ᠨᠡᠪᠲᠡᠷᠡᠨ ᠤᠷᠤᠬᠤ
ᠴᠡᠴᠡᠷᠯᠢᠭ᠍ᠵᠢᠬᠦᠯᠭᠡ ᠶᠢᠨ ᠳᠤᠪᠴᠢᠶ᠎ᠠ ᠦᠭᠡᠢ ᠳᠠᠯ᠎ᠠ ᠨᠤᠳᠤᠭ

ᠦᠨᠦᠳᠥᠷ ᠨᠢᠬᠡ ᠮᠡᠳᠡᠬᠡ ᠦᠵᠡᠪᠡ᠃ ᠪᠡᠬᠡᠵᠢᠩ ᠬᠣᠳᠡ ᠨᠢᠳᠣᠨᠣᠨ ᠡᠪᠣᠯ ᠬᠡᠷᠩᠯᠡᠭ᠍ᠰᠡᠨ ᠴᠠᠰᠣ ᠬᠠᠶ᠋‍ᠢᠯᠣᠭᠣᠯᠬᠣ ᠨᠣᠠᠳᠠᠭ ᠨᠢ ᠮᠠᠰᠢ ᠣᠯᠠᠨ ᠮᠣᠳᠣ ᠶᠢ ᠰᠢᠳᠠᠭᠠᠨ ᠦᠬᠥᠬᠥᠯᠵᠦ᠂ ᠨᠣᠭᠣᠭᠠᠷᠠᠭᠣᠯᠣᠯᠳᠠ ᠶᠢᠨ ᠪᠦᠰᠡ ᠨᠢ ᠬᠣᠬᠢᠷᠠᠯ ᠳᠤ ᠣᠴᠠᠷᠠᠨ᠂ ᠠᠵᠣ ᠠᠬᠣᠢ ᠶ᠋‍ᠢᠨ ᠬᠣᠬᠢᠷᠠᠯ 520 ᠲᠥᠮᠡᠨ ᠲᠦᠬᠥᠷᠢᠭ᠌ ᠲᠤ ᠬᠦᠷᠥᠯ᠎ᠡ ᠬᠡᠵᠦ ᠪᠡᠬᠡᠵᠢᠩ ᠤᠨ ᠴᠡᠴᠡᠷᠯᠢᠭ᠍ᠵᠢᠬᠥᠯᠬᠡ ᠶᠢᠨ ᠲᠣᠪᠴᠢᠶ᠎ᠠ ᠡᠴᠡ ᠵᠠᠷᠯᠠᠵᠠᠢ᠃ ᠣᠩᠰᠢᠭᠴᠢᠳ ᠲᠤ ᠠᠪᠴᠣ ᠬᠡᠯᠡᠪᠡᠯ ᠡᠨᠠ ᠨᠢ ᠠᠮᠢ ᠠᠬᠣᠢ ᠶᠢᠨ ᠲᠣᠬᠠᠢ ᠮᠡᠳᠡᠬᠡ ᠪᠣᠯᠣᠨ᠎ᠠ᠃ ᠣᠷᠵᠢᠨᠣᠨ ᠡᠪᠣᠯ᠂ ᠴᠠᠰᠣ ᠬᠠᠶ᠋‍ᠢᠯᠣᠭᠣᠯᠬᠣ ᠨᠣᠠᠳᠠᠭ ᠢ ᠰᠠᠶ‍ᠢ ᠣᠷᠣᠭᠣᠯᠵᠣ ᠢᠷᠡᠬᠥ ᠦᠶ᠎ᠡ ᠳᠤ ᠪᠡᠬᠡᠵᠢᠩ ᠤᠨ ᠮᠢᠳᠢᠶᠠ ᠨᠣᠭᠣᠳ ᠲᠡᠬᠥᠨ ᠢ ᠪᠣᠬᠢᠷᠳᠠᠯ ᠦᠭᠡᠶ ᠪᠦᠬᠡᠥᠨ ᠠᠮᠢ ᠠᠬᠣᠢ ᠶᠢ ᠬᠠᠮᠠᠭᠠᠯᠠᠳᠠᠭ ᠬᠡᠵᠦ ᠦᠯᠢᠶᠡᠨ ᠣᠬᠠᠭᠣᠯᠵᠣ ᠪᠠᠶ᠋‍ᠢᠯ᠎ᠠ᠃ ᠲᠠᠷᠠ ᠨᠢ ᠮᠦᠨ ᠨᠢᠬᠡ ᠠᠮᠢ ᠠᠬᠣᠢ ᠶᠢᠨ ᠮᠡᠳᠡᠬᠡ ᠪᠠᠶ᠋‍ᠢᠭᠰᠠᠨ ᠯᠨ ᠳ᠋‍ᠠ᠃

ᠣᠳᠣ ᠶᠢᠨ ᠰᠣᠨᠢᠨ ᠮᠡᠳᠡᠬᠡ ᠬᠡᠭ᠍ᠴᠢ ᠣᠯᠠᠩᠬᠢ ᠨᠢ ᠣᠬᠠᠭᠣᠯᠭ᠎ᠠ ᠬᠢᠬᠥ ᠡᠳᠡᠬᠡᠥᠨ ᠠᠷᠤ ᠳᠤ ᠨᠢ ᠶᠠᠪᠣᠭᠳᠠᠭᠣᠯᠵᠣ ᠪᠠᠶ᠋‍ᠢᠭ᠎ᠠ ᠶᠣᠮ᠃ ᠡᠨᠠ ᠮᠡᠳᠡᠬᠡ ᠶᠢ ᠪᠣᠯ ᠴᠡᠴᠡᠷᠯᠢᠭ᠍ᠵᠢᠬᠥᠯᠬᠡ ᠶᠢᠨ ᠲᠣᠪᠴᠢᠶ᠎ᠠ ᠶᠠᠪᠣᠭᠳᠠᠭᠣᠯᠵᠣ ᠪᠠᠶ᠋‍ᠢᠭ᠎ᠠ᠃ ᠪᠡᠬᠡᠵᠢᠩ ᠤᠨ ᠵᠠᠮ ᠬᠠᠷᠢᠯᠴᠠᠭᠠᠨ ᠤ ᠡᠮᠵᠡᠭ ᠢ ᠴᠡᠴᠡᠷᠯᠢᠭ᠍ᠵᠢᠬᠥᠯᠬᠡ ᠶᠢᠨ ᠲᠣᠪᠴᠢᠶ᠎ᠠ ᠮᠡᠳᠡᠬᠥ ᠦᠭᠡᠶ ᠴᠤ ᠪᠢᠰᠢ᠂ ᠴᠠᠰᠣ ᠬᠠᠶ᠋‍ᠢᠯᠣᠭᠣᠯᠬᠣ ᠨᠣᠠᠳᠠᠭ ᠰᠠᠴᠣᠬᠣ ᠦᠭᠡᠶ ᠪᠣᠯ ᠵᠠᠮ ᠬᠠᠷᠢᠯᠴᠠᠭ᠎ᠠ ᠨᠢ ᠲᠣᠬᠠᠢ ᠶᠢᠨ ᠡᠳᠣᠷ ᠲᠡᠭᠡᠨ ᠲᠠᠮᠫᠣᠷᠠᠵᠣ ᠮᠠᠳᠠᠨ᠎ᠠ᠃ ᠬᠡᠳᠡᠯ᠎ᠡ ᠲᠠᠳᠠ ᠮᠥᠩᠬᠥ ᠵᠠᠷᠣᠴᠠᠭᠣᠯᠣᠨ ᠮᠣᠳᠣ ᠵᠠᠶ᠋‍ᠢᠯᠠᠭᠰᠠᠨ ᠣᠴᠢᠷ ᠢᠩᠬᠢᠵᠣ ᠬᠣᠬᠢᠷᠠᠬᠣ ᠴᠤ ᠲᠤᠷ᠎ᠠ ᠦᠭᠡᠶ ᠨᠢ ᠣᠶ᠋‍ᠢᠯᠠᠭᠠᠮᠵᠢᠳᠠᠢ᠃ ᠡᠶ᠋‍ᠢᠮᠣ ᠡᠴᠡ ᠦᠨᠦᠳᠥᠷ ᠤᠨ ᠡᠨᠠ ᠮᠡᠳᠡᠬᠡ ᠳᠡᠭᠡᠨ ᠠᠮᠢ ᠠᠬᠣᠢ ᠶᠢᠨ ᠰᠠᠯᠠᠭ᠎ᠠ ᠮᠦᠴᠢᠷ ᠤᠳ ᠴᠠᠰᠣ ᠬᠠᠶ᠋‍ᠢᠯᠣᠭᠣᠯᠬᠣ ᠨᠣᠠᠳᠠᠭ ᠰᠠᠴᠣᠭᠰᠠᠨ ᠴᠠᠰᠣ ᠪᠠᠨ ᠨᠣᠭᠣᠭᠠᠷᠠᠭᠣᠯᠳᠠ  ᠶᠢᠨ ᠪᠦᠰᠡ ᠳᠤ ᠣᠪᠣᠭᠠᠯᠠᠵᠣ ᠪᠣᠯᠬᠣ ᠦᠭᠡᠶ ᠬᠡᠵᠦ ᠲᠣᠰᠬᠠᠶ᠋‍ᠢᠯᠠᠨ ᠰᠡᠷᠡᠮᠵᠢᠯᠡᠬᠥᠯᠥᠭᠰᠡᠨ ᠪᠠᠶ᠋‍ᠢᠨ᠎ᠠ᠃ ᠬᠠᠷᠢᠨ ᠭᠠᠵᠠᠷ ᠲᠣᠣᠷᠠᠬᠢ ᠣᠰᠣᠨ ᠰᠣᠪᠠᠭ ᠢᠶᠡᠷ ᠣᠷᠣᠰᠬᠠᠨ ᠶᠠᠪᠣᠭᠣᠯᠬᠣ ᠨᠢ ᠬᠣᠯᠠ ᠪᠠᠶ᠋‍ᠢᠭ᠎ᠠ ᠲᠠᠷᠢᠶᠠᠨ ᠭᠠᠵᠠᠷ ᠪᠠ ᠨᠠᠩ ᠶᠡᠬᠡ ᠠᠮᠢ ᠠᠬᠣᠢ ᠶᠢᠨ ᠰᠢᠰᠲ᠋ᠧᠮ ᠢ ᠪᠣᠬᠢᠷᠳᠠᠭᠣᠯᠬᠣ ᠨᠢ ᠮᠡᠳᠡᠬᠡᠵᠢ᠃ ᠬᠡᠪᠡᠴᠦ ᠡᠨᠠ ᠨᠢ ᠴᠡᠴᠡᠷᠯᠢᠭ᠍ᠵᠢᠬᠥᠯᠬᠡ ᠶᠢᠨ ᠲᠣᠪᠴᠢᠶᠠᠨ ᠤ ᠠᠰᠠᠭᠣᠳᠠᠯ ᠪᠢᠰᠢ ᠪᠣᠯᠴᠢᠬᠠᠨ᠎ᠠ᠃

ᠡᠨᠠ ᠪᠣᠯ ᠲᠠᠷᠣᠢ ᠨᠢᠬᠡ ᠮᠡᠳᠡᠬᠡᠨ ᠤ ᠠᠷᠤ ᠳ᠋ᠠᠬᠢ ᠨᠠᠷᠢᠨ ᠪᠣᠳᠣᠯᠢᠶᠠᠨ ᠲᠡᠶ ᠬᠢᠳᠠᠳ ᠣᠯᠣᠰ ᠤᠨ ᠬᠦᠮᠥᠰ ᠤᠨ ᠬᠣᠭᠣᠷᠣᠠᠳᠣᠬᠢ ᠬᠠᠷᠢᠴᠠᠭ᠎ᠠ ᠪᠣᠯᠣᠨ᠎ᠠ᠃ ᠶᠠᠭᠣ ᠲᠡᠶ ᠶᠠᠭᠣ ᠦᠭᠡᠶ ᠴᠠᠰᠣ ᠬᠠᠶ᠋‍ᠢᠯᠣᠭᠣᠯᠬᠣ ᠨᠣᠠᠳᠠᠭ ᠠᠮᠢ ᠠᠬᠣᠢ ᠳᠤ ᠬᠣᠣᠷᠳᠠᠢ ᠬᠡᠳᠡᠭ ᠢ ᠪᠦᠬᠥᠳᠡᠬᠡᠷ ᠲᠠᠨᠢᠭᠰᠠᠨ ᠨᠢ ᠣᠯᠵᠠ ᠪᠠᠶ᠋‍ᠢᠨ᠎ᠠ᠃

ᠲᠠᠯ᠎ᠠ ᠨᠣᠳᠣᠭ ᠲᠤ ᠴᠡᠴᠡᠷᠯᠢᠭ᠍ᠵᠢᠬᠥᠯᠬᠡ ᠶᠢᠨ ᠲᠣᠪᠴᠢᠶ᠎ᠠ ᠪᠠᠶ᠋‍ᠢᠬᠣ ᠦᠭᠡᠶ᠃ ᠲᠠᠯ᠎ᠠ ᠨᠣᠳᠣᠭ ᠠᠮᠢ ᠠᠬᠣᠢ ᠶᠢᠨ ᠲᠣᠭ ᠢ ᠡᠷᠬᠥᠨ ᠬᠢᠵᠣ ᠪᠠᠶ᠋‍ᠢᠭ᠎ᠠ ᠪᠠᠯᠠᠢ ᠠᠵᠢᠯᠯᠠᠭ᠎ᠠ ᠶᠢᠨ ᠣᠬᠠᠭᠣᠯᠭ᠎ᠠ ᠬᠡᠲᠦ ᠣᠯᠠᠨ ᠪᠣᠯᠴᠢᠬᠠᠵᠠᠢ᠃ ᠣᠯᠠᠨ ᠲᠥᠮᠡᠨ ᠲᠡᠳᠡᠬᠡᠷ ᠤᠨ ᠦᠨᠡᠨ ᠮᠦᠨ ᠪᠠᠶ᠋‍ᠢᠳᠠᠯ ᠢ ᠦᠨᠡᠬᠡᠷ ᠮᠡᠳᠡᠬᠥᠢ᠎ᠡ ᠪᠡᠷᠬᠡ᠃ ᠡᠨᠠ ᠵᠢᠯ ᠭᠣᠷᠪᠠᠨ ᠰᠠᠷ᠎ᠠ ᠳᠤ᠂ ᠦᠪᠥᠷ ᠮᠣᠩᠭ᠋ᠣᠯ ᠤᠨ ᠨᠢᠬᠡ ᠠᠶ᠋‍ᠢᠮᠠᠭ ᠤᠨ ᠲᠠᠷᠣᠭ᠎ᠠ᠂ ᠡᠷᠬᠢᠮ ᠬᠦᠠᠳᠥᠳᠬᠡᠯ ᠳᠡᠢ ᠠᠷᠠᠳ  ᠤᠨ ᠲᠥᠯᠣᠬᠡᠯᠡᠭ᠍ᠴᠢ ᠶᠠᠷᠢᠶ᠎ᠠ ᠬᠢᠬᠥ ᠳᠡᠭᠡᠨ ᠬᠣᠷᠣᠭᠣ ᠪᠠᠨ ᠲᠠᠷᠣᠨ ᠪᠠᠶ᠋‍ᠢᠵᠣ ᠣᠯᠠᠨ ᠳᠤ ᠲᠠᠩᠰᠠ ᠪᠣᠳᠣᠵᠣ ᠦᠭ᠍ᠬᠥᠯ᠎ᠡ᠄ 《 ᠰᠢᠯᠢ ᠶᠢᠨ ᠭᠣᠣᠯ ᠠᠶ᠋‍ᠢᠮᠠᠭ ᠤᠨ ᠨᠤᠳᠤᠭ ᠳᠡᠪᠢᠰᠭᠡᠷ ᠤᠨ ᠶᠡᠷᠣᠩᠬᠡᠢ ᠲᠠᠯᠠᠪᠠᠢ ᠨᠢ 20.3 ᠲᠥᠮᠡᠨ ᠠᠮᠨ ᠲᠥᠷᠪᠡᠯᠵᠢᠨ ᠺᠢᠯᠥᠮᠸᠲ᠋ᠷ᠂ 21 ᠲᠥᠮᠡᠨ ᠮᠠᠯᠴᠢᠨ᠃ ᠲᠦᠬᠥᠮᠬᠡᠨ ᠰᠡᠳᠬᠢᠬᠥ ᠳᠤ ᠮᠠᠯᠴᠢᠨ ᠪᠦᠷᠢ ᠨᠢᠬᠡ ᠠᠮᠨ ᠲᠥᠷᠪᠡᠯᠵᠢᠨ ᠺᠢᠯᠥᠮᠸᠲ᠋ᠷ ᠨᠣᠳᠣᠭ ᠲᠡᠪᠢᠰᠬᠡᠷ ᠡᠵᠠᠯᠠᠵᠣ ᠪᠠᠶ᠋‍ᠢᠨ᠎ᠠ᠃ ᠣᠷᠴᠢᠨ ᠠᠬᠣᠢ ᠶᠢᠨ ᠬᠠᠮᠠᠭᠠᠯᠠᠯᠳᠠ ᠶᠢᠨ ᠲᠠᠯ᠎ᠠ ᠪᠠᠷ ᠪᠠᠷᠢᠮᠵᠢᠶ᠎ᠠ ᠳᠤ ᠬᠦᠷᠥᠭᠰᠡᠨ 4 ×60 ᠲᠥᠮᠡᠨ ᠺᠢᠯᠦᠧᠨᠲ᠋ ᠶᠢᠨ ᠨᠡᠬᠥᠷᠡᠰᠤ ᠪᠠᠷ ᠬᠦᠳᠡᠯᠬᠡᠬᠥ ᠬᠦᠴᠥᠨ ᠪᠣᠯᠭᠠᠭᠰᠠᠨ ᠴᠠᠬᠢᠯᠭᠠᠨ ᠣᠶ᠋‍ᠢᠯᠠᠳᠪᠣᠷᠢ ᠪᠠ ᠵᠢᠯ ᠪᠦᠷᠢ 1100 ᠲᠥᠮᠡᠨ ᠲᠣᠨ ᠨᠡᠬᠥᠷᠡᠰᠥᠨ ᠤ ᠭᠠᠷᠣᠯᠳᠠ ᠲᠡᠶ ᠵᠠᠳᠠᠭᠠᠢ ᠠᠭᠣᠷᠬᠠᠢ ᠪᠠᠶ᠋‍ᠢᠭᠣᠯᠪᠠᠯ᠂ ᠪᠠᠷᠣᠭ 5 ᠺᠢᠯᠥᠮᠸᠲ᠋ᠷ ᠠᠮᠨ ᠲᠥᠷᠪᠡᠯᠵᠢᠨ ᠭᠠᠵᠠᠷ ᠬᠡᠷᠩᠯᠡᠨ᠎ᠡ᠃ ᠡᠨᠠ ᠨᠢ ᠵᠦᠪᠬᠡᠨ ᠰᠢᠯᠢ ᠶᠢᠨ ᠭᠣᠣᠯ ᠤᠨ ᠲ᠋ᠠᠯ᠎ᠠ ᠨᠣᠳᠣᠭ ᠤᠨ ᠶᠡᠷᠣᠩᠬᠡᠢ ᠲᠠᠯᠠᠪᠠᠢ ᠶᠢᠨ 1/4 ᠶᠢ ᠡᠵᠠᠯᠠᠨ᠎ᠠ ( ᠤᠤᠯ ᠮᠡᠳᠡᠭᠡᠨ ᠳᠤ ᠢᠩᠬᠢᠵᠤ ᠪᠢᠴᠢᠵᠤ ᠪᠠᠢᠯ᠎ᠠ᠃ ᠰᠤᠷᠪᠤᠯᠵᠢᠯᠠᠭᠴᠢ 5000 ᠠᠮᠠ ᠳᠦᠷᠪᠡᠯᠵᠢᠨ ᠺᠢᠯᠤᠮᠸᠲ᠋ᠷ ᠰᠠᠨ )᠃  ᠬᠡᠳᠡᠯ᠎ᠡ ᠵᠢᠯ ᠪᠦᠷᠢ ᠶᠢᠨ ᠠᠵᠣ ᠣᠶ᠋‍ᠢᠯᠠᠳᠪᠣᠷᠢ ᠶᠢᠨ ᠣᠷᠣᠯᠭ᠎ᠠ ᠶᠢᠨ ᠨᠡᠮᠡᠭ᠍ᠳᠡᠯ ᠨᠢ 20 ᠳ᠋ᠦᠩᠰᠢᠭᠣᠷ ᠣᠷᠴᠢᠮ᠂ 2003 ᠣᠨ ᠤ ᠰᠢᠯᠢ ᠶᠢᠨ ᠭᠣᠣᠯ ᠠᠶ᠋‍ᠢᠮᠠᠭ ᠤᠨ ᠮᠠᠯ ᠠᠵᠣ ᠠᠬᠣᠢ ᠶᠢᠨ ᠪᠦᠬᠥ ᠵᠢᠯ ᠤᠨ ᠣᠷᠣᠯᠭ᠎ᠠ ᠲ᠋ᠠᠢ ᠲᠠᠩᠴᠠᠨ᠎ᠠ︕》 ᠡᠨᠠ ᠨᠢ ᠴᠤ ᠪᠠᠰᠠ ᠣᠷᠴᠢᠨ ᠠᠬᠣᠢ ᠶᠢᠨ ᠰᠣᠨᠢᠨ ᠮᠡᠳᠡᠬᠡᠨ ᠤ ᠬᠣᠪᠢ ᠪᠠᠷ 《 ᠠᠷᠠᠳ ᠤᠨ ᠡᠳᠣᠷ ᠤᠨ ᠰᠣᠨᠢᠨ 》  ᠤ ᠣᠷᠴᠢᠨ ᠠᠬᠣᠢ ᠶᠢᠨ ᠨᠢᠭᠣᠷ ᠲᠤ ᠨᠡᠢᠢᠳᠡᠯᠡᠭ᠍ᠳᠡᠯ᠎ᠡ᠃

ᠦᠴᠥᠬᠡᠨ ᠲᠠᠳᠣᠢ ᠣᠷᠴᠢᠨ ᠠᠬᠣᠢ ᠶᠢᠨ ᠮᠡᠳᠡᠯᠬᠡ ᠲᠡᠶ ᠬᠦᠮᠥᠨ ᠪᠦᠷᠢ ᠶᠢᠨ ᠮᠡᠳᠡᠬᠡᠵᠢ ᠪᠠᠷ᠂ ᠵᠠᠳᠠᠭᠠᠢ ᠨᠡᠬᠥᠷᠡᠰᠥᠨ ᠠᠭᠣᠷᠬᠠᠢ ᠬᠡᠭ᠍ᠴᠢ ᠶᠠᠮᠠᠷ ᠪᠣᠢ︖ ᠲᠠᠯ᠎ᠠ ᠨᠣᠳᠣᠭ ᠤᠨ ᠬᠦᠷᠥᠰᠤ ᠶᠢ ᠣᠷᠪᠠᠭᠣᠯᠵᠣ ᠬᠠᠶᠠᠨ᠎ᠠ᠂ ᠲᠣᠶ᠋‍ᠢᠯᠪᠣᠷᠢᠳᠠᠢ ᠣᠷᠪᠠᠭᠣᠯᠵᠣ ᠬᠠᠶᠠᠨ᠎ᠠ᠃ ᠡᠯᠠᠰᠣ ᠬᠠᠶ᠋‍ᠢᠷ ᠢ ᠰᠠᠯᠬᠢᠨ ᠤ ᠡᠠᠶ᠎ᠠ ᠪᠠᠷ ᠬᠡᠶ᠋‍ᠢᠰᠬᠡᠵᠦ ᠲᠠᠯᠪᠢᠨ᠎ᠠ᠃ ᠲᠠᠷᠠ ᠨᠢ ᠣᠷᠪᠠᠭᠣᠯᠣᠭᠳᠠᠭᠰᠠᠨ ᠬᠡᠰᠡᠭ ᠨᠢ ᠯᠠ ᠡᠪᠳᠡᠭ᠍ᠳᠡᠬᠥ ᠪᠢᠰᠢ᠂ ᠬᠠᠵᠠᠭᠣ ᠬᠠᠪᠢ ᠶᠢᠨ ᠮᠠᠯᠳᠠᠭᠳᠠᠭᠰᠠᠨ ᠦᠭᠡᠶ ᠪᠡᠯᠴᠢᠬᠡᠷ ᠴᠤ ᠠᠶᠣᠯ ᠭᠠᠮᠰᠢᠭ ᠡᠴᠡ ᠵᠠᠶ᠋‍ᠢᠯᠠᠵᠣ ᠴᠢᠳᠠᠬᠣ ᠦᠭᠡᠶ᠃ 20 ᠲᠥᠮᠡᠨ ᠠᠮᠨ ᠲᠥᠷᠪᠡᠯᠵᠢᠨ ᠺᠢᠯᠥᠮᠸᠲ᠋ᠷ ᠨᠣᠳᠣᠭ᠂ ᠬᠣᠨᠠᠨ ᠮᠣᠵᠢ ᠡᠴᠡ ᠪᠠᠭ᠎ᠠ ᠪᠠᠭ᠎ᠠ ᠰᠢᠭ᠂ ᠡᡁᠧᠪᠧᠢ ᠮᠣᠵᠢ ᠡᠴᠡ ᠪᠠᠭ᠎ᠠ ᠶᠡᠬᠡ ᠰᠢᠭ᠌᠂ ᠹᠦᠵᠢᠶᠠᠨ ᠮᠣᠵᠢ ᠶᠢᠨ ᠬᠣᠶᠠᠷ ᠤᠨ ᠵᠠᠪᠳᠠᠭᠣ᠃ ᠡᠶ᠋‍ᠢᠮᠣ ᠦᠷᠬᠡᠨ ᠠᠭᠣᠳᠠᠮ ᠨᠣᠳᠣᠭ ᠢ ᠡᠪᠠᠰᠣ ᠣᠷᠭᠣᠮᠠᠯ ᠤᠨ ᠬᠠᠯᠠᠬᠠᠪᠴᠢ ᠶᠢ ᠠᠯᠳᠠᠭᠣᠯᠵᠣ᠂ ᠡᠯᠠᠰᠣ ᠬᠠᠶ᠋‍ᠢᠷ ᠬᠡᠶ᠋‍ᠢᠰᠴᠦ ᠨᠢᠰᠥᠭᠰᠡᠨ ᠴᠦᠯ ᠪᠣᠯᠭᠠᠬᠣ ᠨᠢ ᠣᠷᠴᠢᠨ ᠠᠬᠣᠢ ᠶᠢ ᠬᠠᠮᠠᠭᠠᠯᠠᠵᠣ ᠪᠠᠶ᠋‍ᠢᠭ᠎ᠠ ᠬᠡᠵᠢ ᠦᠦ︖ ᠵᠦᠪᠬᠡᠨ 5 ᠲᠦᠮᠠᠨ ᠠᠮᠨ ᠲᠥᠷᠪᠡᠯᠵᠢᠨ ᠺᠢᠯᠥᠮᠸᠲ᠋ᠷ ᠭᠠᠵᠠᠷ ᠰᠢᠷᠣᠢ ᠶᠢ ᠡᠪᠳᠡᠬᠥ ᠪᠠᠷ ᠪᠣᠳᠣᠴᠢᠬᠠᠶ᠎ᠠ᠂ 5 ᠲᠥᠮᠡᠨ ᠠᠮᠨ ᠲᠥᠷᠪᠡᠯᠵᠢᠨ ᠺᠢᠯᠥᠮᠸᠲ᠋ᠷ ᠬᠡᠳᠡᠭ ᠲᠣᠭ᠎ᠠ ᠶᠠᠮᠠᠷ ᠪᠠᠶ᠋‍ᠢᠨ᠎ᠠ︖ ᠴᠢᠮᠠᠯᠠᠮᠠᠷ ᠦᠦ︖ ᠪᠡᠬᠡᠵᠢᠩ ᠬᠣᠳᠠ ᠶᠢᠨ ᠣᠶ᠋‍ᠢᠷ᠎ᠠ ᠲᠡᠬᠥᠷᠬᠡ ᠶᠢᠨ ᠶᠡᠷᠣᠩᠬᠡᠢ ᠲᠠᠯᠠᠪᠠᠢ ᠶᠢᠨ 3 ᠣᠷᠴᠢᠮ ᠰᠢᠤ᠃

ᠡᠨᠧᠷᠬᠢ ᠶᠢᠨ ᠪᠠᠯᠠ ᠣᠷᠣᠭᠣᠯᠣᠯᠳᠠ ᠳᠤ ᠪᠠᠰᠠ ᠬᠢᠮᠢ ᠶᠢᠨ ᠠᠵᠣ ᠣᠶ᠋‍ᠢᠯᠠᠳᠪᠣᠷᠢ ᠲᠠᠭᠠᠯᠳᠣᠬᠣ ᠬᠡᠷᠡᠭ᠍ᠳᠡᠢ᠂ ᠬᠢᠮᠢ ᠶᠢᠨ ᠠᠵᠣ ᠣᠶ᠋‍ᠢᠯᠠᠳᠪᠣᠷᠢ ᠪᠣᠯ ᠬᠦᠠᠲᠦ ᠪᠣᠬᠢᠷᠳᠠᠯᠳᠣ ᠠᠵᠣ ᠠᠬᠤᠢᠢᠯᠠᠯ ᠶᠣᠮ᠃ ᠲᠠᠷᠠ ᠨᠢ ᠣᠰᠣ ᠪᠠ ᠠᠭᠠᠷ ᠢ ᠪᠣᠬᠢᠷᠳᠠᠭᠣᠯᠳᠠᠭ᠃ ᠠᠭᠠᠷ ᠪᠣᠬᠢᠷᠳᠠᠪᠠᠯ ᠢᠰᠬᠥᠯᠠᠩ ᠪᠣᠷᠣᠭᠠᠨ ᠪᠣᠯᠵᠣ᠂ ᠬᠣᠷ᠎ᠠ ᠶᠢᠨ ᠲᠣᠰᠣᠯ ᠬᠦᠷᠥᠭᠰᠡᠨ ᠭᠠᠵᠠᠷ ᠪᠦᠬᠥᠨ ᠳᠤ ᠡᠪᠠᠰᠣ ᠨᠠᠪᠴᠢ ᠬᠣᠪᠬᠠᠶ᠋‍ᠢᠷᠠᠳᠠᠭ᠃ ᠪᠠᠰᠠ ᠣᠯᠠᠨ ᠵᠦᠢᠯ ᠤᠨ ᠬᠣᠣᠷᠠᠳᠣ ᠪᠣᠳᠠᠰ ᠠᠬᠣᠭᠣᠯᠣᠭᠳᠠᠵᠣ ᠪᠠᠶ᠋‍ᠢᠭ᠎ᠠ ᠡᠴᠡ ᠪᠣᠯᠵᠣ ᠲᠣᠬᠠᠢ ᠶᠢᠨ ᠭᠠᠵᠠᠷ ᠤᠨ ᠠᠮᠢᠳᠠᠨ ᠤ ᠡᠷᠠᠬᠥᠯ ᠴᠢᠬᠢᠷᠠᠭ  ᠢ ᠴᠤ ᠨᠥᠯᠣᠬᠡᠯᠡᠨ᠎ᠡ᠃ ᠣᠰᠣᠨ ᠤ ᠴᠣᠭᠴᠠ ᠪᠣᠬᠢᠷᠳᠠᠪᠠᠯ ᠣᠷᠣᠰᠬᠠᠯ ᠢ ᠲᠠᠭᠠᠭᠰᠠᠨ ᠲᠠᠯ᠎ᠠ ᠨᠣᠳᠣᠭ ᠪᠠ ᠨᠠᠮᠣᠭ ᠭᠠᠵᠠᠷ ᠲᠤ ᠭᠠᠮᠰᠢᠭ ᠪᠣᠯᠣᠨ᠎ᠠ᠃ ᠡᠮᠣᠨᠠᠳᠣ ᠣᠷᠣᠨ ᠳᠤ ᠭᠣᠣᠯ ᠤᠨ ᠣᠰᠣ ᠪᠣᠬᠢᠷᠳᠠᠴᠢᠬᠠᠭᠠᠳ ᠭᠣᠣᠯ ᠤᠨ ᠬᠦᠪᠡᠬᠡ ᠪᠠᠷ ᠡᠪᠠᠰᠣ ᠣᠷᠭᠣᠮᠠᠯ ᠬᠦᠬᠡᠷᠴᠦ ᠪᠠᠶ᠋‍ᠢᠳᠠᠭ᠃ ᠲᠠᠷᠠ ᠨᠢ ᠬᠣᠷ᠎ᠠ ᠲᠣᠨᠣᠳᠠᠰᠣ ᠪᠠ ᠪᠣᠰᠣᠳ ᠣᠰᠣᠨ ᠤ ᠡᠬᠢ ᠲᠡᠶ ᠬᠣᠯᠪᠣᠭ᠎ᠠ ᠲᠡᠶ ᠰᠠᠨ᠃ ᠲᠠᠯ᠎ᠠ ᠨᠣᠳᠣᠭ ᠡᠮᠣᠨᠠᠳᠣ ᠣᠷᠣᠨ ᠲᠡᠶ ᠠᠳᠠᠯᠢ ᠦᠬᠡᠢ᠂ ᠬᠣᠷ᠎ᠠ ᠲᠣᠨᠣᠳᠠᠰᠣ ᠪᠠᠭ᠎ᠠ᠂ ᠠᠭᠣᠷᠰᠢᠯ ᠤᠨ ᠬᠡᠮᠵᠢᠶ᠎ᠡ ᠨᠢ ᠶᠡᠬᠡ᠂ ᠲᠠᠯ᠎ᠠ ᠨᠣᠳᠣᠭ ᠤᠨ ᠣᠰᠣᠨ ᠤ ᠡᠬᠢ ᠵᠦᠪᠬᠡᠨ ᠭᠣᠣᠯ ᠭᠣᠷᠣᠬ᠎ᠠ ᠪᠠ ᠭᠠᠵᠠᠷ ᠲᠣᠣᠷᠠᠬᠢ ᠣᠰᠣᠨ ᠤ ᠬᠠᠩᠭ᠋ᠠᠯᠳᠠ ᠳᠤ ᠲᠥᠰᠢᠨ᠎ᠡ᠃ ᠡᠯᠡᠰᠥᠷᠬᠡᠭ᠌ ᠭᠠᠵᠠᠷ ᠤᠨ ᠬᠦᠷᠥᠰᠤ ᠰᠢᠷᠣᠢ ᠳᠤ ᠭᠣᠣᠯ ᠤᠨ ᠣᠰᠣ ᠠᠶᠠᠠᠳᠠᠭᠠᠨ ᠲᠣᠷᠣᠭᠰᠢ ᠨᠠᠪᠴᠢᠵᠣ ᠭᠠᠵᠠᠷ ᠲᠣᠣᠷᠠᠬᠢ ᠣᠰᠣ ᠪᠣᠶᠣ ᠨᠠᠮᠣᠭ ᠪᠣᠯᠣᠨ᠎ᠠ᠃ ᠶᠠᠭ ᠡᠶ᠋‍ᠢᠮᠣ ᠡᠴᠡ ᠭᠣᠣᠯ ᠤᠨ ᠣᠰᠣ ᠪᠣᠬᠢᠷᠳᠠᠪᠠᠯ ᠠᠶᠠᠠᠳᠠᠭᠠᠨ ᠭᠠᠵᠠᠷ ᠲᠣᠣᠷᠠᠬᠢ ᠣᠰᠣ ᠶᠢ ᠪᠣᠬᠢᠷᠳᠠᠭᠣᠯᠣᠨ᠎ᠠ᠃ ᠪᠣᠬᠢᠷᠳᠠᠭᠰᠠᠨ ᠭᠣᠣᠯ ᠤᠨ ᠬᠦᠪᠡᠬᠡ ᠲᠠᠭᠠᠤ ᠣᠷᠣᠨ ᠳᠤ ᠣᠯᠠᠶ᠋‍ᠢᠮ᠎ᠠ ᠬᠠᠯᠴᠠᠭᠠᠢ ᠪᠣᠯᠣᠭᠰᠠᠨ ᠦᠵᠡᠭ᠍ᠳᠡᠯ ᠲᠠᠯ᠎ᠠ ᠨᠣᠳᠣᠭ ᠲᠤ ᠣᠶ᠋‍ᠢᠷ᠎ᠠ ᠶᠢᠨ ᠵᠢᠯ ᠭᠠᠷᠴᠣ ᠥᠩᠬᠡᠷᠡᠭ᠍ᠰᠡᠨ᠃

ᠡᠬᠥᠨ ᠡᠴᠡ ᠭᠠᠳᠠᠨ᠎ᠠ᠂ ᠡᠳᠡᠬᠡᠷ ᠠᠵᠣ ᠠᠬᠤᠢᠢᠯᠠᠯ ᠨᠢ ᠪᠠᠰᠠ ᠣᠰᠣ ᠬᠡᠷᠡᠭ᠍ᠰᠡᠨ᠎ᠡ᠂ ᠲᠠᠷᠠ ᠨᠢ ᠲᠠᠯ᠎ᠠ ᠨᠣᠳᠣᠭ ᠲᠤ ᠮᠠᠯ ᠶ᠋‍ᠢᠠᠨ ᠬᠠᠠᠳᠠᠯ᠎ᠠ ᠣᠰᠣᠯᠠᠬᠣ ᠬᠡᠮᠵᠢᠶ᠎ᠡ ᠪᠢᠰᠢ ᠯᠠ ᠳ᠋‍ᠠ᠃ ᠲᠠᠳᠠ ᠭᠣᠣᠯ ᠢ ᠲᠠᠰᠣᠯᠵᠣ᠂ ᠭᠠᠵᠠᠷ ᠲᠣᠣᠷᠠᠬᠢ ᠣᠰᠣ ᠶᠢ ᠲᠠᠳᠠᠬᠣ ᠨᠢ ᠡᠩ ᠤᠨ ᠶᠠᠪᠣᠳᠠᠯ ᠪᠣᠯᠵᠠᠢ᠃ ᠠᠵᠣ ᠠᠬᠤᠢᠯᠠᠯ ᠬᠢᠨ᠎ᠠ ᠬᠡᠪᠡᠯ ᠪᠠᠰᠠ ᠨᠡᠬᠥᠳᠡᠯᠴᠢᠨ ᠣᠷᠣᠭᠣᠯᠣᠨ᠎ᠠ᠃ ᠦᠷᠬᠥᠯᠵᠢ ᠭᠠᠳᠠᠭᠰᠢ ᠭᠠᠷᠴᠣ ᠵᠤᠭᠠᠴᠠᠳᠠᠭ ᠬᠦᠮᠥᠰ ᠪᠦᠷ ᠮᠠᠳᠠᠨ᠎ᠠ᠂ ᠵᠤᠭᠠᠴᠠᠭᠴᠢᠳ ᠣᠯᠠᠨ ᠭᠠᠵᠠᠷ ᠪᠠᠶ᠋‍ᠢᠭᠠᠯᠢ ᠶᠢᠨ ᠣᠷᠴᠢᠨ ᠵᠤᠬᠢᠬᠣ ᠬᠡᠮᠵᠢᠶ᠎ᠡ ᠪᠠᠷ ᠡᠪᠳᠡᠭ᠍ᠳᠡᠭ᠍ᠰᠡᠨ ᠪᠠᠶ᠋‍ᠢᠳᠠᠭ᠃ ᠲᠡᠳᠡᠬᠡᠷ ᠨᠡᠬᠥᠳᠡᠯᠴᠢᠨ ᠰᠠᠭᠣᠷᠢᠰᠢᠨ ᠠᠮᠢᠳᠣᠷᠠᠬᠣ ᠶᠢ ᠬᠡᠯᠡᠬᠥ ᠦᠭᠡᠶ ᠵᠦᠪᠬᠡᠨ ᠢᠳᠠᠵᠣ ᠣᠣᠭᠣᠵᠣ᠂ ᠢᠯᠭᠠᠳᠠᠰᠣ ᠭᠠᠷᠭᠠᠬᠣ᠂ ᠬᠣᠭ ᠨᠣᠪᠰᠢ ᠪᠠᠨ ᠬᠠᠶᠠᠬᠣ᠂ ᠬᠡ ᠬᠡ᠂ ᠡᠶ᠋‍ᠢᠮᠣ ᠣᠷᠴᠢᠨ ᠠᠬᠣᠢ ᠶᠢᠨ ᠬᠠᠮᠠᠭᠠᠯᠠᠯᠳᠠ ᠨᠢ ᠦᠨᠡᠬᠡᠷ ᠲᠠᠷᠠ 20 ᠳ᠋ᠦᠩᠰᠢᠭᠣᠷ ᠵᠤᠭᠣᠰ  ᠤᠨ ᠲᠥᠯᠣᠬᠡ ᠶᠣᠮ ᠦᠦ ᠲᠠᠯ᠎ᠠ ᠨᠣᠳᠣᠭ ᠤᠨ ᠲᠥᠯᠣᠬᠡ ᠶᠣᠮ ᠦᠦ︖ ᠲᠡᠬᠡᠬᠡᠥᠨ ᠲᠠᠷᠠ 20 ᠳ᠋ᠦᠩᠰᠢᠭᠣᠷ ᠬᠡᠳᠡᠭ ᠨᠢ ᠵᠦᠪᠬᠡᠨ ᠬᠦᠰᠠᠵᠦ ᠲᠦᠰᠣᠪᠯᠠᠵᠦ ᠪᠠᠶ᠋‍ᠢᠭ᠎ᠠ ᠲᠣᠭ᠎ᠠ ᠰᠢᠤ᠃ ᠠᠵᠣ ᠠᠬᠤᠢᠯᠠᠯ  ᠤᠨ ᠡᠷᠬᠢᠯᠳᠠ ᠳᠤ ᠪᠠᠯᠠ ᠣᠷᠣᠭᠣᠯᠣᠯᠳᠠ ᠶᠡᠬᠡ᠂ ᠣᠶ᠋‍ᠢᠯᠠᠳᠪᠣᠷᠢᠯᠠᠵᠣ ᠭᠠᠷᠭᠠᠬᠣ ᠡᠴᠠ ᠦᠷ᠎ᠡ ᠠᠰᠢᠭ ᠲᠡᠶ ᠪᠣᠯᠳᠠᠯ᠎ᠠ ᠪᠠᠰᠠ ᠡᠯ᠎ᠠ ᠲᠠᠯ᠎ᠠ ᠶᠢᠨ ᠠᠰᠠᠭᠣᠳᠠᠯ ᠲᠣᠯᠭᠠᠷᠠᠨ᠎ᠠ᠃ ᠪᠠᠰᠠ ᠵᠠᠬ᠎ᠠ ᠲᠡᠯᠬᠡᠬᠥᠷ ᠤᠨ ᠨᠥᠯᠣᠬᠡ ᠳᠤ ᠬᠢᠵᠠᠭᠠᠷᠯᠠᠭᠳᠠᠨ᠎ᠠ᠂ ᠦᠪᠥᠷ ᠮᠣᠩᠭ᠋ᠣᠯ ᠳᠤ ᠬᠡᠳᠥᠨ ᠠᠵᠣ ᠠᠬᠤᠢᠯᠠᠯ ᠨᠢ ᠠᠰᠢᠭ ᠬᠣᠠᠵᠢᠪᠣᠷᠢᠳᠠᠢ ᠪᠠᠶ᠋‍ᠢᠭ᠎ᠠ ᠪᠣᠢ︖

ᠬᠡᠳᠦᠨ ᠵᠢᠯ ᠤᠨ ᠡᠮᠣᠨᠠᠬᠢ ᠴᠠᠬᠢᠯᠭᠠᠨ ᠬᠦᠴᠥᠨ ᠤ ᠪᠠᠴᠢᠮ ᠬᠡᠷᠡᠭ᠍ᠴᠡᠬᠡ ᠡᠴᠡ ᠪᠣᠯᠵᠣ ᠣᠶ᠋‍ᠢᠷ᠎ᠠ ᠶᠢᠨ ᠵᠢᠯ ᠳᠤ ᠴᠠᠬᠢᠯᠭᠠᠨ ᠤ ᠣᠶ᠋‍ᠢᠯᠠᠳᠪᠣᠷᠢ ᠬᠣᠶ᠋‍ᠢᠨ᠎ᠠ ᠬᠣᠶ᠋‍ᠢᠨ᠎ᠠ ᠡᠴᠡ ᠪᠠᠨ ᠪᠠᠶ᠋‍ᠢᠭᠣᠯᠵᠣ ᠭᠠᠷᠣᠯ᠎ᠠ᠃ ᠡᠳᠡᠬᠡᠷ ᠢ ᠵᠢᠩᠬᠢᠨᠢ ᠠᠵᠢᠯᠯᠠᠳᠠᠯ᠎ᠠ ᠴᠠᠬᠢᠯᠭᠠᠨ ᠪᠠᠰᠠ ᠢᠩᠬᠢᠵᠣ ᠦᠨ᠎ᠡ ᠬᠦᠷᠦᠨ᠎ᠠ ᠦᠦ ᠦᠭᠡᠶ ᠦᠦ︖ ᠦᠪᠥᠷ ᠮᠣᠩᠭ᠋ᠣᠯ ᠳᠤ ᠡᠶ᠋‍ᠢᠮᠣ ᠲᠡᠨᠡᠭ ᠶᠠᠪᠣᠳᠠᠯ ᠢ ᠬᠢᠭ᠍ᠰᠡᠨ ᠦᠭᠡᠶ ᠴᠤ ᠪᠢᠰᠢ᠃ ᠲᠣᠬᠠᠢ ᠶᠢᠨ ᠦᠶᠡᠰ ᠲᠡᠧᠨᠷ ᠤᠨ ᠠᠮᠤ ᠪᠣᠳᠠᠭᠠᠨ ᠤ ᠰᠠᠭᠣᠷᠢᠨ ᠭᠠᠵᠠᠷ ᠪᠠᠶ᠋‍ᠢᠭᠣᠯᠬᠣ ᠲᠣᠭ ᠡᠷᠬᠥᠵᠦ᠂ ᠠᠳᠠᠷ ᠬᠠᠭᠠᠯᠪᠣᠷᠢᠯᠠᠨ ᠬᠡᠴᠢᠨᠡᠨ ᠲᠠᠯ᠎ᠠ ᠨᠣᠳᠣᠭ ᠢ ᠡᠪᠳᠡᠭ᠍ᠰᠡᠨ ᠦᠭᠡᠶ ᠪᠣᠢ᠂ ᠬᠣᠵᠢᠮ ᠨᠢ ᠠᠮᠤ ᠪᠣᠳᠠᠭ᠎ᠠ ᠪᠠᠨ ᠬᠣᠳᠠᠯᠳᠣᠬᠣ ᠬᠡᠥᠨ ᠬᠣᠳᠠᠯᠳᠣᠵᠣ ᠲᠡᠢᠯᠬᠥ ᠦᠭᠡᠶ ᠰᠠᠠᠳᠣᠷᠴᠣ ᠪᠠᠶ᠋‍ᠢᠯ᠎ᠠ᠃

ᠣᠷᠴᠢᠨ ᠠᠬᠣᠢ ᠶᠢ ᠡᠪᠳᠡᠬᠥ ᠦᠷᠳᠡᠭ ᠢᠶᠡᠷ ᠣᠷᠢᠳᠠᠯ ᠪᠣᠯᠭᠠᠭᠰᠠᠨ ᠠᠵᠣ ᠠᠬᠤᠢᠯᠠᠯ ᠢ ᠬᠥᠭ᠍ᠵᠢᠬᠥᠯᠬᠥ ᠲᠥᠯᠣᠪᠯᠠᠬᠡ ᠠᠷᠠᠳ ᠤᠨ ᠲᠥᠯᠣᠬᠡᠯᠡᠭ᠍ᠴᠢᠥᠨ ᠤᠨ ᠶᠡᠬᠡ ᠬᠣᠷᠠᠯ ᠲᠡᠬᠡᠷ᠎ᠡ᠂ ᠲᠠᠶ᠋‍ᠢᠮᠣ ᠣᠯᠠᠨ ᠬᠦᠮᠥᠨ ᠤ ᠡᠮᠣᠨ᠎ᠠ ᠢᠯᠨ ᠪᠠᠷ ᠠᠶᠣᠮᠰᠢᠭ ᠦᠭᠡᠶ ᠶᠠᠷᠢᠭᠳᠠᠵᠣ ᠪᠠᠶ᠋‍ᠢᠯ᠎ᠠ᠃ ᠡᠶ᠋‍ᠢᠮᠣ ᠨᠢᠬᠡ ᠮᠡᠳᠡᠬᠡ ᠨᠢ ᠪᠠᠰᠠ ᠲᠠᠶ᠋‍ᠢᠮᠣ ᠶᠡᠬᠡ ᠰᠣᠨᠢᠨ ᠲᠡᠬᠡᠷ᠎ᠡ ᠨᠡᠢᠳᠡᠯᠡᠭ᠍ᠳᠡᠪᠡ᠃ ᠲᠡᠬᠡᠬᠡᠥᠨ ᠪᠠᠰᠠ ᠣᠷᠴᠢᠨ ᠲᠣᠭᠣᠷᠢᠨ ᠢ ᠬᠠᠮᠠᠭᠠᠯᠠᠬᠣ ᠪᠣᠯᠣᠩ ᠳᠤ ᠰᠢᠤ᠃ ᠲᠠᠷᠠ ᠮᠡᠳᠡᠬᠡ ᠶᠢ ᠪᠢᠴᠢᠭ᠍ᠰᠡᠨ ᠰᠣᠷᠪᠣᠯᠵᠢᠯᠠᠭᠴᠢ ᠨᠢ ᠪᠠᠰᠠ ᠲᠡᠬᠡᠵᠦ ᠲᠣᠭᠳᠣᠯᠣᠨ ᠪᠠᠶ᠋‍ᠢᠭ᠎ᠠ ᠨᠢ ᠦᠰᠥᠭ ᠤᠨ ᠬᠣᠭᠣᠷᠣᠠᠳᠣ ᠮᠦᠷ ᠤᠨ ᠵᠠᠢ ᠳᠤ ᠮᠡᠳᠡᠭ᠍ᠳᠡᠨ᠎ᠡ᠃ ᠪᠦᠬᠦᠢᠯᠡ ᠶᠠᠪᠣᠴᠠ ᠳᠤ ᠬᠡᠨ ᠨᠢ ᠴᠤ ᠡᠨᠠ ᠶᠠᠪᠣᠳᠠᠯ ᠠᠰᠠᠭᠣᠳᠠᠯ ᠲ᠋ᠠᠢ ᠬᠡᠵᠦ ᠦᠵᠡᠬᠡ ᠦᠭᠡᠶ ᠡ᠃ ᠶᠡᠬᠡᠩᠬᠢ ᠲᠣᠭᠠᠨ ᠤ ᠬᠦᠮᠥᠰ ᠰᠣᠨᠢᠨ ᠮᠡᠳᠡᠬᠡ ᠶᠢ ᠲᠥᠰᠢᠭ᠍ᠯᠡᠨ ᠰᠣᠷᠠᠭ ᠵᠠᠩᠬᠢ ᠣᠶ᠋‍ᠢᠯᠠᠭᠠᠵᠣ ᠪᠠᠶ᠋‍ᠢᠭ᠎ᠠ ᠴᠠᠭ ᠦᠶ᠎ᠡ ᠳᠤ ᠬᠦᠮᠥᠰ ᠢ ᠨᠥᠯᠣᠬᠡᠯᠡᠨ᠎ᠡ ᠬᠡᠭ᠍ᠴᠢ ᠡᠶ᠋‍ᠢᠮᠣ ᠯᠠ ᠠᠮᠠᠷᠬᠠᠨ ᠪᠠᠶ᠋‍ᠢᠭᠰᠠᠨ ᠠᠵᠠᠢ᠃

ᠪᠢᠳᠠ ᠡᠨᠠ ᠶᠠᠷᠢᠶ᠎ᠠ ᠶᠢ ᠡᠷᠬᠢᠵᠣ ᠬᠠᠷᠠᠵᠣ ᠦᠵᠡᠶ᠎ᠡ᠄ ᠨᠢᠬᠡ ᠮᠠᠯᠴᠢᠨ ᠨᠢᠬᠡ ᠠᠮᠨ ᠲᠥᠷᠪᠡᠯᠵᠢᠨ ᠺᠢᠯᠥᠮᠸᠲ᠋ᠷ ᠪᠡᠯᠴᠢᠬᠡᠷ  ᠢ ᠡᠵᠠᠯᠠᠵᠣ ᠪᠠᠶ᠋‍ᠢᠨ᠎ᠠ ᠬᠡᠨ᠎ᠡ᠃ ᠡᠨᠠ ᠴᠢᠨᠢ ᠣᠷᠴᠢᠨ ᠠᠬᠣᠢ ᠶᠢᠨ ᠬᠠᠮᠠᠭᠠᠯᠠᠯ ᠳᠤ ᠬᠡᠴᠢᠨᠡᠨ ᠠᠰᠢᠭᠳᠠᠢ ᠲᠣᠭ᠎ᠠ ᠪᠢᠯᠠ︕ ᠲᠠᠷᠠ ᠨᠢ ᠶᠠᠭᠠᠬᠢᠭᠰᠠᠨ ᠴᠤ ᠲᠠᠯ᠎ᠠ ᠨᠣᠳᠣᠭ ᠲᠤ ᠲᠠᠷᠣᠭᠠᠰᠣ ᠪᠣᠯᠬᠣ ᠣᠴᠢᠷ ᠦᠭᠡᠶ᠃ ᠲᠠᠯ᠎ᠠ ᠨᠣᠳᠣᠭ ᠲᠤ ᠡᠪᠠᠰᠣ ᠣᠷᠭᠣᠵᠣ ᠡᠬᠢᠯᠡᠭ᠍ᠰᠡᠨ ᠡᠴᠡ ᠨᠠᠰᠢ ᠡᠪᠠᠰᠣᠨ ᠲᠡᠵᠢᠬᠡᠯᠳᠡᠨ ᠢᠶᠡᠨ ᠲᠡᠵᠢᠬᠡᠵᠦ᠂ ᠡᠪᠠᠰᠣ ᠲᠡᠶ᠂ ᠡᠪᠠᠰᠣᠨ ᠲᠡᠵᠢᠬᠡᠯᠳᠡᠨ ᠲᠡᠶ᠂ ᠪᠠᠰᠠ ᠬᠦᠮᠥᠨ ᠲᠥᠷᠥᠯᠬᠢᠳᠡᠨ ᠢ ᠪᠠᠭᠳᠠᠭᠠᠭᠰᠠᠨ ᠵᠤᠬᠢᠬᠤ ᠲᠣᠭᠠᠨ ᠤ ᠮᠢᠬᠠᠴᠢᠨ ᠲᠡᠶ᠃ ᠡᠨᠠ ᠪᠣᠯ ᠰᠠᠶ᠋‍ᠢᠨ ᠣᠷᠴᠢᠯᠳᠣ ᠠᠮᠢ ᠠᠬᠣᠢ ᠶᠢᠨ ᠰᠢᠰᠲ᠋ᠧᠮ ᠪᠣᠯᠣᠨ᠎ᠠ᠃ ᠮᠦᠨ ᠴᠤ ᠬᠠᠮᠣᠭ ᠤᠨ ᠲᠦᠬᠥᠮ ᠠᠮᠢᠳᠣᠷᠠᠯ ᠤᠨ ᠶᠠᠷᠣ ᠶᠢᠨ ᠮᠡᠳᠡᠯᠬᠡ ᠪᠣᠯᠣᠨ᠎ᠠ᠃

ᠣᠶ᠋‍ᠢᠷ᠎ᠠ ᠶᠢᠨ ᠵᠢᠯ ᠡᠯᠠᠰᠣᠨ ᠰᠢᠭᠣᠷᠭ᠎ᠠ ᠡᠴᠡ ᠪᠣᠯᠵᠣ ᠪᠡᠬᠡᠵᠢᠩ ᠤᠨ ᠬᠦᠮᠥᠰ ᠲᠠᠯ᠎ᠠ ᠨᠣᠳᠣᠭ ᠤᠨ ᠣᠷᠴᠢᠨ ᠠᠬᠣᠢ ᠶᠢᠨ ᠲᠣᠬᠠᠢ ᠰᠠᠠᠳᠣᠷᠴᠣ ᠭᠠᠷᠣᠯ᠎ᠠ᠃ ᠰᠢᠯᠢ ᠶᠢᠨ ᠭᠣᠣᠯ ᠤᠨ ᠲᠠᠯ᠎ᠠ ᠨᠣᠳᠣᠭ ᠶᠠᠭ ᠪᠡᠬᠡᠵᠢᠩ ᠤᠨ ᠠᠷᠤ ᠳᠤ ᠪᠠᠶ᠋‍ᠢᠭ᠎ᠠ ᠲᠣᠯᠠ ᠡᠯᠡᠰᠥᠷᠬᠡᠭ᠍ᠵᠢᠯ ᠨᠢ ᠪᠡᠬᠡᠵᠢᠩ ᠲᠢᠶᠠᠠᠵᠢᠨ ᠢ ᠰᠢᠭᠣᠳ ᠨᠥᠯᠣᠬᠡᠯᠡᠨ᠎ᠡ᠃ ᠬᠡᠳᠡᠯ᠎ᠡ ᠪᠡᠬᠡᠵᠢᠩ ᠤᠨ ᠬᠦᠮᠥᠰ ᠬᠣᠵᠢᠮ ᠨᠢ ᠣᠯᠵᠣ ᠣᠶ᠋‍ᠢᠯᠠᠭᠠᠭᠰᠠᠨ ᠨᠢ᠄ ᠣᠷᠴᠢᠨ ᠠᠬᠣᠢ ᠶᠢ ᠬᠠᠮᠠᠭᠠᠯᠠᠬᠣ ᠶᠢᠨ ᠲᠥᠯᠣᠬᠡ ᠮᠠᠯᠴᠢᠳ ᠪᠦᠷ ᠲᠠᠯ᠎ᠠ ᠨᠣᠳᠣᠭ ᠡᠴᠡ ᠰᠠᠯᠵᠣ 《 ᠪᠢᠳᠡᠬᠥᠮᠵᠢᠯᠡᠬᠥ ᠪᠠ ᠨᠡᠬᠥᠯᠬᠡᠬᠥ 》 ᠪᠣᠯᠣᠯ᠎ᠠ᠃ ᠲᠡᠬᠡᠲᠦ ᠶᠢᠨ ᠦᠶ᠎ᠡ ᠡᠴᠡ ᠨᠣᠳᠣᠭᠯᠠᠵᠣ ᠪᠠᠶ᠋‍ᠢᠭᠰᠠᠨ ᠲᠠᠯ᠎ᠠ ᠨᠣᠳᠣᠭ ᠡᠴᠡ ᠪᠠᠨ ᠬᠠᠷ᠎ᠠ ᠠᠯᠪᠠ ᠪᠠᠷ ᠬᠠᠭᠠᠴᠠᠵᠣ ᠪᠠᠶ᠋‍ᠢᠭ᠎ᠠ ᠮᠠᠯᠴᠢᠳ ᠡᠳᠣᠷ ᠢᠷᠡᠬᠥᠢ᠎ᠡ ᠨᠡᠮᠡᠭ᠍ᠳᠡᠵᠦ ᠪᠠᠶ᠋‍ᠢᠨ᠎ᠠ᠃ ᠡᠯᠡᠰᠥᠷᠬᠡᠭ᠍ᠵᠢᠯ ᠨᠢ ᠬᠠᠷᠢᠨ ᠬᠠᠭᠠᠰ ᠭᠣᠪᠢᠷᠬᠠᠭ ᠣᠷᠣᠨ ᠡᠴᠡ ᠬᠠᠭᠠᠰ ᠬᠠᠭᠣᠷᠠᠢ ᠣᠷᠣᠨ ᠵᠦᠭ᠌ ᠲᠥᠷᠢᠵᠦ ᠪᠠᠶ᠋‍ᠢᠨ᠎ᠠ᠃ ᠲᠠᠷᠠᠭ᠎ᠠ ᠪᠠᠷ ᠡᠪᠠᠰᠣ ᠪᠡᠯᠴᠢᠬᠡᠷ ᠦᠨᠢᠷ ᠪᠠᠶᠠᠯᠢᠭ ᠨᠡᠢᠳᠡᠯᠢᠭ᠌ ᠲᠠᠯ᠎ᠠ ᠨᠣᠳᠣᠭ ᠵᠦᠭ᠌ ᠪᠠ ᠪᠠᠶ᠋‍ᠢᠭᠠᠯᠢ ᠶᠢᠨ ᠨᠦᠬᠥᠴᠡᠯ ᠲᠠᠪᠠᠭᠣᠯᠢᠭ ᠨᠠᠮᠣᠭ ᠭᠠᠵᠠᠷ ᠵᠦᠭ᠌ ᠲᠠᠯᠠᠨ᠎ᠠ᠃ ᠮᠠᠯᠴᠢᠳ ᠲᠠᠯ᠎ᠠ ᠨᠣᠳᠣᠭ ᠲᠠᠭᠠᠨ ᠮᠠᠯᠵᠢᠵᠣ ᠠᠮᠢᠳᠣᠷᠠᠭᠠᠳ ᠲᠠᠯ᠎ᠠ ᠨᠣᠳᠣᠭ ᠤᠨ ᠦᠴᠥᠬᠡᠨ ᠲᠠᠳᠣᠢ ᠬᠣᠪᠢᠷᠠᠯᠳᠠ ᠳᠤ ᠴᠤ ᠬᠠᠮᠣᠭ ᠡᠴᠡ ᠮᠡᠳᠡᠷᠡᠮᠠᠳᠡᠬᠡᠢ ᠪᠠᠶ᠋‍ᠢᠳᠠᠭ᠃ ᠲᠠᠳᠠ ᠪᠣᠯ ᠲᠠᠯ᠎ᠠ ᠨᠣᠳᠣᠭ ᠤᠨ ᠣᠷᠴᠢᠨ ᠠᠬᠣᠢ ᠶᠢᠨ ᠮᠠᠭᠣᠳᠠᠯ ᠤᠨ ᠬᠣᠣᠷ ᠠᠮᠰᠠᠭᠴᠢ ᠶᠣᠮᠰᠠᠨ᠃ ᠬᠡᠳᠡᠯ᠎ᠡ ᠲᠠᠳᠠ ᠬᠠᠷᠢᠨ ᠮᠢᠳᠢᠶᠠ ᠶᠢᠨ ᠶᠠᠷᠢᠶ᠎ᠠ ᠬᠡᠯᠡᠯᠴᠡᠬᠡᠨ ᠳᠤ ᠲᠠᠯ᠎ᠠ ᠨᠣᠳᠣᠭ ᠢ ᠡᠪᠳᠡᠭ᠍ᠰᠡᠨ ᠬᠡᠷᠡᠭ᠍ᠳᠡᠨ ᠪᠣᠯᠴᠢᠬᠠᠯ᠎ᠠ᠃

ᠮᠣᠩᠭ᠋ᠣᠯ ᠮᠠᠯᠴᠢᠳ ᠪᠣᠯ ᠴᠦᠬᠡᠨ ᠲᠣᠭᠠᠳᠣ ᠦᠨᠳᠥᠰᠣᠳᠡᠨ᠂ ᠲᠠᠳᠠ ᠪᠣᠯ ᠲᠠᠯ᠎ᠠ ᠨᠣᠳᠣᠭ ᠤᠨ ᠣᠣᠭᠠᠯ ᠢᠷᠬᠡᠥᠨ ᠶᠣᠮ᠃ ᠲᠡᠯᠠᠬᠡᠢ ᠨᠠᠶ᠋‍ᠢᠳᠠ ᠳᠤ 《ᠲᠥᠷᠪᠡᠲᠦᠬᠡᠷ ᠶᠢᠷᠳᠢᠨᠴᠣ 》 ᠬᠡᠳᠡᠭ ᠬᠡᠯᠡᠯᠬᠡ ᠪᠠᠶ᠋‍ᠢᠳᠠᠭ᠃ 《ᠭᠣᠷᠪᠠᠳᠣᠭᠠᠷ ᠶᠢᠷᠳᠢᠨᠴᠣ 》 ᠪᠣᠯ ᠠᠵᠣ ᠠᠬᠣᠢ ᠬᠣᠴᠣᠷᠣᠩᠭ᠋ᠣᠢ ᠴᠦᠬᠡᠨ ᠲᠣᠭᠠᠳᠣ ᠦᠨᠳᠥᠰᠣᠳᠡᠨ ᠤ ᠣᠯᠣᠰ ᠣᠷᠣᠨ ᠪᠣᠯᠣᠨ᠎ᠠ᠃ 《ᠲᠥᠷᠪᠡᠲᠦᠬᠡᠷ ᠶᠢᠷᠳᠢᠨᠴᠣ 》 ᠪᠣᠯ ᠣᠯᠣᠰ ᠬᠡᠷ ᠤᠨ ᠡᠷᠬᠡ ᠮᠠᠳᠠᠯ ᠤᠨ ᠬᠠᠮᠠᠭᠠᠯᠠᠯ ᠦᠭᠡᠶ ᠣᠣᠭᠠᠯ ᠢᠷᠬᠡᠥᠨ ᠪᠣᠯᠣᠨ᠎ᠠ᠃ ᠲᠡᠯᠠᠬᠡᠢ ᠨᠠᠶ᠋‍ᠢᠳᠠ ᠶᠢᠨ ᠵᠤᠷᠰᠢᠯ ᠳᠤ ᠣᠣᠭᠠᠯ ᠢᠷᠬᠡᠥᠨ ᠪᠦᠷ ᠨᠠᠶ᠋‍ᠢᠳᠠ ᠳᠣ ᠮᠡᠳᠡᠷᠡᠭ᠍ᠳᠡᠭ᠍ᠰᠡᠨ ᠡᠷᠬᠡ ᠠᠰᠢᠭ ᠲᠡᠶ ᠪᠠᠶ᠋‍ᠢᠳᠠᠭ᠃ ᠬᠠᠮᠣᠭ ᠤᠨ ᠦᠨᠳᠥᠰᠥᠨ ᠡᠷᠬᠡ ᠠᠰᠢᠭ ᠨᠢ ᠭᠠᠵᠠᠷ ᠰᠢᠷᠣᠢ ᠶᠢᠨ ᠦᠮᠴᠢᠯᠡᠬᠥ ᠡᠷᠬᠡ ᠪᠣᠯᠣᠨ᠎ᠠ᠃ ᠣᠣᠭᠠᠯ ᠢᠷᠬᠡᠥᠨ ᠤᠨ ᠨᠣᠳᠣᠭ ᠲᠤ ᠴᠢᠯᠠᠭᠣᠨ ᠲᠣᠰᠣᠨ ᠤ ᠠᠭᠣᠷᠬᠠᠢ ᠭᠠᠷᠭᠠᠬᠣ᠂ ᠠᠵᠣ ᠣᠶ᠋‍ᠢᠯᠠᠳᠪᠣᠷᠢ ᠪᠠᠶ᠋‍ᠢᠭᠣᠯᠬᠣ ᠳᠤ ᠪᠦᠷ ᠣᠣᠭᠠᠯ ᠢᠷᠬᠡᠥᠨ ᠤᠨ ᠵᠦᠪᠰᠢᠶᠡᠷᠡᠯ ᠢ ᠣᠯᠬᠣ ᠬᠡᠷᠡᠭ᠍ᠳᠡᠢ᠂ ᠲᠡᠬᠡᠬᠡᠥᠨ ᠪᠠᠰᠠ ᠶᠡᠬᠡ ᠬᠡᠮᠵᠢᠶᠡᠨ ᠤ ᠭᠠᠵᠠᠷ ᠰᠢᠷᠣᠢ ᠶᠢᠨ ᠨᠦᠬᠥᠪᠥᠷᠢ ᠲᠥᠯᠣᠪᠥᠷᠢ ᠶᠢᠨ ᠮᠦᠩᠬᠥ ᠣᠯᠭᠣᠳᠠᠭ᠃ ᠡᠬᠥᠨ ᠤ ᠲᠠᠭᠠᠤ ᠳᠤ ᠲᠠᠳᠠᠨ ᠤ ᠰᠣᠶᠣᠯ ᠤᠨ ᠣᠯᠠᠮᠵᠢᠯᠠᠯ ᠪᠠ ᠠᠮᠢᠳᠣᠷᠠᠯ  ᠤᠨ ᠬᠡᠯᠪᠡᠷᠢ ᠨᠢ ᠵᠠᠰᠠᠭ ᠤᠨ ᠬᠠᠮᠠᠭᠠᠯᠠᠯ ᠤᠨ ᠪᠠᠳᠣᠯᠠᠭ᠎ᠠ ᠲᠡᠶ ᠪᠠᠶ᠋‍ᠢᠳᠠᠭ᠃ ᠢᠨᠨᠢᠶᠣᠳ ᠬᠦᠮᠥᠨ ᠴᠤ ᠬᠡᠰᠡᠨ᠂ ᠢᠨᠳᠢᠶᠠᠨ ᠬᠦᠮᠥᠨ ᠴᠣ ᠬᠡᠰᠡᠨ᠂ ᠪᠦᠷ ᠡᠶ᠋‍ᠢᠮᠣ᠃ ᠬᠡᠳᠡᠯ᠎ᠡ ᠮᠠᠨ ᠤ ᠮᠠᠯᠴᠢᠳ ᠶᠠᠳᠠᠵᠣ 《ᠲᠥᠷᠪᠡᠲᠦᠬᠡᠷ ᠶᠢᠷᠳᠢᠨᠴᠣ 》 ᠶᠢᠨ ᠬᠦᠮᠥᠰ ᠴᠤ ᠪᠢᠰᠢ ᠰᠢᠤ ᠳ᠋‍ᠠ᠃ ᠬᠦᠮᠥᠰ ᠲᠠᠳᠠᠨ ᠢ ᠲᠤᠷ᠎ᠠ ᠪᠠᠷ ᠢᠶᠡᠨ ᠬᠣᠷᠢᠵᠣ ᠬᠠᠰᠢᠵᠣ ᠨᠡᠬᠥᠯᠬᠡᠨ ᠰᠢᠯᠵᠢᠬᠦᠯᠦᠨ᠎ᠠ᠃

ᠲᠠᠯ᠎ᠠ ᠨᠣᠳᠣᠭ ᠲᠤ ᠰᠠᠨᠠᠯ ᠭᠠᠷᠭᠠᠬᠣ ᠴᠡᠴᠡᠷᠯᠢᠭ᠍ᠵᠢᠬᠥᠯᠬᠡ ᠶᠢᠨ ᠲᠣᠪᠴᠢᠶ᠎ᠠ ᠬᠡᠵᠦ ᠪᠠᠶ᠋‍ᠢᠬᠣ ᠦᠭᠡᠶ᠂ ᠠᠵᠣ ᠣᠶ᠋‍ᠢᠯᠠᠳᠪᠣᠷᠢ ᠪᠠ ᠠᠭᠣᠷᠬᠠᠢ ᠨᠡᠬᠡᠬᠡᠯᠳᠡ ᠨᠢ ᠲᠠᠯ᠎ᠠ ᠨᠣᠳᠣᠭ ᠢ ᠬᠠᠶ᠋‍ᠢᠷ᠎ᠠ ᠨᠠᠶ᠋‍ᠢᠷ ᠦᠭᠡᠶ ᠡᠪᠳᠡᠳᠡᠭ ᠢ ᠬᠡᠯᠡᠵᠦ ᠦᠭ᠍ᠬᠥ ᠬᠦᠮᠥᠨ ᠴᠤ ᠦᠭᠡᠶ᠃ ᠠᠵᠣ ᠣᠶ᠋‍ᠢᠯᠠᠳᠪᠣᠷᠢ᠂ ᠠᠵᠣ ᠠᠬᠤᠢᠯᠠᠯ ᠨᠢ ᠮᠦᠩᠬᠥ ᠬᠣᠠᠵᠢᠨ᠎ᠠ᠂ ᠣᠷᠣᠨ ᠨᠣᠳᠣᠭ ᠤᠨ ᠵᠠᠰᠠᠭ ᠤᠨ ᠣᠷᠳᠣᠨ ᠨᠢ ᠭᠠᠶ᠋‍ᠢᠯᠢ ᠣᠯᠣᠨ᠎ᠠ᠂ ᠲ᠋ᠠᠯ᠎ᠠ ᠨᠣᠳᠣᠭ ᠡᠯᠠᠰᠣᠨ ᠴᠦᠯ ᠪᠣᠯᠣᠨ᠎ᠠ᠃ ᠮᠠᠯᠴᠢᠳ ᠤᠨ ᠲᠦᠬᠡᠷᠢᠵᠦ ᠲᠠᠨᠣᠵᠣ ᠠᠮᠢᠳᠣᠷᠠᠬᠣ ᠠᠵᠣ ᠠᠬᠣᠢ ᠶᠢᠨ ᠬᠣᠬᠢᠷᠠᠯ ᠤᠨ ᠲ᠋ᠠᠩᠰᠠ ᠶᠢ ᠬᠡᠨ ᠪᠣᠳᠣᠵᠣ ᠥᠩᠬᠡᠷᠡᠪᠡ︖

ᠲᠣᠰ ᠵᠤᠬᠢᠶᠠᠯ ᠢ ᠪᠢᠴᠢᠬᠥ ᠶᠠᠪᠣᠴᠠ ᠳᠤ ᠮᠢᠨᠣ ᠪᠣᠳᠣᠭᠰᠠᠨ ᠨᠢ᠂ ᠴᠡᠴᠡᠷᠯᠢᠭ᠍ᠵᠢᠬᠥᠯᠬᠡ ᠶᠢᠨ ᠲᠣᠪᠴᠢᠶ᠎ᠠ ᠦᠪᠡᠷ ᠢᠶᠡᠨ ᠪᠣᠰᠣᠨ ᠰᠠᠨᠠᠯ ᠲᠣᠷᠠᠳᠪᠠ᠃ ᠮᠠᠯᠴᠢᠳ ᠴᠤ ᠦᠪᠡᠷ ᠤᠨ ᠪᠠᠶ᠎ᠠ ᠪᠠᠨ ᠲᠥᠰᠢᠬᠥ ᠬᠡᠷᠡᠭ᠍ᠳᠡᠢ᠃ ᠬᠡᠳᠡᠯ᠎ᠡ ᠮᠠᠯᠴᠢᠳ ᠬᠢᠳᠠᠳ ᠬᠡᠯᠡ ᠮᠡᠳᠡᠬᠥ ᠦᠭᠡᠶ᠂ ᠬᠣᠳᠠ ᠶᠢᠨ ᠪᠠᠶ᠋‍ᠢᠳᠠᠯ ᠢ ᠣᠶ᠋‍ᠢᠯᠠᠭᠠᠬᠣ ᠦᠭᠡᠶ᠂ ᠬᠦᠮᠥᠨ ᠬᠦᠮᠥᠨ ᠤ ᠬᠣᠭᠣᠷᠣᠠᠳᠣᠬᠢ ᠨᠠᠷᠢᠨ ᠪᠣᠳᠣᠯᠢᠶᠠᠨ ᠲᠡᠶ ᠬᠠᠷᠢᠴᠠᠭ᠎ᠠ ᠶᠢ ᠨᠠᠩ ᠢᠯᠡᠬᠥᠤ ᠱᠥᠯᠤ ᠣᠰᠣ ᠶᠢ ᠨᠢ ᠲᠡᠩᠨᠠᠬᠥᠯᠵᠦ ᠴᠢᠳᠠᠬᠣ ᠦᠭᠡᠶ ᠡ᠃ ᠡᠶ᠋‍ᠢᠮᠣ ᠡᠴᠡ ᠲᠠᠳᠠ ᠪᠣᠯ ᠦᠨᠡᠨ ᠲᠣᠷᠣᠢ ᠪᠠᠭᠣᠷᠠᠢ ᠴᠣᠭᠴᠠ ᠶᠣᠮ᠃ ᠮᠠᠨ ᠤ ᠡᠳᠡᠬᠡᠷ ᠬᠦᠮᠥᠰ ᠶᠠᠭᠣ ᠲᠡᠶ ᠶᠠᠭᠣ ᠦᠭᠡᠶ ᠠᠷᠭ᠎ᠠ ᠴᠠᠷᠭ᠎ᠠ ᠪᠣᠳᠣᠵᠣ᠂ ᠬᠣᠪᠢ ᠬᠣᠪᠢᠨ ᠤ ᠬᠢᠷᠢ ᠪᠠᠷ ᠢᠶᠡᠨ ᠮᠠᠯᠴᠢᠳ ᠲ᠋ᠤ ᠲᠣᠰᠠᠳᠠᠢ ᠠᠵᠢᠯ ᠬᠢᠪᠠᠯ ᠲᠠᠭᠠᠷᠠᠨ᠎ᠠ᠃


(ᠬᠠᠭᠤᠴᠢᠨᠬᠦᠦ ᠮᠤᠩᠭ᠋ᠤᠯᠴᠢᠯᠠᠪᠠ)

ᠵᠤᠬᠢᠶᠠᠭᠴᠢ ᠶᠢᠨ ᠬᠠᠶᠢᠭ᠄  ᠪᠡᠬᠡᠵᠢᠩ ᠤᠨ ᠴᠣᠤ ᠶᠠᠩ ᠲᠣᠭᠣᠷᠢᠭ ᠤᠨ ᠲᠦᠩ ᠾᠦᠢ ᠬᠣᠷᠢᠶᠠᠯᠠᠯ ᠤᠨ ᠾᠦᠢ ᠱᠧᠩ ᠶᠤᠧᠨᠨ 8 # 1_603

ᠵᠤᠬᠢᠶᠠᠭᠴᠢ᠄ ᠱᠤ ᠨᠢ
ᠢᠷᠡᠯᠲᠡ᠄ ᠬ᠂ ᠪᠦᠬᠡᠮᠠᠨᠳᠤᠯ᠎ᠠ
ᠬᠠᠷᠢᠶ᠎ᠠ᠄ 《 ᠦᠨᠢᠷ ᠴᠡᠴᠡᠭ
ᠳᠠᠷᠤᠮ᠄ 8649
ᠴᠠᠭ᠄ 2009 ᠤᠨ ᠤ 04 ᠰᠠᠷ᠎ᠠ ᠶᠢᠨ 14
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ