ᠮᠢᠨᠤ ᠳᠠᠪᠢᠯᠠᠩ

ᠠᠷᠪᠠᠨ ᠭᠤᠷᠪᠠᠳᠤᠭᠠᠷ ᠵᠠᠭᠤᠨ ᠳᠤ

ᠠᠭᠳᠠ ᠶᠢᠨ ᠨᠢᠷᠤᠭᠤᠨ ᠳᠤ ᠭᠡᠳᠡᠢ᠌ᠨ ᠰᠠᠭᠤᠵᠤ

ᠠᠼᠢᠶ᠎ᠠ ᠧᠦᠷᠦᠫᠡ ᠶᠢᠨ ᠡᠭᠡ ᠬᠠᠭᠤᠷᠠᠢ ᠶᠢ

ᠬᠤᠳᠤᠯᠵᠠᠳᠠᠯ᠎ᠠ ᠳᠤᠪᠳᠤᠯᠤᠨ ᠶᠠᠪᠣᠭ᠎ᠠ ᠦᠭᠡᠶ ᠴᠤ

ᠬᠤᠤᠰ ᠦᠭᠡᠶ ᠠᠪᠣᠷᠭᠤ ᠡᠷ᠎ᠡ ᠶᠢᠨ ᠭᠢᠨ

ᠬᠤᠪᠳᠤᠯ ᠵᠢᠷᠦᠭᠡᠨ ᠤ ᠭᠢᠨᠢ ᠳᠤᠰᠤᠯ ᠴᠢᠰᠤ ᠪᠠᠷ

ᠭᠡᠳᠦᠢ ᠵᠠᠭᠤᠨ ᠤ ᠬᠣᠢ᠌ᠨ᠎ᠠ ᠠᠮᠢ ᠣᠯᠬᠤ ᠳᠤ

ᠬᠤᠪᠢ ᠳᠠᠪᠢᠯᠠᠩ ᠢ ᠮᠢᠨᠢ ᠮᠤᠩᠭ᠋ᠤᠯ ᠭᠡᠵᠤ ᠳᠠᠮᠠᠭᠠᠯᠠᠭᠰᠠᠨ


ᠨᠠᠷᠠᠨ ᠣᠷᠭᠤᠬᠤ ᠵᠥᠭ᠌ ᠡᠴᠡ

ᠨᠠᠷᠠᠨ ᠵᠢᠷᠭᠠᠬᠤ ᠣᠷᠤᠨ ᠭᠦᠷᠳᠡᠯᠡᠭᠢ ᠵᠠᠢ ᠳᠤ

ᠦᠵᠡᠮᠵᠢᠳᠤ ᠣᠷᠤᠨ᠂ ᠥᠯᠢᠭᠡᠷᠳᠤ ᠨᠤᠳᠤᠭ

ᠣᠳᠤᠨ ᠰᠢᠭ ᠶᠢᠡᠷ ᠳᠦᠭᠡᠭᠡᠵᠤ ᠪᠠᠢ᠌ᠭᠰᠠᠨ ᠴᠤ

ᠬᠠᠷᠪᠣᠯᠭ᠎ᠠ ᠮᠡᠷᠭᠡᠨ ᠬᠠᠰᠠᠷ ᠤᠨ ᠬᠣᠢ᠌ᠴᠢᠰ ᠤᠨ

ᠬᠠᠯᠠᠭᠤᠨ ᠠᠮᠢ ᠶᠢᠨ ᠭᠢᠨ ᠰᠢᠳᠦᠭᠡᠨ ᠪᠣᠯᠤᠭᠰᠠᠨ

ᠬᠤᠷᠴᠢᠨ ᠤ ᠳᠠᠩᠰᠤᠭ ᠣᠷᠤᠨ

ᠬᠤᠪᠢ ᠳᠠᠪᠢᠯᠠᠩ ᠤᠨ ᠮᠢᠨᠢ ᠳᠠᠷᠬᠠᠨ ᠥᠯᠦᠭᠡᠢ ᠪᠣᠯᠤᠭᠰᠠᠨ


ᠬᠠᠭᠤᠴᠢᠨ ᠨᠡᠢ᠌ᠭᠡᠮ ᠤᠨ ᠣᠷᠳᠤ ᠰᠦᠨᠢ ᠶᠢᠨ

ᠬᠠᠯᠠ ᠳᠠᠮᠤ ᠳᠤ ᠣᠨᠠᠵᠤ

ᠬᠤᠭᠤᠯᠠ ᠦᠭᠡᠶ ᠬᠤᠨᠤᠭ᠂ ᠬᠤᠪᠴᠠᠰᠤ ᠦᠭᠡᠶ ᠡᠳᠦᠷ ᠢ

ᠬᠤᠪᠢᠳᠠᠨ ᠡᠳ᠋ᠯᠡᠵᠤ ᠶᠠᠪᠣᠭ᠎ᠠ ᠦᠭᠡᠶ ᠴᠤ

ᠬᠠᠭᠤᠴᠢ ᠶᠠᠷᠢᠳᠠᠭ ᠡᠪᠦᠭᠡ ᠶᠢᠨ ᠰᠢᠯᠤᠰᠤᠨ ᠥᠰᠦᠷᠭᠡᠨ ᠡᠴᠡ

ᠭᠡᠳᠦᠢ ᠴᠤ ᠣᠳᠠᠭ᠎ᠠ ᠰᠤᠨᠤᠰᠴᠤ ᠶᠠᠪᠣᠭᠰᠠᠨ

ᠰᠢᠨ᠎ᠠ ᠴᠠᠭ ᠤᠨ ᠴᠠᠳᠬᠤᠯᠠᠩ ᠣᠨᠠᠭ᠎ᠠ

ᠴᠢᠨᠡᠭᠡᠯᠢᠭ᠌ ᠨᠡᠢ᠌ᠭᠡᠮ ᠤᠨ ᠣᠮᠤᠭᠯᠠᠩ ᠦᠷᠢᠶ᠎ᠠ ᠪᠣᠯᠤᠭᠰᠠᠨ


ᠬᠤᠭᠤᠯᠠᠢ ᠠᠮᠠ ᠪᠠᠨ ᠰᠦᠭᠡᠩᠭᠢᠷᠡᠳᠠᠯ᠎ᠠ ᠮᠡᠷᠭᠡᠯᠡᠳᠡᠭ᠌

ᠬᠤᠭᠤᠷ ᠤᠨ ᠨᠤᠮᠤ ᠪᠠᠨ ᠵᠢᠳᠠ ᠰᠢᠭ ᠳᠠᠯᠠᠢ᠌ᠳᠠᠭ

ᠭᠦᠮᠤᠨ ᠤ ᠭᠢᠨ ᠢ ᠭᠡᠯᠡᠵᠤ ᠪᠠᠢ᠌ᠭᠠᠤᠨ

ᠬᠤᠪᠢ ᠪᠠᠷ ᠶᠢᠡᠨ ᠥᠩᠭᠡᠷᠡᠭᠦᠯᠦᠭ᠍ᠰᠡᠨ ᠮᠠᠳᠤ

ᠭᠡᠢ ᠬᠤᠤ ᠲᠡᠶ ᠬᠤᠭᠤᠷᠴᠢ ᠠᠪᠣ ᠶᠢᠨ ᠥᠯᠢᠭᠡᠷ ᠡᠴᠡ

ᠵᠢᠰᠦᠯᠢᠭ᠌ ᠭᠡᠦᠭᠡᠨ ᠢ ᠵᠡᠭᠦᠳᠦᠯᠡᠭ᠍ᠰᠡᠨ

ᠵᠠᠯᠢᠬᠠᠢ ᠭᠡᠳᠡᠭ᠌ ᠢ ᠨᠢ ᠳᠠᠨᠢᠭᠰᠠᠨ

ᠵᠠᠩᠵᠤᠨ ᠪᠣᠯᠬᠤ ᠶᠢ ᠴᠤ ᠭᠦᠰᠡᠭ᠍ᠰᠡᠨ


ᠬᠤᠷᠠᠬᠤ ᠪᠣᠯᠭᠠᠨ ᠴᠢᠬᠤᠯᠠ ᠶᠠᠷᠢᠶ᠎ᠠ ᠳᠠᠯᠪᠢᠳᠠᠭ

ᠵᠠᠯᠠᠭ᠎ᠠ ᠶᠡᠭᠡᠳᠡᠨ ᠪᠢᠰᠢ ᠴᠤ  ᠂ ᠮᠢᠨᠤ ᠠᠪᠣ  

ᠡᠷᠭᠡ ᠳᠤ ᠠᠮᠠᠭᠠᠢ᠌ᠯᠠᠭᠳᠠᠬᠤ ᠦᠭᠡᠶ ᠭᠦᠮᠤᠨ ᠮᠦᠰᠤ ᠶᠢ

ᠮᠢᠨᠤ ᠡᠰ ᠪᠦᠭᠦᠨ ᠳᠤ ᠳᠠᠷᠢᠭᠰᠠᠨ ᠠᠴᠢᠳᠠᠨ ᠭᠦᠮᠤᠨ

ᠭᠦᠮᠤᠨ ᠪᠦᠭᠦᠨ ᠤ ᠨᠢᠳᠤ ᠶᠢ ᠣᠯᠠᠢ᠌ᠯᠭᠠᠳᠠᠭ

ᠭᠦᠷᠦᠩᠭᠡ ᠵᠤᠵᠠᠭᠠᠨ ᠪᠠᠶᠠᠨ ᠪᠢᠰᠢ ᠴᠤ᠂ ᠮᠢᠨᠤ ᠪᠠᠭᠰᠢ

ᠭᠦᠴᠢᠷ ᠲᠤ ᠰᠥᠭᠦᠷᠡᠳᠡᠭ᠌ ᠦᠭᠡᠶ ᠡᠷᠡᠰ ᠴᠢᠨᠠᠷ ᠢ

ᠮᠢᠨᠤ ᠵᠢᠷᠦᠭᠡᠨ ᠰᠤᠳᠠᠯ ᠳᠤ ᠠᠮᠢᠯᠠᠭᠤᠯᠤᠭᠰᠠᠨ ᠭᠠᠪᠢᠶᠠᠳᠠᠨ ᠭᠦᠮᠤᠨ


ᠡᠷᠡᠭᠡᠢ ᠴᠢᠨᠡᠭᠡᠨ ᠴᠤ ᠳᠡᠯᠡᠭᠡᠢ ᠶᠢ ᠭᠡᠷᠡᠯᠳᠦᠭᠦᠯᠭᠦ ᠵᠤᠯᠠ ᠮᠠᠳᠤ

ᠢᠳᠠ ᠬᠤᠮᠰᠬᠠᠨ ᠴᠤ ᠡᠷᠳᠡᠮᠳᠡᠨ ᠢ ᠡᠷᠭᠦᠭᠦ ᠱᠠᠳᠤ ᠪᠣᠯᠵᠤ

ᠡᠷᠭᠡ ᠡᠳ᠋ ᠤᠨ ᠠᠯᠢᠨ ᠶᠢᠡᠷ ᠴᠤ ᠳᠤᠯᠢᠮᠠᠭᠬᠠᠨ ᠪᠠᠭᠰᠢ ᠶᠢᠨ ᠠᠯᠪᠠᠨ ᠳᠤ

ᠰᠡᠳᠭᠢᠯ ᠳᠦᠭᠦᠷᠡᠩ ᠴᠤ ᠰᠠᠨᠠᠭ᠎ᠠ ᠳᠤᠮᠳᠠᠭᠤᠷ ᠭᠦᠶ‍ᠦᠵᠤ ᠶᠠᠪᠣᠨ᠎ᠠ

ᠰᠠᠷᠠᠨ ᠳᠠᠭᠢᠨᠢ ᠰᠢᠭ ᠥᠩᠭᠡᠳᠡᠨ ᠪᠢᠰᠢ ᠴᠤ ᠴᠠᠢ᠌ᠯᠭᠠᠨ ᠰᠡᠳᠭᠢᠯᠳᠠᠨ ᠤ ᠨᠢᠭᠡᠨ

ᠰᠦᠨᠢ ᠶᠢᠨ ᠵᠡᠭᠦᠳᠤᠨ ᠳᠤ ᠭᠡᠷᠡᠯ ᠶᠢᠡᠷ ᠢᠷᠡᠭ᠍ᠰᠡᠨ ᠮᠤᠩᠭ᠋ᠤᠯ ᠭᠡᠵᠢᠭ᠍ᠡᠳᠡᠨ ᠤ ᠨᠢᠭᠡᠨ

ᠰᠠᠨᠠᠵᠤ ᠨᠡᠢ᠌ᠯᠡᠭᠦ ᠶ‍ᠢᠷᠳᠢᠠᠴᠤ ᠶᠢᠨ ᠵᠢᠮ᠎ᠠ ᠪᠠᠷ ᠨᠠᠳᠠ ᠲᠡᠶ ᠬᠠᠮᠳᠤ

ᠴᠠᠮᠬᠠᠭ ᠬᠠᠢ᠌ᠭᠰᠠᠨ ᠣᠷᠳᠤ ᠠᠶᠠᠨ ᠳᠤ ᠳᠦᠷᠦᠭᠡ ᠬᠠᠷᠰᠢᠭᠤᠯᠵᠤ ᠶᠠᠪᠣᠨ᠎ᠠ


ᠭᠡᠯᠡ ᠮᠢᠨᠢ ᠭᠡᠵᠤ ᠪᠣᠷᠬᠠᠨ ᠬᠠᠯᠳᠤᠨ ᠤ ᠰᠢᠪᠠᠭᠤᠳ ᠤᠨ ᠵᠢᠷᠭᠢᠭᠡ ᠰᠢᠭ᠌

ᠬᠤᠷᠸ᠎ᠠ ᠳᠤ ᠬᠤᠤᠰ ᠦᠭᠡᠶ ᠭᠠᠢ᠌ᠬᠠᠮᠰᠢᠭ ᠤᠨ ᠳᠡᠭᠡᠳᠤ

ᠭᠡᠷᠡᠮ ᠭᠡᠳᠡᠭ᠌ ᠭᠡᠵᠢᠶᠡᠨ ᠡᠴᠡ ᠪᠣᠰᠤᠭᠰᠠᠨ ᠬᠠᠰᠢᠵᠤ ᠢᠷᠡᠭᠦ ᠰᠢᠭᠤᠷᠭ᠎ᠠ

ᠭᠡᠯᠡᠨ ᠤ ᠰᠠᠢ᠌ᠬᠠᠨ ᠶᠢᠡᠨ ᠭᠡᠨ ᠡᠴᠡ ᠴᠤ ᠨᠢᠭᠤᠯ ᠦᠭᠡᠶ ᠪᠢ ᠮᠠᠵᠤᠤᠯᠠᠨ᠎ᠠ

ᠭᠡᠷᠡᠮ ᠤᠨ ᠦᠨᠳᠦᠷ ᠢ ᠭᠡᠨ ᠤ ᠣᠷᠰᠢᠭ ᠭᠡᠵᠤ ᠪᠢ ᠶᠠᠷᠢᠭᠯᠠᠬᠤ ᠦᠭᠡᠶ

ᠭᠡᠵᠢᠶ᠎ᠡ ᠪᠣᠯᠤᠭᠰᠠᠨ ᠴᠤ ᠭᠡᠯᠡ ᠨᠢᠭᠡᠳᠡᠨ ᠭᠦᠮᠦᠰ᠂ ᠵᠢᠰᠤ ᠨᠢᠭᠡᠳᠡᠨ ᠪᠣᠯᠪᠠᠯ

ᠭᠡᠯᠡ ᠪᠠᠨ ᠭᠡᠯᠡᠵᠤ ᠴᠢᠳᠠᠬᠤ ᠡᠴᠦᠰ ᠤᠨ ᠭᠤᠨᠢᠭᠳᠠᠨ ᠪᠣᠯᠬᠤ ᠦᠭᠡᠶ ᠪᠠᠷ

ᠭᠡᠷᠡᠮ ᠢ ᠳᠠᠪᠠᠭᠰᠠᠨ ᠳᠡᠷᠢᠭᠦᠨ ᠤ ᠡᠩᠨᠡᠭᠡᠨ ᠳᠤ ᠬᠤᠰᠢᠭᠤᠴᠢᠯᠠᠵᠤ ᠴᠢᠳᠠᠨ᠎ᠠ


  


ᠵᠤᠬᠢᠶᠠᠭᠴᠢ ᠶᠢᠨ ᠬᠠ‍‌ᠶᠢᠭ ᠄ ᠲᠦᠰᠢᠶᠠᠳᠤ

ᠵᠤᠬᠢᠶᠠᠭᠴᠢ᠄ ᠣᠷᠭᠢᠯᠤᠮ᠎ᠠ
ᠬᠠᠷᠢᠶ᠎ᠠ᠄ ᠰᠢᠯᠦᠭ
ᠳᠠᠷᠤᠮ᠄ 1730
ᠴᠠᠭ᠄ 2010 ᠤᠨ ᠤ 10 ᠰᠠᠷ᠎ᠠ ᠶᠢᠨ 30