ᠳᠠᠶᠠᠭᠠᠷᠰᠢᠯ ᠤᠨ ᠲᠤᠬᠠᠢ ᠪᠤᠳᠤᠯ ᠰᠡᠳᠬᠢᠭ᠌ᠳᠡᠯ

ᠳᠠᠶᠠᠭᠠᠷᠰᠢᠯ ᠳᠤ ᠣᠤᠯ ᠨᠢ ᠴᠡᠷᠢᠭ᠌ ᠳᠠᠢ᠌ᠨ ᠪᠠ ᠱᠠᠰᠢᠨ ᠰᠤᠷᠳᠠᠬᠤᠨ ᠭᠡᠭᠦ ᠬᠤᠶᠠᠷ ᠠᠭᠤᠯᠭ᠎ᠡ ᠪᠡᠬᠳᠡᠵᠤ ᠪᠠᠢ᠌ᠪᠠ᠃ ᠳᠠᠷᠠ ᠪᠠᠷ ᠭᠦᠷᠥᠭᠰᠡᠨ ᠭᠠᠵᠠᠷ ᠪᠦᠭᠦᠨ ᠤ ᠪᠠᠨ ᠰᠤᠶᠤᠯ ᠠᠵᠤ ᠠᠬᠤᠢ ᠶᠢ ᠳᠡᠯᠬᠢᠳᠡᠨ ᠳᠡᠬᠡᠷᠡᠮᠳᠤᠬᠦ ᠪᠤᠶᠤ ᠥᠭᠡᠢ᠌ᠰᠭᠡᠳᠡᠭ᠌ ᠪᠠᠢ᠌ᠭᠰᠠᠨ ᠪᠣᠯᠬᠤᠷ ᠳᠠᠶᠠᠭᠠᠷᠰᠢᠯ ᠪᠠ ᠳᠤᠰᠠᠭᠠᠷ ᠳᠤᠭᠳᠡᠨᠢᠯ ᠤᠨ ᠳᠠᠮᠠᠴᠠᠯ ᠤᠯᠡᠨ ᠮᠢᠩᠭ᠋ᠠᠨ ᠥᠷᠭᠦᠯᠵᠢᠯᠡᠭᠰᠡᠨ ᠪᠠᠢ᠌ᠨ᠎ᠠ᠃ ᠭᠡᠳᠡᠯ᠎ᠡ᠂ ᠦᠨᠦᠳᠤᠷ ᠤᠨ ᠶᠡᠷᠢᠬᠤ ᠬᠡᠵᠤ ᠪᠠᠢ᠌ᠭ᠎ᠡ ᠳᠠᠶᠠᠭᠠᠷᠰᠢᠯ ᠳᠤ ᠬᠠᠷᠠᠴᠤ ᠢᠷᠭᠡᠤᠨ ᠲᠤ ᠣᠳᠤᠭᠢᠴᠢᠯᠠᠯᠳᠠ ᠰᠢᠨᠠᠴᠢᠯᠠᠯᠳᠠ ᠶᠢᠨ ᠦᠷ᠎ᠡ ᠪᠥᠳᠤᠬᠡᠯ ᠢ ᠬᠦᠷᠳᠡᠬᠡᠬᠦ ᠨᠠᠷ᠎ᠠ ᠪᠠᠷ ᠠᠵᠤ ᠠᠬᠤᠢ᠂ ᠵᠠᠬ᠎ᠠ ᠳᠡᠯᠭᠡᠭᠦᠷ ᠤᠨ ᠵᠢᠮ᠎ᠠ ᠶᠤᠰᠤ ᠪᠡᠷ ᠣᠯᠤᠰ ᠦᠨᠳᠦᠰᠦᠳᠠᠨ᠂ ᠥᠬᠡ ᠬᠡᠯᠡ ᠥᠰᠥᠭ ᠪᠢᠴᠢᠭ᠌᠂ ᠱᠠᠰᠢᠨ ᠰᠤᠷᠳᠡᠬᠤᠨ ᠰᠤᠶᠤᠯ ᠤᠨ ᠵᠠᠭᠠᠭ ᠱᠤᠭᠤᠮ ᠢ ᠳᠠᠪᠠᠵᠤ᠂ ᠠᠢ᠌ᠯ ᠡᠷᠤᠬᠡ ᠬᠡᠨ ᠬᠦᠮᠤᠨ ᠨᠢᠬᠡ ᠪᠥᠷᠢ ᠳᠤ ᠭᠦᠷᠳᠡᠯ᠎ᠡ ᠨᠠᠪᠴᠢᠨ ᠤᠷᠤᠬᠰᠡᠨ 《 ᠰᠢᠨᠵᠢᠯᠡᠬᠦ ᠤᠬᠠᠭᠠᠨ 》 ᠤ᠋ ᠥᠷ᠎ᠡ ᠪᠥᠳᠤᠬᠡᠯ ᠪᠠᠢ᠌ᠭ᠎ᠠ᠃

ᠳᠠᠶᠠᠭᠠᠷᠰᠢᠯ ᠤᠨ ᠴᠠᠭ ᠣᠷᠴᠢᠨ ᠳᠤ ᠦᠪᠡᠷ ᠤᠨ ᠰᠤᠶᠤᠯ ᠰᠢᠠᠵᠢ ᠪᠠᠨ ᠬᠡᠷᠬᠢᠨ ᠬᠠᠳᠠᠭᠠᠯᠠᠵᠤ ᠣᠷᠤᠰᠢᠨ ᠳᠤᠭᠳᠠᠨᠢᠬᠤ ᠴᠢᠳᠡᠬᠤ ᠪᠣᠢ ᠭᠡᠳᠡᠭ᠌ ᠨᠢ ᠳᠡᠯᠡᠭᠡᠢ ᠶᠢᠨ ᠴᠢᠨᠠᠷ ᠲᠡᠶ ᠠᠰᠠᠭᠤᠳᠠᠯ ᠪᠣᠯᠪᠠ᠃ ᠰᠢᠨ᠎ᠠ ᠵᠠᠭᠤᠨ ᠳᠤ ᠳᠤᠰᠠᠭᠠᠷ ᠳᠤᠭᠳᠠᠨᠢᠯ ᠭᠡᠵᠤ ᠦᠪᠡᠷ ᠢ ᠪᠠᠨ ᠪᠠᠬᠠᠷᠬᠠᠬᠤ ᠰᠤᠨᠭᠢᠯᠭᠡ ᠶᠢᠨ ᠳᠦᠰᠢᠭ᠌ ᠲᠡᠶ᠂ ᠬᠤᠪᠢ ᠵᠢᠨ ᠰᠤᠶᠤᠯ ᠤᠨ ᠣᠠᠴᠠᠯᠢᠭ ᠳᠡᠢ ᠠᠵᠤ ᠠᠮᠢᠳᠤᠷᠠᠬᠤ ᠭᠡᠯᠪᠠᠷᠢ ᠶᠢ ᠭᠡᠯᠡᠳᠡᠭ᠌᠃ ᠨᠤᠹᠧᠯ ᠤᠨ ᠤᠳᠬ᠎ᠡ ᠵᠤᠬᠢᠶᠡᠯ ᠤᠨ ᠱᠠᠩᠨᠠᠯ ᠭᠦᠷᠳᠡᠭ᠍ᠴᠢ ᠹᠷᠠᠠᠼᠢ ᠶᠢᠨ ᠨᠢᠭᠡᠨ ᠵᠤᠬᠢᠶᠠᠯᠴᠢ《ᠮᠢᠨᠤ ᠴᠤᠷ ᠤᠨ ᠭᠠᠭᠴᠠ ᠡᠭᠡ ᠣᠷᠤᠨ ᠪᠣᠯ ᠹᠷᠠᠠᠼᠢ ᠭᠡᠯᠡ ᠪᠤᠯᠤᠨ᠎ᠡ》ᠭᠡᠵᠤ ᠶᠠᠷᠢᠭᠰᠠᠨ ᠪᠠᠢ᠌ᠳᠠᠭ ᠃ ᠳᠤᠰ ᠥᠭᠡ ᠣᠯᠤᠰ ᠣᠷᠤᠨ ᠤ ᠥᠵᠡᠯ ᠰᠡᠨᠡᠭᠠᠨ ᠤ ᠬᠡᠯᠪᠡᠷᠢ ᠵᠢᠨ ᠵᠡᠭᠠᠬ ᠱᠤᠭᠤᠮ ᠣᠯᠠᠮ ᠡᠴᠡ ᠣᠯᠠᠮ ᠪᠠᠯᠠᠷᠬᠠᠢ ᠪᠣᠯᠵᠤ ᠪᠥᠬᠥᠢ ᠥᠨᠤᠳᠤᠷ ᠮᠠᠰᠢ ᠣᠯᠠᠨ ᠭᠦᠮᠦᠰ ᠤᠨ ᠵᠢᠷᠦᠭᠡ ᠰᠠᠤᠠᠭᠢᠯ ᠳᠤ ᠭᠦᠷᠭᠦ ᠨᠢ ᠯᠠᠪᠳᠠᠢ᠃

ᠢᠪᠠᠷᠠᠢ᠌ᠴᠤᠳ ᠨᠤᠳᠤᠭ ᠣᠰᠤ ᠡᠴᠡ ᠪᠠᠨ ᠭᠦᠭᠡᠭ᠍ᠳᠡᠨ ᠪᠣᠳᠠᠷᠠᠵᠤ 2000 ᠭᠠᠷᠤᠢ ᠵᠢᠯ ᠬᠠᠷᠢ ᠭᠠᠵᠡᠷ ᠭᠦᠡᠳᠡᠯᠡᠨ ᠨᠤᠳᠤᠬ ᠵᠢᠡᠷ ᠠᠮᠢᠳᠤᠷᠠᠵᠤ ᠪᠠᠢ᠌ᠬᠤ ᠳᠡᠭᠠᠨ ᠶᠡᠷᠤᠨᠢ ᠭᠡᠸᠲ᠋ᠦᠤ ᠭᠡᠳᠡᠭ᠌ ᠵᠤᠬᠢᠶᠠᠨ ᠪᠠᠢ᠌ᠭᠤᠯᠤᠯᠳᠠ ᠡᠴᠡ ᠪᠠᠨ ᠰᠡᠯᠤᠩᠬᠢᠷᠡᠬᠰᠡᠨ ᠦᠭᠡᠶ᠂ ᠱᠠᠰᠢᠨ ᠶᠢᠡᠨ ᠠᠯᠳᠠᠭᠰᠠᠨ ᠦᠭᠡᠶ᠂ ᠦᠨᠳᠦᠰᠦᠳᠠᠨ ᠪᠠ ᠦᠪᠡᠷ ᠢ ᠪᠠᠨ ᠪᠠᠬᠠᠷᠬᠠᠬᠤ ᠰᠤᠨᠭᠢᠯᠭᠡ ᠪᠠᠨ ᠠᠯᠳᠠᠭᠰᠠᠨ ᠦᠭᠡᠶ ᠪᠣᠯᠬᠤᠷ ᠡᠴᠤᠰ ᠳᠡᠬᠡᠨ ᠤᠯᠤᠰ ᠥᠨᠳᠤᠰᠤᠳᠡᠨ ᠤ ᠳᠤᠰᠡᠭᠠᠷ ᠳᠤᠬᠳᠡᠨᠢᠯ ᠢ ᠪᠡᠶᠡᠯᠡᠬᠦᠯᠵᠤ ᠴᠢᠳᠡᠬᠰᠡᠨ ᠪᠡᠢ᠌ᠳᠡᠬ᠃

ᠨᠡᠢ᠌ᠭᠡᠮ ᠪᠣᠯ ᠭᠡᠷ ᠪᠦᠯᠢ ᠶᠢᠨ ᠳᠤᠰᠬᠠᠯ ᠪᠣᠯᠤᠨ᠎ᠠ᠃ ᠦᠨᠳᠦᠰᠦᠳᠠᠨ ᠤ ᠠᠮᠤᠷ ᠲᠦᠪᠰᠢᠨ ᠪᠣᠯ ᠭᠡᠷ ᠪᠦᠯᠢ ᠶᠢᠨ ᠪᠠᠳᠤᠯᠠᠭ᠎ᠠ ᠮᠦᠨ᠃ ᠦᠨᠳᠦᠰᠦᠳᠠᠨ ᠠᠮᠤᠭᠤᠯᠠᠩ ᠪᠣᠯ ᠭᠡᠷ ᠪᠦᠯᠢ ᠠᠮᠤᠭᠤᠯᠠᠩ᠃ ᠭᠡᠷ ᠪᠦᠯᠢ ᠠᠮᠤᠭᠤᠯᠠᠩ ᠪᠣᠯ ᠳᠡᠯᠡᠭᠡᠢ ᠠᠮᠤᠭᠤᠯᠠᠩ᠃ ᠢᠷᠡᠭᠡᠳᠦᠢ ᠭᠡᠳᠡᠭ᠌ ᠨᠢ ᠳᠡᠦᠭᠡ ᠪᠢᠰᠢ ︕ ᠮᠠᠨ ᠤ ᠭᠡᠦᠭᠡᠤᠨ ᠤᠳ ᠪᠣᠯᠤᠨ᠎ᠠ᠃ ᠮᠥᠭᠦᠵᠤ ᠪᠣᠢ ᠦᠨᠳᠦᠰᠦᠳᠠᠨ ᠳᠡᠦᠭᠡ ᠪᠡᠨ ᠪᠠᠬᠠᠷᠬᠠᠵᠤ ᠂ ᠮᠠᠠᠳᠤᠵᠤ ᠪᠣᠢ ᠦᠨᠳᠦᠰᠦᠳᠠᠨ ᠦᠨᠦᠳᠤᠷ ᠶᠢᠡᠨ ᠪᠠᠬᠠᠷᠬᠠᠨ᠎ᠠ ᠭᠡᠳᠡᠭ᠌᠃ ᠡᠢ᠌ᠨᠬᠦ᠂ ᠤᠳᠤᠬᠠᠨ ᠳᠤ ᠪᠢᠳᠡ《ᠮᠠᠨ ᠤ ᠦᠨᠳᠦᠰᠦᠳᠠᠨ ᠶᠠᠮᠠᠷ ᠠᠭᠤᠤ ᠦᠨᠳᠦᠰᠦᠳᠠᠨ ᠪᠠᠢ᠌ᠭᠰᠠᠨ 》ᠭᠡᠤᠨ ᠦᠪᠡᠷ ᠶᠢᠡᠨ ᠴᠢᠦᠡᠭᠦᠷ ᠰᠢᠭ᠌ ᠶᠠᠪᠣᠳᠠᠭ ᠶᠢᠡᠨ ᠪᠣᠯᠢᠵᠤ᠂ ᠥᠨᠳᠤᠰᠤᠳᠡᠨ ᠤ ᠳᠡᠤᠬᠡ ᠰᠤᠶᠤᠯ ᠢᠷᠬᠡᠨᠰᠢᠯ ᠵᠢᠡᠨ ᠤᠯᠡᠮᠵᠢᠯᠡᠨ ᠬᠠᠮᠡᠭᠠᠯᠡᠵᠤ ᠥᠨᠳᠤᠰᠤᠳᠡᠨ ᠤ ᠥᠪᠡᠷ ᠢ ᠪᠡᠨ ᠪᠠᠬᠠᠷᠬᠠᠬᠤ ᠰᠤᠨᠭᠢᠯᠭᠡ ᠪᠡᠨ ᠴᠢᠩᠭᠠᠳᠬᠠᠵᠤ ᠂ ᠳᠠᠶᠠᠭᠠᠷᠰᠢᠯ ᠤᠨ ᠡᠷᠴᠢᠨ ᠳᠤ ᠬᠤᠪᠢ ᠵᠢᠨ ᠬᠡᠭ᠍ᠴᠢ ᠤᠷᠤᠨ ᠪᠡᠢ᠌ᠷᠢ ᠪᠡᠨ ᠪᠡᠳᠤᠯᠡᠬᠤ ᠪᠡᠷ ᠴᠢᠷᠮᠡᠢ᠌ᠬᠤ ᠬᠡᠷᠡᠭᠳᠡᠢ᠃

ᠵᠤᠬᠢᠶᠠᠭᠴᠢ᠄ ᠲᠦᠪᠰᠢᠨᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 5655
ᠴᠠᠭ᠄ 2009 ᠤᠨ ᠤ 03 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ