ᠳᠦᠴᠢᠨ ᠨᠠᠰᠤᠨ ᠤ ᠳᠠᠭᠤᠯᠠᠯ

ᠣᠷᠭ᠎ᠠ ᠳᠤᠯᠵᠤ

ᠳᠦᠷᠦᠭᠡ ᠢᠰᠭᠦᠯᠳᠡᠭ᠌ ᠨᠠᠰᠤ

ᠳᠤᠮᠤᠭ᠎ᠠ ᠭᠦᠢᠴᠡᠵᠤ

ᠣᠢ᠌ᠯᠠᠰ ᠪᠣᠰᠬᠠᠳᠠᠭ ᠨᠠᠰᠤ

ᠠᠷᠠᠤᠨ ᠤᠨ ᠮᠦᠩᠭᠦ ᠵᠢ

ᠠᠳᠬᠤ ᠪᠠᠷ ᠣᠯᠳᠠᠭ ᠨᠠᠰᠤ

ᠣᠬᠠᠭᠠᠨ ᠶᠢᠡᠨ ᠲᠦᠰᠢᠵᠤ

ᠠᠮᠢᠳᠤᠷᠠᠯ ᠪᠣᠴᠠᠯᠭᠠᠳᠠᠭ ᠨᠠᠰᠤ

ᠨᠠᠰᠤᠨ ᠤ ᠦᠯᠵᠡᠢ ᠳ᠋ᠤ

ᠭᠡᠢ᠌ᠮᠦᠷᠢ ᠪᠠᠷ ᠳᠠᠯᠠᠯᠤᠳᠠᠭ ᠨᠠᠰᠤ

ᠨᠠᠢ᠌ᠵᠠ ᠶᠢᠨ ᠳᠡᠭ᠍ᠷᠢ ᠳ᠋ᠤ

ᠳᠦᠰᠢᠭ᠌ ᠪᠣᠯᠳᠠᠭ ᠨᠠᠰᠤ

ᠨᠡᠢ᠌ᠭᠡᠮ ᠤᠨ ᠭᠦᠭ᠍ᠵᠢᠯ ᠳ᠋ᠤ

ᠮᠦᠷᠤ ᠨᠢ ᠪᠣᠯᠳᠠᠭ ᠨᠠᠰᠤ

ᠨᠠᠷᠠᠯᠠᠭ ᠬᠤᠷᠸ᠎ᠠ ᠳ᠋ᠤ

ᠥᠭ᠍‍ᠭᠢᠶᠡᠮᠦᠷ ᠬᠠᠢ᠌ᠷᠠᠯᠠᠳᠠᠭ ᠨᠠᠰᠤ

ᠳᠦᠴᠢᠨ ᠵᠢᠯ ᠤᠨ

ᠨᠠᠷᠠᠨ ᠦᠨᠦᠷ ᠲᠡᠶ ᠨᠠᠰᠤ

ᠳᠤᠮᠤᠭ᠎ᠠ ᠦᠭᠡᠶ ᠵᠠᠯᠠᠭᠤᠰ ᠳᠤ

ᠭᠢᠴᠢᠶᠠᠯ ᠣᠷᠤᠳᠠᠭ ᠨᠠᠰᠤ

ᠳᠦᠭᠡᠯᠡᠵᠤ ᠶᠠᠪᠣᠭᠰᠠᠨ

ᠠᠮᠢᠳᠤᠷᠠᠯ ᠤᠨ ᠭᠠᠬᠠᠰ ᠠᠶᠠᠨ ᠳ᠋ᠤ

ᠳᠤᠭ ᠶᠢᠠᠨ ᠡᠷᠭᠦᠵᠤ

ᠭᠦᠤ ᠪᠠᠨ ᠰᠤᠷᠭᠠᠳᠠᠭ ᠨᠠᠰᠤ ᠡ


ᠠᠢ᠌ᠯ ᠤᠨ ᠪᠦᠰᠡᠭᠦᠢ ᠳᠤ ᠳᠤᠷᠠᠯᠠᠭᠰᠠᠨ ᠵᠢᠠᠨ

ᠰᠢᠭᠤᠳ ᠶᠠᠷᠢᠳᠠᠭ ᠨᠠᠰᠤ

ᠠᠷᠢᠭᠢᠨ ᠳᠤ ᠬᠠᠯᠠᠭᠰᠠᠨ ᠠᠮᠠᠨ ᠡᠴᠠ

ᠥᠯᠢᠭᠡᠷ ᠴᠤᠪᠣᠳᠠᠭ ᠯᠠ ᠨᠠᠰᠤ

ᠠᠵᠢᠯ ᠠᠮᠢᠳᠤᠷᠠᠯ ᠤᠨ ᠳᠤᠷᠰᠢᠯᠭ᠎ᠠ ᠡᠴᠠ

ᠳᠤᠰᠤ ᠪᠦᠮᠪᠦᠷᠢᠳᠡᠭ᠌ ᠨᠠᠰᠤ

ᠡᠭᠡᠨᠡᠭ᠍ᠳᠡ ᠣᠷᠤᠰᠢᠬᠤ ᠣᠷᠴᠢᠯ ᠵᠢᠠᠷ

ᠰᠦᠷ ᠲᠡᠶ ᠪᠠᠨ ᠵᠤᠭᠰᠤᠳᠠᠭ ᠨᠠᠰᠤ

ᠳᠦᠴᠢᠨ ᠵᠢᠯ ᠤᠨ

ᠰᠠᠯᠭᠢᠨ ᠰᠡᠵᠢᠭᠦᠷ ᠲᠡᠶ ᠨᠠᠰᠤ

ᠳᠤᠭᠤᠯᠬᠤ ᠶᠤᠰᠤ ᠳᠠᠢ

ᠭᠦᠮᠤᠨ ᠤ ᠠᠮᠢᠳᠤᠷᠠᠯ ᠤᠨ ᠵᠢᠮ᠎ᠠ ᠪᠠᠷ

ᠠᠯᠬᠤᠵᠤ ᠢᠷᠡᠭ᠍ᠰᠡᠨ

ᠴᠠᠭᠠᠨ ᠮᠦᠷ ᠲᠡᠶ ᠨᠠᠰᠤ ᠡ ᠁


   2011 . 10 . 30


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠠᠵᠤ ᠣᠢ᠌ᠯᠠᠳᠪᠣᠷᠢ ᠬᠤᠳᠠᠯᠳᠤᠭᠠᠨ ᠤ ᠬᠤᠯᠪᠣᠭ᠎ᠠ

ᠵᠤᠬᠢᠶᠠᠭᠴᠢ᠄ ᠪᠠ᠊·ᠤᠳᠬᠤᠠᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1304
ᠴᠠᠭ᠄ 2011 ᠤᠨ ᠤ 10 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁