢ᠃ ᠴᠤᠬᠤᠮ ᠵᠠᠯᠪᠠᠷᠢᠮᠠᠷ ᠡ᠃ ᠶᠠᠭᠠᠬᠢᠬᠣ ᠬᠡᠰᠡᠨ ᠶᠣᠮ ᠳ᠋ᠠ︕ ᠡᠨᠠ ᠡᠳᠠᠯ ᠬᠣᠷᠭᠣᠯ ᠲᠣᠮᠳᠠ ᠭᠠᠵᠠᠷ ᠱᠦᠬᠥᠷᠳᠡᠮᠡᠷ ᠪᠠᠩᠵᠠᠯ ᠡᠮᠥᠰᠴᠢᠬᠡᠭ᠍ᠰᠡᠨ᠃ ᠬᠣᠨᠢᠨ ᠮᠢᠬ᠎ᠠ ᠢᠳᠡᠬᠥᠯᠬᠥ ᠪᠠᠷ ᠲᠠᠭᠣᠳᠠᠭᠰᠠᠨ ᠪᠢᠰᠢ ᠬᠡᠣᠬᠡᠨ ᠮᠣᠷᠳᠠᠭᠣᠯᠬᠣ ᠬᠣᠷᠢᠮ ᠳᠤ ᠵᠠᠯᠠᠪᠠ ᠦᠦ ᠳ᠋ᠠ ᠶᠠᠮᠠᠷ ᠲᠠᠭᠠᠨ᠃ ᠪᠣᠷᠪᠢ ᠨᠢ ᠲᠠᠶ᠋ᠢᠮᠣ ᠦᠨᠳᠥᠷ ᠱᠠᠬᠠᠢ ᠰᠦᠨᠢ ᠣᠷᠣᠢ ᠶᠢᠨ ᠵᠠᠮ ᠳᠤ ᠬᠦᠯ ᠢ ᠨᠢ ᠪᠣᠯᠵᠠᠭᠠᠬᠣ ᠡᠴᠡ ᠠᠶᠣᠬᠣ ᠦᠭᠡᠶ ᠪᠣᠯᠪᠠ ᠦᠦ︖ ᠪᠢ ᠬᠠᠳᠠᠮ ᠡᠬᠡᠴᠢ ᠬᠦᠮᠥᠨ᠂ ᠲᠡᠬᠥᠤ ᠪᠠᠷᠢ ᠶᠢᠨ ᠦᠬᠡᠳᠡ ᠡᠴᠡ ᠶᠠᠭᠣ ᠬᠡᠯᠡᠬᠥ ᠳ᠋ᠠ ᠁
ᠣᠷᠣᠢ ᠬᠣᠴᠢᠭᠰᠠᠨ ᠰᠥᠯᠢᠶᠥᠤ ᠨᠢ ᠣᠷᠠᠭᠳᠠᠵᠣ ᠨᠠᠪᠳᠠᠷᠠᠭᠰᠠᠨ ᠬᠣᠶᠠᠷ ᠲᠠᠰᠣᠯᠭ᠎ᠠ ᠰᠢᠪᠠᠷ ᠬᠡᠷ ᠤᠨ ᠡᠬᠥᠳᠡᠨ ᠳᠤ ᠭᠠᠯ ᠤᠨ ᠬᠡᠷᠡᠯ ᠢ ᠲᠣᠭᠣᠷᠢᠭᠠᠳ ᠬᠡᠳᠥᠨ ᠬᠦᠮᠥᠨ ᠨᠠᠭᠠᠰᠢ ᠴᠠᠭᠠᠰᠢ ᠵᠦᠷᠢᠯᠲᠦᠵᠦ ᠪᠠᠶ᠋ᠢᠭᠰᠠᠨ ᠢᠶᠡᠨ ᠰᠠᠯᠬᠢ ᠪᠣᠰᠬᠣ ᠮᠠᠶᠢᠭ ᠭᠠᠷᠣᠮᠠᠭᠴᠠ ᠪᠦᠬᠥᠳᠡᠬᠡᠷ ᠬᠡᠷ ᠲᠡᠭᠡᠨ ᠣᠷᠣᠵᠠᠢ᠃ ᠲᠠᠳᠠᠨ ᠤ ᠣᠷᠬᠢᠭᠰᠠᠨ ᠭᠠᠯ ᠤᠨ ᠣᠠᠳᠠᠷᠠᠬᠣ ᠰᠢᠬᠠᠭᠰᠠᠨ ᠴᠣᠭ ᠲᠣᠷᠠᠨ ᠤ ᠬᠠᠷᠠᠭᠠᠨ ᠳᠤ ᠬᠠᠶᠠ ᠣᠯᠠᠰ ᠣᠯᠠᠰ ᠬᠠᠷᠠᠭᠳᠠᠵᠣ ᠪᠠᠶ᠋ᠢᠬᠣ ᠪᠠᠷ ᠦᠵᠡᠪᠡᠯ ᠲᠡᠷᠬᠡ ᠵᠤᠭᠰᠣᠭᠠᠭᠰᠠᠨ ᠬᠣᠳᠣᠭᠣᠷ ᠡᠴᠡ ᠲᠠᠷᠠ ᠬᠡᠷ ᠬᠦᠷᠳᠡᠯ᠎ᠡ ᠪᠠᠷᠣᠭ ᠬᠣᠶᠠᠷ ᠵᠠᠭᠤᠨ ᠮᠧᠲ᠋ᠷ ᠡᠴᠡ ᠢᠯᠡᠬᠥᠤ ᠵᠠᠢ ᠦᠭᠡᠶ᠃
《 ᠡᠳᠠ ᠶᠠᠭᠣᠨ ᠳᠤ ᠬᠦᠯ ᠦᠢᠮᠡᠬᠡᠨ ᠪᠣᠯᠵᠣ ᠪᠠᠶ᠋ᠢᠬᠣ ᠪᠣᠯ︖ ᠬᠡᠷ ᠲᠣᠨᠢ ᠣᠷᠣᠵᠣ ᠦᠵᠡᠬᠥ ᠦᠦ ᠳ᠋ᠠ ᠁》 ᠰᠣᠮᠣᠨ ᠤ ᠠᠵᠢᠯᠳᠠᠨ ᠢᠩᠬᠢᠵᠣ ᠦᠪᠡᠷ ᠤᠨ ᠪᠠᠶ᠎ᠠ ᠳᠡᠭᠡᠨ ᠬᠡᠯᠡᠬᠥ ᠰᠢᠭ᠌ ᠨᠠᠳᠠ ᠳᠤ ᠰᠣᠨᠣᠰᠬᠠᠬᠣ ᠬᠡᠰᠡᠨ ᠰᠢᠭ᠌ ᠬᠡᠯᠡᠭ᠍ᠰᠡᠨ ᠪᠣᠯᠪᠠᠴᠣ ᠲᠡᠷᠬᠡᠨ ᠮᠣᠬᠣᠯᠠᠭ ᠡᠴᠡ ᠪᠠᠭᠣᠬᠣ ᠪᠠᠶ᠋ᠢᠳᠠᠯ ᠦᠭᠡᠶ᠂ ᠲᠣᠷᠠᠨ ᠤ ᠣᠭᠣᠰᠣᠷ ᠢᠶᠡᠨ ᠣᠷᠣᠯᠳᠣᠭᠠᠳ ᠰᠠᠭᠣᠵᠣ ᠪᠠᠶ᠋ᠢᠨ᠎ᠠ᠃ ᠨᠠᠳᠠ ᠳᠤ ᠴᠤ ᠪᠣᠯ ᠮᠣᠩᠭ᠋ᠣᠯ ᠬᠦᠮᠥᠨ ᠤ ᠪᠠᠶᠠᠷᠯᠠᠵᠣ ᠨᠠᠷᠬᠢᠬᠣ ᠣᠭᠳᠣ ᠬᠠᠮᠢᠶ᠎ᠠ ᠦᠭᠡᠶ᠃ ᠮᠠᠭᠣ ᠬᠦᠮᠥᠨ ᠤ ᠮᠢᠨᠳᠠᠭ ᠨᠢ ᠶᠡᠬᠡ᠂ ᠮᠠᠭᠣ ( ᠢᠰᠢᠬᠡᠨ ) ᠤᠬᠤᠨ᠎ᠠ ᠶᠢᠨ ᠲᠣᠴᠢᠭ ᠨᠢ ᠶᠡᠬᠡ ᠬᠡᠵᠦ ᠶᠠᠭ ᠲᠠᠭᠠᠷᠠᠬᠣ ᠦᠬᠡ᠃ ᠪᠠᠶᠠᠷ ᠨᠢᠬᠡ ᠴᠠᠭ ᠤᠨ ᠬᠣᠶᠠᠷ ᠡᠮᠬᠥᠬᠥ ᠬᠣᠨᠢᠨ ᠮᠢᠬ᠎ᠠ ᠢᠳᠡᠬᠥᠯᠬᠥ ᠡᠴᠡ ᠪᠠᠨ ᠢᠯᠡᠬᠥᠤ ᠯᠠᠷᠵᠢᠶ᠎ᠠ ᠨᠢ ᠪᠠᠭ᠎ᠠ ᠦᠬᠡᠢ᠃ ᠣᠷᠢᠳ ᠢᠶᠡᠷ ᠭᠠᠳᠠᠭ᠎ᠠ ᠠᠷᠭᠠᠯ ᠤᠨ ᠦᠨᠡᠰᠤ ᠪᠣᠳᠠᠷᠠᠭᠰᠠᠨ ᠭᠠᠯ ᠤᠨ ᠲᠡᠷᠬᠡᠳᠡ ᠰᠠᠭᠣᠵᠣ ᠴᠠᠢ ᠣᠣᠭᠣᠵᠠᠭᠠᠬᠣ ᠶᠣᠮ ᠬᠡᠨ᠎ᠡ᠃ ᠪᠢᠳᠠ ᠪᠦᠬᠥᠳᠡᠬᠡᠷ ᠬᠡᠷ ᠤᠨ ᠡᠵᠠᠨ ᠤ ᠦᠬᠡ ᠪᠠᠷ ᠣᠷᠣᠵᠣ ᠲᠡᠪᠢᠰᠥᠭᠰᠡᠨ ᠰᠢᠷᠢᠳᠡᠭ ᠲᠡᠬᠡᠷ᠎ᠡ ᠨᠢ ᠵᠠᠪᠢᠯᠠᠭᠠᠳ ᠴᠠᠢ ᠶᠢᠨ ᠠᠶᠠᠭ᠎ᠠ ᠰᠢᠬᠥᠷᠡᠬᠥ ᠡᠴᠡ ᠣᠷᠢᠳᠠᠢ ᠵᠢᠪᠠᠷ ᠬᠦᠳᠡᠯᠴᠢᠬᠡᠯᠡ᠃ ᠬᠡᠷ ᠲᠣᠨᠢ ᠰᠢᠯᠵᠢᠵᠣ ᠣᠷᠣᠭᠠᠳ ᠯᠠ ᠭᠣᠵᠣᠶ᠋ᠢᠯᠭᠠᠭᠰᠠᠨ ᠴᠠᠢ ᠶᠢᠨ ᠰᠢᠷᠡᠬᠡᠨ ᠤ ᠬᠢᠨᠢ ᠨᠢᠬᠡ ᠦᠨᠴᠥᠭ ᠢ ᠲᠠᠷᠣᠵᠣ ᠰᠠᠭᠣᠪᠠ᠃ ᠬᠣᠩᠭ᠋ᠣᠷ ᠢ ᠰᠢᠷᠡᠬᠡᠨ ᠳᠤ ᠰᠠᠭᠣᠬᠣ ᠶᠣᠮ ᠪᠣᠯᠪᠠ ᠦᠦ ᠬᠡᠰᠡᠨ ᠴᠢᠨᠢ ᠰᠠᠭᠣᠬᠣ ᠮᠠᠶᠢᠭ ᠦᠬᠡᠢ᠂ ᠲᠠᠭᠣᠯᠠ ᠶᠢ ᠬᠠᠮᠵᠢᠭᠠᠳ ᠲᠠᠪᠠᠭ ᠲᠡᠶ ᠠᠶᠠᠭ᠎ᠠ ᠲᠡᠶ ᠮᠢᠬ᠎ᠠ ᠱᠥᠯᠤ ᠵᠦᠬᠡᠬᠡᠵᠦ ᠪᠠᠶ᠋ᠢᠨ᠎ᠠ᠃ ᠪᠠᠶᠠᠷ ᠤᠨ ᠲᠣᠪᠣᠨ ᠤ ᠬᠣᠩᠬᠣᠯ ᠲᠣᠩᠬᠣᠯ ᠱᠠᠯᠠ ᠲᠡᠬᠡᠬᠥᠷ ᠨᠠᠭᠠᠰᠢ ᠴᠠᠭᠠᠰᠢ ᠵᠠᠮᠨᠠᠬᠣ ᠳᠠᠭᠠᠨ ᠱᠠᠬᠠᠢ ᠶᠢᠨ ᠪᠣᠷᠪᠢ ᠪᠠᠨ ᠬᠡᠷᠰᠠᠥᠯᠠᠬᠥ ᠦᠭᠡᠶ ᠭᠣᠷᠢ ᠦᠭᠡᠶ ᠳ᠋ᠠ᠃ ᠱᠥᠯᠤ ᠣᠰᠣ ᠠᠰᠬᠠᠵᠣ ᠪᠠᠩᠵᠠᠯ ᠤᠨ ᠬᠣᠷᠮᠣᠢ ᠪᠠᠨ ᠬᠠᠯᠳᠠᠩᠰᠢᠭᠣᠯᠬᠣ ᠦᠭᠡᠶ ᠭᠠᠷᠪᠠᠯ ᠡᠨᠠ ᠣᠷᠣᠢ ᠲᠠᠷᠠ ᠪᠣᠷᠬᠠᠨ ᠳᠠᠭᠠᠨ ᠵᠠᠯᠪᠠᠷᠢ᠃ ᠮᠢᠨᠣ ᠦᠵᠡᠬᠥ ᠪᠠᠷ ᠡᠨᠠ ᠴᠠᠭ ᠤᠨ ᠠᠷᠢᠬᠢ ᠮᠢᠬ᠎ᠠ ᠶᠢ ᠬᠠᠮᠣᠭ ᠡᠴᠡ ᠰᠢᠮᠠᠳᠠᠢ ᠣᠣᠭᠣᠵᠣ ᠢᠳᠠᠵᠣ ᠪᠠᠶ᠋ᠢᠬᠣ ᠨᠢ ᠵᠢᠷᠥᠬᠡ ᠬᠡᠷᠡᠯ ᠬᠣᠶᠠᠷ ᠪᠣᠯᠵᠠᠢ᠃ ᠪᠢ ᠴᠤ ᠪᠣᠯ ᠲᠠᠳᠠ ᠬᠣᠶᠠᠷ ᠤᠨ ᠲᠡᠷᠬᠡᠳᠡ ᠢᠳᠠᠵᠣ ᠣᠣᠭᠣᠬᠣ ᠰᠠᠳᠬᠢᠯ ᠦᠭᠡᠶ᠃ ᠴᠣᠩᠬᠣᠨ ᠰᠢᠯ ᠢᠶᠡᠷ ᠪᠠᠶ᠋ᠢᠨ ᠪᠠᠶ᠋ᠢᠨ ᠭᠠᠳᠠᠭᠰᠢ ᠯᠠᠪᠯᠠᠵᠣ ᠪᠠᠶ᠋ᠢᠬᠣ ᠳᠤ ᠪᠠᠷᠠᠭᠣᠨ ᠡᠮᠣᠨ᠎ᠠ ᠡᠴᠡ ᠨᠠᠭᠠᠰᠢᠯᠠᠵᠣ ᠪᠠᠶ᠋ᠢᠭᠰᠠᠨ ᠲᠡᠷᠬᠡᠨ ᠳ᠋ᠧᠨᠭ᠌ ᠤᠨ ᠬᠡᠷᠡᠯ ᠣᠷᠳᠣ ᠬᠣᠳᠣᠭᠣᠷ ᠣᠢᠷ᠎ᠠ ᠢᠷᠡᠬᠡᠥᠨ ᠬᠠᠷᠠᠭᠳᠠᠬᠣ ᠪᠠᠨ ᠪᠣᠯᠢᠪᠠ᠃ ᠬᠡᠨᠡᠨ ᠶᠣᠮ︕ ᠬᠡᠷ ᠢᠶᠡᠨ ᠲᠠᠮᠣᠷ ᠭᠣᠣᠯ ᠲᠡᠶ ᠵᠠᠩᠵᠣᠨ (ᠤᠨᠢᠰᠤ) ᠳ᠋ᠠᠭᠠᠨ ᠲᠣᠰᠢᠶᠠᠭᠠᠳ ᠶᠠᠪᠣᠵᠣ ᠪᠠᠶ᠋ᠢᠬᠣ ᠲᠣᠯᠠ ᠪᠢ ᠨᠡᠨᠭ᠌ ᠰᠠᠨᠠᠭ᠎ᠠ ᠠᠮᠠᠷ ᠦᠭᠡᠶ ᠪᠣᠯᠴᠢᠬᠠᠯ᠎ᠠ᠃
ᠮᠠᠭᠣ ᠬᠦᠮᠥᠨ ᠢᠳᠡᠬᠥ ᠪᠠᠨ ᠭᠠᠶ᠋ᠢᠬᠠᠭᠣᠯᠣᠨᠠ ᠬᠡᠵᠦ ᠴᠣᠠᠠᠣᠮ ᠴᠤ ᠣᠳᠣ᠃ ᠵᠢᠷᠥᠬᠡ ᠪᠢᠳᠠ ᠬᠣᠶᠠᠷ ᠯᠠ ᠰᠡᠭ ᠲᠡᠬᠡᠷ᠎ᠡ ᠪᠠᠭᠣᠭᠰᠠᠨ ᠬᠡᠷᠢᠶ᠎ᠡ ᠱᠠᠭᠠᠵᠠᠭᠠᠢ ᠰᠢᠭ ᠲᠣᠯᠣᠭᠠᠢ ᠦᠨᠳᠡᠢᠬᠥ ᠴᠢᠯᠦᠬᠡ ᠦᠭᠡᠶ ᠢᠳᠠᠵᠣ ᠣᠣᠭᠣᠵᠣ ᠯᠠ ᠪᠠᠶ᠋ᠢᠨ᠎ᠠ᠃ ᠪᠢᠳᠠ ᠬᠣᠶᠠᠷ ᠤᠨ ᠬᠣᠳᠣᠭᠣᠳᠣ ᠬᠡᠳᠡᠰᠤ ᠬᠡᠵᠦ ᠪᠠᠷᠣᠭ ᠯᠠ ᠵᠤᠬᠢᠷᠠᠭᠰᠠᠨ ᠵᠤᠣᠬᠠ ᠲᠣᠭᠣᠭ᠎ᠠ᠃ ᠡᠨᠠ ᠪᠢᠳᠠ ᠬᠣᠶᠠᠷ ᠶᠠᠭᠠᠬᠢᠭᠠᠳ ᠡᠷ᠎ᠠ ᠡᠮ᠎ᠠ ᠪᠣᠯᠵᠣ ᠵᠠᠶᠠᠭᠠᠭᠰᠠᠨ ᠦᠭᠡᠶ ᠶᠢ ᠪᠣᠤ ᠮᠠᠳᠠ᠁ ᠬᠣᠩᠭ᠋ᠣᠷ ᠡᠨᠠ ᠦᠳᠡᠰᠢ ᠴᠣᠭᠣᠮ ᠴᠤ ᠨᠢᠳᠣ ᠪᠠᠨ ᠪᠦᠯᠳᠡᠷᠠᠳᠡᠯᠡ ᠵᠠᠰᠠᠵᠠᠢ᠃
ᠡᠷᠳᠠᠨᠢᠵᠠᠪ ᠴᠢᠳᠬᠥᠷ ᠤᠨ ᠢᠳᠠᠵᠣ ᠣᠣᠭᠣᠵᠣ ᠰᠢᠬᠡᠵᠦ ᠪᠠᠭᠠᠵᠣ ᠪᠠᠶ᠋ᠢᠬᠣ ᠨᠢ ᠢᠯᠭᠠᠷᠠᠵᠣ ᠲᠠᠨᠢᠭᠳᠠᠬᠣ ᠴᠤ ᠦᠭᠡᠶ ᠶᠣᠮ᠃ ᠬᠡᠳᠥᠨ ᠬᠡᠷ ᠢᠶᠡᠷ ᠢᠶᠡᠨ ᠨᠡᠢᠯᠡᠬᠡᠥᠨ ᠰᠦᠨᠢ ᠬᠠᠭᠠᠰ ᠪᠣᠯᠳᠠᠯ᠎ᠠ ᠴᠤ ᠬᠡᠯᠡᠢ ᠡᠪᠳᠡᠢᠬᠡᠨ ᠨᠠᠷᠬᠢᠵᠣ ᠰᠠᠭᠣᠶᠠ ᠬᠡᠰᠡᠨ ᠴᠢᠨᠢ ᠨᠠᠮᠢ᠋ᠢ ᠱᠠᠭᠠᠠᠳᠠᠭ ᠮᠥᠯᠵᠢᠵᠦ ᠴᠣᠮᠣ ᠠᠷᠢᠬᠢ ᠣᠣᠭᠣᠬᠣ ᠵᠠᠭᠣᠷ᠎ᠠ ᠳᠤ ᠲᠠᠷᠠ ᠠᠷᠢᠬᠢᠨ ᠰᠢᠷᠡᠬᠡᠨ ᠡᠴᠡ ᠶᠠᠭ ᠲᠠᠪᠣ ᠣᠳᠠᠭ᠎ᠠ ᠪᠠᠭᠣᠭᠠᠳ ᠲᠠᠪᠣ ᠣᠳᠠᠭ᠎ᠠ ᠲᠠᠬᠢᠵᠣ ᠰᠠᠭᠣᠵᠠᠢ᠃ ᠡᠳᠠᠯ ᠤᠨ ᠣᠪᠣᠭᠠᠨ ᠤ ᠲᠠᠠᠳᠠ ᠲᠠᠯᠠᠢ ᠪᠠᠨ ᠴᠢᠷᠣᠨ ᠴᠢᠷᠣᠨ ᠣᠴᠢᠭᠠᠳ ᠲᠡᠪᠥᠰᠡᠨᠭ᠌ ᠢᠶᠡᠨ ᠮᠠᠷᠳᠠᠨ ᠮᠠᠷᠳᠠᠨ ᠪᠣᠴᠠᠵᠣ ᠢᠷᠠᠵᠣ ᠪᠠᠶ᠋ᠢᠬᠣ ᠴᠤ ᠶᠣᠮ ᠦᠦ᠂ ᠪᠣᠤ ᠮᠠᠳᠠ᠃ ᠮᠠᠨ ᠤ ᠪᠠᠶᠠᠷ ᠴᠤ ᠪᠣᠯ ᠦᠬᠡᠷ᠎ᠡ ᠬᠦᠮᠥᠨ ᠡᠴᠡ ᠢᠯᠡᠬᠥᠤ ᠨᠢᠬᠡ ᠬᠣᠳᠣᠭᠣᠳᠣ ᠲ᠋ᠠᠢ ᠰᠢᠭ ᠭᠣᠳᠣᠷᠴᠣ ᠣᠣᠭᠣᠭᠰᠠᠭᠠᠷ ᠪᠠᠢᠭᠠᠳ ᠵᠤᠴᠢᠳ ᠶᠠᠭᠠᠬᠢᠭ᠎ᠠ ᠴᠤ ᠦᠭᠡᠶ ᠪᠠᠶ᠋ᠢᠬᠣ ᠳᠤ ᠨᠢᠳᠣ ᠣᠷᠣᠭᠣᠯ ᠬᠣᠶᠠᠷ ᠨᠢ ᠣᠯᠪᠣᠶ᠋ᠢᠬᠣ ᠨᠢ ᠣᠯᠪᠣᠶ᠋ᠢᠵᠣ ᠨᠠᠪᠳᠠᠶ᠋ᠢᠬᠣ ᠨᠢ ᠨᠠᠪᠳᠠᠶ᠋ᠢᠭᠠᠳ ᠬᠦᠮᠥᠨ ᠡᠴᠡ ᠪᠠᠨ ᠭᠠᠷᠬᠣ ᠪᠠᠶ᠋ᠢᠳᠠᠯ ᠣᠷᠣᠴᠢᠬᠠᠯ᠎ᠠ᠃ ᠲᠦᠢ︕ ᠪᠣᠷᠬᠠᠨ ᠪᠠᠭᠰᠢ ᠪᠠᠰᠠ ᠬᠦᠮᠥᠨ ᠲᠥᠷᠥᠯ ᠬᠣᠪᠢᠶᠠᠬᠣ ᠳᠠᠭᠠᠨ ᠡ᠊ᠨᠳᠡᠬᠥᠤ ᠭᠠᠷᠳᠠᠭ ᠪᠠᠶ᠋ᠢᠵᠣ ᠳ᠋ᠠ ᠁
ᠬᠣᠶ᠋ᠢᠳᠣ ᠭᠣᠵᠦᠡᠭ ( ᠣᠯᠢᠶᠠᠰᠣ ᠭᠣᠵᠦᠡᠭ ᠢ ᠵᠢᠭᠠᠵᠣ ᠪᠣᠢ ) ᠠᠭᠣᠯᠠ ᠶᠢᠨ ᠬᠢᠨᠢ ᠡᠩᠬᠡᠷ ᠲᠤ ᠨᠠᠯᠢᠶᠠᠳ ᠲᠠᠷᠭᠣᠨ ᠲᠠᠪᠠᠳᠠᠢ ᠠᠮᠢᠳᠣᠷᠠᠵᠣ ᠪᠠᠶ᠋ᠢᠭ᠎ᠠ ᠠᠶ᠋ᠢᠯ ᠪᠣᠢ᠃ ᠪᠦᠲᠦᠬᠥᠨ ᠪᠦᠲᠦᠬᠥᠨ ᠦᠬᠡᠷ ᠤᠳ ᠨᠢ ᠬᠠᠰᠢᠶᠠᠨ ᠭᠠᠳᠠᠭᠣᠷ ᠢᠶᠡᠨ ᠬᠦᠯᠳᠡᠬᠡ ᠭᠠᠯᠳᠠᠭᠠ ᠬᠡᠪᠳᠡᠵᠦ᠂ ᠬᠣᠨᠢᠳ ᠨᠢ ᠬᠡᠷ ᠡᠴᠡ ᠪᠠᠨ ᠡᠮᠣᠨᠠᠰᠢ ᠪᠠᠨ ᠪᠠᠷᠣᠭ ᠵᠠᠭᠣᠨ ᠠᠯᠴᠠᠮ ᠵᠠᠶ᠋ᠢᠳᠠᠢ ᠣᠪᠣᠭᠣᠷ ᠲᠡᠬᠡᠷᠡᠬᠢ ᠦᠪᠥᠡᠭ ᠤᠨ ᠰᠠᠭᠣᠷᠢ ᠴᠢᠨᠡᠬᠡ ᠭᠠᠵᠠᠷ ᠢ ᠲᠣᠭᠣᠷᠢᠭᠣᠯᠵᠣ ᠲᠠᠳᠠᠭᠰᠠᠨ ᠰᠠᠷᠠᠯᠵᠢ ᠲᠣᠣᠷ ᠲᠤ ᠬᠣᠷᠢᠭᠳᠠᠵᠣ ( ᠡᠷᠢᠮᠠᠷ ᠥ ᠰᠠᠪ ᠣᠯᠳᠠᠬᠣ ᠦᠭᠡᠶ ) ᠪᠠᠶ᠋ᠢᠨ᠎ᠠ᠃ ᠲᠡᠷᠬᠡ ᠶᠢ ᠬᠦᠷᠢᠶᠡᠨ ᠡᠬᠥᠳᠡ ᠣᠶ᠋ᠢᠷ᠎ᠠ ᠨᠢ ᠵᠤᠭᠰᠣᠭᠠᠭᠠᠳ ᠵᠢᠯᠣᠭᠣᠴᠢ ᠪᠢᠳᠠ ᠬᠣᠶᠠᠷ ᠵᠠᠮ ᠠᠰᠠᠭᠣᠬᠣ ᠬᠡᠰᠡᠨ ᠰᠢᠯᠳᠠᠭ ᠢᠶᠡᠷ ᠰᠢᠭᠣᠳ ᠬᠡᠷ ᠤᠨ ᠬᠢᠨᠢ ᠬᠠᠭᠠᠯᠭᠠᠨ ᠳᠤ ᠬᠦᠷᠪᠡᠯ ᠬᠠᠭᠠᠯᠭ᠎ᠠ ᠨᠢ ᠣᠨᠢᠰᠣᠳᠠᠢ᠂ ᠬᠡᠪᠡᠴᠦ ᠴᠣᠩᠬᠤ ᠪᠠᠨ ᠲᠠᠷᠣᠭᠰᠠᠨ ᠦᠭᠡᠶ᠃ ᠪᠢ ᠴᠣᠩᠬᠣᠨ ᠲᠣᠣᠷ ᠢ ᠨᠢ ᠢᠷᠠᠰᠬᠢᠭᠠᠳ ᠲᠣᠯᠣᠭᠠᠢ ᠪᠠᠨ ᠰᠢᠷᠭᠣᠭᠣᠯᠵᠣ 《 ᠬᠦᠮᠥᠨ ᠪᠠᠶ᠋ᠢᠨ᠎ᠠ ᠦᠦ︖》 ᠬᠡᠪᠡᠯ ᠬᠠᠷᠢᠭᠣ ᠴᠢᠮᠡᠬᠡ ᠦᠭᠡᠶ᠃ ᠭᠠᠷ ᠢᠶᠡᠨ ᠰᠢᠷᠭᠣᠭᠣᠯᠵᠣ ᠲᠠᠮᠳᠠᠷᠢᠪᠠᠯ ᠮᠠᠳᠠᠢ ᠲᠡᠶ ᠵᠦᠬᠡᠯᠡᠨ ᠶᠠᠭᠣᠮ᠎ᠠ ᠪᠠᠷᠢᠭᠳᠠᠪᠠ᠃ ᠨᠢᠬᠡᠠᠳᠡ ᠴᠣᠩᠬᠤ ᠪᠠᠷ ᠨᠢ ᠲᠠᠳᠠᠭᠠᠳ ᠭᠠᠷᠭᠠᠴᠢᠬᠠᠭᠰᠠᠨ ᠵᠦᠢᠯ ᠢ ᠲᠠᠬᠢᠨ ᠲᠥᠯᠬᠢᠵᠦ ᠣᠷᠣᠭᠣᠯᠣᠯᠳᠠᠢ ᠪᠢᠰᠢ ᠲᠣᠯᠠ ᠪᠢᠳᠠ ᠬᠣᠶᠠᠷ ᠲᠣᠮᠳᠠ ᠪᠠᠨ ᠮᠠᠳᠠᠢ ᠳᠤ ᠰᠠᠪᠠᠯᠠᠭᠰᠠᠨ ᠬᠦᠩᠬᠡᠨ ᠶᠠᠭᠣᠮ᠎ᠠ (ᠢᠮᠠᠭᠠᠨ ᠨᠣᠣᠯᠣᠭᠣᠷ ᠪᠣᠯᠣᠯᠳᠠᠢ ) ᠶᠢ ᠬᠠᠮᠵᠢᠨ ᠲᠡᠬᠥᠵᠢᠯᠡᠵᠦ ( ᠪᠢ ᠭᠠᠭᠴᠠᠭᠠᠷ ᠢᠶᠡᠨ ᠡᠷᠬᠥᠵᠦ ᠲᠡᠢᠯᠬᠥ ᠦᠭᠡᠶ ᠪᠢᠰᠢ ) ᠦᠬᠡ ᠲᠠᠭᠣᠨ ᠦᠭᠡᠶ ᠪᠠᠷ ᠲᠡᠷᠬᠡᠨ ᠳᠡᠭᠡᠨ ᠭᠠᠷᠴᠠᠢ᠃
《 ᠣᠳᠣ ᠪᠣᠴᠠᠶ᠎ᠠ︕ ᠶᠠᠭᠣ ᠴᠤ ᠬᠡᠰᠡᠨ ᠭᠠᠷ ᠬᠣᠭᠣᠰᠣᠨ ᠪᠣᠯᠣᠭᠰᠠᠨ ᠦᠭᠡᠶ 》 ᠬᠡᠵᠦ ᠪᠢ ᠬᠡᠯᠡᠪᠡ᠃
《 ᠪᠣᠯᠬᠣ ᠬᠡᠵᠦ ᠦᠦ ᠳ᠋ᠠ︖》 ᠬᠡᠵᠦ ᠵᠢᠯᠣᠭᠣᠴᠢ ᠠᠰᠠᠭᠣᠪᠠ᠃
《 ᠪᠣᠯᠬᠣ ᠦᠭᠡᠶ ᠶᠠᠭᠠᠬᠢᠭᠠᠳ ᠯᠠ ᠲᠡᠬᠡᠬᠥ︕ ᠡᠨᠠ ᠠᠶ᠋ᠢᠯ ᠤᠨ ᠠᠮᠢᠳᠣᠷᠠᠵᠣ ᠪᠠᠶ᠋ᠢᠬᠣ ᠮᠠᠶᠢᠭ᠂ ᠦᠬᠡᠷ ᠡᠴᠡ ᠨᠢ ᠬᠣᠶᠠᠷ ᠢ ᠬᠦᠳᠥᠯᠣᠬᠡᠥᠨ ᠶᠠᠪᠣᠴᠢᠬᠠᠪᠠᠴᠣ ᠡᠷᠢᠯ ᠮᠠᠷᠢᠯ ᠬᠡᠵᠦ ᠰᠦᠢᠳ ᠪᠣᠯᠬᠣ ᠶᠠᠩᠵᠣ ᠦᠭᠡᠶ 》 ᠬᠡᠵᠦ ᠪᠢ ᠬᠡᠯᠡᠪᠡ᠃
《 ᠶᠠᠭᠣ ᠶᠣᠮ ᠪᠣᠯ︖ ᠦᠵᠡᠶ᠎ᠡ︕》 ᠬᠡᠵᠦ ᠵᠢᠯᠣᠭᠣᠴᠢ ᠬᠡᠯᠡᠪᠡ᠃
《 ᠦᠵᠡᠬᠥ ᠶᠢ ᠶᠠᠭᠣᠨ ᠳᠤ ᠶᠠᠭᠠᠷᠠᠴᠢᠬᠠᠭᠰᠠᠨ ᠪᠣᠢ︕ ᠬᠣᠷᠳᠣᠨ ᠡ᠊ᠠᠳᠠ ᠡᠴᠡ ᠵᠠᠶ᠋ᠢᠯᠠᠶᠠ 》 ᠬᠡᠵᠦ ᠪᠢ ᠬᠡᠯᠡᠪᠡ᠃
(ᠪᠦᠬᠦ ᠵᠤᠬᠢᠶᠠᠯ ᠳᠡᠬᠦᠰᠪᠡ)
(ᠲᠠᠩᠬᠢᠰ ᠨᠠᠢᠢᠷᠠᠭᠤᠯᠪᠠ)
ᠵᠤᠬᠢᠶᠠᠭᠴᠢ ᠶᠢᠨ ᠬᠠᠶᠢᠭ᠄ ᠬᠣᠣᠯᠢᠨ ᠭᠣᠣᠯ ᠬᠣᠳᠠ ᠶᠢᠨ ᠰᠢᠷ᠎ᠠ ᠬᠦᠷᠢᠶ᠎ᠡ ᠪᠠᠯᠭᠠᠰᠣᠨ ᠤ ᠰᠢᠣᠳᠠᠨ ᠲᠣᠪᠴᠢᠶᠠᠨ ᠤ 509 ᠵᠠᠬᠢᠳᠠᠯ ᠤᠨ ᠬᠠᠶ᠋ᠢᠷᠴᠠᠭ
ᠵᠤᠬᠢᠶᠠᠭᠴᠢ᠄ ᠷᠢ᠊·ᠴᠤᠭᠪᠢᠯᠢᠭ᠌
ᠢᠷᠡᠯᠲᠡ᠄ ᠬ·ᠪᠦᠬᠡᠮᠡᠨᠳᠤᠯ᠎ᠠ
ᠬᠠᠷᠢᠶ᠎ᠠ᠄ 《
ᠦᠨᠢᠷ ᠴᠡᠴᠡᠭ 》
ᠳᠠᠷᠤᠮ᠄ 9614
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ