ᠠᠭᠤᠯᠠᠰ ᠤᠨ ᠶᠢᠡᠨ ᠣᠷᠤᠢ ᠶᠢ ᠬᠠᠷᠠᠵᠤ ᠶᠠᠪᠣᠭᠠᠷᠠᠢ ᠭᠦᠤ ᠮᠢᠨᠢ

ᠣᠬᠠᠭᠠᠠᠳᠤ ᠭᠦᠮᠤᠨ ᠤ ᠥᠭᠡ ᠶᠢ ᠰᠤᠨᠤᠰᠴᠤ ᠣᠴᠢᠷ ᠢ ᠣᠬᠠᠭᠠᠬᠤ ᠮᠠᠳᠤ

ᠠᠭᠤᠯᠠᠰ ᠤᠨ ᠶᠢᠡᠨ ᠣᠷᠤᠢ ᠶᠢ ᠬᠠᠷᠠᠵᠤ ᠬᠠᠷᠠᠭ᠎ᠠ ᠪᠠᠨ ᠳᠠᠯᠠᠵᠤ ᠶᠠᠪᠣᠭᠠᠷᠠᠢ ᠭᠦᠤ ᠮᠢᠨᠢ

ᠥᠩᠭᠡᠷᠡᠨ ᠣᠤᠠᠬᠤ ᠵᠠᠮ ᠳᠤ ᠥᠭᠡᠳᠡ ᠭᠡᠢ᠌ᠮᠦᠷᠢ ᠶᠢ ᠴᠢᠨᠢ ᠳᠠᠯᠠᠯᠠᠵᠤ ᠪᠠᠢ᠌ᠭ᠎ᠠ

ᠥᠯᠦᠭᠡᠢ ᠶᠢᠨ ᠴᠢᠨᠢ ᠬᠠᠷᠠᠭ᠎ᠠ ᠰᠢᠭ ᠠᠭᠤᠯᠠᠰ ᠤᠨ ᠣᠷᠤᠢ ᠪᠠᠨ ᠬᠠᠷᠠᠵᠤ ᠶᠠᠪᠣᠭᠠᠷᠠᠢ

ᠳᠡᠩᠳᠡᠭᠦᠤ ᠮᠡᠷᠭᠡᠨ ᠳᠡᠭᠡᠳᠦᠰ ᠤᠨ ᠴᠢᠨᠢ ᠳᠠᠷ᠎ᠠ ᠠᠭᠤᠯᠠ ᠪᠠᠢ᠌ᠳᠠᠭ ᠶᠤᠮ

ᠳᠡᠯᠡᠭᠡᠢ ᠪᠠᠭᠠᠳᠠᠭᠰᠠᠨ ᠭᠦᠴᠤ ᠪᠠᠷ ᠶᠢᠡᠨ ᠳᠦᠰᠢᠭ᠌ ᠠᠭᠤᠯᠠ ᠪᠠᠢ᠌ᠳᠠᠭ ᠶᠤᠮ

ᠳᠠᠷᠪᠠᠵᠤ ᠪᠣᠰᠬᠤ ᠭᠦᠰᠡᠯ ᠳᠤ ᠴᠢᠨᠢ ᠵᠢᠭᠦᠷ ᠪᠣᠯᠵᠤ ᠣᠷᠭᠤᠭᠰᠠᠨ

ᠳᠠᠯ ᠪᠣᠰᠤᠭ᠎ᠠ ᠰᠦᠷ ᠪᠣᠰᠤᠭ᠎ᠠ ᠭᠦᠯᠦᠭ᠌ ᠠᠭᠤᠯᠠ ᠪᠠᠢ᠌ᠳᠠᠭ ᠶᠤᠮ

ᠪᠢᠳᠡᠭᠦᠭᠡᠨ ᠨᠢᠭᠤᠴᠠ ᠪᠠᠨ ᠰᠡᠷᠡᠭ᠍ᠳᠡᠭᠡ ᠦᠭᠡᠶ ᠣᠨᠢᠰᠤᠭ᠎ᠠ ᠠᠭᠤᠯᠠ ᠪᠠᠢ᠌ᠳᠠᠭ ᠶᠤᠮ

ᠪᠢᠴᠢᠭ᠌ ᠳᠤᠳᠤᠷᠠᠵᠤ ᠵᠢᠷᠤᠭ ᠠᠮᠢᠯᠠᠭᠰᠠᠨ ᠪᠢᠯᠢᠭ᠌ ᠠᠭᠤᠯᠠ ᠪᠠᠢ᠌ᠳᠠᠭ ᠶᠤᠮ

ᠶ‍ᠢᠰᠤᠨ ᠡᠷᠳᠡᠨᠢ ᠰᠤᠶᠤᠷᠬᠠᠭᠰᠠᠨ ᠭᠡᠰᠢᠭ᠌ ᠠᠭᠤᠯᠠ ᠪᠠᠢ᠌ᠳᠠᠭ ᠶᠤᠮ

ᠶ‍ᠢᠰᠤᠨ ᠰᠢᠳᠢ ᠭᠦᠯᠭᠡᠯᠡᠭ᠍ᠰᠡᠨ ᠰᠢᠳᠦᠭᠡᠡᠳᠤ ᠠᠭᠤᠯᠠ ᠪᠠᠢ᠌ᠳᠠᠭ ᠶᠤᠮ

ᠣᠷᠴᠢᠬᠤ ᠳᠡᠦᠭᠡ ᠶᠢᠨ ᠳᠤᠮᠤᠭ ᠭᠦᠦᠷᠨᠢᠭ᠍ᠰᠡᠨ ᠥᠯᠢᠭᠡᠷ ᠠᠭᠤᠯᠠ ᠪᠠᠢ᠌ᠳᠠᠭ ᠶᠤᠮ

ᠣᠨ ᠴᠠᠭ ᠤᠨ ᠲᠦᠷᠦᠳᠠᠰᠤᠨ ᠤ ᠣᠬᠠᠭᠠᠨ ᠠᠭᠤᠯᠠ ᠪᠠᠢ᠌ᠳᠠᠭ ᠶᠤᠮ

ᠣᠭᠰᠠᠭ᠎ᠠ ᠮᠤᠩᠭ᠋ᠤᠯ ᠳᠤᠭᠤᠷᠭᠠᠳᠠᠨ ᠤ ᠰᠦᠯᠳᠡ ᠠᠭᠤᠯᠠ ᠪᠠᠢ᠌ᠳᠠᠭ ᠶᠤᠮ

ᠣᠳᠤᠮ ᠤᠨ ᠴᠢᠨᠢ ᠭᠠᠯ ᠢ ᠪᠠᠳᠠᠷᠠᠭᠠᠭᠰᠠᠨ ᠳᠤᠯᠭ᠎ᠠ ᠠᠭᠤᠯᠠ ᠪᠠᠢ᠌ᠳᠠᠭ ᠶᠤᠮ

ᠪᠣᠭᠳᠠ ᠴᠢᠩᠭᠢᠰ ᠤᠨ ᠳᠠᠭᠢᠯᠭ᠎ᠠ ᠲᠡᠶ ᠪᠣᠷᠬᠠᠨ ᠬᠠᠯᠳᠤᠨ ᠪᠠᠢ᠌ᠳᠠᠭ ᠶᠤᠮ

ᠪᠣᠰᠤᠭ᠎ᠠ ᠮᠤᠩᠭ᠋ᠤᠯ ᠳᠤᠭᠠᠳᠠᠨ ᠤ ᠲᠦᠷᠦ ᠠᠭᠤᠯᠠ ᠪᠠᠢ᠌ᠳᠠᠭ ᠶᠤᠮ

ᠣᠴᠠᠷᠠᠭᠰᠠᠨ ᠭᠦᠮᠤᠨ ᠲᠡᠶ ᠮᠠᠠᠳᠤ ᠶᠢᠨ ᠥᠭᠡ ᠰᠤᠯᠢᠬᠤ ᠮᠠᠳᠤ

ᠠᠭᠤᠯᠠᠰ ᠤᠨ ᠣᠷᠤᠢ ᠪᠠᠨ ᠬᠠᠷᠠᠵᠤ ᠶᠠᠪᠣᠭᠠᠷᠠᠢ ᠭᠦᠤ ᠮᠢᠨᠢ

ᠣᠮᠤᠭ ᠳᠤᠭᠰᠢᠨ ᠰᠦᠷ ᠳᠤᠨᠢ ᠮᠥᠷᠭᠦᠵᠤ ᠨᠢᠭᠡ ᠬᠠᠷᠠᠵᠤ ᠶᠠᠪᠣᠭᠠᠷᠠᠢ


ᠵᠤᠬᠢᠶᠠᠭᠴᠢ ᠶᠢᠨ ᠬᠠᠶ‍ᠢᠭ ᠄ ᠣᠩᠨᠢᠭᠤᠳ ᠬᠤᠰᠢᠭᠤᠨ ᠤ ᠬᠠᠢ᠌ᠯᠠᠰᠤ ᠳᠤᠮᠳᠠᠳᠤ ᠰᠤᠷᠭᠠᠭᠤᠯᠢ

ᠵᠤᠬᠢᠶᠠᠭᠴᠢ᠄ ᠵᠦᠩ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2345
ᠴᠠᠭ᠄ 2009 ᠤᠨ ᠤ 12 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ