☆ ᠬᠠᠷᠠᠨᠤᠳ ᠳᠦᠷᠤ ᠵᠠᠶᠠᠭᠠ
ᠪᠣᠷᠬᠠᠨ ᠤ ᠦᠨᠳᠦᠷ ᠪᠣᠶᠤ ᠨᠠᠷᠠᠨ ᠤ ᠵᠠᠢ
	     ᠊᠊᠊᠊᠊᠊᠊᠊᠊᠊᠊᠊᠊   ᠡᠭᠦᠨ ᠢ ᠡᠶᠡᠯᠳᠡᠭ᠌ ᠭᠦᠯᠢᠶᠡᠵᠤ ᠠᠪᠣᠭᠠᠷᠠᠢ  ᠂
	           ᠡ᠊ᠨᠳᠡ ᠡᠴᠡ ᠯᠠ ᠪᠦᠭᠦ ᠵᠣᠢ᠌ᠯ ᠡᠭᠢᠯᠡᠭᠦ ᠪᠣᠯᠤᠨᠠ︕
	
	ᠡᠭᠦᠯᠡ ᠰᠢᠭ᠌ ᠦᠨᠡᠨ ᠬᠠᠷᠠᠭᠠ ᠬᠠᠮᠢᠭᠠ ᠨᠢ ᠪᠠᠢ᠌ᠨᠠ
	ᠦᠷᠭᠦᠯᠵᠢ ᠰᠡᠳᠭᠢᠯ ᠤᠨ ᠥᠩᠭᠡ ᠪᠣᠯᠵᠤ
	ᠥᠶᠡᠯᠵᠡᠭᠦᠷ ᠰᠠᠯᠭᠢᠨ ᠤ ᠰᠢᠪᠨᠡᠭᠡ ᠪᠠᠷ
	ᠦᠳᠡ ᠶᠢᠨ ᠨᠠᠷᠠᠨ ᠢ ᠮᠠᠷᠳᠠᠭᠤᠯᠵᠤ
	ᠡᠷᠢᠭ᠍ᠳᠡᠵᠤ ᠣᠳᠠᠭᠰᠠᠨ ᠣᠨ ᠵᠢᠯ ᠢ
	ᠡᠭᠡᠷᠡᠮᠡ ᠳᠠᠯᠠ ᠶᠢᠨ ᠭᠦᠨ ᠳᠤ ᠪᠣᠯᠠᠰᠢᠯᠠᠪᠠ᠂
	ᠡᠷᠡᠤ ᠪᠠᠨ ᠡᠷᠭᠦᠵᠤ ᠬᠠᠷᠠᠬᠤ ᠳᠤ ᠪᠣᠷᠬᠠᠨ ᠳᠠᠠᠳᠠ ᠪᠠᠢ᠌ᠯᠠ︕
	
	ᠡᠭᠦᠯᠡ ᠰᠢᠭ᠌ ᠬᠤᠳᠠᠯ ᠰᠠᠨᠠᠭᠠ ᠬᠠᠮᠢᠭᠠ ᠨᠢ ᠪᠠᠢ᠌ᠨᠠ
	ᠢᠯᠠ ᠪᠣᠯᠤᠭᠰᠠᠨ ᠢ ᠳᠠᠯᠳᠠᠯᠠᠵᠤ ᠨᠢᠭᠤᠨ
	ᠢᠮ ᠪᠣᠯᠬᠤ ᠦᠨᠡ ᠶᠢ ᠳᠠᠷᠤᠨ ᠨᠢᠭᠤᠨ
	ᠥᠯᠢᠭᠡᠷ ᠤᠨ ᠥᠯᠢᠭᠡᠷ ᠪᠣᠯᠭᠠᠵᠤ
	ᠥᠵᠡᠭ᠍ᠳᠡᠭᠦ ᠨᠠᠷᠠᠨ ᠤ ᠭᠡᠷᠡᠯ ᠢ ᠴᠢᠯᠦᠭᠡᠯᠡᠵᠤ
	ᠥᠭᠡ ᠭᠡᠯᠡᠨ ᠤ ᠭᠦᠨ ᠳᠤ ᠪᠣᠯᠠᠰᠢᠯᠠᠪᠠ᠂
	ᠦᠷᠡ ᠬᠡᠦᠬᠡᠳ ᠶᠢᠡᠨ ᠬᠠᠷᠠᠬᠤ ᠳᠤ ᠨᠠᠷᠠ ᠳᠠᠠᠳᠠ ᠪᠠᠢ᠌ᠯᠠ︕
	
	ᠨᠠᠰᠤᠨ ᠤ ᠡᠴᠦᠰ ᠨᠠᠮᠤᠷ ᠪᠠᠢ᠌ᠪᠠ
	ᠨᠠᠷᠠ ᠴᠤ ᠪᠠᠢ᠌ᠪᠠ᠂   ᠨᠠᠯᠠᠭᠠᠷ ᠴᠤ ᠪᠠᠢ᠌ᠪᠠ᠂
	ᠨᠠᠮᠠ ᠶᠢ ᠪᠣᠷᠬᠠᠨ ᠳᠤ ᠭᠦᠷᠭᠡᠭᠦ ᠨᠠᠮᠤᠷ ᠤᠨ
	ᠨᠠᠷᠠᠨ ᠤ ᠵᠠᠢ ᠶᠢ ᠨᠠᠰᠢ ᠢᠷᠠ ᠭᠡᠰᠡᠨ ᠪᠠᠢ᠌ᠪᠠ︕
	ᠦᠨᠳᠦᠷ ᠭᠦᠷᠭᠦ ᠳᠤ ᠦᠯᠮᠠᠢ ᠳᠤᠤᠷᠠ ᠥᠯᠦᠭᠡᠢ ᠪᠠᠢ᠌ᠪᠠ᠂
	ᠥᠩᠭᠡᠷᠡᠭ᠍ᠰᠡᠨ ᠪᠦᠭᠦᠨ ᠤ ᠦᠩᠭᠡᠨ ᠳᠤ ᠨᠠᠷᠠᠨ ᠪᠠᠢ᠌ᠪᠠ᠂
	ᠡᠪᠦᠷ ᠶᠢᠡᠨ ᠬᠠᠭᠠᠴᠠᠢ᠌ᠯᠠᠵᠤ ᠦᠮᠴᠢᠯᠠᠪᠠ᠂   ᠦᠨᠡᠨ ᠳ᠋ᠡᠭᠡᠨ
	ᠦᠨᠳᠦᠷ ᠲᠤ ᠪᠠᠢ᠌ᠳᠠᠭ ᠨᠠᠷᠠ᠂   ᠪᠣᠷᠬᠠᠨ ᠬᠤᠶᠠᠷ
	ᠡᠯᠢᠭᠡᠨ ᠲᠦᠰᠢᠶᠠ ᠡᠩᠭᠡᠷ ᠲᠤ ᠪᠠᠢ᠌ᠪᠠ︕
	
	ᠵᠤᠬᠢᠶᠠᠭᠴᠢ ᠶᠢᠨ ᠬᠠᠶᠢᠭ ᠄ ᠭᠦᠯᠤᠨ ᠪᠣᠢ᠌ᠷ
ᠵᠤᠬᠢᠶᠠᠭᠴᠢ᠄ ᠬᠠᠷᠠᠨᠤᠳ ᠳᠦᠷᠤ ᠵᠠᠶᠠᠭᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶᠠ᠄ 
ᠰᠢᠯᠦᠭᠳᠠᠷᠤᠮ᠄ 2708
ᠴᠠᠭ᠄ 2011 ᠤᠨ ᠤ 05 ᠰᠠᠷᠠ ᠶᠢᠨ 14 
ᠨᠠᠢ᠌ᠷᠠᠭᠤᠯᠤᠭᠴᠢ᠄ ᠪᠦᠬᠡᠡᠷᠳᠡᠨᠢ