ᠨᠡᠪᠲᠡᠷᠡᠨ ᠤᠷᠤᠬᠤ
ᠭᠤᠪᠢ ᠶᠢᠨ ᠨᠠᠮᠤᠷ


ᠡᠭᠦᠯᠡᠰ ᠨᠡᠭᠦᠳᠡᠯᠯᠡᠵᠤ ᠶ‍ᠠᠪᠣᠭᠠᠤᠨ

ᠡᠭᠡᠵᠤ ᠢᠷᠡᠭᠡ ᠦᠭᠡᠶ ᠁


ᠭᠤᠷᠮᠤᠰᠤᠨ ᠡᠷᠴᠢᠮ ᠰᠢᠭ᠌ ᠴᠢᠩᠭ᠋ᠠᠷᠠᠳᠠᠭ ᠪᠠᠢ᠌ᠭᠰᠠᠨ

ᠭᠤᠪᠢ ᠶᠢᠨ ᠡᠨᠡᠭᠡᠨ ᠣᠯᠠᠷᠢᠯ

ᠭᠤᠨᠢᠭᠳᠠᠢ᠌ᠬᠠᠨ ᠢᠷᠡᠨ᠎ᠡ ᠃


ᠵᠡᠭᠡᠷ᠎ᠡ ᠶᠢᠨ ᠰᠢᠯᠢ ᠵᠢᠨ

ᠵᠡᠷᠭᠡᠯᠭᠡ ᠨᠢ ᠬᠠᠭᠤᠷᠠᠢ ᠳᠡᠭ᠍ᠷᠢ ᠪᠠᠷ

ᠵᠡᠯᠡᠯᠡᠭ᠍ᠰᠡᠨ ᠭᠠᠯᠠᠭᠤᠳ

ᠵᠢᠯ ᠵᠢᠯ ᠡᠴᠡ ᠡᠷᠳᠡ ᠪᠣᠴᠠᠯ᠎ᠠ ᠃


ᠳᠤᠭᠤᠰᠤᠷᠠᠭᠰᠠᠨ ᠬᠠᠳᠤᠯᠠᠩ ᠤᠨ ᠡᠭᠢᠤᠨ ᠵᠢᠠᠷ

ᠳᠤᠬᠤᠮ ᠤᠨ ᠬᠠᠯᠠᠭᠤᠨ ᠣᠷᠤᠮ ᠠᠯᠠᠭ᠎ᠠ

ᠳᠤᠮᠤᠭ ᠰᠢᠤᠬᠠᠨ ᠬᠠᠭᠤᠴᠢ ᠶᠢᠨ ᠴᠠᠭᠠᠨᠠᠬᠠᠨ

ᠳᠤᠰᠤ ᠲᠡᠶ ᠴᠠᠢ ᠳᠠᠷᠭᠢᠯᠠᠭᠤᠯᠵᠤ ᠪᠠᠢ᠌ᠳᠠᠭ

ᠳᠤᠯᠭ᠎ᠠ ᠶᠢᠨ ᠭᠤᠷᠪᠠᠨ ᠴᠢᠯᠠᠭᠤ ᠴᠤ ᠠᠯᠠᠭ᠎ᠠ ᠡ ︕



        ᠡᠵᠢ ᠮᠢᠨᠢ ᠪᠠᠢ᠌ᠭᠰᠠᠨ


ᠪᠢ ᠣᠭᠢᠯᠠᠬᠤ ᠳᠤᠷᠠᠳᠠᠢ ᠦᠶ᠎ᠠ

ᠭᠦᠭᠦᠭᠦᠯᠵᠤ ᠠᠷᠭᠠᠳᠠᠳᠠᠭ ᠠᠩᠭᠢᠷ ᠰᠥ᠋

ᠡᠵᠢ ᠮᠢᠨᠢ ᠪᠠᠢ᠌ᠭᠰᠠᠨ

ᠪᠢ ᠮᠦᠰᠤᠨ ᠰᠢᠭᠢᠷ ᠲᠤ ᠳᠤᠷᠠᠳᠠᠢ ᠦᠶ᠎ᠠ

ᠡᠷᠭᠢᠨᠡᠭ᠌ ᠲᠤ ᠬᠠᠳᠠᠭᠠᠯᠠᠰᠤᠳᠠᠢ ᠭᠡᠳᠤᠨ ᠮᠥᠩᠭᠦ

ᠡᠵᠢ ᠮᠢᠨᠢ ᠪᠠᠢ᠌ᠭᠰᠠᠨ

ᠪᠢ ᠳᠡᠨᠦᠭᠦ ᠳᠤᠷᠠᠳᠠᠢ ᠦᠶ᠎ᠠ

ᠳᠡᠷᠭᠡᠨ ᠤ ᠪᠢᠯᠸᠲ ᠪᠦᠭᠦᠨ

ᠡᠵᠢ ᠮᠢᠨᠢ ᠪᠠᠢ᠌ᠭᠰᠠᠨ

ᠪᠢ ᠬᠠᠤᠯᠢ ᠳᠤ ᠣᠨᠠᠵᠤ ᠳᠦᠭᠵᠢᠭᠦᠯᠭᠦ ᠦᠶ᠎ᠠ

ᠬᠠᠭᠠᠯᠭᠠᠨ ᠳᠤ ᠬᠠᠪᠴᠢᠭᠳᠠᠨ ᠳᠠᠯᠴᠢᠯᠠᠵᠤ ᠬᠤᠴᠤᠷᠤᠭᠰᠠᠨ ᠡᠷᠭᠡ ᠴᠢᠯᠦᠭᠡ

ᠡᠵᠢ ᠮᠢᠨᠢ ᠪᠠᠢ᠌ᠭᠰᠠᠨ

ᠪᠢ ᠢᠩᠭᠢᠵᠤ ᠡᠷᠢᠶ‍ᠡᠴᠢᠭᠡᠤᠨ ᠡᠩᠰᠡᠷᠡᠳᠡᠭ᠌ ᠪᠣᠯᠬᠤ ᠦᠶ᠎ᠠ

ᠡᠵᠢ ᠶᠢᠨ ᠮᠢᠨᠢ ᠰᠠᠠᠴᠢᠭ

ᠡᠡᠳᠡ ᠳᠠᠠᠳᠠ ᠦᠭᠡᠶ ᠪᠣᠭᠤᠷᠤᠯᠳᠤᠴᠢᠬᠠᠭᠰᠠᠨ ᠁


        ᠨᠠᠳᠠ ᠥᠭ᠍ᠭᠦᠭᠡᠴᠢ


ᠡᠳ᠋ᠯᠡᠵᠤ ᠭᠡᠷᠡᠭᠯᠡᠭᠦ ᠪᠠᠨ ᠪᠣᠯᠢᠭᠰᠠᠨ ᠬᠣᠢ᠌ᠨ᠎ᠠ

ᠡᠷᠢᠭᠡ ᠪᠠᠨ ᠨᠠᠳᠠ ᠥᠭ᠍ᠭᠦᠭᠡᠴᠢ

ᠡᠷᠭᠡ ᠣᠯᠠᠭᠠᠨ ᠱᠢᠷᠤ ᠶᠢ ᠨᠢ ᠬᠤᠯᠪᠣᠵᠤ

ᠡᠯᠡᠭ᠍ᠳᠡᠵᠤ ᠬᠠᠭᠤᠴᠢᠷᠠᠭᠰᠠᠨ ᠣᠳᠠᠰᠤ ᠶᠢ ᠨᠢ ᠪᠢ ᠠᠪᠣᠶ᠎ᠠ

ᠠᠷᠢᠭᠢᠳᠠᠵᠤ ᠪᠠᠷᠠᠭᠰᠠᠨ ᠬᠣᠢ᠌ᠨ᠎ᠠ ᠪᠠᠨ

ᠯᠤᠩᠬᠤ ᠪᠠᠨ ᠨᠠᠳᠠ ᠥᠭ᠍ᠭᠦᠭᠡᠴᠢ

ᠬᠤᠭᠤᠰᠤᠨ ᠯᠤᠩᠬᠤᠨ ᠳᠤ ᠭᠤᠨᠢᠭᠳᠠᠢ ᠳᠡᠯᠴᠢᠯᠡᠭ᠍ᠰᠡᠨ

ᠬᠤᠶ‍ᠠᠷ ᠣᠭᠤᠴᠢ ᠠᠭᠠᠷ ᠢ ᠨᠢ ᠪᠢ ᠠᠪᠣᠶ᠎ᠠ ᠯᠠ ︕



        ᠪᠣᠷᠤ ᠭᠡᠷᠡᠮ


ᠳᠦᠭ᠍ᠵᠢᠵᠤ ᠴᠢᠳᠠᠭ᠎ᠠ ᠦᠭᠡᠶ ᠡᠭᠦᠳᠡᠨ ᠳ᠋ᠤ

ᠳᠦᠰᠭᠢᠳᠠᠯ᠎ᠠ ᠨᠢᠭᠡ ᠪᠦᠳᠦᠷᠢᠭᠡᠰᠡᠢ ᠭᠡᠰᠡᠨ

ᠪᠣᠱᠤᠭ᠎ᠠ ︱

ᠪᠣᠷᠤ ᠭᠡᠷᠡᠮ ᠃

ᠪᠣᠱᠤᠭᠠᠨ ᠳᠤ ᠪᠦᠳᠦᠷᠢᠭᠡ ᠦᠭᠡᠶ ᠳᠡᠦᠭᠡᠨ ᠊ᠤ

ᠪᠣᠷᠪᠢᠨ ᠳ᠋ᠤᠨᠢ ᠨᠤᠷᠠᠭᠰᠠᠨ

ᠪᠣᠰᠬᠠᠵᠤ ᠴᠢᠳᠠᠭ᠎ᠠ ᠦᠭᠡᠶ ᠣᠰᠤᠯ ︱

ᠪᠣᠷᠤ ᠭᠡᠷᠡᠮ ᠃



        ᠵᠠᠭᠤᠨ ᠵᠢᠯ ᠤᠨ ᠬᠣᠢ᠌ᠨ᠎ᠠ ᠴᠢ ᠮᠢᠨᠤ ᠰᠢᠯᠦᠭ᠌ ᠢ ᠣᠩᠰᠢ


ᠵᠤᠯᠠ ᠳᠠᠭᠢᠯ ᠲᠡᠶ ᠪᠣᠷᠬᠠᠨ ᠊ᠤ

ᠦᠯᠮᠠᠢ ᠳᠤᠤᠷ᠎ᠠ ᠰᠥᠭᠦᠷᠡᠭ᠍ᠰᠡᠨ ᠰᠢᠭ᠌

ᠵᠠᠭᠤᠨ ᠵᠢᠯ ᠤᠨ ᠬᠣᠢ᠌ᠨ᠎ᠠ ᠴᠢ

ᠮᠢᠨᠤ ᠰᠢᠯᠦᠭ᠌ ᠢ ᠣᠩᠰᠢ ᠃

ᠵᠤᠨ ᠵᠤᠨ ᠴᠡᠴᠡᠭᠯᠡᠳᠡᠭ᠌

ᠮᠤᠩᠭ᠋ᠤᠯ ᠤᠨ ᠰᠠᠢ᠌ᠬᠠᠨ ᠳᠠᠯ᠎ᠠ

ᠵᠢᠷᠤᠭ ᠵᠢᠷᠤᠭ ᠡᠴᠡ ᠥᠵᠡᠰᠭᠦᠯᠡᠩ

ᠭᠤᠪᠢ ᠂ ᠬᠠᠩᠭ᠋ᠠᠢ ᠂ ᠴᠠᠢ᠌ᠳᠠᠮ

ᠵᠢᠰᠤ ᠵᠢᠰᠤᠨ ᠡᠴᠡ ᠭᠤᠸᠠᠯᠢᠭ

ᠳᠡᠭ᠍ᠵᠢᠨ ᠭᠤᠪᠠᠢ ᠭᠡᠦᠭᠡᠡᠴᠦᠦᠯ

ᠵᠡᠭᠦᠳᠤ ᠵᠡᠭᠦᠳᠤᠨ ᠳᠤ ᠢᠷᠡᠮᠡᠷ

ᠭᠣᠢ᠌ᠳᠠ ᠭᠣᠢ᠌ᠳᠠᠬᠠᠨ ᠳᠦᠷᠭᠦ ᠨᠤᠭᠦᠳ ᠊ᠢ

ᠵᠢᠷᠦᠭᠡ ᠰᠠᠤᠠᠭᠢᠯ ᠶᠢᠡᠷ ᠱᠠᠤᠠᠯᠠᠭᠰᠠᠨ

ᠣᠩᠭ᠋ᠤᠨ ᠮᠤᠩᠭ᠋ᠤᠯ ᠨᠠᠢ᠌ᠷᠠᠭ ᠡᠴᠡ

ᠵᠤᠯ ᠬᠠᠷᠭᠤᠪᠠᠯ ᠵᠠᠭᠤᠨ ᠤ ᠬᠣᠢ᠌ᠨ᠎ᠠ

ᠳᠡᠷᠡᠭᠡᠨ ᠭᠡᠪ ᠶᠢᠡᠷ ᠨᠢ ᠣᠩᠰᠢ ︕


ᠵᠤᠬᠢᠶᠠᠭᠴᠢ᠄ ᠳᠦᠷᠢᠮᠡᠬᠡᠢ
ᠢᠷᠡᠯᠲᠡ᠄ ᠬ·ᠪᠦᠬᠡᠮᠠᠨᠳᠤᠯ᠎ᠠ
ᠬᠠᠷᠢᠶ᠎ᠠ᠄ 《 ᠦᠨᠢᠷ ᠴᠡᠴᠡᠭ
ᠳᠠᠷᠤᠮ᠄ 10020
ᠴᠠᠭ᠄ 2009 ᠤᠨ ᠤ 05 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ