☆ ᠳ᠋·ᠨᠠᠮᠵᠠᠪ
ᠭᠡᠶᠦᠷᠡᠯ
	ᠬᠠᠷᠠ ᠰᠠᠯᠭᠢᠨ ᠬᠠᠤᠭᠢᠨᠠ
	ᠭᠦᠡᠳᠡᠢ ᠭᠤᠪᠢ ᠡᠵᠡᠭᠦᠢ᠌ᠷᠡᠨᠡ᠂
	ᠴᠥᠭᠡᠨ ᠭᠡᠳᠤᠨ ᠳᠡᠮᠡᠭᠡᠳ ᠯᠠ
	ᠴᠦᠯ ᠳᠤ ᠴᠢᠳᠠᠯ ᠦᠭᠡᠶ ᠭᠠᠵᠠᠷᠴᠢᠯᠠᠨᠠ᠃
	ᠭᠠᠵᠠᠷᠴᠢᠯᠠᠨᠠ ᠭᠡᠵᠤ ᠶᠠᠭᠠᠨᠠ ᠳ᠋ᠠ ⁉
	ᠭᠠᠵᠠᠷ ᠳᠠᠳᠠᠨ ᠳᠤ ᠭᠡᠮᠵᠢᠶᠡᠳᠡᠢ
	ᠬᠤᠷᠠ ᠱᠠᠭᠠᠭᠢᠵᠤ ᠪᠠᠭᠤᠪᠠᠯᠠ
	ᠭᠠᠩ ᠥᠪᠠᠷᠳᠡᠭᠡᠨ ᠳᠠᠢ᠌ᠯᠠᠷᠠᠨᠠ ᠳ᠋ᠠ ⁈
	ᠭᠠᠩ ᠭᠡᠷᠪᠡ ᠳᠠᠢ᠌ᠯᠠᠷᠠᠪᠠᠯ
	ᠭᠠᠩᠭ᠋ᠠᠩ ᠪᠠᠢ᠌ᠭᠠᠯᠢ ᠵᠠᠯᠠᠭᠤᠵᠢᠨᠠ᠃
	ᠳᠡᠮᠡᠭᠡᠨ ᠭᠡᠭ᠍ᠴᠢ ᠪᠣᠶᠠᠨ
	ᠳᠠᠩᠰᠤᠭ ᠭᠤᠪᠢ ᠳᠠᠭᠠᠨ ᠢᠨᠠᠭᠰᠢᠨᠠ ︕
ᠵᠤᠬᠢᠶᠠᠭᠴᠢ᠄ ᠳ᠋·ᠨᠠᠮᠵᠠᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶᠠ᠄ 
ᠰᠢᠯᠦᠭᠳᠠᠷᠤᠮ᠄ 2699
ᠴᠠᠭ᠄ 2009 ᠤᠨ ᠤ 01 ᠰᠠᠷᠠ ᠶᠢᠨ 21 
ᠨᠠᠢ᠌ᠷᠠᠭᠤᠯᠤᠭᠴᠢ᠄ ᠪᠦᠬᠡᠡᠷᠳᠡᠨᠢ