ᠨᠡᠪᠲᠡᠷᠡᠨ ᠤᠷᠤᠬᠤ
ᠭᠤᠷᠪᠠᠨ ᠮᠦᠷᠳᠤ ᠨᠤᠬᠦᠳ

ᠭᠣᠷᠪᠠᠨ ᠡᠳᠣᠷ ᠤᠨ ᠪᠣᠷᠣᠭ᠎ᠠ

ᠭᠣᠨᠢᠭ ᠡᠴᠡ ᠮᠢᠨᠢ

ᠭᠣᠷᠪᠠᠨ ᠲᠣᠰᠣᠯ ᠲᠣᠳᠠᠭᠣ᠃


ᠡᠬᠥᠳᠡ ᠪᠠᠨ ᠰᠡᠮᠠᠬᠡᠷᠬᠡᠨ ᠣᠩᠭ᠋ᠣᠢ᠌ᠯᠭᠠᠵᠣ

ᠦᠪᠡᠷ ᠢ ᠪᠠᠨ ᠪᠠᠰᠠ ᠨᠢᠬᠡ ᠬᠠᠭᠣᠷᠣᠯ᠎ᠠ

ᠴᠢᠨᠣ ᠵᠢᠷᠣᠭ ᠰᠢᠷᠡᠬᠡᠨ ᠲᠡᠬᠡᠷ᠎ᠡ ᠡᠢᠨᠢᠶᠡᠭ᠍ᠰᠡᠨ ᠴᠤ ᠦᠭᠡᠶ᠃


ᠪᠠᠭᠣᠴᠠᠨ ᠲᠡᠬᠡᠷ᠎ᠡ ᠡᠴᠡ ᠮᠢᠨᠢ

ᠰᠢᠷᠭᠣᠯᠵᠢ ᠪᠠᠰᠠ ᠨᠡᠬᠥᠨ᠎ᠡ

ᠲᠣᠰᠣᠨ ᠤ ᠬᠣᠳᠳᠣᠭ ᠯᠠ ᠲᠣᠬᠢᠯᠵᠠᠨ᠎ᠠ᠃


ᠡᠷᠳᠡᠨᠢᠸᠴᠢᠷ ᠵᠤᠳᠣᠭ ᠲᠠᠢ᠌ᠯᠣᠭᠰᠠᠨ ᠵᠤᠨ

ᠨᠠᠭᠠᠳᠣᠮ ᠤᠨ ᠴᠢᠮᠡᠬᠡ ᠣᠯᠳᠠᠭᠰᠠᠨ ᠦᠭᠡᠶ

ᠪᠢ ᠮᠣᠷᠢᠨ ᠤ ᠵᠢᠷᠣᠭ ᠴᠣᠭᠯᠠᠭᠣᠯᠣᠨ᠎ᠠ᠃


ᠪᠡᠳᠥᠮᠦ᠋ᠩᠬᠡ ᠱᠠᠭ᠎ᠠ ᠶᠢ

ᠲᠠᠬᠢᠭᠠᠳ ᠭᠣᠷᠪᠠᠠᠳᠠ ᠣᠷᠬᠢᠪᠠ

ᠣᠯᠣᠰᠪᠣᠯᠣᠳ ᠬᠣᠣᠷᠯᠠᠭᠳᠠᠵᠠᠢ᠃


ᠰᠠᠷᠠ ᠠᠳᠠᠯᠢ ᠨᠢᠴᠥᠬᠥᠨ᠂ ᠮᠥᠷᠡᠨ ᠠᠳᠠᠯᠢ ᠲᠥᠯᠬᠡᠬᠡᠨ

ᠲᠠᠷᠠ ᠵᠢᠷᠭᠠᠯ ᠬᠡᠵᠢᠶ᠎ᠡ ᠢᠷᠡᠬᠥ ᠪᠣᠯ︖

ᠰᠠᠯᠬᠢ ᠡᠷᠬᠢᠬᠥ ᠦᠭᠡᠶ ᠯᠠ ᠪᠠᠢ᠌ᠨ᠎ᠠ᠃


ᠴᠢᠮ᠎ᠠ ᠳᠤ ᠬᠠᠳᠠᠭᠠᠯᠠᠭᠰᠠᠨ

ᠭᠣᠷᠪᠠᠨ ᠠᠯᠢᠮ᠎ᠠ

ᠨᠠᠮᠢ᠋ᠢ ᠬᠠᠷᠠᠭᠠᠳ ᠦᠷᠴᠢᠢᠨ᠎ᠡ᠃


ᠴᠠᠭ ᠢ ᠬᠣᠪ ᠬᠣᠭᠣᠰᠣᠨ ᠥᠩᠬᠡᠷᠡᠬᠥᠯᠬᠥ

ᠬᠦᠮᠥᠨ ᠤ ᠪᠠᠭᠣᠤ ᠳᠤ

ᠴᠠᠭ ᠬᠣᠪ ᠬᠣᠭᠣᠰᠣᠨ ᠬᠢᠩᠬᠢᠨᠠᠨ᠎ᠠ᠃


ᠴᠢᠮᠢ᠋ᠢ ᠣᠬᠢᠯᠠᠭᠣᠯᠣᠭᠰᠠᠨ

ᠵᠦᠷᠢᠭᠦᠳ ᠵᠠᠡᠭ ᠶᠢᠠᠨ

ᠴᠠᠭ ᠤᠨ ᠵᠠᠬᠥᠤ ᠲᠡᠬᠡᠷ᠎ᠡ ᠡᠯᠬᠥᠵᠦ ᠬᠠᠳᠠᠭᠠᠪᠠ᠃


ᠬᠦᠮᠥᠨ ᠴᠢᠯᠠᠭᠣ ᠮᠢᠨᠢ

ᠴᠠᠪᠠ ᠲᠡᠶ ᠬᠠᠰ ᠡᠴᠡ ᠢᠯᠡᠬᠥᠤ

ᠴᠢᠮᠢ᠋ᠢ ᠪᠢ ᠬᠦᠮᠥᠨ ᠡᠴᠡ ᠨᠢᠭᠣᠨ᠎ᠠ᠃


ᠲᠡᠬᠡᠲᠦ ᠨᠠᠢ᠌ᠰᠯᠠᠯ ᠤᠨ ᠪᠠᠭᠣᠷᠢ ᠲᠡᠬᠡᠷ᠎ᠡ

ᠠᠯᠮᠠᠢ᠌ᠷᠠᠭᠰᠠᠨ ᠬᠦᠬᠡ ᠣᠨᠢᠶᠠᠷ ᠬᠦᠪᠥᠨ᠎ᠡ

ᠠᠷᠭᠠᠳᠠᠭᠠᠳ ᠰᠠᠷᠨᠢᠬᠤ ᠦᠭᠡᠶ ᠪᠣᠳᠣᠯ ᠵᠢᠪᠪᠣᠨ᠎ᠠ᠃


ᠠᠮᠢᠳᠠᠨ ᠤ ᠬᠦᠷᠢᠶᠡᠯᠡᠨᠭ᠌ ᠡᠴᠡ ᠬᠠᠷᠢᠯ᠎ᠠ

ᠬᠦᠮᠥᠨ ᠲᠥᠷᠢᠳᠡᠨ ᠨᠣᠭᠦᠳ ᠲᠡᠶ ᠪᠠᠢ᠌ᠬᠣ ᠨᠢ

ᠶᠠᠮᠠᠷ ᠴᠤ ᠣᠣᠠᠬ᠎ᠠ ᠦᠭᠡᠶ ᠰᠠᠨᠠᠭᠳᠠᠯ᠎ᠠ᠃


ᠵᠤᠬᠢᠶᠠᠭᠴᠢ ᠶᠢᠨ ᠬᠠᠶ‍ᠢᠭ᠄ ᠬᠦᠬᠡᠬᠣᠳᠡ ᠶᠢᠨ ᠶᠢᠨ ᠴᠢᠶᠣᠤ ᠨᠡᠬᠡᠬᠡᠯᠳᠡ ᠶᠢᠨ ᠲᠣᠭᠣᠷᠢᠭ ᠤᠨ ᠦᠪᠥᠷ ᠮᠣᠩᠭ᠋ᠣᠯ ᠤᠨ ᠡᠳᠣᠷ ᠤᠨ ᠰᠣᠨᠢᠨ ᠤ ᠬᠣᠷᠢᠶᠠᠨ ᠤ ᠠᠰᠠᠷ ᠤᠨ 8 ᠳ᠋ᠣᠭᠠᠷ ᠲᠠᠪᠬᠣᠷᠭ᠎ᠠ


ᠵᠤᠬᠢᠶᠠᠭᠴᠢ᠄ ᠡ᠊·ᠤᠷᠬᠢᠯ
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《 ᠦᠨᠢᠷ ᠴᠡᠴᠡᠭ
ᠳᠠᠷᠤᠮ᠄ 9623
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ