☆ ᠭᠦᠷᠵᠡᠪ
ᠪᠢ ᠰᠢᠯᠦᠭ᠌ ᠪᠢᠴᠢᠵᠤ ᠰᠠᠭᠤᠯᠠ
 ᠪᠢ
 ᠰᠢᠯᠦᠭ᠌ ᠪᠢᠴᠢᠵᠤ
 ᠰᠠᠭᠤᠯᠠ
 ᠪᠢᠰᠢᠭᠦᠢ ᠣᠯᠠᠨ
 ᠰᠢᠯᠦᠭ᠌ ᠪᠢᠴᠢᠵᠤ
 ᠰᠠᠭᠤᠯᠠ ᠁ 
 ᠪᠠᠳᠠᠭ ᠪᠠᠳᠠᠭ ᠥᠭᠡ ᠥᠰᠦᠭ᠌
 ᠳᠤᠰᠤᠯ ᠳᠤᠰᠤᠯ ᠭᠦᠯᠦᠰᠤ ᠴᠢᠰᠤ
 ᠪᠠᠷᠠ ᠲᠡᠶ᠂ ᠪᠠᠷᠠ ᠥᠭᠡᠢ
 ᠣᠷᠤᠰᠴᠤ
 ᠪᠠᠬᠠᠨ ᠠᠷᠪᠢᠨ ᠪᠢᠷ ᠪᠠᠭᠡᠰ
 ᠪᠠᠷᠭᠳᠠᠵᠤ᠂ ᠦᠷᠡᠭ᠍ᠳᠡᠵᠤ
 ᠳᠠᠭᠤᠰᠴᠠᠢ ᠡ᠃ 
 ᠪᠠᠭᠪᠠᠭᠠᠷ ᠪᠣᠯᠤᠭᠰᠠᠨ ᠤ ᠬᠣᠢ᠌ᠨᠠ
 ᠭᠤᠮᠤᠳᠠᠬᠤ ᠣᠴᠢᠷ
 ᠨᠠᠳᠠ ᠦᠭᠡᠶ ᠡ᠂ 
 ᠪᠣᠯᠪᠠᠰᠤᠷᠠᠭᠰᠠᠨ ᠰᠢᠯᠦᠭ᠌ ᠤᠳ ᠮᠢᠨᠢ
 ᠠᠭᠤᠯᠠ ᠰᠢᠤ ᠪᠣᠰᠴᠤ
 ᠵᠢᠷᠭᠠᠯᠳᠠᠢ ᠰᠠᠨᠠᠭᠳᠠᠬᠤ ᠶᠤᠮ ᠡ᠂ ᠨᠠᠳᠠ ᠳ᠋ᠠᠭᠠᠨ
 ᠵᠤᠬᠢᠶᠠᠭᠴᠢ ᠶᠢᠨ ᠬᠠᠶᠢᠭ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭᠠ ᠰᠤᠷᠭᠠᠭᠤᠯᠢ
ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶᠠ᠄ 
ᠰᠢᠯᠦᠭᠳᠠᠷᠤᠮ᠄ 2706
ᠴᠠᠭ᠄ 2010 ᠤᠨ ᠤ 06 ᠰᠠᠷᠠ ᠶᠢᠨ 20 
ᠨᠠᠢ᠌ᠷᠠᠭᠤᠯᠤᠭᠴᠢ᠄ ᠪᠦᠬᠡᠡᠷᠳᠡᠨᠢ