ᠥᠡᠳᠦᠷᠯᠢᠭ᠌ ᠤᠨ ᠰᠠᠯᠭᠢ

       1

ᠥᠡᠳᠦᠷᠯᠢᠭ᠌ ᠤᠨ ᠰᠠᠯᠭᠢ

ᠥᠭᠡᠰᠢᠨ ᠳᠤ ᠣᠨᠠᠵᠤ ᠳᠠᠯᠴᠢᠯᠠᠨ᠎ᠠ

ᠦᠷᠦᠭᠡᠯ ᠤᠨ ᠰᠠᠯᠭᠢ

ᠭᠦᠷᠦᠰᠤ ᠬᠠᠳᠠᠳᠠᠯ᠎ᠠ ᠰᠢᠯᠪᠢᠭᠦᠷᠳᠡᠨ᠎ᠡ

ᠠᠮᠢᠳᠤᠷᠠᠯ ᠤᠨ ᠪᠠᠷᠭᠡ ᠳᠤ ᠳᠦᠭᠡᠷᠢᠭ᠍ᠰᠡᠨ

ᠠᠭᠤᠯᠠᠨ ᠤ ᠦᠨᠦᠴᠢᠨ ᠴᠢᠨ᠋ᠸ᠎ᠠ

ᠵᠥᠪᠭᠡᠨ ᠠᠷᠩᠨᠠᠭᠠᠤᠨ

ᠢᠳᠠᠰᠢ ᠣᠯᠤᠭᠰᠠᠨ ᠦᠭᠡᠶ ᠥᠯᠦᠰᠭᠦᠯᠡᠩ ᠬᠤᠴᠤᠷᠪᠠ

        

ᠥᠡᠳᠦᠷᠯᠢᠭ᠌ ᠤᠨ ᠰᠠᠯᠭᠢᠨ

ᠥᠭᠡᠰᠢ ᠶᠢ ᠳᠠᠰᠤᠷᠠᠳᠠᠯ᠎ᠠ

ᠮᠤᠩᠭ᠋ᠤᠯ ᠶᠢᠡᠷ ᠢᠰᠭᠢᠷᠪᠠ

ᠦᠷᠦᠭᠡᠯ ᠤᠨ ᠰᠠᠯᠭᠢ ᠬᠠᠢ᠌ᠯᠤᠨ ᠠᠭᠤᠰᠪᠠ

ᠡᠶᠡᠪᠠᠷᠭᠦ ᠳᠦᠷᠭᠦ ᠪᠠᠷ

ᠥᠡᠳᠦᠷᠯᠢᠭ᠌ ᠶᠢᠡᠨ ᠦᠨᠦᠰᠪᠠ

       3

ᠥᠡᠳᠦᠷᠯᠢᠭ᠌ ᠤᠨ ᠰᠠᠯᠭᠢ

ᠣᠴᠢᠷᠳᠠᠢ᠌ᠬᠠᠨ ᠱᠤᠤᠭᠢᠨ᠎ᠠ

ᠣᠢ ᠮᠤᠳᠤ ᠪᠠᠨ ᠡᠷᠢᠵᠤ ᠱᠤᠤᠭᠢᠨ᠎ᠠ

ᠣᠠᠳᠠᠭᠰᠠᠨ ᠭᠦᠮᠦᠰ ᠢ

ᠰᠠᠷᠢᠳᠠᠯ᠎ᠠ ᠱᠤᠤᠭᠢᠨ᠎ᠠ

ᠣᠷᠤᠭᠤᠳᠠᠭᠰᠠᠨ ᠲᠦᠮᠡᠨ ᠢ

ᠣᠬᠠᠭᠠᠷᠠᠳᠠᠯ᠎ᠠ ᠱᠤᠤᠭᠢᠨ᠎ᠠ

ᠭᠦᠷᠭᠦ ᠮᠠᠷᠭᠠᠰᠢ

ᠬᠡᠦᠬᠡᠳ ᠤᠨ ᠭᠢ ᠭᠡᠵᠤ

ᠭᠢᠯᠢᠩᠨᠠᠨ ᠭᠢᠯᠢᠩᠨᠠᠨ ᠱᠤᠤᠭᠢᠨ᠎ᠠ

       4

ᠡᠭᠦᠳᠡᠨ ᠤ ᠯᠠ ᠴᠠᠰᠤ ᠪᠠᠨ ᠱᠥᠭᠦᠷᠳᠡᠪᠠᠯ

ᠠᠶᠠᠯᠠᠬᠤ ᠵᠠᠮ ᠴᠢᠨᠢ ᠵᠤᠳ ᠲᠡᠶ ᠭᠡᠵᠤ

ᠥᠩᠭᠡᠷᠡᠭ᠍ᠰᠡᠨ ᠳᠡᠦᠭᠡᠨ ᠳᠤ ᠪᠠᠨ ᠬᠤᠷᠭᠤᠳᠠᠪᠠᠯ

ᠢᠷᠡᠭᠦ ᠮᠠᠷᠭᠠᠰᠢ ᠭᠦᠮᠤᠨ ᠤ ᠭᠢ ᠭᠡᠵᠤ

ᠥᠡᠳᠦᠷᠯᠢᠭ᠌ ᠤᠨ ᠰᠠᠯᠭᠢ

ᠣᠴᠢᠷᠯᠠᠨ ᠣᠴᠢᠷᠯᠠᠨ ᠬᠠᠤᠭᠢᠨ᠎ᠠ ᠡ ᠁

      

     ᠳᠦᠷᠢᠯᠭᠡ ᠪᠣᠰᠤᠭ᠎ᠠ ᠠᠶ‍ᠯᠭᠤ


ᠲ᠋ᠦᠷᠤᠯᠭᠢ ᠮᠤᠩᠭ᠋ᠤᠯ ᠭᠡᠯᠡ ᠮᠢᠨᠢ

ᠳᠦᠷᠢᠯᠭᠡ ᠪᠣᠰᠤᠭ᠎ᠠ ᠠᠶ‍ᠯᠭᠤ

ᠳᠦᠷᠦᠭᠡᠯᠡᠵᠤ ᠪᠣᠰᠤᠭᠰᠠᠨ ᠦᠨᠳᠦᠰᠦᠳᠠᠨ ᠤ ᠮᠢᠨᠢ

ᠳᠡᠦᠭᠡ ᠶᠢᠨ ᠥᠩᠭᠡᠳᠤ ᠭᠢᠯᠪᠠᠭ᠎ᠠ

ᠨᠠᠷᠠᠨ ᠵᠥᠭ᠌ ᠤᠨ ᠳᠤᠶᠠᠭ᠎ᠠ ᠵᠠᠢ᠌ᠳᠠᠯᠠᠵᠤ

ᠰᠠᠷᠠ ᠴᠠᠭᠠᠨ ᠰᠥ᠋ ᠪᠢᠯᠬᠠᠭᠤᠯᠵᠤ

ᠨᠠᠮ᠎ᠠ ᠪᠠᠨ ᠢᠪᠠᠭᠡᠵᠤ ᠢᠷᠡᠭ᠍ᠰᠡᠨ ᠶᠤᠮ

ᠭᠦᠮᠤᠨ ᠪᠣᠯᠬᠤ ᠶᠢᠨ ᠶᠤᠰᠤᠨ ᠢ

ᠭᠦᠡᠳᠦᠭᠡᠨ ᠣᠬᠠᠭᠠᠷᠠᠭᠤᠯᠤᠭᠰᠠᠨ ᠭᠦᠳᠦᠴᠢ

ᠳᠡᠭᠦᠰ ᠪᠦᠷᠢᠨ ᠳᠦᠷᠢᠮᠵᠢᠯ ᠶᠢᠡᠨ

ᠳᠡᠯᠡᠭᠡᠢ ᠳᠤ ᠭᠠᠢ᠌ᠬᠠᠭᠤᠯᠤᠭᠰᠠᠨ ᠴᠠᠳᠢᠭ

ᠳᠡᠦᠭᠡᠳᠤ ᠠᠷᠢᠭᠤᠨ ᠣᠢ᠌ᠯᠠᠰ ᠤᠨ

ᠳᠡᠭ᠍ᠵᠢᠷᠡᠯ ᠳᠠᠯᠠᠯᠤᠭᠰᠠᠨ ᠭᠡᠰᠢᠭ᠌

ᠴᠤᠭᠢᠯᠬᠤ ᠣᠯᠠᠭᠠᠨ ᠵᠢᠷᠦᠭᠡᠨ ᠤ ᠮᠢᠨᠢ

ᠰᠤᠳᠠᠰᠤ ᠪᠠᠷ ᠯᠤᠭᠰᠢᠬᠤ ᠴᠢᠰᠤ

ᠴᠠᠭᠢᠯᠬᠤ ᠪᠢᠯᠢᠭ᠌ ᠣᠶᠤᠨ ᠤ ᠮᠢᠨᠢ

ᠣᠬᠠᠭ᠎ᠠ ᠳᠡᠯᠡᠭᠦᠯᠦᠭ᠍ᠰᠡᠨ ᠪᠠᠭᠰᠢ

ᠡᠭᠡᠳᠡᠷᠭᠡᠡᠳᠤ ᠬᠤᠷᠸ᠎ᠠ ᠳᠤ ᠠᠮᠢᠳᠤᠷᠠᠬᠤ ᠳᠤ

ᠠᠯᠤᠰ ᠬᠠᠷᠠᠭᠠᠯᠠᠭᠰᠠᠨ ᠨᠢᠳᠤ

ᠢᠷᠡᠭᠦ ᠮᠠᠷᠭᠠᠰᠢ ᠶᠢᠨ ᠬᠠᠷᠭᠤᠢ ᠳᠤ

ᠳᠠᠮᠠᠤᠯᠠᠵᠤ ᠭᠦᠷᠭᠦ ᠴᠠᠮᠬᠠᠭ

ᠭᠦᠴᠢᠷ ᠪᠠᠷᠭᠡ ᠶᠢ ᠳᠤᠭᠤᠯᠠᠬᠤ ᠳᠤ

ᠰᠢᠠᠳᠠᠰᠤ ᠴᠢᠩᠭ᠋ᠠᠷᠠᠭᠤᠯᠬᠤ ᠰᠦᠰᠦ

ᠭᠦᠭ᠍ᠵᠢᠭᠦ ᠢᠷᠡᠭᠡᠳᠦᠢ ᠳᠤ ᠭᠦᠷᠭᠦ

ᠵᠤᠷᠢᠭ ᠭᠦᠪᠴᠢᠯᠡᠭ᠍ᠰᠡᠨ ᠱᠠᠳᠤ

ᠳᠦᠷᠢᠯᠭᠡ ᠪᠣᠰᠤᠭ᠎ᠠ ᠠᠶᠠᠯᠭᠤ

ᠳᠦᠷᠤᠯᠭᠢ ᠮᠤᠩᠭ᠋ᠤᠯ ᠭᠡᠯᠡ ᠮᠢᠨᠢ ᠡ ᠁


ᠵᠤᠬᠢᠶᠠᠭᠴᠢ ᠶᠢᠨ ᠬᠠ‍‌ᠶᠢᠭ ᠄ ᠲᠦᠰᠢᠶᠠᠳᠤ ᠬᠤᠰᠢᠭᠤᠨ ᠤ ᠭᠦᠡᠳᠡᠯᠡᠨ ᠰᠤᠷᠭᠠᠭᠤᠯᠢ

ᠵᠤᠬᠢᠶᠠᠭᠴᠢ᠄ ᠡ᠊·ᠳᠠᠮᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1578
ᠴᠠᠭ᠄ 2011 ᠤᠨ ᠤ 04 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁