ᠳᠠᠮᠠᠴᠠᠯ ᠤᠨ ᠰᠢᠯᠢᠯᠳᠠ

ᠦᠳᠡᠰᠢ ᠶᠢᠨ ᠣᠯᠠᠩᠭ᠋ᠠᠳᠠᠭᠰᠠᠨ ᠳᠤᠯᠤᠩ ᠠᠯᠭᠤᠷ ᠵᠠᠮᠬᠠᠷᠠᠨ ᠠᠷᠢᠯᠵᠤ᠂ ᠡᠴᠦᠰ ᠤᠨ ᠵᠤᠷᠪᠣᠰ ᠭᠡᠭᠡ ᠪᠠᠨ ᠭᠤᠷᠢ ᠳᠠᠰᠤᠷᠠᠭᠰᠠᠨ ᠭᠤᠨᠢᠭᠳᠤ ᠴᠢᠷᠠᠯᠠᠯ ᠲᠡᠶ ᠬᠠᠮᠳᠤ ᠨᠠᠮᠠᠭᠤᠨ ᠰᠦᠨᠢ ᠶᠢᠨ ᠨᠡᠯᠦᠭᠡᠷ ᠣᠭᠳᠠᠷᠭᠤᠢ ᠳᠤ ᠢᠯᠡᠭᠡᠭᠦ ᠰᠢᠭ ᠭᠢᠯᠠᠪᠭᠢᠨ ᠤᠳᠪᠠ᠁

ᠨᠠᠯᠣᠢ᠌ᠨ ᠭᠦᠷᠡᠩᠳᠡᠭ᠍ᠰᠡᠨ ᠣᠭᠳᠠᠷᠭᠤᠢ ᠶᠢᠨ ᠴᠡᠭᠡᠯ ᠳᠤ ᠣᠳᠤᠳ ᠢᠷᠠᠯᠵᠠᠨ ᠠᠨᠢᠪᠭᠢᠯᠠᠵᠤ ᠠᠮᠤᠭᠤᠯᠠᠩ ᠰᠦᠨᠢ ᠶᠢᠨ ᠠᠶᠠᠳᠠᠢ᠌ᠬᠠᠨ ᠠᠮᠢᠰᠬᠤᠯ ᠢ ᠠᠶᠠᠠᠴᠢᠨ ᠤ ᠨᠤᠳᠤᠭ ᠲᠤ ᠭᠦᠷᠭᠡᠨ᠎ᠡ᠃ ᠭᠦᠭᠡ ᠳᠡᠭ᠍ᠷᠢ ᠶᠢᠨ ᠮᠤᠩᠭ᠋ᠤᠯ ᠶᠠᠰᠤᠳᠠᠨ ᠤ ᠣᠳᠤᠮ᠂ ᠭᠦᠷᠦᠰᠦᠳᠤ ᠳᠡᠯᠡᠭᠡᠢ ᠶᠢᠨ ᠮᠤᠷᠢᠳᠠᠨ ᠦᠨᠳᠦᠰᠦᠳᠠᠨ ᠤ ᠣᠮᠤᠭ ᠪᠣᠯᠤᠭᠰᠠᠨ ᠪᠠᠳᠠᠷᠠᠬᠤ ᠭᠤᠸᠠᠢ ᠣᠰᠤᠨ ᠤ ᠳᠤᠩᠭ᠋ᠠᠯᠠᠭ ᠢ ᠰᠤᠶᠤᠵᠤ᠂ ᠡᠪᠠᠰᠤᠨ ᠤ ᠰᠤᠷᠭᠤᠭ ᠢ ᠭᠦᠷᠳᠡᠭ᠍ᠰᠡᠨ ᠣᠮᠤᠭᠯᠠᠩ ᠨᠤᠳᠤᠭ ᠲᠤ ᠳᠤᠯᠭᠠᠨ ᠳᠤ ᠪᠠᠨ ᠭᠠᠯ ᠤᠨ ᠰᠤᠷ ᠲᠡᠶ᠂ ᠳᠤᠭᠤᠷᠭᠠᠨ ᠳᠤ ᠪᠠᠨ ᠭᠠᠩ ᠪᠦᠷᠢᠶᠡᠰᠤ ᠲᠡᠶ ᠳᠠᠪᠠᠳᠠᠢ ᠠᠮᠠᠷᠠᠨ᠎ᠠ᠃ ᠪᠦᠷᠭᠡ ᠶᠢᠨ ᠭᠠᠳᠠᠨ᠎ᠠ ᠡᠴᠠ ᠬᠠᠶᠠ ᠳᠤᠭᠤᠯᠳᠠᠬᠤ ᠬᠠᠷ᠎ᠠ ᠡᠯᠵᠢᠭᠡ ᠶᠢᠨ ᠴᠢᠷᠠᠯᠠᠭᠰᠠᠨ ᠳᠠᠭᠤᠨ ᠳᠤ ᠣᠢ᠌ᠳᠤᠨ ᠭᠠᠳᠠᠬᠤ ᠪᠣᠯᠪᠠᠴᠤ ᠡᠨᠡᠭᠦ ᠬᠤᠳᠠ ᠶᠢᠨ ᠰᠠᠢ᠌ᠨ ᠳᠠᠨᠢᠯ ᠤᠨ ᠣᠷᠠᠨ ᠬᠤᠩᠰᠢᠶᠠᠷ ᠲᠤ ᠮᠢᠯᠢᠶᠠᠭᠳᠠᠭᠰᠠᠨ ᠠᠪᠣᠷᠭᠤ ᠮᠠᠷᠠᠯ ᠤᠨ ᠴᠢᠳᠠᠯ ᠭᠦᠴᠤ ᠶᠢ ᠪᠠᠷᠤᠭᠯᠠᠨ ᠪᠣᠳᠤᠬᠤ ᠳᠤ ᠯᠠ ᠰᠡᠳᠭᠢᠯ ᠨᠢ ᠰᠠᠷᠠᠭᠤᠯᠵᠢᠵᠤ᠂ ᠰᠠᠨᠠᠭ᠎ᠠ ᠨᠢ ᠳᠠᠢ᠌ᠪᠣᠰᠢᠷᠠᠴᠢᠬᠠᠳᠠᠭ᠃ ᠪᠠᠳᠠᠷᠠᠬᠤ ᠳᠠᠩᠬᠤ ᠳ᠋ᠠᠭᠢ ᠭᠦᠢᠳᠡᠨ ᠴᠠᠢ ᠡᠴᠡ ᠮᠤᠳᠤᠨ ᠠᠶᠠᠭᠠᠨ ᠳᠤ ᠪᠠᠨ ᠶᠡᠭᠦᠯᠡᠨ ᠬᠤᠷ ᠬᠤᠷ ᠪᠠᠯᠭᠤᠬᠤ ᠶᠢᠨ ᠳᠠᠭᠠᠤ ᠬᠣᠢ᠌ᠮᠤᠷ ᠵᠥᠭ᠌ ᠤᠢ᠌ᠷᠠᠳᠤᠨ ᠡᠳᠦᠷ ᠤᠨ ᠶᠠᠪᠣᠳᠠᠯ ᠶᠢᠡᠨ ᠪᠠᠶᠠᠷᠳᠠᠢ ᠰᠠᠳᠭᠢᠨ᠎ᠡ᠃ ᠭᠡᠷᠭᠡᠢ ᠨᠢ ᠳᠤᠯᠭ᠎ᠠ ᠶᠢᠨ ᠵᠡᠭᠦᠨ ᠣᠴᠣᠢ᠌ᠨ ᠰᠠᠭᠤᠵᠤ ᠰᠥ᠋ ᠰᠠᠮᠤᠷᠠᠨ᠎ᠠ᠂ ᠭᠦᠤ ᠨᠢ ᠳᠤᠯᠭ᠎ᠠ ᠶᠢᠨ ᠪᠠᠷᠠᠭᠤᠨ ᠳᠤᠷᠤᠰᠬ᠎ᠠ ᠳᠠᠪᠢᠰᠴᠤ ᠱᠠᠭ᠎ᠠ ᠳᠤᠭᠯᠠᠭᠠᠮ ᠶᠢᠡᠨ ᠳᠠᠪᠠᠳᠠᠢ ᠳᠤᠭᠯᠠᠨ᠎ᠠ᠃ 《ᠦᠨᠦᠳᠤᠷ ᠶᠤᠰᠤᠳᠠᠢ ᠠᠵᠠ ᠶᠢᠨ ᠳᠡᠭ᠍ᠷᠢ ᠨᠠᠮᠢ᠋ᠢ ᠰᠢᠷᠳᠡᠭ᠍ᠰᠡᠨ ᠡᠳᠦᠷ ᠪᠠᠢ᠌ᠵᠤ ᠰᠢᠤ᠂ ᠣᠷᠭᠠᠨ ᠨᠠᠷᠠ ᠶᠢᠨ ᠦᠶ᠎ᠡ ᠪᠠᠷ ᠬᠤᠳᠠ ᠶᠢᠨ ᠰᠠᠢ᠌ᠨ ᠳᠠᠨᠢᠯ ᠮᠤᠷᠢ ᠶᠢ ᠪᠣᠳᠤᠬᠤ ᠳᠤ ᠪᠠᠶ᠎ᠠ ᠪᠠᠭ᠎ᠠ᠂ ᠴᠢᠭᠢ ᠣᠷᠳᠤ᠂ ᠰᠡᠭᠦᠯ ᠠᠭᠵᠠᠭᠠᠷ ᠪᠣᠭᠤᠨᠢ᠂ ᠳᠠᠰ ᠬᠠᠷ᠎ᠠ ᠵᠢᠰᠤᠮ ᠤᠨ ᠦᠷᠭᠦᠯᠵᠢ ᠬᠠᠴᠢᠨ ᠢᠠᠴᠠᠭᠠᠳᠠᠭ ᠠᠳᠤᠭᠤᠰᠤ ᠳᠠᠭᠠᠭᠤᠯᠤᠨ ᠢᠷᠡᠴᠢᠭᠡᠭᠡᠳ ᠭᠢᠳᠠᠤᠨ ᠮᠤᠩᠭ᠋ᠤᠯ ᠶᠢᠡᠷ ᠨᠢᠭᠡ ᠵᠡᠷᠭᠡ ᠭᠢᠯᠠᠰᠳᠠᠯ᠎ᠠ ᠳᠠᠨᠢᠯᠴᠠᠭᠤᠯᠵᠤ ᠬᠤᠶᠠᠷ ᠳᠤᠮᠤ ᠢᠷᠭᠡ ᠪᠠᠷ ᠰᠤᠯᠢᠭᠠᠤᠨ ᠶᠠᠪᠣᠴᠢᠬᠠᠯ᠎ᠠ᠂ ᠮᠠᠷᠭᠠᠰᠢ ᠶᠢᠨ ᠳᠠᠪᠣᠰᠤᠨ ᠠᠶᠠᠨ ᠴᠤ ᠳᠡᠭᠦᠰ ᠠᠮᠵᠢᠯᠳᠠ ᠲᠡᠶ ᠪᠣᠯᠬᠤ ᠨᠢ ᠮᠡᠳᠡᠭᠡᠵᠢ ᠡ ︕》 ᠭᠡᠳ ᠪᠠᠳᠠᠷᠬᠤ ᠶᠢᠨ ᠮᠠᠩᠨᠠᠢ ᠨᠢ ᠳᠠᠨᠢ᠌ᠪᠠ᠃ ᠭᠡᠷᠭᠡᠢ ᠨᠢ ᠰᠤᠨᠤᠰᠤᠩᠭ᠋ᠤᠳᠠ ᠳᠤᠭᠤᠢ ᠳᠠᠭᠤᠨ ᠶᠢᠡᠷ᠄ 《ᠠᠢ ᠳ᠋ᠠ᠂ ᠪᠢ ᠶᠠᠷᠤ ᠰᠤᠴᠢᠭᠠᠤᠨ ᠪᠠᠢ᠌ᠬᠤ ᠶᠤᠮ᠂ ᠶᠠᠮᠠᠷ ᠬᠠᠴᠢᠨ ᠳᠠᠭᠤ ᠲᠡᠶ ᠠᠳᠤᠭᠤᠰᠤ ᠪᠣᠢ᠂ ᠬᠠᠷ᠎ᠠ ᠳᠠᠷᠤᠮᠠᠷ ᠵᠢᠪᠠᠭᠦᠨ ᠡ》 ᠭᠡᠳ ᠭᠦᠭᠡᠰᠦᠷᠦᠭ᠍ᠰᠡᠨ ᠰᠦ᠋ ᠪᠠᠨ ᠭᠦᠨᠦᠭ᠌ ᠲᠤ ᠶᠡᠭᠦᠯᠡᠨ᠎ᠡ᠃ ᠭᠦᠤ ᠨᠢ ᠬᠠᠴᠢᠷᠬᠠᠭᠰᠠᠨ ᠳᠠᠭᠤᠨ ᠶᠢᠡᠷ᠄ 《ᠠᠪᠣ ᠡ᠂ ᠡᠢ᠌ᠮᠤ ᠬᠠᠳᠠᠩᠭᠢᠷ ᠶᠠᠭᠤᠮ᠎ᠠ ᠶᠠᠭᠠᠭᠢᠭᠠᠤᠨ ᠭᠦᠮᠤᠨ ᠢ ᠰᠤᠴᠢᠭᠠᠮ᠎ᠠ ᠭᠦᠴᠤ ᠴᠢᠳᠠᠯ ᠲᠡᠶ ᠪᠣᠯᠴᠢᠬᠠᠭᠰᠠᠨ ᠪᠣᠢ᠂ ᠪᠢ ᠶᠠᠷᠤ ᠢᠳᠡᠭᠡᠵᠤ ᠦᠭ‍ᠭᠦ ᠦᠭᠡᠶ ᠪᠠᠢ᠌ᠭᠠᠤᠨ ᠪᠠᠢ᠌ᠨ᠎ᠠ》 ᠭᠡᠵᠤ ᠱᠤᠯᠤᠭᠠᠨᠠᠵᠤ ᠭᠠᠷᠪᠠ᠃ ᠰᠢᠨ᠎ᠡ ᠨᠡᠮᠡᠭ᠍ᠳᠡᠭ᠍ᠰᠡᠨ 《ᠵᠤᠴᠢᠨ》 ᠊ᠤ ᠳᠤᠬᠠᠢ ᠬᠠᠯᠠᠭᠤᠨ ᠶᠠᠷᠢᠯᠴᠠᠭ᠎ᠠ ᠶ‍ᠢᠷᠳᠢᠠᠴᠤ ᠶᠢᠨ ᠬᠠᠴᠢᠨ ᠰᠤᠨᠢᠷᠬᠠᠯ ᠪᠣᠯᠵᠤ ᠣᠭᠠᠯᠵᠠᠨ ᠪᠦᠷᠭᠡ ᠶᠢᠨ ᠰᠦᠨᠢ ᠶᠢᠨ ᠬᠣᠢ᠌ᠮᠤᠷ ᠲᠤ ᠭᠦᠭ᠍ᠵᠢᠶᠡᠡᠳᠤ ᠰᠠᠳᠤᠪ ᠶᠢᠡᠷ ᠦᠷᠭᠦᠯᠵᠢᠯᠡᠨ᠎ᠡ᠃

ᠮᠠᠷᠭᠠᠰᠢ ᠨᠢ ᠶᠤᠰᠤᠳᠠᠢ ᠨᠠᠷᠠᠯᠠᠭ ᠳᠤᠭᠢᠳᠠᠢ ᠡᠳᠦᠷ ᠪᠣᠯᠵᠠᠢ᠃ ᠪᠠᠳᠠᠷᠠᠬᠤ ᠭᠤᠸᠠᠢ ᠭᠠᠭᠴᠠ ᠭᠦᠳᠡᠷ ᠠᠳᠠ ᠲᠡᠶ ᠪᠠᠨ ᠠᠮᠢᠳᠤᠷᠠᠯ ᠤᠨ ᠵᠢᠷᠤᠮ ᠪᠣᠯᠤᠭᠰᠠᠨ ᠳᠠᠪᠣᠰᠤᠨ ᠠᠶᠠᠨ ᠶᠢᠡᠨ ᠡᠯᠭᠦᠯ᠎ᠡ᠃ ᠠᠵᠠ ᠪᠠᠷ ᠦᠨᠦᠳᠤᠷ ᠤᠨ ᠠᠶᠠᠨ ᠳᠤ ᠢᠯᠡᠭᠦᠤ ᠨᠢᠭᠡ ᠬᠠᠨᠢ ᠲᠡᠶ ᠪᠣᠯᠤᠭᠰᠠᠨ ᠳᠤ ᠪᠠᠨ ᠴᠢᠷᠠᠢ ᠳᠤ ᠨᠢ ᠪᠠᠶᠠᠰᠤᠯ ᠤᠨ ᠣᠴᠢ ᠪᠠᠳᠠᠷᠠᠨ᠎ᠠ᠃ ᠪᠠᠳᠠᠷᠠᠬᠤ ᠬᠤᠶᠠᠷ ᠭᠦᠯᠦᠭ᠌ ᠶᠢᠡᠨ ᠰᠠᠢ᠌ᠨ ᠨᠢᠭᠡ ᠣᠰᠤᠯᠠᠵᠤ ᠠᠪᠣᠭᠠᠤᠨ ᠬᠤᠮ ᠳᠤᠬᠤᠮ ᠢ ᠨᠢ ᠳᠠᠪᠢᠰᠴᠤ ᠠᠶᠠᠷᠬᠠᠨ ᠮᠤᠷᠳᠠᠭᠠᠤᠨ ᠨᠠᠯᠠᠭᠠᠷᠳᠠᠭᠰᠠᠨ ᠰᠢᠷ᠎ᠠ ᠡᠯᠡᠰᠤᠨ ᠳᠠᠯᠠᠢ ᠶᠢ ᠴᠢᠭᠯᠡᠨ ᠬᠤᠯᠠᠳᠠᠪᠠ᠃

ᠭᠤᠪᠢ ᠡᠯᠡᠰᠤᠨ ᠳᠤᠮᠳᠠ ᠠᠳᠠ ᠮᠠᠷᠠᠯ ᠵᠡᠷᠭᠡᠴᠡᠨ ᠣᠷᠤᠭᠰᠢᠯᠠᠨ᠎ᠠ᠂ ᠳᠤᠷᠪᠢᠯᠢᠭ ᠠᠳᠠ ᠳᠡᠷᠢᠭᠦᠨ ᠡᠷᠭᠦᠨ ᠰᠡᠢ᠌ᠮᠡᠢ᠌ᠭ᠍ᠰᠡᠨ ᠬᠠᠷᠠᠴᠠ ᠶᠠᠭᠤ ᠨᠢᠭᠡ ᠶᠢ ᠰᠡᠳᠭᠢᠭᠦ ᠰᠢᠭ᠌ ᠠᠯᠤᠰ ᠵᠥᠭ᠌ ᠰᠢᠷᠳᠠᠨ᠎ᠡ᠂ ᠪᠠᠳᠠᠷᠠᠬᠤ ᠭᠤᠸᠠᠢ ᠨᠣᠢ᠌ᠷᠮᠤᠭᠯᠠᠭᠰᠠᠨ ᠬᠠᠷᠠᠴᠠ ᠪᠠᠷ ᠴᠤᠩᠭᠢᠭᠠᠷ ᠨᠠᠷᠠ ᠶᠢ ᠰᠢᠷᠪᠢᠭ᠍ᠰᠡᠨ ᠶᠢᠡᠨ ᠪᠣᠷᠠᠠᠳᠠᠭ ᠶᠢᠡᠨ ᠪᠠᠭᠢᠵᠤ ᠠᠳᠬᠤᠨ᠎ᠠ᠃ ᠠᠪᠣᠷᠭᠤ ᠮᠠᠷᠠᠯ ᠠᠯᠠᠰᠭᠢᠨ ᠪᠠᠶᠠᠷᠯᠠᠭᠰᠠᠨ ᠳᠤ ᠪᠠᠨ ᠭᠡᠰᠡᠭ᠌ ᠭᠦᠶ‍ᠦᠵᠤ ᠭᠡᠰᠡᠭ᠌ ᠳᠡᠪᠭᠡᠴᠡᠨ᠂ ᠡᠴᠦᠰ ᠲᠤ ᠪᠠᠨ ᠪᠦᠷ ᠵᠢᠭᠠᠬᠠᠨ ᠣᠢ᠌ᠳᠤᠭᠰᠠᠨ ᠳᠠᠢ᠌ᠳᠠᠢ ᠳᠤᠭᠤᠷᠠᠢ ᠨᠢ ᠡᠯᠡᠰᠤᠨ ᠳᠤ ᠰᠢᠭᠢᠳᠴᠤ ᠪᠠᠢ᠌ᠯ᠎ᠠ᠃

ᠣᠳᠠᠭᠠᠨ ᠣᠨ ᠤ ᠡᠯᠡᠰᠤᠨ ᠨᠡᠭᠦᠳᠡᠯ ᠳᠤ ᠬᠠᠳᠠᠭᠤᠵᠢᠭᠰᠠᠨ ᠣᠳᠤᠮ ᠰᠠᠢ᠌ᠳᠠᠢ ᠠᠳᠠ ᠬᠠᠷᠠᠵᠤ ᠪᠠᠢ᠌ᠳᠠᠯ᠎ᠠ ᠶ‍ᠢᠰᠤᠨ ᠨᠡᠭᠦᠳᠡᠯ ᠤᠨ ᠭᠠᠵᠠᠷ ᠢ ᠠᠵᠢᠭ ᠦᠭᠡᠶ ᠳᠤᠭᠤᠯᠵᠤ᠂ ᠳᠠᠪᠣᠰᠤᠨ ᠨᠠᠭᠤᠷ ᠳᠦᠭᠦᠯ᠎ᠡ᠃ ᠳᠠᠯ᠎ᠠ ᠳᠤ ᠨᠢ ᠭᠣᠢ᠌ᠭᠤᠷᠠᠵᠤ ᠶᠠᠪᠣᠭᠰᠠᠨ ᠮᠠᠷᠠᠯ ᠨᠠᠭᠤᠷ ᠥᠵᠡᠮᠡᠭ᠍ᠴᠡ ᠳᠡᠰᠭᠡᠯ ᠦᠭᠡᠶ ᠢᠳᠠ ᠠᠪᠴᠤ ᠳᠤᠯᠤᠭᠠᠢ ᠭᠦᠪᠢᠨ ᠭᠦᠯᠦᠷᠡᠭ᠍ᠰᠡᠨ ᠶᠢᠡᠨ ᠰᠡᠪᠭᠢᠭ᠍ᠰᠡᠨ ᠶᠢᠡᠨ ᠨᠢᠭᠡ ᠯᠠ ᠠᠮᠢᠰᠬᠤᠭ᠎ᠠ ᠪᠠᠷ ᠭᠦᠶᠤᠨ ᠭᠦᠷᠦᠭᠡᠳ ᠣᠰᠤᠨ ᠤ ᠴᠡᠩᠭᠡᠭ᠌ ᠲᠤ ᠰᠤᠭᠳᠤᠭᠤᠷᠠᠬᠤ ᠠᠳᠠᠯ᠎ᠠ ᠡᠷᠭᠢᠵᠤ ᠬᠠᠷᠠᠨ ᠭᠤᠴᠢᠨ ᠠᠯᠳᠠ ᠶᠢᠨ ᠭᠠᠵᠠᠷ ᠵᠢᠭᠤᠳᠴᠤ ᠠᠭᠠᠵᠢᠮ ᠳᠠᠢ᠌ᠪᠣᠰᠢᠷᠠᠪᠠ᠃ ᠪᠠᠳᠠᠷᠠᠬᠤ ᠭᠤᠸᠠᠢ ᠠᠳᠠ ᠶᠢᠨ ᠶᠢᠡᠨ ᠵᠦᠪ ᠪᠣᠷᠤᠭᠤ ᠳᠠᠯ᠎ᠠ ᠳᠤ ᠳᠤᠰ ᠳᠤᠰ ᠳᠤᠯᠤᠭᠠᠨ ᠳᠤᠮᠤ ᠰᠢᠭᠤᠳᠠᠢ ᠳᠠᠪᠣᠰᠤ ᠪᠠᠨ ᠳᠠᠩ ᠰᠠᠴᠠᠭᠤ ᠠᠴᠢᠭᠠᠤᠨ ᠮᠠᠩᠨᠠᠢ ᠳᠡᠭᠡᠷᠡᠭᠢ ᠭᠦᠯᠦᠰᠤ ᠪᠠᠨ ᠠᠷᠴᠢᠭᠰᠠᠭᠠᠷ ᠮᠠᠷᠠᠯ ᠶᠢᠡᠨ ᠬᠠᠷᠠᠬᠤ ᠳᠤ ᠬᠠᠷᠢᠨ ᠮᠦᠨ ᠳᠠᠠᠳᠠ ᠪᠠᠨ ᠠᠶᠤᠵᠤ ᠰᠤᠴᠢᠭᠰᠠᠨ ᠳᠠᠢ᠌ᠳᠠᠢ ᠭᠦᠯᠦᠰᠤ ᠠᠰᠬᠠᠷᠠᠭᠤᠯᠵᠤ ᠵᠤᠭᠰᠤᠨ᠎ᠠ᠃ ᠪᠠᠳᠠᠷᠠᠬᠤ ᠳᠤᠷ᠎ᠠ ᠮᠠᠭᠤᠳᠠᠢ ᠰᠠᠨᠠᠭ᠎ᠠ ᠠᠯᠳᠠᠭᠰᠠᠨ ᠶᠢᠡᠨ ᠳᠠᠪᠤᠨ ᠰᠢᠭᠤᠳᠠᠢ ᠠᠪᠴᠢᠷᠠᠵᠤ ᠨᠢᠷᠤᠭᠤᠨ ᠳᠡᠭᠡᠷ᠎ᠡ ᠨᠢ ᠳᠤᠬᠤᠪᠠ᠃

ᠠᠶᠠᠠᠴᠢᠨ ᠤ ᠰᠢᠷ᠎ᠠ ᠪᠣᠷᠤ ᠡᠳᠦᠷ ᠬᠤᠨᠤᠭ ᠤᠳ ᠢᠩᠭᠢᠵᠤ ᠯᠠ ᠵᠢᠮ᠎ᠠ ᠪᠠᠷ ᠶᠢᠡᠨ ᠡᠷᠭᠢᠳᠡᠭ᠌ ᠪᠠᠢ᠌ᠯᠭᠦᠢ᠂ ᠪᠦᠷᠦᠢ ᠶᠢᠨ ᠣᠯᠠᠪᠣᠷ ᠳᠤᠯᠤᠩ ᠡᠯᠡᠰᠤᠨ ᠳᠠᠩ ᠳᠤ ᠠᠯᠭᠤᠷ ᠵᠠᠮᠨᠠᠭ᠎ᠠ ᠳᠡᠮᠡᠭᠡᠴᠢᠨ ᠤ ᠳᠡᠭᠡᠭᠦᠷ ᠳᠤᠶᠠᠭ᠎ᠠ ᠳᠠᠳᠠᠭᠤᠯᠤᠭᠰᠠᠭᠠᠷ ᠰᠤᠪᠤᠳᠷᠠᠨ᠎ᠠ᠂ ᠠᠪᠣᠷᠭᠤ ᠮᠠᠷᠠᠯ ᠤᠨ ᠭᠦᠯᠦᠰᠤᠨ ᠳᠤᠰᠤᠯ ᠵᠦᠰᠠᠷ ᠪᠣᠷᠤᠭᠠᠨ ᠰᠢᠭ ᠡᠯᠡᠰᠤᠨ ᠳᠠᠯᠠᠢ ᠶᠢ ᠰᠠᠮ ᠪᠠᠶᠠᠷᠯᠠᠭᠤᠯᠤᠨ᠎ᠠ᠃ ᠮᠠᠷᠠᠯ ᠠᠯᠭᠤᠷ ᠣᠳᠠᠭᠠᠰᠢᠷᠠᠵᠤ ᠵᠤᠭᠰᠤᠬᠤ ᠠᠳᠠᠯ᠎ᠠ ᠪᠠᠢ᠌ᠨ ᠳᠠᠭᠢᠨ ᠠᠮᠢ ᠮᠠᠳᠠᠨ ᠳᠠᠮᠠᠤᠯᠠᠵᠤ ᠠᠳᠠ ᠶᠢᠨ ᠳᠡᠷᠭᠡᠳᠡ ᠰᠦᠷ ᠥᠵᠡᠭᠦᠯᠤᠨ ᠰᠤᠭᠰᠠᠯᠵᠠᠭᠤᠯᠬᠤ ᠪᠣᠯᠪᠠᠴᠤ ᠮᠠᠭᠤᠳᠠᠬᠤ ᠶᠢᠨ ᠭᠤᠨᠢᠭ ᠲᠤ ᠠᠪᠳᠠᠵᠤ ᠠᠯᠬᠤᠮ ᠬᠤᠴᠤᠷᠠᠨ᠎ᠠ᠃ ᠳᠡᠮᠡᠭᠡ ᠠᠷᠭ᠎ᠠ ᠪᠠᠷᠠᠭᠰᠠᠨ ᠳᠤ ᠪᠠᠨ ᠨᠢᠴᠠ ᠳᠠᠪᠰᠠᠨ ᠡᠯᠡᠰᠤᠨ ᠳᠠᠯᠠᠢ ᠳᠤ ᠣᠷᠭᠢᠪᠠ᠃

ᠠᠭᠤᠯᠠᠰ ᠭᠦᠷᠡᠩᠳᠦᠵᠤ ᠡᠭᠦᠯᠡᠰ ᠬᠠᠷᠠᠯᠠᠵᠤ ᠡᠭᠢᠯᠡᠪᠡ᠃ ᠡᠯᠡᠰᠤᠨ ᠳᠤ ᠬᠤᠴᠤᠷᠠᠭᠰᠠᠨ ᠪᠠᠷᠠᠭᠠᠨ ᠶᠠᠭᠤᠮ᠎ᠠ ᠪᠦᠷᠦᠭ᠌ ᠪᠠᠷᠤᠭ ᠤᠨ ᠳᠤᠮᠳᠠ ᠳᠠᠰᠤᠷᠬᠠᠢ ᠬᠠᠷᠠᠭᠳᠠᠨ᠎ᠠ᠃ ᠠᠶᠠᠠᠴᠢᠨ ᠪᠠᠳᠠᠷᠠᠬᠤ ᠠᠴᠢᠶ᠎ᠠ ᠪᠠᠨ ᠳᠦᠪᠭᠢᠨᠡᠭᠦᠯᠵᠤ ᠭᠡᠷ ᠲᠤ ᠪᠠᠨ ᠣᠷᠤᠪᠠ᠃


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠶᠢᠨ ᠪᠠᠷᠠᠭᠤᠨ ᠪᠠᠭᠠᠷᠢᠨ

ᠵᠤᠬᠢᠶᠠᠭᠴᠢ᠄ ᠳᠠᠭᠤᠷᠢᠰᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯᠭᠡ
ᠳᠠᠷᠤᠮ᠄ 2309
ᠴᠠᠭ᠄ 2011 ᠤᠨ ᠤ 11 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁