ᠣᠢ᠌ᠰᠬᠤ ᠦᠭᠡᠶ ᠪᠠᠢ᠌ᠬᠤ ᠶᠢᠨ ᠠᠷᠭ᠎ᠠ ᠥᠭᠡᠢ

ᠴᠢ ᠮᠢᠨᠢ ᠦᠭᠡᠶ ᠡᠳᠦᠷ ᠤᠳ ᠲᠤ

ᠣᠢ᠌ᠰᠬᠤ ᠦᠭᠡᠶ ᠪᠠᠢ᠌ᠬᠤ ᠶᠢᠨ ᠠᠷᠭ᠎ᠠ ᠦᠭᠡᠶ

ᠣᠢ᠌ᠰᠤᠭᠰᠠᠨ ᠰᠠᠤᠠᠭᠢᠯ ᠮᠢᠨᠢ ᠴᠢᠨᠤᠷᠠᠨ ᠴᠢᠨᠤᠷᠠᠨ

ᠰᠠᠨᠠᠬᠤ ᠦᠭᠡᠶ ᠪᠠᠢ᠌ᠬᠤ ᠶᠢᠨ ᠠᠷᠭ᠎ᠠ ᠦᠭᠡᠶ

ᠰᠠᠨᠠᠭᠰᠠᠨ ᠰᠢᠤ ᠴᠢᠮ᠎ᠠ ᠶᠢ ᠪᠠᠨ ᠭᠡᠵᠤ

ᠬᠠᠢ᠌ᠷᠠᠯᠠᠬᠤ ᠦᠭᠡᠶ ᠪᠠᠢ᠌ᠬᠤ ᠶᠢᠨ ᠠᠷᠭ᠎ᠠ ᠦᠭᠡᠶ

ᠰᠠᠤᠠᠭᠢᠯ ᠶᠢᠡᠨ ᠬᠤᠯᠪᠤᠨ ᠠᠮᠢᠳᠤᠷᠠᠶ᠎ᠠ ᠭᠡᠵᠤ

ᠵᠡᠭᠦᠳᠦᠯᠡᠭᠦ ᠦᠭᠡᠶ ᠪᠠᠢ᠌ᠬᠤ ᠶᠢᠨ ᠠᠷᠭ᠎ᠠ ᠦᠭᠡᠶ

ᠴᠢᠷᠠᠢ ᠴᠢᠨᠢ ᠨᠢᠳᠤᠨ ᠳᠤ ᠳᠤᠳᠤᠷᠠᠭᠠᠤᠨ

ᠳᠤᠷᠠᠰᠬᠤ ᠦᠭᠡᠶ ᠪᠠᠢ᠌ᠬᠤ ᠶᠢᠨ ᠠᠷᠭ᠎ᠠ ᠦᠭᠡᠶ

ᠴᠠᠭᠠᠨ ᠴᠠᠮᠴᠠ ᠲᠡᠶ ᠭᠤᠪᠠᠢ᠌ᠬᠠᠨ ᠪᠠᠶ᠎ᠠ ᠴᠢᠨᠢ

ᠡᠷᠢᠭ᠍ᠳᠡᠭᠦ ᠦᠭᠡᠶ ᠪᠠᠢ᠌ᠬᠤ ᠶᠢᠨ ᠠᠷᠭ᠎ᠠ ᠦᠭᠡᠶ

ᠵᠡᠭᠦᠳᠤᠨ ᠣᠷᠤᠨ ᠢ ᠭᠦᠡᠳᠡᠭᠡᠤᠨ ᠪᠠᠢ᠌ᠳᠠᠭ

ᠵᠥᠭᠡᠯᠡᠨ ᠵᠠᠩ ᠢ ᠴᠢᠨᠢ ᠰᠠᠨᠠᠨ᠎ᠠ

ᠵᠥᠭ᠌ ᠪᠠᠷᠢᠨ ᠬᠤᠯᠠᠳᠠᠭᠠᠤᠨ ᠶᠠᠪᠣᠬᠤ ᠳᠤ ᠴᠢᠨᠢ

ᠵᠢᠷᠦᠭᠡ ᠮᠢᠨᠢ ᠡᠷᠭᠡ ᠦᠭᠡᠶ ᠣᠢ᠌ᠮᠤᠷᠠᠨ᠎ᠠ

ᠭᠡᠵᠢᠶ᠎ᠡ ᠡᠷᠭᠢᠭᠡᠤᠨ ᠢᠷᠡᠳᠡᠭ᠌ ᠪᠣᠯ ᠭᠡᠵᠤ

ᠭᠡᠩᠭᠦᠳᠡᠭ᠌ ᠵᠢᠷᠦᠭᠡ ᠮᠢᠨᠢ ᠭᠡᠭᠡᠯᠵᠡᠭᠡᠤᠨ ᠪᠠᠢ᠌ᠨ᠎ᠠ

ᠭᠡᠳᠦᠭᠡᠨ ᠮᠦᠴᠡ ᠴᠤ ᠰᠠᠯᠤᠯ ᠦᠭᠡᠶ

ᠭᠡᠵᠢᠶᠡᠳᠡ ᠬᠠᠮᠳᠤ ᠳᠤ ᠪᠠᠨ ᠪᠠᠢ᠌ᠭᠠᠰᠠᠢ ᠭᠡᠵᠤ

ᠭᠦᠰᠡᠭᠦ ᠦᠭᠡᠶ ᠪᠠᠢ᠌ᠬᠤ ᠶᠢᠨ ᠠᠷᠭ᠎ᠠ ᠦᠭᠡᠶ


ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠰᠠᠮᠪᠠᠷ᠎ᠠ ᠡᠴᠡ ᠰᠢᠯᠢᠪᠠ
ᠬᠠᠷᠢᠶ᠎ᠠ᠄ ᠰᠢᠯᠦᠭ
ᠳᠠᠷᠤᠮ᠄ 3021
ᠴᠠᠭ᠄ 2007 ᠤᠨ ᠤ 06 ᠰᠠᠷ᠎ᠠ ᠶᠢᠨ 16
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁