☆ ᠡ᠊·ᠳᠠᠮᠤᠷ
ᠭᠦᠨ ᠨᠠᠮᠤᠷ ᠤᠨ ᠠᠶᠠᠯᠭᠤ
	ᠵᠤᠰᠠᠭᠠᠯ ᠤᠨ ᠳᠠᠠᠵᠢᠨ ᠡᠴᠡ ᠵᠦᠰᠠᠷᠠᠵᠤ ᠣᠨᠠᠭᠰᠠᠨ
	ᠵᠢᠷᠦᠭᠡᠨ ᠤ ᠴᠡᠩᠭᠡᠷ ᠨᠢᠯᠪᠣᠰᠤ
	ᠣᠷᠴᠢᠯ ᠤᠨ ᠭᠦᠷᠳᠤᠨ ᠡᠴᠡ ᠠᠶᠠᠠᠳᠠᠭᠠᠨ ᠪᠦᠳᠦᠭ᠍ᠰᠡᠨ
	ᠵᠤᠷᠰᠢᠯ ᠤᠨ ᠭᠦᠭᠡ ᠳᠤᠮᠤᠭ
	
	ᠬᠠᠯᠢᠭᠤᠷᠠᠭᠰᠠᠨ ᠡᠪᠠᠰᠤᠨ ᠳᠤ ᠬᠠᠩᠭᠢᠨᠠᠭᠰᠠᠨ ᠬᠠᠳᠤᠭᠤᠷ
	ᠬᠠᠭᠤᠴᠢᠨ ᠨᠤᠲ᠋ ᠢ ᠴᠢᠪᠬᠠᠳᠠᠵᠤ
	ᠳᠠᠷᠢᠶᠠᠯᠠᠩ ᠤᠨ ᠮᠠᠰᠢᠨ ᠤ ᠨᠦᠰᠠᠷ ᠳᠠᠭᠤᠨ
	ᠳᠠᠯᠠ ᠶᠢᠨ ᠵᠢᠷᠦᠭᠡ ᠶᠢ ᠴᠠᠷᠴᠠᠭᠠᠨᠠ
	
	ᠡᠷᠳᠡᠯᠡᠨ ᠪᠣᠴᠠᠬᠤ ᠭᠠᠯᠠᠭᠤᠨ ᠴᠤᠪᠣᠭᠠᠤᠨ
	ᠭᠠᠩᠭ᠋ᠠᠷ ᠭᠤᠩᠭ᠋ᠤᠷ ᠭᠤᠨᠢᠭᠳᠠᠢ
	ᠣᠯᠠᠢ᠌ᠭᠰᠠᠨ ᠨᠠᠪᠴᠢᠰ ᠰᠠᠯᠭᠢᠨᠠ ᠪᠣᠳᠠᠷᠠᠵᠤ
	ᠰᠢᠷ ᠱᠠᠷ ᠣᠢ᠌ᠤᠠᠬᠠᠷᠳᠠᠢ
	
	ᠵᠤᠬᠢᠶᠠᠭᠴᠢ ᠶᠢᠨ ᠬᠠᠶᠢᠭ ᠄ ᠭᠢᠩᠭ᠋ᠠᠨ ᠠᠢ᠌ᠮᠠᠭ ᠤᠨ ᠬᠤᠷᠴᠢᠨ ᠪᠠᠷᠠᠭᠤᠨ ᠭᠠᠷᠤᠨ ᠳᠤᠮᠳᠠᠳᠤ ᠬᠤᠰᠢᠭᠤᠨ ᠤ ᠭᠦᠡᠳᠡᠯᠡᠨ ᠰᠤᠷᠭᠠᠭᠤᠯᠢ
ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶᠠ᠄ 
ᠰᠢᠯᠦᠭᠳᠠᠷᠤᠮ᠄ 2707
ᠴᠠᠭ᠄ 2010 ᠤᠨ ᠤ 09 ᠰᠠᠷᠠ ᠶᠢᠨ 21 
ᠨᠠᠢ᠌ᠷᠠᠭᠤᠯᠤᠭᠴᠢ᠄ ᠪᠦᠬᠡᠡᠷᠳᠡᠨᠢ