ᠨᠢᠯᠪᠣᠰᠤᠨ ᠤ ᠬᠠ‍‌ᠶᠢᠭ

ᠬᠠᠮᠢᠭᠠᠰᠢ ᠣᠷᠤᠰᠴᠤ ᠣᠳᠤᠨ᠎ᠠ ᠪᠣᠢ ᠭᠤᠷᠤᠬ᠎ᠠ ᠴᠢ

ᠡᠯᠢᠭᠡᠨ ᠳᠡᠭᠡᠨ ᠳᠠᠪᠠᠷᠢᠨ ᠡᠩᠭᠦᠷᠡᠢ᠌ᠯᠡᠭᠦ ᠶᠡᠭᠡ ᠳᠠᠯᠠᠢ ᠶᠢᠨ ᠴᠡᠭᠡᠯ ᠵᠤᠷᠢᠨ᠎ᠠ ᠤᠤ

ᠡᠩᠰᠡᠷᠡᠭᠦ ᠰᠡᠳᠭᠢᠯ ᠨᠢᠯᠪᠣᠰᠤ ᠪᠠᠷ ᠣᠷᠤᠰᠴᠤ

ᠭᠠᠵᠠᠷ ᠲᠤ ᠰᠢᠩᠭᠡᠵᠤ ᠳᠠᠭᠤᠰᠬᠤ ᠤᠤ

ᠠᠭᠤᠯᠠᠰ ᠤᠨ ᠥᠩᠭᠡ ᠠᠯᠠᠭᠠᠨ ᠳᠤ ᠴᠢᠨᠢ ᠵᠢᠷᠢᠯᠵᠡᠭ᠍ᠰᠡᠭᠡᠷ ᠨᠡᠭᠦᠵᠤ

ᠠᠯᠤᠰ ᠳᠠᠯᠠᠢ ᠶᠢᠨ ᠭᠦᠨ ᠳᠤ ᠴᠢᠳᠬᠤᠵᠤ ᠪᠠᠷᠠᠬᠤ ᠤᠤ

ᠭᠦᠯ ᠨᠢᠴᠦᠭᠦᠨ ᠵᠢᠭᠠᠯ ᠤᠨ ᠪᠣᠯᠤᠷᠬᠠᠨ ᠨᠢᠳᠤ

ᠬᠠᠷᠭᠢ ᠳᠠᠭᠠᠭᠤᠯᠤᠨ ᠭᠦᠪᠦᠭᠦᠯᠦᠭ᠍ᠰᠡᠨ ᠴᠠᠭᠠᠰᠤᠨ ᠨᠢᠰᠭᠡᠯ

ᠬᠠᠳᠠᠳᠤ ᠶᠢᠨ ᠭᠦᠷᠭᠢᠷ᠎ᠡ

ᠬᠠᠯᠢᠯ ᠠᠰᠬ᠎ᠠ ᠳᠠᠮᠵᠢᠭᠰᠠᠭᠠᠷ

ᠬᠠᠷᠢ ᠨᠤᠳᠤᠭ ᠤᠨ ᠡᠭᠦᠯᠡ ᠭᠦᠯᠦᠭᠯᠡᠭᠦ ᠤᠤ

ᠡᠵᠢ ᠮᠢᠨᠢ ᠳᠠ ᠰᠠᠢ᠌ᠨ ᠰᠠᠭᠤᠭ᠎ᠠ ᠦᠦ ︖

ᠡᠪᠦᠳᠦᠭ᠌ ᠢ ᠨᠢ ᠳᠠᠪᠠᠷᠢᠵᠤ ᠣᠭᠢᠯᠠᠭᠰᠠᠭᠠᠷ ᠬᠤᠴᠤᠷᠬᠤ ᠳ᠋ᠤ

ᠡᠪᠭᠡᠷᠳᠡᠯ᠎ᠡ ᠵᠢᠷᠦᠭᠡ ᠰᠤᠭᠤᠯᠤᠨ ᠪᠠᠢ᠌ᠵᠤ ᠡᠵᠢ ᠮᠢᠨᠢ ᠶᠠᠪᠣᠭᠰᠠᠨ

ᠢᠷᠭᠢᠷᠠᠳᠠᠯ᠎ᠠ ᠨᠢᠳᠤ ᠬᠤᠷᠤᠰᠬᠠᠨ ᠪᠠᠢ᠌ᠵᠤ ᠵᠡᠭᠦᠳᠤᠨ ᠳᠤ ᠢᠷᠡᠭ᠍ᠰᠡᠨ

ᠢᠷᠠᠨ᠎ᠡ ᠡᠵᠢ ᠴᠢᠨᠢ᠂ ᠭᠦᠢᠯᠡᠰᠤᠨ ᠴᠡᠴᠡᠭ᠌ ᠵᠤᠯᠭᠠᠷᠠᠵᠤ ᠪᠠᠷᠠᠬᠤ ᠳᠤ ᠭᠡᠵᠤ ᠠᠪᠣ ᠭᠡᠯᠡᠨ᠎ᠡ

ᠢᠷᠡᠭᠦ ᠦᠭᠡᠶ ᠭᠡᠵᠢᠶᠡᠳᠡ᠂ ᠮᠦᠩᠭᠦ ᠲᠡᠶ ᠠᠪᠠᠭ᠎ᠠ ᠳᠡᠭᠡᠭᠡᠳ ᠁ ᠭᠡᠵᠤ ᠠᠢ᠌ᠯ ᠤᠨ ᠵᠢᠭᠠᠯ ᠳᠤᠳᠣᠢ᠌ᠨ᠎ᠠ

ᠢᠷᠠᠨ᠎ᠡ ᠡᠵᠢ ᠮᠢᠨᠢ᠂ ᠲ᠋ᠠᠢ᠌ᠮᠤ ᠡ ︖

ᠬᠡᠦᠬᠡᠳ ᠤᠨ ᠪᠠᠶᠠᠷ ᠶᠢᠡᠷ ᠰᠤᠷᠭᠠᠭᠤᠯᠢ ᠳᠤ ᠮᠢᠨᠢ ᠭᠦᠷᠳᠡᠭ᠌ ᠰᠢᠭ᠌ ᠵᠢᠠᠨ

ᠭᠦᠷᠭᠢᠷ᠎ᠡ ᠬᠠᠷᠠᠬᠠᠨ ᠭᠡᠵᠢᠭᠡ ᠪᠠᠨ ᠱᠠᠩᠬᠤᠯᠠᠴᠢᠬᠠᠭᠰᠠᠨ

ᠭᠦᠳᠡᠭᠡ ᠳᠤ ᠡᠮᠦᠰᠪᠠᠯ ᠬᠠᠢ᠌ᠷᠠᠨ ᠭᠡᠳᠡᠭ᠌ ᠰᠠᠢ᠌ᠬᠠᠨ ᠪᠠᠩᠵᠠᠯ ᠶᠢᠡᠷ ᠵᠢᠠᠨ

ᠬᠦᠩᠭᠡᠨ ᠮᠠᠰᠢᠨ ᠡᠴᠠ ᠪᠠᠨ ᠶᠠᠭᠠᠷᠠᠨ ᠪᠠᠭᠤᠵᠤ ᠮᠢᠨᠤᠭᠢ ᠪᠠᠨ ᠨᠠᠷ᠎ᠠ ᠪᠠᠷ ᠳᠠᠭᠤᠳᠠᠨ᠎ᠠ

ᠡᠮᠡᠭᠡ ᠮᠢᠨᠢ ᠪᠦᠳᠦᠴᠢᠭ᠍ᠰᠡᠭᠡᠷ ᠨᠢᠯᠪᠣᠰᠤ ᠪᠠᠨ ᠠᠷᠴᠢᠨ ᠣᠭᠳᠤᠨ᠎ᠠ

ᠠᠯᠢᠶ᠎ᠠ ᠬᠠᠯᠳᠠᠷ ᠨᠠᠳᠠ ᠡᠴᠠ ᠠᠮᠵᠢᠬᠤ ᠦᠭᠡᠶ ᠡᠨᠡ ᠣᠳᠠᠭ᠎ᠠ

ᠪᠢ ᠬᠤᠷᠳᠤᠨ ᠭᠦᠶ‍ᠦᠳᠡᠭ᠌᠂ ᠪᠠᠷᠢᠯᠳᠤᠳᠠᠭ ᠪᠣᠯᠤᠭᠰᠠᠨ

ᠪᠢᠳᠡᠭᠡᠢ ᠯᠠ ᠠᠭᠤᠷᠯᠠᠭᠤᠯᠤᠶ᠎ᠠ ᠡᠵᠢ ᠪᠠᠨ᠁

ᠪᠠᠢ᠌ᠨ ᠪᠠᠢ᠌ᠨ ᠢᠷᠡᠳᠡᠭ᠌ ᠬᠦᠩᠭᠡᠨ ᠮᠠᠰᠢᠨ ᠲᠡᠶ ᠠᠪᠠᠭ᠎ᠠ ᠡᠷᠭᠢᠵᠤ ᠯᠠ ᠪᠢᠳᠡᠭᠡᠢ ᠢᠷ᠎ᠠ

ᠵᠠᠯᠪᠠᠷᠢᠵᠤ ᠪᠠᠢ᠌ᠨ᠎ᠠ᠂ ᠡᠮᠡᠭᠡ ᠶᠢᠨ ᠳᠠᠭᠢᠳᠠᠭ ᠪᠣᠷᠬᠠᠨ ᠳ᠋ᠠᠭᠠᠨ

ᠵᠠᠢ᠌ᠯᠠᠭᠤᠯᠵᠤ ᠬᠠᠢ᠌ᠷᠠᠯᠠ᠂ ᠪᠠᠴᠢᠨ ᠪᠠᠭᠰᠢ ᠶᠢᠨ ᠪᠣᠯᠤᠳ ᠪᠠᠷᠢᠶ᠎ᠠ


ᠬᠠᠮᠠᠤᠭ ᠰᠡᠭᠦᠯᠴᠢ ᠶᠢᠨ ᠨᠢᠭᠡᠨ ᠳᠠᠯᠪᠢ ᠨᠢ ᠭᠡᠭᠡᠪᠴᠢᠨ ᠳᠡᠭᠡᠷ᠎ᠡ ᠳᠠᠪᠢᠨ ᠪᠠᠭᠤᠳᠠᠯ᠎ᠠ

ᠭᠦᠯᠢᠶᠡᠯ᠎ᠡ᠂  ᠭᠦᠤ ᠴᠢᠨᠢ

ᠭᠦᠢᠯᠡᠰᠤ ᠨᠤᠭᠦᠳ ᠪᠣᠮᠪᠠᠢ᠌ᠨ ᠢᠨᠢᠶᠠᠵᠤ

ᠴᠢᠷᠠᠢ ᠨᠢ ᠵᠢᠷᠭᠠᠯᠳᠠᠢ ᠣᠯᠠᠢ᠌ᠵᠤ ᠨᠠᠪᠴᠢᠨ ᠳᠠᠭᠠᠨ ᠡᠩᠭᠦᠷᠡᠢ᠌ᠯᠡᠭ᠍ᠳᠡᠨ᠎ᠡ

ᠢᠷᠡᠭᠡ ᠦᠭᠡᠶ᠂ ᠡᠵᠢ ᠮᠢᠨᠢ

ᠪᠣᠷᠤᠭᠠᠨ ᠳᠤ ᠵᠠᠮ ᠨᠢ ᠡᠪᠳᠡᠷᠡᠭ᠍ᠰᠡᠨ ᠭᠡᠯᠴᠡᠭᠦ ᠴᠤ ᠰᠢᠭ᠌

ᠪᠣᠠᠳᠤᠭᠤᠷ ᠵᠢᠭᠠᠬᠠᠨ ᠭᠡᠦᠭᠡᠨ ᠲᠡᠶ ᠪᠠᠨ ᠬᠦᠩᠭᠡᠨ ᠮᠠᠰᠢᠨ ᠳᠠᠭᠠᠨ ᠴᠤ ᠭᠡᠭᠦ ᠰᠢᠭ᠌

ᠪᠣᠯᠤᠯᠴᠠᠭ᠎ᠠ ᠪᠦᠭᠦᠨ ᠶᠢᠡᠷ ᠠᠢ᠌ᠯ ᠤᠨ ᠭᠢᠨ ᠶᠠᠷᠢᠵᠠᠭᠠᠨ᠎ᠠ

ᠪᠣᠷᠤᠭᠠᠨ ᠱᠠᠪᠰᠢᠭᠰᠠᠭᠠᠷ

ᠭᠡᠭᠡᠪᠴᠢᠨ ᠰᠢᠯ ᠳᠡᠭᠡᠷ᠎ᠡ ᠣᠭᠢᠯᠠᠭᠰᠠᠭᠠᠷ

ᠭᠡᠵᠢᠭᠡᠨ ᠤ ᠴᠢᠨᠢ ᠨᠠᠮᠢᠷᠠᠭ᠎ᠠ ᠰᠢᠭ ᠡᠭᠦᠯᠡᠰ ᠬᠣᠢ᠌ᠯᠠᠷᠠᠭᠰᠠᠭᠠᠷ

ᠭᠡᠷᠡᠭᠦᠯ ᠶᠢᠡᠷ ᠬᠠᠭᠠᠷᠠᠭᠰᠠᠨ ᠱᠠᠭᠠᠵᠠᠩ ᠰᠢᠭ ᠵᠥᠭ᠌ ᠪᠦᠷᠢ ᠳᠤ ᠰᠣᠢ᠌ᠷᠠᠨ᠎ᠡ

ᠮᠢᠨᠤ ᠭᠦᠰᠡᠯ ᠴᠤ ᠳᠠᠭᠠᠭᠠᠤᠨ ᠰᠣᠢ᠌ᠷᠠᠨ᠎ᠡ ᠁

ᠭᠦᠢᠳᠡᠨ ᠪᠣᠳᠠᠭ᠎ᠠ ᠪᠠᠨ ᠬᠠᠯᠠᠭᠤᠯᠴᠢᠬᠠᠭᠠᠤᠨ ᠠᠪᠣ ᠪᠠᠨ ᠭᠦᠯᠢᠶᠡᠨ᠎ᠡ

ᠠᠭᠤᠷᠬᠠᠢ ᠶᠢᠨ ᠬᠤᠳᠳᠤᠭ ᠤᠨ ᠭᠦᠢᠳᠡᠨ ᠠᠭᠠᠷ ᠰᠠᠩ ᠭᠢᠵᠤ ᠡᠭᠦᠳᠡ ᠨᠡᠭᠡᠭᠡᠭ᠍ᠳᠡᠨ᠎ᠡ

ᠮᠢᠠᠳᠠᠰᠤᠨ ᠵᠥᠭᠡᠯᠡᠨ ᠡᠵᠢ ᠶᠢᠨ ᠮᠢᠨᠢ ᠭᠠᠷ ᠲᠡᠶ ᠦᠯᠢᠳᠭᠡᠰᠢ ᠥᠭᠡᠢ

ᠡᠪᠠᠷᠰᠢᠵᠤ ᠬᠠᠳᠠᠭᠤᠷᠠᠭᠰᠠᠨ ᠠᠯᠠᠭ᠎ᠠ ᠪᠠᠨ ᠳᠡᠯᠭᠡᠵᠤ ᠠᠪᠣ ᠮᠢᠨᠢ ᠳᠤᠯᠤᠭᠠᠢ ᠶᠢ ᠢᠯᠪᠢᠨ᠎ᠡ

ᠨᠢᠯᠪᠣᠰᠤ ᠪᠠᠨ ᠳᠤᠳᠤᠭᠰᠢ ᠵᠠᠯᠭᠢᠵᠤ ᠠᠶᠠᠭ᠎ᠠ ᠶᠢ ᠨᠢ ᠪᠠᠷᠢᠭᠤᠯᠬᠤ ᠳ᠋ᠤ

ᠠᠪᠣ ᠮᠢᠨᠢ ᠢᠨᠢᠶᠡᠭ᠍ᠰᠡᠭᠡᠷ ᠬᠠᠷᠠᠴᠠ ᠪᠣᠷᠤᠭᠤᠯᠠᠨ᠎ᠠ

ᠠᠷᠤ ᠶᠢᠨ ᠠᠭᠤᠯᠠᠨ ᠤ ᠭᠤᠷᠤᠬ᠎ᠠ ᠰᠢᠭ ᠠᠪᠣ ᠪᠢᠳᠠᠨ ᠬᠤᠶᠠᠷ ᠤᠨ ᠨᠢᠯᠪᠣᠰᠤ

ᠭᠡᠵᠢᠶ᠎ᠡ ᠣᠷᠤᠰᠴᠤ ᠪᠠᠷᠠᠬᠤ ᠶᠤᠮ ᠪᠣᠢ ︖ ᠁


                              2012.7.23


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1289
ᠴᠠᠭ᠄ 2012 ᠤᠨ ᠤ 08 ᠰᠠᠷ᠎ᠠ ᠶᠢᠨ 24
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁