ᠪᠣᠭᠤᠯᠭ᠎ᠠ ᠵᠢᠦᠡᠭᠦᠭᠦ ᠪᠠᠷ ᠰᠢ᠌ᠳᠦᠭ᠍ᠰᠡᠨ

ᠠᠭᠯᠠᠭ ᠭᠡᠭᠡᠷ᠎ᠡ ᠶᠢᠨ ᠠᠳᠠᠷ ᠪᠦᠳᠦᠭᠦᠯᠢᠭ᠌ ᠡᠷ᠎ᠡ

ᠠᠯᠳᠠᠨ ᠰᠤᠠᠳᠤᠷ ᠣᠯᠵᠤ ᠵᠡᠭᠦᠭᠦ ᠶᠢ ᠳᠤᠷᠠᠯᠠᠬᠤ ᠥᠭᠡᠢ

ᠠᠷᠠᠯ ᠤᠨ ᠱᠠᠷ ᠰᠢᠭ ᠪᠦᠭᠡ ᠭᠦᠵᠦᠭᠦᠤ ᠲᠡᠶ ᠪᠣᠯᠤᠭᠰᠠᠨ ᠳ᠋ᠠᠭᠠᠨ

ᠠᠶᠠᠨ ᠤ ᠪᠣᠭᠤᠯᠭ᠎ᠠ ᠡᠷᠭᠦᠵᠤ ᠶᠠᠪᠣᠬᠤ ᠪᠠᠷ ᠰᠢ᠌ᠳᠦᠭ᠍ᠰᠡᠨ

ᠣᠴᠢᠷ ᠨᠢ ᠨᠠᠳᠠᠳᠤ ᠭᠠᠩᠭ᠋ᠠᠩ ᠭᠡᠭᠡᠡᠴᠢᠷ ᠵᠢᠰᠤ ᠥᠭᠡᠢ

ᠣᠷᠤᠭᠤᠯ ᠳᠠᠭᠠᠨ ᠨᠠᠭᠠᠯᠳᠤᠭᠤᠯᠴᠢᠬᠠᠮᠠᠷ ᠦᠷᠦᠮ᠎ᠡ ᠲᠡᠶ ᠰᠢᠮᠡᠯᠡᠭᠦᠨ ᠥᠭᠡ ᠴᠤ ᠥᠭᠡᠢ

ᠣᠷᠭ᠎ᠠ ᠠᠯᠳᠠᠭᠤᠯᠤᠭᠠᠤᠨ ᠰᠣᠢ᠌ᠯᠠᠭᠠᠤᠨ ᠭᠠᠷᠬᠤ ᠡᠮᠨᠡᠭ᠌ ᠢ

ᠣᠢ᠌ᠷᠠᠳᠬᠤ ᠶᠢᠨ ᠵᠠᠪ ᠲᠤ ᠰᠡᠭᠦᠯᠳᠡᠭᠡᠳ ᠣᠨᠠᠭᠠᠳᠠᠭ ᠵᠠᠩ ᠶᠢᠡᠷ ᠵᠢᠠᠨ

ᠣᠯᠵᠠᠯᠠᠵᠤ ᠵᠢᠩᠰᠡᠳᠡᠭᠦ ᠪᠠᠷ ᠠᠳᠠᠯ ᠶᠢᠡᠨ ᠪᠣᠯᠭᠠᠭᠰᠠᠨ ᠮᠡᠭᠡᠳᠡᠨ ᠳᠠᠢ

ᠣᠰᠤ ᠭᠠᠯ ᠰᠢᠭ ᠬᠠᠷᠰᠢᠭᠠᠤᠨ ᠢᠷᠡᠭ᠍ᠰᠡᠨ ᠳᠡᠦᠭᠡ ᠲᠡᠶ ᠶᠤᠮ

ᠣᠳᠤᠭ᠎ᠠ ᠪᠠᠨ ᠵᠡᠭᠦᠭᠡᠳ ᠰᠡᠩᠭᠡᠯᠵᠡᠵᠤ ᠶᠠᠪᠣᠭ᠎ᠠ ᠠᠮᠢᠳᠠᠤᠨ ᠊ᠤᠨ

ᠣᠯᠵᠠ ᠶᠢᠨ ᠮᠦᠷ ᠶᠢᠡᠷ ᠰᠡᠭ᠍ᠰᠡᠯᠵᠡᠵᠤ ᠭᠦᠶ‍ᠦᠭᠦ ᠶᠢ ᠵᠠᠨᠤᠬᠤ ᠳ᠋ᠠᠭᠠᠨ

ᠣᠬᠤᠷᠬᠠᠢ ᠨᠢ ᠣᠯᠠᠢ᠌ᠭᠰᠠᠨ ᠴᠢᠨ᠋ᠸ᠎ᠠ ᠰᠢᠭ ᠨᠢᠳᠤ ᠣᠷᠤᠭᠤ

ᠣᠯᠠᠢ ᠳᠤ ᠪᠠᠭᠤᠬᠤ ᠰᠡᠭ᠌ ᠤᠨ ᠬᠠᠷ᠎ᠠ ᠰᠢᠭ ᠳᠠᠭᠠᠷᠢᠭᠰᠠᠨ ᠡᠴᠡ

ᠬᠠᠳᠠ ᠰᠢᠭ᠌ ᠳᠤᠯᠤᠭᠠᠢ ᠮᠢᠨᠢ ᠡᠷᠭᠡ ᠶᠢᠨ ᠠᠭᠤᠯᠠᠨ ᠳᠤ ᠳᠠᠷᠤᠭᠳᠠᠭᠰᠠᠨ ᠶᠤᠮ

ᠬᠠᠷᠢᠨ ᠳᠡᠭᠡᠯ᠎ᠡ ᠴᠤ ᠡᠷ᠎ᠡ ᠰᠢᠭ᠌ ᠡᠷ᠎ᠡ ᠪᠠᠷ ᠳᠤᠯᠤᠭᠰᠠᠨ ᠶᠤᠮ

ᠳᠡᠩᠭᠡᠯᠢᠭ᠌ ᠭᠦᠵᠦᠭᠦᠤ ᠳᠡᠭᠡᠭᠡᠳ ᠯᠠ ᠪᠣᠯᠤ ᠰᠢᠭ᠌ ᠪᠣᠯᠴᠣᠢ᠌ᠯᠳᠤᠭᠠᠤᠨ

ᠳᠡᠷᠭᠡ ᠴᠢᠷᠭᠦ ᠪᠠᠷ ᠪᠣᠬ᠎ᠠ ᠰᠢᠭ᠌ ᠪᠣᠷᠤᠭ ᠶᠢᠡᠷ ᠪᠠᠮᠪᠠᠢ᠌ᠭᠰᠠᠨ ᠶᠤᠮ

ᠠᠷᠠᠯ ᠤᠨ ᠱᠠᠷ ᠰᠢᠭ ᠰᠦᠷ ᠰᠡᠭᠡᠷ ᠲᠡᠶ ᠪᠣᠯᠤᠭᠰᠠᠨ ᠳ᠋ᠠᠭᠠᠨ

ᠠᠶᠠᠨ ᠤ ᠪᠣᠭᠤᠯᠭ᠎ᠠ ᠡᠷᠭᠦᠭᠡᠳ ᠣᠳᠤ ᠰᠡᠩᠭᠡᠯᠵᠡᠭᠦᠯᠵᠤ ᠪᠠᠢ᠌ᠨ᠎ᠠ

ᠠᠭᠯᠠᠭ ᠭᠡᠭᠡᠷ᠎ᠡ ᠶᠢᠨ ᠠᠳᠠᠷ ᠪᠦᠳᠦᠭᠦᠯᠢᠭ᠌ ᠡᠷ᠎ᠡ ᠳ᠋ᠤ

ᠠᠯᠳᠠᠨ ᠰᠤᠠᠳᠤᠷ ᠨᠢ ᠪᠣᠭᠤᠯᠭ᠎ᠠ ᠶᠢ ᠭᠡᠷᠭᠢᠨ ᠭᠦᠷᠭᠦ ᠠᠵᠠᠢ

ᠵᠤᠬᠢᠶᠠᠭᠴᠢ᠄ ᠭᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2152
ᠴᠠᠭ᠄ 2009 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠬᠠᠯᠠᠮᠰᠢᠯ ᠠᠭᠤᠯᠭ᠎ᠠ
ᠬᠠᠮᠤᠭ ᠤᠨ ᠰᠢᠨ᠎ᠡ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁