ᠰᠡᠷᠵᠢᠮ ᠡᠷᠬᠦᠬᠦ

ᠠᠷᠢᠭᠢ ᠲᠡᠶ ᠬᠤᠯᠪᠣᠭ᠎ᠠ ᠲᠡᠶ ᠡᠨᠡ ᠵᠠᠩᠰᠢᠯ ᠪᠣᠯ ᠰᠠᠷᠵᠢᠮ ᠡᠷᠭᠦᠭᠦ ᠶ‍ᠤᠰᠤ ᠶ‍ᠤᠮ᠃ ᠳᠡᠭᠦᠨ ᠢ ᠢᠳᠠᠮ ᠬᠤᠷᠤᠭᠤ ᠪᠠᠷ ᠶᠢᠡᠨ ᠭᠤᠷᠪᠠᠨ ᠣᠳᠠᠭ᠎ᠠ ᠡᠷᠭᠦᠳᠡᠭ᠌᠃ ᠭᠤᠷᠪᠠᠨ ᠣᠳᠠᠭ᠎ᠠ ᠡᠷᠭᠦᠳᠡᠭ᠌ ᠤᠨ ᠣᠴᠢᠷ ᠨᠢ᠄

1. ᠭᠦᠭᠡ ᠳᠡᠭ᠍ᠷᠢ ᠠᠮᠤᠭᠤᠯᠠᠩ ᠪᠠᠢ᠌ᠭ

2. ᠭᠦᠷᠦᠰᠦᠳᠤ ᠳᠡᠯᠡᠭᠡᠢ ᠠᠮᠤᠭᠤᠯᠠᠩ ᠪᠠᠢ᠌ᠭ

3. ᠭᠦᠮᠤᠨ ᠵᠤᠨ ᠠᠮᠤᠭᠤᠯᠠᠩ ᠪᠠᠢ᠌ᠭ ᠭᠡᠰᠡᠨ ᠣᠤᠠᠬ᠎ᠠ ᠲᠡᠶ᠃

ᠢᠳᠠᠮ ᠬᠤᠷᠤᠭᠤ ᠪᠠᠷ ᠡᠷᠭᠦᠳᠡᠭ᠌ ᠣᠴᠢᠷ ᠨᠢ ᠭᠠᠷ ᠤᠨ ᠳᠠᠪᠤᠨ ᠬᠤᠷᠤᠭᠤ ᠶᠢᠨ ᠳᠤᠳᠤᠷ᠎ᠠ ᠡᠴᠠ ᠪᠣᠯᠬᠤ ᠪᠣᠯᠬᠤ ᠦᠭᠡᠶ ᠶ‍ᠠᠭᠤᠮᠠᠨ ᠳᠤ ᠭᠦᠷᠳᠡᠭ᠌ ᠦᠭᠡᠶ ᠬᠠᠮᠤᠭ ᠤᠨ ᠴᠠᠪᠠᠷ ᠬᠤᠷᠤᠭᠤ ᠶ‍ᠤᠮ᠃

ᠢᠳᠠᠮ ᠭᠡᠵᠤ ᠨᠡᠷᠡᠯᠡᠭ᠍ᠰᠡᠨ ᠤ ᠣᠴᠢᠷ ᠨᠢ᠄

ᠮᠤᠩᠭ᠋ᠤᠯ ᠤᠨ ᠨᠥᠯᠦᠭᠡ ᠪᠦᠭᠦᠢ ᠳᠤᠮᠤ ᠨᠤᠶ‍ᠠᠤᠨ ᠢ ᠮᠠᠠᠵᠤ ᠶᠢᠨ ᠬᠠᠭᠠᠨ ᠣᠷᠢᠵᠠᠢ᠃ ᠣᠷᠢᠬᠤ ᠳᠠᠭᠠᠨ ᠴᠢᠩᠭᠢᠰ ᠤᠨ ᠣᠳᠤᠮ ᠤᠨ ᠳᠡᠭᠡᠳᠤ ᠨᠤᠶ‍ᠠᠤᠨ ᠢ ᠣᠰᠠᠤᠠᠬᠠᠶ᠎ᠠ ᠭᠡᠰᠡᠨ ᠳᠠᠯᠳᠠ ᠰᠠᠨᠠᠭ᠎ᠠ ᠲᠡᠶ ᠪᠠᠢ᠌ᠭᠰᠠᠨ ᠶ‍ᠤᠮᠰᠠᠠᠵᠠᠢ᠃ ᠳᠤᠮᠤ ᠭᠦᠯᠢᠶ‍ᠡᠨ ᠠᠪᠣᠯᠳᠠ ᠭᠢᠵᠤ ᠪᠦᠭᠦᠳᠡ ᠳᠤ ᠨᠢ ᠬᠠᠰ ᠡᠷᠳᠡᠨᠢ ᠶᠢᠨ ᠬᠤᠠᠳᠠᠭ᠎ᠠ ᠲᠡᠶ ᠠᠷᠢᠭᠢ ᠪᠠᠷᠢᠵᠠᠢ᠃ ᠳᠠᠷᠠ ᠨᠢ ᠪᠦᠭᠦᠳᠡ ᠬᠤᠤᠷ ᠲᠡᠶ ᠪᠠᠢ᠌ᠵᠤ᠂ ᠰᠡᠵᠢᠭ᠌ ᠠᠪᠠᠬᠠᠭᠤᠯᠬᠤ ᠦᠭᠡᠶ ᠶᠢᠨ ᠳᠤᠯᠠᠳᠠ ᠬᠤᠤᠷ ᠢ ᠳᠠᠷᠠ ᠳᠤᠤᠷ᠎ᠠ ᠪᠠᠨ ᠥᠭᠦᠭᠦ ᠪᠠᠷ ᠦᠭᠡᠶ ᠣᠳᠠᠭᠠᠨ ᠥᠢᠯᠡᠴᠢᠯᠡᠭᠡ ᠲᠡᠶ᠂ ᠶ‍ᠠᠡᠭᠵᠤ ᠪᠦᠷᠢ ᠨᠠᠢ᠌ᠷᠠᠭᠤᠯᠤᠭᠰᠠᠨ ᠪᠠᠢ᠌ᠭᠰᠠᠨ ᠢ ᠢᠳᠠᠮ ᠳᠦᠰᠢᠮᠠᠯ ᠮᠡᠳᠡᠩᠭᠦᠳᠡ ᠪᠠᠨ᠄《ᠳᠡᠭᠡᠳᠦᠰ ᠢ ᠳᠠᠭᠠᠵᠤ ᠢᠷᠡᠭ᠍ᠰᠡᠨ ᠤ ᠭᠢ ᠶ‍ᠠᠭᠤ ᠪᠢᠯᠠ᠂ ᠪᠢ ᠨᠢᠭᠡ ᠭᠦᠷᠳᠡᠴᠢᠭᠡᠶ᠎ᠡ》 ᠭᠡᠤᠨ ᠬᠤᠠᠳᠠᠭ᠎ᠠ ᠪᠠᠨ ᠳᠤᠰᠴᠠᠢ᠃ ᠭᠢᠵᠤ ᠥᠭ᠍ᠴᠦ ᠪᠡᠢ᠌ᠬᠤ  ᠳᠤᠨᠢ ᠬᠤᠷᠤᠭᠤ ᠪᠠᠨ ᠳᠦᠷᠦᠭᠡᠤᠨ ᠰᠠᠷᠵᠢᠮ ᠡᠷᠭᠦᠭᠦ ᠳᠤ ᠯᠠ ᠬᠤᠷᠤᠭᠤ ᠨᠢ ᠬᠤᠪᠠᠬᠠᠢ ᠴᠠᠢ᠌ᠵᠤ ᠮᠢᠬ᠎ᠠ ᠨᠢ ᠰᠢᠪᠳᠤᠷᠠᠭᠠᠤᠨ ᠶ‍ᠠᠰᠤ ᠨᠢ ᠭᠤᠵᠣᠢ᠌ᠭᠠᠤᠨ ᠦᠯᠠᠳᠠᠵᠠᠢ᠃

ᠢᠩᠭᠢᠵᠤ ᠮᠤᠩᠭ᠋ᠤᠯ ᠤᠨ ᠨᠤᠶ‍ᠠᠤᠨ ᠢ ᠠᠪᠣᠷᠠᠭᠰᠠᠨ ᠢᠳᠠᠮ ᠳᠦᠰᠢᠮᠠᠯ ᠤᠨ ᠨᠠᠷ᠎ᠠ ᠪᠠᠷ ᠨᠡᠷᠡᠯᠡᠭ᠍ᠰᠡᠨ ᠭᠡᠳᠡᠭ᠌᠃

ᠵᠤᠬᠢᠶᠠᠭᠴᠢ᠄ ᠡᠩᠬᠡᠮᠡᠨᠳᠦ
ᠬᠠᠷᠢᠶ᠎ᠠ᠄ ᠵᠠᠩ ᠤᠢ᠌ᠯᠠ
ᠳᠠᠷᠤᠮ᠄ 5080
ᠴᠠᠭ᠄ 2010 ᠤᠨ ᠤ 11 ᠰᠠᠷ᠎ᠠ ᠶᠢᠨ 26