☆ ᠰᠡᠴᠡᠨᠳᠤ
ᠭᠠᠯᠪᠠ ᠶᠢᠨ ᠬᠤᠳᠤᠭ
ᠭᠠᠯᠵᠠᠭᠣᠷᠠᠯ
ᠬᠣᠳᠠ ᠬᠣᠳᠠ ᠶᠢᠨ ᠵᠤᠪᠠᠯᠭ᠎ᠠ ᠢᠳᠠᠵᠣ
ᠬᠣᠳᠣᠭᠣᠳᠣ ᠨᠢ ᠦᠬᠡᠬᠥᠯᠡᠭ᠍ᠰᠡᠨ ᠨᠣᠬᠠᠢ ᠭᠠᠯᠵᠠᠭᠣᠷᠠᠳᠠᠭ
ᠲᠢᠪ ᠲᠢᠪ ᠤᠨ ᠲᠣᠰᠣ ᠶᠢ ᠣᠣᠭᠣᠵᠣ
ᠲᠣᠯᠳᠣ ᠨᠢ ᠦᠬᠡᠬᠥᠯᠡᠭ᠍ᠰᠡᠨ ᠲᠠᠩᠺ ᠭᠠᠯᠵᠠᠭᠣᠷᠠᠳᠠᠭ
ᠡᠰᠢᠯᠡᠭ᠍ᠰᠡᠨ ᠫᠣᠤ ᠡᠵᠠᠨ ᠢᠶᠡᠨ ᠲᠠᠨᠢᠳᠠᠭ ᠦᠭᠡᠶ ᠨᠢ
ᠲᠠᠷᠢ ᠪᠠᠷ ᠬᠣᠭᠣᠯᠠᠯᠠᠵᠣ ᠭᠠᠯᠵᠠᠭᠣᠷᠠᠭᠰᠠᠨ ᠤ ᠬᠢ
ᠡᠬᠡ ᠲᠡᠯᠠᠬᠡᠢ ᠪᠠᠨ ᠬᠦᠤ ᠨᠢ ᠲᠠᠨᠢᠳᠠᠭ ᠦᠭᠡᠶ ᠨᠢ
ᠲᠠᠶ᠋ᠢᠨ ᠢᠶᠡᠷ ᠬᠣᠭᠣᠯᠠᠯᠠᠵᠣ ᠭᠠᠯᠵᠠᠭᠣᠷᠠᠭᠰᠠᠨ ᠤ ᠬᠢ
ᠭᠠᠯᠵᠠᠭᠣ ᠨᠣᠬᠠᠢ ᠳᠤ ᠬᠠᠵᠠᠭᠳᠠᠭᠰᠠᠨ ᠬᠦᠮᠥᠨ ᠢ
ᠬᠠᠬᠢᠯᠢᠭ ᠤᠨ ᠨᠠᠶ᠋ᠢᠷᠠᠯᠭ᠎ᠠ ᠲᠡᠶ ᠡᠮ ᠢᠶᠡᠷ ᠠᠨᠠᠭᠠᠳᠠᠭ
ᠭᠠᠯᠵᠠᠭᠣ ᠲᠠᠶ᠋ᠢᠨ ᠳᠤ ᠬᠠᠵᠠᠭᠳᠠᠭᠰᠠᠨ ᠲᠡᠯᠠᠬᠡᠢ ᠪᠠᠨ
ᠬᠠᠶ᠋ᠢᠷ᠎ᠠ ᠶᠢᠨ ᠨᠠᠶ᠋ᠢᠷᠠᠯᠭ᠎ᠠ ᠲᠡᠶ ᠡᠮ ᠢᠶᠡᠷ ᠠᠨᠠᠭᠠᠰᠣ︕
ᠬᠠᠬᠢᠯᠢᠭ ᠲᠡᠶ ᠡᠮ ᠣᠣᠭᠣᠭᠰᠠᠨ ᠡᠪᠠᠳᠴᠢᠳᠠᠨ
ᠬᠢᠯᠭᠠᠰᠣ ᠪᠠᠷ ᠬᠦᠯᠦᠬᠡᠯᠡᠵᠦ ᠢᠯᠠᠷᠢ ᠪᠣᠯᠳᠠᠭ
ᠬᠠᠶ᠋ᠢᠷ᠎ᠠ ᠶᠢᠨ ᠡᠮ ᠣᠣᠭᠣᠭᠰᠠᠨ ᠲᠡᠯᠠᠬᠡᠢ ᠮᠢᠨᠢ
ᠬᠣᠣᠷᠳᠠᠯ ᠨᠢ ᠶᠠᠭᠠᠬᠢᠵᠣ ᠲᠠᠶ᠋ᠢᠯᠣᠭᠳᠠᠳᠠᠭ ᠪᠣᠯ︕
ᠭᠠᠯᠪᠠ ᠶᠢᠨ ᠬᠣᠳᠣᠭ
ᠲᠠᠯ᠎ᠠ ᠬᠡᠷᠪᠡ ᠬᠠᠶ᠋ᠢᠷ᠎ᠠ ᠦᠭᠡᠶ ᠪᠣᠯ
ᠲᠡᠮᠠᠬᠡᠨ ᠬᠦᠬᠥ ᠶᠠᠭᠠᠬᠢᠭᠠᠳ ᠰᠥ᠋ ᠲᠡᠶ ᠶᠣᠮ
ᠠᠭᠣᠯᠠ ᠬᠡᠷᠪᠡ ᠠᠮᠢ ᠦᠭᠡᠶ ᠪᠣᠯ
ᠴᠢᠯᠠᠭᠣ ᠨᠢ ᠶᠠᠭᠠᠬᠢᠭᠠᠳ ᠴᠢᠰᠤ ᠲᠡᠶ ᠶᠣᠮ
ᠭᠠᠵᠠᠷ ᠬᠡᠷᠪᠡ ᠮᠠᠳᠠᠷᠠᠯ ᠦᠭᠡᠶ ᠪᠣᠯ
ᠠᠲ᠋ᠣᠮ ᠤᠨ ᠪᠦᠮᠪᠥᠬᠡᠨ ᠳᠤ ᠲᠠᠭᠠᠷᠢᠭᠳᠠᠭᠰᠠᠭᠠᠷ ᠶᠠᠭᠠᠬᠢᠭᠠᠳ
ᠢᠷᠭᠣᠢ ᠴᠤ ᠨᠢᠳᠥᠯᠠᠬᠥ ᠦᠭᠡᠶ ᠪᠡᠯᠪᠡᠰᠥᠷᠠᠳᠡᠭ ᠶᠣᠮ
ᠲᠡᠭ᠍ᠷᠢ ᠬᠡᠷᠪᠡ ᠮᠠᠳᠠᠷᠠᠯ ᠦᠭᠡᠶ ᠪᠣᠯ
ᠬᠦᠬᠥᠷ ᠤᠨ ᠣᠳᠣᠭᠠᠨ ᠳᠤ ᠪᠦᠭ᠍ᠯᠡᠷᠡᠭ᠍ᠰᠠᠬᠡᠷ ᠶᠠᠭᠠᠬᠢᠭᠠᠳ
ᠬᠠᠷ᠎ᠠ ᠴᠢᠰᠤ ᠪᠠᠭᠣᠯᠭᠠᠵᠣ ᠪᠡᠯᠪᠡᠰᠥᠷᠠᠳᠡᠭ ᠶᠣᠮ︖
ᠭᠠᠵᠠᠷ ᠲᠡᠭ᠍ᠷᠢ ᠪᠠᠨ ᠪᠡᠯᠪᠡᠰᠥᠷᠠᠬᠥᠯᠦᠬᠡᠥᠨ ᠯᠠ ᠪᠠᠶ᠋ᠢᠪᠠᠯ
ᠭᠠᠯᠪᠠ ᠶᠢᠨ ᠬᠣᠳᠣᠭ ᠣᠷᠳᠣᠰᠣᠨᠠ ᠬᠡᠵᠦ ᠦᠦ︖
ᠬᠡᠢ ᠶᠢᠨ ᠣᠷᠣᠨ ᠢᠶᠡᠷ ᠡᠬᠥᠯᠡ ᠢᠰᠥᠭᠰᠠᠬᠡᠷ
ᠮᠣᠳᠣᠨ ᠣᠷᠣᠨ ᠢᠶᠡᠷ ᠰᠢᠭᠣᠢ ᠬᠠᠯᠴᠠᠷᠠᠭᠰᠠᠭᠠᠷ
ᠰᠢᠷᠣᠢ ᠶᠢᠨ ᠣᠷᠣᠨ ᠢᠶᠡᠷ ᠭᠠᠵᠠᠷ ᠬᠠᠮᠠᠭᠣᠷᠠᠭᠰᠠᠭᠠᠷ
ᠣᠰᠣᠨ ᠣᠷᠣᠨ ᠢᠶᠡᠷ ᠭᠣᠣᠯ ᠭᠠᠰᠢᠯᠣᠭᠰᠠᠭᠠᠷ
ᠲᠠᠪᠣᠨ ᠮᠠᠬᠠᠪᠣᠳ ᠢ ᠨᠢ ᠡᠪᠳᠡᠷᠠᠬᠥᠯᠦᠬᠡᠥᠨ ᠯᠠ ᠪᠠᠶ᠋ᠢᠪᠠᠯ
ᠲᠡᠯᠠᠬᠡᠢ ᠶᠢᠨ ᠬᠣᠳᠣᠭ ᠣᠷᠳᠣᠰᠣᠨᠠ ᠬᠡᠵᠦ ᠦᠦ︖
ᠲᠡᠬᠡᠷ᠎ᠡ ᠨᠢ ᠴᠢᠩᠬᠢᠬᠡᠥᠨ ᠲᠠᠯᠪᠠ ᠲᠠᠷᠭᠣᠯᠠᠪᠠᠴᠣ
ᠲᠡᠯᠠᠬᠡᠢ ᠡᠴᠡ ᠬᠣᠶ᠋ᠢᠨ᠎ᠠ ᠵᠠᠬᠥᠳᠥᠯᠡᠨᠡ ᠬᠡᠵᠦ ᠦᠦ
ᠬᠦᠮᠥᠨ ᠤ ᠭᠠᠭᠴᠠ ᠲᠡᠯᠠᠬᠡᠢ ᠶᠢᠨ ᠢᠶᠡᠨ ᠬᠣᠳᠣᠭ ᠢ
ᠬᠣᠮᠣᠬᠠᠢ ᠰᠢᠨᠣᠯ ᠢᠶᠡᠨ ᠠᠷᠢᠭᠣᠰᠬᠠᠵᠣ ᠣᠷᠳᠣᠳᠭᠠᠶᠠ︕
ᠵᠤᠬᠢᠶᠠᠭᠴᠢ ᠶᠢᠨ ᠬᠠᠶᠢᠭ᠄ ᠣᠯᠠᠭᠠᠠᠬᠠᠳᠠ ᠬᠣᠳᠠ ᠶᠢᠨ ᠪᠠᠭᠠᠷᠢᠨ ᠪᠠᠷᠠᠭᠣᠨ ᠬᠣᠰᠢᠭᠣᠨ ᠤ ᠳ᠋ᠠᠪᠠᠨ ᠪᠠᠯᠭᠠᠰᠣ ᠶᠢᠨ 《 ᠬᠡᠷᠡᠯᠲᠦ ᠰᠣᠪᠣᠳ 》 ᠪᠠᠭ᠎ᠠ ᠲᠣᠭᠣᠷᠢᠭ ᠤᠨ 301 ᠵᠠᠬᠢᠳᠠᠯ ᠤᠨ ᠬᠠᠶ᠋ᠢᠷᠴᠠᠭ
ᠵᠤᠬᠢᠶᠠᠭᠴᠢ᠄ ᠰᠡᠴᠡᠨᠳᠤ
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《
ᠦᠨᠢᠷ ᠴᠡᠴᠡᠭ 》
ᠳᠠᠷᠤᠮ᠄ 9523
ᠴᠠᠭ᠄ 2009 ᠤᠨ ᠤ 04 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ