ᠨᠡᠪᠲᠡᠷᠡᠨ ᠤᠷᠤᠬᠤ
ᠳᠤᠯᠭᠢᠶᠠᠨ

ᠳᠤᠯᠭᠢᠶᠠᠨ ᠊᠊᠊᠊᠊᠊᠊᠊᠊᠊ ᠡᠷᠡᠭ᠍ᠳᠡᠢ ᠂ ᠮᠤᠩᠭ᠋ᠤᠯ ᠦᠨᠳᠦᠰᠦᠳᠠᠨ ᠂ ᠳᠤᠮᠳᠠᠳᠤ ᠣᠯᠤᠰ ᠤᠨ ᠡᠪ ᠬᠠᠮᠳᠤ ᠨᠠᠮ ᠤᠨ ᠭᠡᠰᠢᠭᠦᠨ ᠂ ᠶᠡᠭᠡ ᠰᠤᠷᠭᠠᠭᠤᠯᠢ ᠶᠢᠨ ᠰᠤᠷᠤᠯᠭ᠎ᠠ ᠶᠢᠨ ᠨᠠᠮᠳᠠᠷ ᠲᠡᠶ ᠂ ᠪᠠᠭ᠎ᠠ ᠰᠤᠷᠭᠠᠭᠤᠯᠢ ᠶᠢᠨ ᠳᠡᠭᠡᠳᠤ ᠳᠠᠰ ᠤᠨ ᠪᠠᠭᠰᠢ ᠃ 1975 ᠣᠨ ᠤ 9 ᠰᠠᠷ᠎ᠠ ᠶᠢᠨ 14 ᠤ ᠡᠳᠦᠷ ᠭᠢᠩᠭ᠋ᠠᠨ ᠠᠢ᠌ᠮᠠᠭ ᠤᠨ ᠲᠦᠰᠢᠶᠠᠳᠤ ᠬᠤᠰᠢᠭᠤᠨ ᠤ ᠸᠠᠩ ᠤᠨ ᠰᠦᠮ᠎ᠡ ᠶᠢᠨ ᠰᠠᠭᠤᠷᠢᠨ ᠭᠠᠵᠠᠷ ᠳᠠᠢ᠌ᠴᠢᠠᠳᠠᠯ᠎ᠠ ᠰᠤᠮᠤ ᠶᠢᠨ ᠠᠷᠠᠤᠨ ᠤᠨ ᠪᠠᠭᠰᠢ ᠪᠣᠶᠠᠠᠪᠠᠳᠤ ᠂ ᠠᠵᠢᠯᠴᠢ ᠪᠦᠰᠡᠭᠦᠢ ᠶᠢᠨ ᠭᠦᠢ ᠰᠢᠶᠠᠩ ᠤᠨ ᠳᠤᠯᠤᠳᠤᠭᠠᠷ ᠭᠡᠦᠭᠡᠤᠨ ᠨᠢ ᠪᠣᠯᠵᠤ ᠵᠠᠶᠠᠭᠠᠵᠠᠢ ᠃ ᠳᠠᠷᠠ ᠣᠳᠤ ᠳᠤᠮᠳᠠᠳᠤ ᠣᠯᠤᠰ ᠤᠨ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠣᠷᠠᠨ ᠪᠢᠴᠢᠯᠭᠡᠳᠡᠨ ᠤ ᠨᠡᠢ᠌ᠭᠡᠮᠯᠢᠭ᠌ ᠤᠨ ᠭᠡᠰᠢᠭᠦᠨ ᠂ ᠦᠪᠣᠷ ᠮᠤᠩᠭ᠋ᠤᠯ ᠤᠨ ᠮᠤᠩᠭ᠋ᠤᠯ ᠣᠷᠠᠨ ᠪᠢᠴᠢᠯᠭᠡᠳᠡᠨ ᠤ ᠨᠡᠢ᠌ᠭᠡᠮᠯᠢᠭ᠌ ᠤᠨ ᠭᠡᠰᠢᠭᠦᠨ ᠂ ᠭᠢᠩᠭ᠋ᠠᠨ ᠠᠢ᠌ᠮᠠᠭ ᠤᠨ ᠣᠷᠠᠨ ᠪᠢᠴᠢᠯᠭᠡᠳᠡᠨ ᠤ ᠨᠡᠢ᠌ᠭᠡᠮᠯᠢᠭ᠌ ᠤᠨ ᠭᠡᠷᠡᠭ᠌ ᠮᠡᠳᠡᠭ᠍ᠴᠢ ᠂ ᠣᠷᠤᠨ ᠤ ᠳᠠᠰ ᠤᠨ ᠣᠷᠠᠨ ᠪᠢᠴᠢᠯᠭᠡ ᠶᠢᠨ ᠰᠢᠯᠢᠳᠡᠭ᠌ ᠵᠢᠯᠤᠭᠤᠳᠤᠭᠴᠢ ᠪᠠᠭᠰᠢ ᠃ 1996 ᠣᠨ ᠳᠤ ᠭᠢᠩᠭ᠋ᠠᠨ ᠠᠢ᠌ᠮᠠᠭ ᠤᠨ ᠪᠠᠭᠰᠢ ᠶᠢᠨ ᠰᠤᠷᠭᠠᠭᠤᠯᠢ ᠡᠴᠡ ᠳᠡᠭᠦᠰᠴᠤ ᠂ ᠪᠠᠶᠠᠠᠬᠤᠰᠢᠭᠤ ᠨᠢᠭᠡᠳᠦᠭᠡᠷ ᠪᠠᠭ᠎ᠠ ᠰᠤᠷᠭᠠᠭᠤᠯᠢ ᠳᠤ ᠠᠵᠢᠯ ᠤᠨ ᠬᠤᠪᠢᠶᠠᠷᠢ ᠠᠪᠴᠠᠢ ᠃ 1997 ᠊᠊᠊᠊᠊᠊᠊᠊᠊᠊ 1999 ᠣᠨ ᠳᠤ ᠦᠪᠣᠷ ᠮᠤᠩᠭ᠋ᠤᠯ ᠤᠨ ᠶᠡᠭᠡ ᠰᠤᠷᠭᠠᠭᠤᠯᠢ ᠶᠢᠨ ᠰᠤᠨᠢᠨ ᠮᠡᠳᠡᠭᠡᠨ ᠤ ᠰᠠᠯᠪᠣᠷᠢ ᠳᠤ ᠰᠤᠷᠤᠯᠴᠠᠵᠤ ᠂ 2003 ᠊᠊᠊᠊᠊᠊᠊ 2006 ᠣᠨ ᠤ ᠬᠤᠭᠤᠷᠤᠠᠳᠤ ᠦᠪᠣᠷ ᠮᠤᠩᠭ᠋ᠤᠯ ᠤᠨ ᠦᠨᠳᠦᠰᠦᠳᠠᠨ ᠤ ᠶᠡᠭᠡ ᠰᠤᠷᠭᠠᠭᠤᠯᠢ ᠶᠢᠨ ᠬᠤᠤᠰ ᠭᠡᠯᠡᠨ ᠤ ᠠᠩᠭᠢ ᠳᠤ ᠰᠤᠷᠤᠯᠴᠠᠵᠤ ᠥᠩᠭᠡᠷᠡᠵᠡᠢ ᠃ ᠳᠡᠭᠦᠨ ᠤ ᠬᠠᠮᠤᠭ ᠠᠩᠬᠠᠨ ᠤ ᠣᠷᠠᠨ ᠪᠢᠴᠢᠯᠭᠡ ᠶᠢᠨ ᠪᠠᠭᠰᠢ ᠪᠣᠯ ᠳᠠᠷᠤᠢ ᠠᠴᠢᠳᠤ ᠠᠪᠣ ᠨᠢ ᠪᠣᠯᠤᠨ᠎ᠠ ᠃ ᠴᠠᠭᠠᠨ ᠰᠠᠷ᠎ᠠ ᠪᠣᠯᠬᠤ ᠪᠦᠷᠢ ᠠᠪᠣ ᠨᠢ ᠠᠢ᠌ᠯ ᠠᠢ᠌ᠮᠠᠭ ᠤᠨ ᠶᠢᠨ ᠬᠤᠤᠰ ᠣᠶᠠᠩᠭ᠋᠎ᠠ ᠶᠢ ᠦᠰᠦᠨ ᠪᠢᠷ ᠶᠢᠡᠷ ᠶᠢᠡᠨ ᠵᠤᠷᠠᠢ᠌ᠳᠠᠯ᠎ᠠ ᠰᠠᠢ᠌ᠬᠠᠨ ᠪᠢᠴᠢᠵᠤ ᠣᠯᠠᠨ ᠲᠦᠮᠡᠨ ᠤ ᠪᠠᠨ ᠰᠠᠢ᠌ᠰᠢᠶᠠᠯ ᠭᠦᠡᠳᠦᠦᠡᠭᠡᠯ ᠢ ᠣᠯᠵᠤ ᠪᠠᠢ᠌ᠭᠰᠠᠨ ᠨᠢ ᠳᠡᠭᠦᠨ ᠤ ᠪᠠᠯᠴᠢᠷ ᠨᠠᠰᠤᠨ ᠤ ᠣᠢ ᠣᠬᠠᠭᠠᠨ ᠳᠤ ᠨᠢ ᠪᠠᠬᠠᠷᠬᠠᠯ ᠰᠠᠭᠤᠭᠳᠠᠯ ᠥᠭ᠍ᠴᠤ ᠪᠠᠢ᠌ᠯ᠎ᠠ ᠃ ᠳᠡᠭᠡᠭᠡᠤᠨ ᠰᠤᠷᠭᠠᠭᠤᠯᠢ ᠳᠤ ᠣᠷᠤᠬᠤ ᠡᠴᠡ ᠪᠠᠨ ᠡᠮᠦᠨ᠎ᠡ ᠳᠠᠷᠠ ᠳᠠᠷᠤᠢ ᠦᠰᠦᠨ ᠪᠢᠷ ᠲᠡᠶ ᠨᠠᠢ᠌ᠵᠠᠯᠠᠵᠤ ᠠ ᠥᠰᠦᠭ᠌ ᠠᠷᠠᠪ ᠳᠤᠭ᠎ᠠ ᠶᠢ ᠪᠢᠴᠢᠵᠤ ᠡᠭᠢᠯᠡᠵᠡᠢ ᠃ ᠬᠤᠵᠢᠮ ᠨᠢ ᠯᠢᠤ ᠭᠧᠨ ᠂ ᠳᠠᠮᠤᠷᠪᠠᠭᠠᠨ᠎ᠠ ᠂ ᠢᠷᠦᠭᠡᠯᠳᠤ ᠵᠡᠷᠭᠡ ᠨᠠᠷᠠᠳᠤ ᠪᠠᠭᠰᠢ ᠨᠡᠷ ᠡᠴᠡ ᠣᠷᠠᠨ ᠪᠢᠴᠢᠯᠭᠡ ᠶᠢᠨ ᠣᠷ᠎ᠠ ᠣᠬᠠᠭᠠᠨ ᠣᠷᠠᠯᠢᠭ ᠤᠨ ᠰᠢᠮ᠎ᠠ ᠶᠢ ᠭᠦᠷᠳᠡᠵᠤ ᠣᠳᠤ ᠪᠣᠯᠳᠠᠯ᠎ᠠ ᠪᠢᠷ ᠪᠠᠭᠡᠰ ᠲᠡᠶ ᠨᠤᠴᠤᠯᠳᠤᠭᠰᠠᠭᠠᠷ ᠁

ᠳᠡᠭᠦᠨ ᠤ ᠪᠦᠳᠦᠭᠡᠯ ᠨᠢ 1997 ᠣᠨ ᠳᠤ ᠥᠪᠠᠷᠳᠡᠭᠡᠨ ᠵᠠᠰᠠᠬᠤ ᠣᠷᠤᠨ ᠪᠠᠢ᠌ᠭᠤᠯᠤᠭᠳᠠᠭᠰᠠᠨ 50 ᠵᠢᠯ ᠤᠨ ᠣᠢ ᠶᠢᠨ ᠪᠦᠭᠦ ᠣᠷᠤᠨ ᠤ ᠣᠷᠠᠨ ᠪᠢᠴᠢᠯᠭᠡ ᠶᠢᠨ ᠥᠵᠡᠰᠭᠦᠯᠡᠩ ᠂ 1998 ᠣᠨ ᠳᠤ ᠪᠦᠭᠦ ᠣᠷᠤᠨ ᠤ ᠮᠠᠯᠴᠢᠨ ᠳᠠᠷᠢᠶᠠᠴᠢᠨ ᠤ ᠣᠷᠠᠨ ᠪᠢᠴᠢᠯᠭᠡ ᠶᠢᠨ ᠥᠵᠡᠰᠭᠦᠯᠡᠩ ᠂ 1999 ᠣᠨ ᠳᠤ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠠᠩᠬᠠᠳᠤᠭᠠᠷ ᠬᠤᠭᠤᠴᠠᠭᠠᠨ ᠤ 《ᠴᠢᠩᠭᠢᠰ ᠬᠠᠭᠠᠨ ᠬᠤᠠᠳᠠᠭᠠᠳᠤ》 ᠣᠷᠠᠨ ᠪᠢᠴᠢᠯᠭᠡ ᠭᠡᠷᠡᠯ ᠵᠢᠷᠤᠭ ᠤᠨ ᠥᠵᠡᠰᠭᠦᠯᠡᠩ ᠂ 2000 ᠣᠨ ᠳᠤ ᠣᠮᠠᠷᠠᠳᠤ ᠶᠢᠨ ᠳᠠᠪᠤᠨ ᠮᠤᠵᠢ ᠬᠤᠳᠠ ᠶᠢᠨ ᠣᠯᠤᠰ ᠲᠦᠷᠦ ᠶᠢᠨ ᠵᠥᠪᠯᠡᠯᠭᠡᠨ ᠡᠴᠡ ᠡᠷᠭᠢᠯᠡᠭ᠍ᠰᠡᠨ ᠣᠷᠠᠨ ᠵᠢᠷᠤᠭ ᠂ ᠣᠷᠠᠨ ᠪᠢᠴᠢᠯᠭᠡ ᠶᠢᠨ ᠥᠵᠡᠰᠭᠦᠯᠡᠩ ᠪᠠ ᠪᠦᠭᠦ ᠣᠯᠤᠰ ᠤᠨ ᠴᠥᠭᠡᠨ ᠳᠤᠭᠠᠳᠤ ᠦᠨᠳᠦᠰᠦᠳᠠᠨ ᠤ ᠥᠰᠦᠭ᠌ ᠪᠢᠴᠢᠭ᠌ ᠤᠨ ᠣᠷᠠᠨ ᠪᠢᠴᠢᠯᠭᠡ ᠶᠢᠨ ᠥᠵᠡᠰᠭᠦᠯᠡᠩ ᠂ 2001 ᠣᠨ ᠳᠤ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠵᠢᠷᠤᠭ ᠪᠢᠴᠢᠯᠭᠡ ᠶᠢᠨ ᠬᠤᠯᠪᠣᠭᠠᠳᠤ ᠬᠤᠷᠠᠯ ᠡᠴᠡ ᠡᠷᠭᠢᠯᠡᠭ᠍ᠰᠡᠨ 《ᠰᠢᠨ᠎ᠠ ᠵᠠᠭᠤᠨ ᠢ ᠣᠭᠳᠤᠬᠤ ᠵᠢᠷᠤᠭ ᠪᠢᠴᠢᠯᠭᠡ ᠶᠢᠨ ᠣᠷᠤᠯᠳᠤᠭᠠᠨ》 ᠪᠠ ᠳᠤᠮᠳᠠᠳᠤ ᠣᠯᠤᠰ ᠤᠨ ᠡᠪ ᠬᠠᠮᠳᠤ ᠨᠠᠮ ᠪᠠᠢ᠌ᠭᠤᠯᠤᠭᠳᠠᠭᠰᠠᠨ 80 ᠵᠢᠯ ᠤᠨ ᠣᠢ ᠶᠢ ᠳᠤᠷᠠᠰᠬᠠᠬᠤ ᠦᠪᠣᠷ ᠮᠤᠩᠭ᠋ᠤᠯ ᠤᠨ ᠣᠷᠠᠨ ᠵᠢᠷᠤᠭ ᠂ ᠭᠡᠷᠡᠯ ᠵᠢᠷᠤᠭ ᠂ ᠣᠷᠠᠨ ᠪᠢᠴᠢᠯᠭᠡ ᠶᠢᠨ ᠰᠢᠯᠢᠳᠡᠭ᠌ ᠪᠦᠳᠦᠭᠡᠯ ᠤᠨ ᠥᠵᠡᠰᠭᠦᠯᠡᠩ ᠂ 2002 ᠣᠨ ᠳᠤ ᠪᠦᠭᠦ ᠣᠯᠤᠰ ᠤᠨ ᠠᠩᠬᠠᠳᠤᠭᠠᠷ ᠣᠳᠠᠭᠠᠨ ᠤ 《ᠪᠣᠭᠤᠳᠤ ᠬᠤᠳᠠ ᠬᠤᠠᠳᠠᠭᠠᠳᠤ》 ᠣᠷᠠᠨ ᠪᠢᠴᠢᠯᠭᠡ ᠶᠢᠨ ᠣᠷᠤᠯᠳᠤᠭᠠᠨ ᠂ 2003 ᠣᠨ ᠳᠤ ᠪᠦᠭᠦ ᠠᠢ᠌ᠮᠠᠭ ᠤᠨ ᠪᠠᠭᠰᠢᠨᠠᠷ ᠤᠨ ᠣᠷᠠᠨ ᠪᠢᠴᠢᠯᠭᠡ ᠶᠢᠨ ᠦᠨᠳᠦᠰᠦᠨ ᠮᠡᠷᠭᠡᠵᠢᠯ ᠤᠨ ᠣᠷᠤᠯᠳᠤᠭᠠᠨ ᠂ 2004 ᠣᠨ ᠳᠤ ᠲᠦᠰᠢᠶᠠᠳᠤ ᠬᠤᠰᠢᠭᠤᠨ ᠪᠠ ᠳᠦᠴᠢᠤᠸᠠᠨ ᠰᠢᠶᠠᠨ ᠤ ᠣᠷᠠᠨ ᠪᠢᠴᠢᠯᠭᠡ ᠂ ᠪᠠᠷ ᠵᠢᠷᠤᠭ ᠤᠨ ᠬᠠᠮᠳᠤᠷᠠᠭᠰᠠᠨ ᠥᠵᠡᠰᠭᠦᠯᠡᠩ ᠂ 2005 ᠣᠨ ᠳᠤ ᠠᠩᠬᠠᠳᠤᠭᠠᠷ ᠣᠳᠠᠭᠠᠨ ᠤ 《ᠳᠠᠯ᠎ᠠ ᠨᠤᠳᠤᠭ ᠬᠤᠠᠳᠠᠭᠠᠳᠤ》 ᠪᠦᠭᠦ ᠣᠯᠤᠰ ᠤᠨ ᠣᠷᠠᠨ ᠵᠢᠷᠤᠭ ᠂ ᠣᠷᠠᠨ ᠪᠢᠴᠢᠯᠭᠡ ᠶᠢᠨ ᠣᠷᠤᠯᠳᠤᠭᠠᠨ ᠂ 2006 ᠣᠨ ᠳᠤ 《ᠨᠡᠢ᠌ᠭᠡᠮ ᠵᠢᠷᠤᠮ ᠤᠨ ᠢᠷᠠᠭᠤ ᠠᠯᠳᠠᠷ ᠪᠠ ᠢᠴᠢᠭᠦᠷᠢ ᠭᠤᠳᠤᠮᠰᠢᠭ》 ᠪᠦᠭᠦ ᠣᠷᠤᠨ ᠤ ᠣᠷᠠᠨ ᠪᠢᠴᠢᠯᠭᠡ ᠭᠡᠷᠡᠯ ᠵᠢᠷᠤᠭ ᠥᠵᠡᠭᠦᠯᠦᠯᠭᠡ ᠂ ᠳᠤᠯᠤᠳᠤᠭᠠᠷ ᠰᠠᠷ᠎ᠠ ᠳᠤ ᠦᠬᠠᠢ ᠂ ᠶ‍ᠢᠰᠦᠳᠦᠭᠡᠷ ᠰᠠᠷ᠎ᠠ ᠳᠤ ᠦᠬᠠᠨ ᠳᠤ ᠶᠠᠪᠣᠭᠳᠠᠭᠰᠠᠨ ᠦᠪᠣᠷ ᠮᠤᠩᠭ᠋ᠤᠯ ᠂ ᠬᠤᠪᠧᠢ ᠶᠢᠨ ᠣᠷᠠᠨ ᠪᠢᠴᠢᠯᠭᠡ ᠶᠢᠨ ᠰᠤᠯᠢᠯᠴᠠᠭᠠᠨ ᠤ ᠥᠵᠡᠰᠭᠦᠯᠡᠩ ᠂ 11 ᠰᠠᠷ᠎ᠠ ᠳᠤ ᠪᠦᠭᠦ ᠣᠷᠤᠨ ᠤ ᠬᠤᠶᠠᠳᠤᠭᠠᠷ ᠬᠤᠭᠤᠴᠠᠭᠠᠨ ᠤ ᠳᠤᠮᠳᠠᠳᠤ ᠪᠠᠭ᠎ᠠ ᠰᠤᠷᠭᠠᠭᠤᠯᠢ ᠶᠢᠨ ᠣᠷᠠᠯᠢᠭ ᠤᠨ ᠥᠵᠡᠰᠭᠦᠯᠡᠩ ᠂ 2007 ᠣᠨ ᠤ 7 ᠰᠠᠷ᠎ᠠ ᠳᠤ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠪᠠᠢ᠌ᠭᠤᠯᠤᠭᠳᠠᠭᠰᠠᠨ60 ᠵᠢᠯ ᠤᠨ ᠣᠢ ᠶᠢ ᠪᠠᠯᠡᠭᠯᠡᠭᠦ ᠣᠷᠠᠨ ᠪᠢᠴᠢᠯᠭᠡ ᠶᠢᠨ ᠥᠵᠡᠰᠭᠦᠯᠡᠩ ᠂ 8 ᠰᠠᠷ᠎ᠠ ᠳᠤ ᠴᠢᠩᠭᠢᠰ ᠬᠠᠭᠠᠨ ᠵᠢᠷᠤᠭ ᠪᠢᠴᠢᠯᠭᠡ ᠶᠢᠨ ᠭᠦᠷᠢᠶᠡᠯᠡᠩ ᠡᠴᠡ ᠡᠷᠭᠢᠯᠡᠭ᠍ᠰᠡᠨ ᠵᠢᠷᠤᠭ ᠪᠢᠴᠢᠯᠭᠡ ᠶᠢᠨ ᠣᠷᠤᠯᠳᠤᠭᠠᠨ ᠂ 2008 ᠣᠨ ᠳᠤ ᠭᠢᠩᠭ᠋ᠠᠨ ᠠᠢ᠌ᠮᠠᠭ ︱ ᠣᠯᠠᠭᠠᠠᠪᠠᠭᠠᠳᠤᠷ ᠤᠨ ᠣᠷᠠᠨ ᠪᠢᠴᠢᠯᠭᠡ ᠶᠢᠨ ᠰᠤᠯᠢᠯᠴᠠᠭᠠᠨ ᠤ ᠥᠵᠡᠰᠭᠦᠯᠡᠩ ᠂ 2008 ᠣᠨ ᠳᠤ 《ᠨᠤᠳᠤᠭ ᠮᠢᠨᠢ》 ᠦᠪᠣᠷ ᠮᠤᠩᠭ᠋ᠤᠯ ᠤᠨ ᠣᠷᠠᠨ ᠪᠢᠴᠢᠯᠭᠡ ᠭᠤᠷ ᠰᠠᠢ᠌ᠯᠤᠮᠠᠯ ᠪᠦᠭᠦ ᠣᠯᠤᠰ ᠲᠤ ᠳᠤᠭᠤᠷᠢᠨ ᠥᠵᠡᠭᠦᠯᠭᠦ ᠥᠵᠡᠰᠭᠦᠯᠡᠩ ᠂ 2008 ᠣᠨ ᠳᠤ ᠥᠭᠡᠷᠡᠴᠢᠯᠡᠯᠳᠡ ᠭᠢᠵᠤ ᠴᠢᠯᠦᠭᠡᠳᠡᠢ ᠶᠠᠪᠣᠯᠴᠠᠭᠰᠠᠨ 30 ᠵᠢᠯ ᠤᠨ ᠣᠢ ᠶᠢ ᠳᠤᠷᠠᠰᠬᠠᠬᠤ ᠭᠢᠩᠭ᠋ᠠᠨ ᠠᠢ᠌ᠮᠠᠭ ᠤᠨ ᠣᠷᠠᠨ ᠪᠢᠴᠢᠯᠭᠡ ᠶᠢᠨ ᠥᠵᠡᠰᠭᠦᠯᠡᠩ ᠂ 2009 ᠣᠨ ᠳᠤ ᠰᠢᠨ᠎ᠠ ᠳᠤᠮᠳᠠᠳᠤ ᠣᠯᠤᠰ ᠪᠠᠢ᠌ᠭᠤᠯᠤᠭᠳᠠᠭᠰᠠᠨ 60 ᠵᠢᠯ ᠤᠨ ᠣᠢ ᠶᠢ ᠪᠠᠯᠡᠭᠯᠡᠭᠦ 《ᠡᠭᠡ ᠣᠯᠤᠰ ᠤᠨ ᠮᠠᠭᠳᠠᠭᠠᠯ ᠂ ᠭᠢᠩᠭ᠋ᠠᠨ ᠤ ᠬᠠᠢ᠌ᠷ᠎ᠠ》 ᠭᠢᠩᠭ᠋ᠠᠨ ᠠᠢ᠌ᠮᠠᠭ ᠤᠨ ᠣᠷᠠᠨ ᠪᠢᠴᠢᠯᠭᠡ ᠶᠢᠨ ᠥᠵᠡᠰᠭᠦᠯᠡᠩ ᠂ 2009 ᠣᠨ ᠳᠤ 《ᠴᠡᠴᠡᠷᠯᠢᠭ᠍ᠴᠢ ᠶᠢᠨ ᠮᠠᠭᠳᠠᠭᠠᠯ》 ᠪᠦᠭᠦᠳᠡ ᠨᠠᠢ᠌ᠷᠠᠮᠳᠠᠬᠤ ᠳᠤᠮᠳᠠᠳᠤ ᠠᠷᠠᠳ ᠣᠯᠤᠰ ᠪᠠᠢ᠌ᠭᠤᠯᠤᠭᠳᠠᠭᠰᠠᠨ 60 ᠵᠢᠯ ᠤᠨ ᠣᠢ ᠶᠢ ᠪᠠᠯᠡᠭᠯᠡᠭᠦ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠣᠷᠠᠨ ᠪᠢᠴᠢᠯᠭᠡ ᠶᠢᠨ ᠥᠵᠡᠰᠭᠦᠯᠡᠩ ᠂ 2010 ᠣᠨ ᠳᠤ ᠦᠪᠣᠷ ᠮᠤᠩᠭ᠋ᠤᠯ ᠤᠨ ᠥᠪᠠᠷᠳᠡᠭᠡᠨ ᠵᠠᠰᠠᠬᠤ ᠣᠷᠤᠨ ᠤ ᠣᠷᠠᠨ ᠪᠢᠴᠢᠯᠭᠡ ᠶᠢᠨ ᠨᠡᠢ᠌ᠭᠡᠮᠯᠢᠭ᠌ ᠤᠨ ᠳᠦᠷᠪᠠᠳᠦᠭᠡᠷ ᠬᠤᠭᠤᠴᠠᠭᠠᠨ ᠤ ᠳᠤᠯᠤᠳᠤᠭᠠᠷ ᠣᠳᠠᠭᠠᠨ ᠤ ᠪᠦᠭᠦ ᠭᠡᠰᠢᠭᠦᠤᠨ ᠤᠨ ᠥᠷᠭᠡᠦᠡᠭᠡᠭ᠍ᠰᠡᠨ ᠬᠤᠷᠠᠯ ᠵᠢᠴᠢ ᠣᠷᠠᠨ ᠪᠢᠴᠢᠯᠭᠡ ᠶᠢᠨ ᠥᠵᠡᠰᠭᠦᠯᠡᠩ (ᠭᠡᠰᠢᠭ᠍ᠳᠡᠨ) ᠂ 2010 ᠣᠨ ᠳᠤ ᠠᠩᠬᠠᠳᠠᠭᠴᠢ ᠣᠳᠠᠭᠠᠨ ᠤ ᠪᠦᠭᠦ ᠣᠯᠤᠰ ᠤᠨ 《ᠰᠠᠢ᠌ᠬᠠᠨ ᠬᠠᠨ ᠠᠭᠤᠯᠠ ᠬᠤᠠᠳᠠᠭᠠᠳᠤ》 ᠮᠤᠩᠭ᠋ᠤᠯ ᠣᠷᠠᠨ ᠪᠢᠴᠢᠯᠭᠡ ᠂ ᠭᠤᠷ ᠰᠠᠢ᠌ᠯᠤᠮᠠᠯ ᠤᠨ ᠣᠷᠤᠯᠳᠤᠭᠠᠨ (ᠪᠠᠭᠠᠷᠢᠨ ᠪᠠᠷᠠᠭᠤᠨ ᠬᠤᠰᠢᠭᠤ) ᠂ 2010 ᠣᠨ ᠳᠤ ᠭᠢᠩᠭ᠋ᠠᠨ ᠠᠢ᠌ᠮᠠᠭ ᠢ ᠰᠡᠷᠭᠦᠭᠡᠨ ᠪᠠᠢ᠌ᠭᠤᠯᠤᠭᠳᠠᠭᠰᠠᠨ 30 ᠵᠢᠯ ᠤᠨ ᠣᠢ ᠶᠢ ᠪᠠᠯᠡᠭᠯᠡᠭᠦ ᠣᠷᠠᠨ ᠪᠢᠴᠢᠯᠭᠡ ᠶᠢᠨ ᠣᠷᠤᠯᠳᠤᠭᠠᠨ ᠵᠡᠷᠭᠡ ᠳᠤ ᠣᠷᠤᠯᠴᠠᠵᠤ ᠱᠠᠩᠨᠠᠯ ᠭᠦᠭᠢᠭᠦᠯᠦᠯ ᠭᠦᠷᠳᠡᠵᠤ ᠥᠩᠭᠡᠷᠡᠵᠡᠢ ᠃

ᠳᠡᠭᠦᠨ ᠤ ᠪᠦᠳᠦᠭᠡᠯ ᠬᠣᠢ᠌ᠨ᠎ᠠ ᠡᠮᠦᠨ᠎ᠡ 《ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠣᠢ᠌ᠯᠠᠯᠭ᠎ᠠ》 《ᠲᠦᠰᠢᠶᠠᠳᠤ ᠮᠤᠷᠢᠨ ᠣᠷᠤᠯᠳᠤᠭᠠᠨ ᠤ ᠰᠠᠢ᠌ᠯᠤᠮᠠᠯ ᠤᠨ ᠨᠠᠷ᠎ᠠ》 《ᠲᠦᠰᠢᠶᠠᠳᠤ ᠠᠭᠤᠳᠠᠮ ᠳᠠᠯᠠᠪᠣᠷ ᠤᠨ ᠴᠢᠯᠠᠭᠤᠨ ᠰᠠᠢ᠌ᠯᠤᠮᠠᠯ ᠤᠨ ᠳᠠᠨᠢᠯᠴᠠᠭᠤᠯᠭ᠎ᠠ》 ᠂ ᠭᠢᠩᠭ᠋ᠠᠨ ᠤ ᠡᠳᠦᠷ ᠤᠨ ᠰᠤᠨᠢᠨ ᠂ ᠦᠪᠣᠷ ᠮᠤᠩᠭ᠋ᠤᠯ ᠤᠨ ᠡᠳᠦᠷ ᠤᠨ ᠰᠤᠨᠢᠨ ᠂ ᠬᠤᠨ ᠭᠠᠯᠠᠭᠤ ᠂ ᠦᠪᠣᠷ ᠮᠤᠩᠭ᠋ᠤᠯ ᠤᠨ ᠰᠤᠷᠭᠠᠨ ᠭᠦᠮᠦᠵᠢᠯ ᠂ ᠳᠤᠷᠭᠠᠨ ᠵᠢᠯᠤᠭᠤ ᠂ ᠵᠢᠷᠢᠮ ᠤᠨ ᠣᠷᠠᠨ ᠵᠤᠬᠢᠶᠠᠯ ᠂ ᠠᠯᠳᠠᠨ ᠦᠨᠳᠦᠰᠦ ᠂ ᠭᠦᠯᠤᠨ ᠪᠣᠢ᠌ᠷ ᠂ ᠦᠪᠣᠷ ᠮᠤᠩᠭ᠋ᠤᠯ ᠤᠨ ᠣᠷᠠᠨ ᠪᠢᠴᠢᠯᠭᠡᠳᠡᠨ ᠤ ᠨᠡᠢ᠌ᠭᠡᠮᠯᠢᠭ᠌ ᠤᠨ ᠣᠷᠠᠨ ᠪᠦᠳᠦᠭᠡᠯ ᠤᠨ ᠰᠤᠩᠭ᠋ᠤᠮᠠᠯ 《 ᠣᠷᠠᠨ ᠪᠢᠴᠢᠯᠭᠡ 》  ᠣᠯᠤᠰ ᠤᠨ ᠳᠠᠰ  ᠵᠡᠷᠭᠡ ᠰᠤᠨᠢᠨ ᠰᠡᠦᠡᠭᠦᠯ ᠳᠤ ᠣᠯᠠᠠᠳᠠ ᠨᠡᠢ᠌ᠳᠡᠯᠡᠭ᠍ᠳᠡᠵᠤ ᠱᠠᠩᠨᠠᠯ ᠭᠦᠭᠢᠭᠦᠯᠦᠯ ᠭᠦᠷᠳᠡᠵᠤ ᠥᠩᠭᠡᠷᠡᠭ᠍ᠰᠡᠨ ᠮᠥᠷᠳᠡᠭᠡᠨ ᠭᠢᠩᠭ᠋ᠠᠨ ᠠᠢ᠌ᠮᠠᠭ ᠤᠨ ᠣᠯᠠᠩᠭᠢ ᠰᠤᠷᠭᠠᠭᠤᠯᠢ ᠂ ᠵᠢᠭᠤᠯᠴᠢᠯᠠᠯ ᠤᠨ ᠭᠠᠵᠠᠷ ᠂ ᠬᠤᠭᠤᠯᠠᠨ ᠭᠡᠷ ᠂ ᠵᠤᠴᠢᠤᠨ ᠤᠨ ᠪᠠᠭᠤᠳᠠᠯ ᠵᠡᠷᠭᠡ ᠭᠠᠵᠠᠷ ᠲᠤ ᠳᠡᠭᠦᠨ ᠤ ᠪᠢᠴᠢᠭᠡᠰᠤ ᠵᠥᠩᠳᠡᠭᠡᠨ ᠬᠠᠷᠠᠭᠳᠠᠳᠠᠭ ᠃ ᠪᠠᠰᠠ ᠵᠠᠷᠢᠮ ᠪᠦᠳᠦᠭᠡᠯ ᠨᠢ ᠶᠠᠫᠣᠨ ᠂ ᠺᠤᠷᠢᠶᠠ ᠂ ᠮᠤᠩᠭ᠋ᠤᠯ ᠣᠯᠤᠰ ᠂ ᠰᠢᠶᠠᠩᠭ᠋ᠠᠩ ᠵᠡᠷᠭᠡ ᠣᠯᠤᠰ ᠣᠷᠤᠨ ᠳᠤ ᠳᠡᠯᠭᠡᠭ᠍ᠳᠡᠨ ᠣᠷᠠᠯᠢᠭ ᠤᠨ ᠰᠤᠯᠢᠯᠴᠠᠭᠠᠨ ᠳᠤ ᠣᠷᠤᠯᠴᠠᠵᠤ ᠥᠩᠭᠡᠷᠡᠵᠡᠢ ᠃

 

ᠤᠢ᠌ᠷ᠎ᠠ ᠶᠢᠨ ᠰᠡᠭᠦᠳᠡᠷ

ᠬᠠᠷᠢᠶ᠎ᠠ᠄ ᠪᠢᠴᠢᠯᠭᠡ ᠵᠢᠷᠤᠭ
ᠳᠠᠷᠤᠮ᠄ 813
ᠴᠠᠭ᠄ 2023 ᠤᠨ ᠤ 09 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ