ᠴᠤᠤᠯ ᠭᠤᠤᠯ ᠤᠨ ᠣᠯᠠᠭᠠᠨ ᠪᠣᠷᠭᠠᠰᠤ
᠊᠊᠊᠊᠊᠊᠊᠊᠊᠊᠊᠊᠊᠊᠊ ᠨᠤᠳᠤᠭ ᠶᠢᠡᠨ ᠰᠠᠨᠠᠬᠤ ᠪᠦᠷᠢ ᠳᠤ ᠣᠯᠠᠭᠠᠨ ᠪᠣᠷᠭᠠᠰᠤ ᠮᠢᠨᠢ ᠪᠣᠳᠤᠭᠳᠠᠳᠠᠭ

ᠴᠤᠤᠯ ᠭᠤᠤᠯ ᠤᠨ ᠣᠰᠤ ᠭᠡᠴᠢᠨᠡᠨ ᠵᠢᠯ ᠳᠤᠷᠤᠨᠠᠰᠢ ᠣᠷᠤᠰᠪᠠ ︖

ᠭᠡᠴᠢᠨᠡᠨ ᠣᠨ ᠤ ᠡᠮᠤᠨ᠎ᠡ ᠣᠯᠠᠭᠠᠨ ᠪᠣᠷᠭᠠᠰᠤ ᠡ᠊ᠨᠳᠡ ᠨᠤᠳᠤᠭᠰᠢᠪᠠ ︖

ᠲ᠋ᠤᠯᠠᠨ ᠵᠢᠭᠠᠰᠤ ᠰᠡᠭᠦᠳᠡᠷ ᠳᠤᠨᠢ ᠳᠤᠭᠯᠠᠵᠤ ᠥᠩᠭᠡᠷᠡᠪᠠᠤ ︖

ᠲ᠋ᠤᠭᠤᠷᠤᠤ ᠰᠢᠪᠠᠭᠤ ᠪᠣᠳᠠᠨ ᠳ᠋ᠤᠨᠢ ᠬᠤᠷᠭᠤᠳᠠᠵᠤ ᠥᠩᠭᠡᠷᠡᠪᠠᠤ ︖

ᠮᠤᠷᠢᠳᠠᠨ ᠤ ᠳᠠᠰᠢᠭᠤᠷ ᠪᠣᠯᠵᠤ ᠶᠠᠪᠣᠵᠤ ᠳ᠋ᠠ

ᠨᠢᠷᠠᠢ᠌ᠴᠤᠳ ᠤᠨ ᠮᠤᠷᠢ ᠪᠣᠯᠵᠤ ᠵᠠᠢ᠌ᠳᠠᠯᠠᠭᠳᠠᠵᠤ ᠳ᠋ᠠ

ᠴᠤᠤᠯ ᠤᠨ ᠣᠯᠠᠭᠠᠨ ᠪᠣᠷᠭᠠᠰᠤ ᠦᠨᠳᠦᠰᠦ ᠪᠠᠳᠤ ᠪᠠᠷ ᠳᠡᠦᠭᠡ ᠳᠠᠮᠵᠢᠨ᠎ᠠ᠃


ᠰᠤᠭᠳᠠ ᠰᠠᠢ᠌ᠬᠠᠨ ᠭᠠᠯᠪᠢᠷ ᠨᠢ ᠮᠤᠩᠭ᠋ᠤᠯ ᠭᠦᠷᠦᠰᠤᠨ ᠡᠴᠠ ᠰᠤᠭᠤᠷᠠᠵᠤ

ᠴᠡᠯᠡᠭᠡᠷ ᠨᠤᠭᠤᠭᠠᠨ ᠨᠠᠪᠴᠢ ᠨᠢ ᠮᠤᠩᠭ᠋ᠤᠯ ᠤᠨ ᠰᠠᠯᠭᠢᠨ ᠳᠤ ᠪᠦᠵᠢᠭᠯᠡᠨ

ᠣᠯᠠᠭᠠᠨ ᠪᠣᠷᠭᠠᠰᠤ

ᠭᠦᠭᠡᠮᠳᠦᠭ᠌ ᠳᠡᠭ᠍ᠷᠢ᠂ ᠴᠠᠭᠠᠨ ᠡᠭᠦᠯᠡ᠂ ᠴᠡᠯᠮᠡᠭ᠌ ᠣᠰᠤ ᠲᠡᠶ ᠬᠤᠪᠢ ᠨᠢᠭᠡᠳᠡᠢ

ᠣᠯᠠᠭᠠᠨ ᠪᠣᠷᠭᠠᠰᠤ

ᠰᠢᠭᠤᠷᠭ᠎ᠠ ᠵᠤᠳ᠂ ᠠᠶᠤᠩᠭ᠎ᠠ ᠪᠣᠷᠤᠭᠠᠨ᠂ ᠱᠠᠯᠴᠢᠭ ᠰᠢᠪᠠᠷ ᠲᠡᠶ ᠵᠠᠶᠠᠭ᠎ᠠ ᠨᠢᠭᠡᠳᠡᠢ᠃

ᠭᠤᠭᠢᠷ ᠮᠠᠰᠠᠨ ᠳᠤ ᠭᠢᠷᠠᠭᠠᠭᠳᠠᠨ

ᠣᠯᠠᠭᠠᠨ ᠪᠣᠷᠭᠠᠰᠤ

ᠠᠶᠤᠯ ᠢ ᠵᠠᠢ᠌ᠯᠠᠭᠤᠯᠬᠤ ᠵᠠᠩᠰᠠᠨ ᠬᠠᠰᠢᠶ᠎ᠠ ᠪᠣᠯᠵᠤ

ᠠᠮᠢᠳᠤᠷᠠᠯ ᠢ ᠲᠤᠬᠤᠢ᠌ᠯᠠᠬᠤ ᠠᠵᠠ ᠡᠴᠠ ᠰᠠᠭᠰᠤ ᠪᠣᠯᠵᠤ

ᠠᠮᠢ ᠶᠢ ᠪᠦᠭᠡᠢ᠌ᠴᠡᠯᠡᠭᠦ ᠶᠤᠰᠤᠨ ᠡᠴᠠ ᠬᠤᠳᠳᠤᠭ ᠤᠨ ᠨᠥᠮᠦᠷᠭᠡ ᠪᠣᠯᠵᠤ

ᠭᠦᠢᠳᠡᠨ ᠢ ᠥᠯᠳᠡᠭᠦ ᠭᠦᠴᠤᠨ ᠡᠴᠠ ᠳᠤᠯᠭᠠᠨ ᠤ ᠲᠦᠯᠠᠰᠢ ᠪᠣᠯᠵᠤ

᠁ ᠁


ᠭᠦᠮᠤᠨ ᠭᠡᠷᠪᠡ ᠨᠤᠳᠤᠭ ᠶᠢᠡᠨ ᠭᠤᠯᠤᠳᠠᠭ ᠴᠤ ᠪᠣᠯ

ᠨᠤᠳᠤᠭ ᠭᠡᠵᠢᠶᠡᠳᠡ ᠭᠦᠮᠤᠨ ᠢ ᠭᠤᠯᠤᠳᠠᠭ ᠥᠭᠡᠢ

ᠣᠯᠠᠭᠠᠨ ᠪᠣᠷᠭᠠᠰᠤ ᠴᠤ ᠭᠦᠮᠤᠨ ᠢ ᠭᠤᠯᠤᠵᠤ ᠥᠩᠭᠡᠷᠡᠭᠡ ᠦᠭᠡᠶ᠂

ᠣᠯᠠᠷᠢᠯ ᠤᠨ ᠵᠢᠮ᠎ᠠ ᠶᠢ ᠳᠠᠷᠠ ᠮᠡᠳᠡᠳᠡᠭ᠌ ᠪᠣᠯᠪᠠᠤ ︖

ᠣᠮᠠᠷᠠᠳᠤ ᠶᠢᠨ ᠰᠠᠯᠭᠢᠨ ᠳᠤ ᠪᠠᠭᠡᠷᠡᠨ ᠨᠠᠢ᠌ᠭᠤᠬᠤ ᠳ᠋ᠠᠭᠠᠨ

ᠲ᠋ᠠᠷᠠ ᠶᠠᠭᠤ ᠴᠤ ᠭᠡᠯᠡᠭᠡ ᠥᠭᠡᠢ ᠂

ᠭᠠᠯᠵᠠᠭᠤ ᠦᠶᠡᠷ ᠲᠤ ᠰᠤᠭᠤᠴᠢᠭᠳᠠᠨ ᠣᠷᠤᠰᠬᠤ ᠳ᠋ᠠᠭᠠᠨ

ᠲ᠋ᠠᠷᠠ ᠶᠠᠭᠤ ᠴᠤ ᠭᠡᠯᠡᠭᠡ ᠦᠭᠡᠶ᠃

ᠣᠯᠠᠭᠠᠨ ᠪᠣᠷᠭᠠᠰᠤ

ᠲ᠋ᠠᠪᠤᠨ ᠮᠦᠰᠤᠨ ᠤ ᠭᠦᠴᠤᠨ ᠵᠢᠠᠷ

ᠲ᠋ᠠᠭᠢᠨ ᠣᠷᠭᠤᠬᠤ ᠴᠢᠨᠠᠷ ᠵᠢᠠᠷ

ᠰᠢᠠᠳᠠᠰᠤ ᠴᠢᠩᠭ᠎ᠠ ᠵᠤᠷᠢᠭ ᠵᠢᠠᠷ

ᠴᠤᠴᠠᠰᠢ ᠦᠭᠡᠶ ᠡᠷᠴᠢ ᠪᠠᠷ

ᠡᠨᠡ ᠶ‍ᠢᠷᠳᠢᠠᠴᠤ ᠶᠢᠨ ᠡᠯᠡ ᠬᠠᠯᠠ ᠳ᠋ᠤ

ᠬᠤᠤᠰ ᠦᠭᠡᠶ ᠲᠦᠯᠵᠢᠭ᠍ᠰᠡᠭᠡᠷ᠃


ᠭᠡᠷᠪᠡ ᠨᠤᠳᠤᠭ ᠤᠨ ᠭᠦᠮᠦᠰ ᠪᠣᠳᠤᠵᠤ ᠣᠯᠳᠠᠭ ᠪᠣᠯ

ᠲ᠋ᠡᠦᠭᠡᠨ ᠳᠤ ᠦᠶᠡᠷ ᠳᠤ

ᠪᠣᠭᠤᠵᠢ ᠪᠣᠷᠭᠠᠰᠤ ᠳᠠᠪᠠᠷᠢᠵᠤ ᠠᠮᠢ ᠭᠠᠷᠤᠭᠰᠠᠨ ᠣᠴᠢᠷ ᠲᠡᠶ᠂

ᠦᠯᠦᠨ ᠴᠢᠨ᠋ᠸ᠎ᠠ ᠶᠢᠨ ᠨᠢᠳᠤᠨ ᠡᠴᠠ

ᠢᠭᠴᠢ ᠪᠣᠷᠭᠠᠰᠤᠨ ᠳᠤ ᠳᠠᠯᠳᠠᠯᠠᠵᠤ ᠡᠷᠡᠭᠦᠯ ᠥᠩᠭᠡᠷᠡᠭ᠍ᠰᠡᠨ ᠶᠠᠪᠣᠳᠠᠯ ᠲᠡᠶ᠂

ᠨᠠᠢ᠌ᠷ ᠦᠭᠡᠶ ᠠᠯᠠᠯᠳᠤᠭᠠᠨ ᠳ᠋ᠤ

ᠪᠣᠷᠭᠠᠰᠤᠨ ᠣᠪᠣᠭᠠᠨ ᠳᠤ ᠨᠢᠭᠤᠭᠳᠠᠨ ᠳᠠᠮᠠᠴᠠᠯ ᠶᠠᠪᠣᠭᠤᠯᠤᠭᠰᠠᠨ ᠥᠯᠢᠭᠡᠷ ᠲᠡᠶ᠂

ᠡᠯᠪᠠᠭ᠌ ᠬᠤᠷᠢᠶᠠᠯᠳᠠ ᠶᠢᠨ ᠡᠳᠦᠷ ᠤᠳ ᠳᠤ

ᠪᠣᠷᠭᠠᠰᠤᠨ ᠭᠡᠷ ᠲᠤ ᠰᠠᠭᠢᠵᠤ ᠠᠮᠢᠳᠤᠷᠠᠯ ᠮᠠᠨᠠᠭᠰᠠᠨ ᠳᠡᠦᠭᠡ ᠲᠡᠶ᠃


ᠬᠠᠭᠳᠠ ᠭᠦᠭᠡᠷᠡᠭᠦ ᠪᠠᠷ

ᠳᠠᠩ ᠤᠨ ᠴᠢᠯᠠᠭᠤᠨ ᠢ ᠠᠶᠠᠷ ᠲᠦᠯᠭᠢᠨ

ᠭᠦᠷᠦᠰᠤᠨ ᠤ ᠭᠦᠨ ᠳᠤ ᠦᠨᠳᠦᠰᠦ ᠰᠤᠩᠭ᠋ᠠᠨ

ᠪᠣᠷᠭᠠᠰᠤᠨ ᠤ ᠰᠦᠶ᠎ᠠ ᠭᠦᠪᠦᠷᠡᠵᠤ

ᠴᠤᠤᠯ ᠤᠨ ᠭᠤᠤᠯ ᠤᠨ ᠶᠢᠡᠨ ᠠᠩᠭᠢᠷ ᠣᠭᠤᠷᠠᠭ ᠢ ᠰᠢᠮᠡᠭ᠍ᠰᠡᠭᠡᠷ

ᠣᠯᠠᠭᠠᠨ ᠪᠣᠷᠭᠠᠰᠤ ᠬᠠᠪᠣᠷ ᠲᠡᠶ ᠬᠠᠮᠳᠤ ᠳᠡᠭᠡᠯᠵᠡᠨ᠎ᠡ᠃

ᠦᠨᠳᠦᠷ ᠠᠭᠤᠯᠠ ᠶᠢᠨ ᠴᠠᠷᠠᠰᠤ᠂ ᠬᠤᠰᠤ ᠲᠡᠶ ᠳᠠᠷᠠ ᠮᠥᠴᠡᠭᠡᠷᠭᠡᠭᠦ ᠥᠭᠡᠢ

ᠬᠤᠪᠢᠯ ᠭᠦᠡᠳᠡᠢ ᠶᠢᠨ ᠳᠡᠷᠡᠰᠤ᠂ ᠰᠥᠭᠡᠭ᠌ ᠲᠡᠶ ᠳᠠᠷᠠ ᠠᠳᠠᠭᠠᠷᠬᠠᠬᠤ ᠥᠭᠡᠢ

ᠳᠠᠠᠵᠢ ᠭᠦᠪᠠᠭᠡᠨ ᠳ᠋ᠠᠭᠢ ᠦᠷᠢᠯ᠂ ᠮᠣᠢ᠌ᠯ ᠲᠡᠶ ᠳᠠᠷᠠ ᠠᠳᠠᠯᠢᠳᠬᠠᠬᠤ ᠥᠭᠡᠢ

ᠵᠠᠮ ᠳᠠᠭᠠᠭᠰᠠᠨ ᠣᠯᠢᠶᠠᠰᠤ᠂ ᠨᠠᠷᠠᠰᠤ ᠲᠡᠶ ᠳᠠᠷᠠ ᠥᠳᠡᠭᠡᠷᠭᠡᠭᠦ ᠦᠭᠡᠶ᠃

ᠣᠯᠠᠭᠠᠨ ᠪᠣᠷᠭᠠᠰᠤ

ᠣᠰᠤᠨ ᠤ ᠭᠦᠪᠠᠭᠡ ᠳᠠᠭᠠᠵᠤ

ᠨᠤᠳᠤᠭ ᠶᠢᠡᠨ ᠰᠠᠭᠢᠭᠰᠠᠨ ᠬᠤᠪᠢᠯᠭᠠᠨ ᠮᠤᠷᠢ ᠪᠣᠯᠵᠤ ᠬᠤᠷᠭᠤᠳᠠᠨ

ᠣᠩᠭ᠋ᠤᠨ ᠳᠠᠯ ᠶᠢᠡᠨ ᠰᠠᠭᠰᠠᠯᠵᠠᠭᠤᠯᠤᠨ

ᠣᠨᠠᠭᠠᠨ ᠲ᠋ᠠᠭᠤᠨ ᠶᠢᠡᠷ ᠦᠤᠷᠰᠠᠨ᠎ᠠ᠃

ᠣᠷᠭᠤᠬᠤ ᠨᠠᠷᠠᠨ ᠤ ᠳᠤᠶᠠᠭᠠᠨ ᠳ᠋ᠤ

ᠣᠨᠠᠬᠤ ᠨᠠᠷᠠᠨ ᠤ ᠳᠤᠯᠤᠩ ᠳ᠋ᠤ

ᠣᠯᠠᠭᠠᠨ ᠪᠣᠷᠭᠠᠰᠤ

ᠨᠤᠳᠤᠭ ᠶᠢᠡᠨ ᠰᠠᠨᠠᠭᠰᠠᠨ ᠭᠡᠦᠭᠡᠨ ᠭᠡᠮᠡᠷ

ᠬᠠᠢ᠌ᠷ᠎ᠠ ᠶᠢᠨ ᠮᠢᠩᠭ᠋ᠠᠨ ᠨᠠᠪᠴᠢ ᠪᠠᠨ ᠳᠠᠯᠠᠯᠤᠨ

ᠣᠶᠠᠷᠠᠭᠤᠨ ᠳᠠᠭᠤᠨ ᠶᠢᠡᠷ ᠭᠢᠩᠰᠢᠨ᠎ᠡ᠃


ᠬᠤᠶᠠᠷ ᠰᠠᠷ᠎ᠠ ᠶᠢᠨ ᠰᠠᠯᠭᠢᠨ ᠶᠢᠡᠷ ᠤᠢ᠌ᠳᠬᠠᠷ ᠶᠢᠡᠨ ᠳᠠᠢ᠌ᠯᠤᠭᠤᠯᠬᠤ ᠭᠡᠪᠠᠤ ᠳᠠᠷᠠ ︖

ᠨᠠᠭᠢᠯᠵᠠᠨ ᠨᠠᠢ᠌ᠭᠤᠬᠤ ᠳ᠋ᠠᠭᠠᠨ

ᠭᠡᠦᠭᠡᠨ ᠰᠡᠳᠭᠢᠯ ᠳᠡᠭᠡᠨ ᠶᠠᠭᠤ ᠨᠢᠭᠡ ᠶᠢ ᠪᠣᠳᠤᠳᠠᠭ ᠪᠣᠯ ︖

ᠪᠣᠯᠪᠠᠷᠠᠢ ᠪᠣᠳᠤᠯ ᠳᠠᠭᠠᠨ ᠶᠠᠭᠤ ᠨᠢᠭᠡ ᠶᠢ ᠰᠡᠳᠭᠢᠳᠡᠭ᠌ ᠪᠣᠯ ︖

ᠪᠣᠭᠢᠷᠳᠤᠵᠤ ᠪᠠᠢ᠌ᠭ᠎ᠠ ᠣᠰᠤᠨ ᠤ ᠲᠦᠯᠦᠭᠡ ᠵᠤᠪᠠᠳᠠᠭ ᠪᠢᠵᠠ ︕

ᠴᠥᠭᠡᠷᠡᠵᠤ ᠪᠠᠢ᠌ᠭ᠎ᠠ ᠰᠢᠪᠠᠭᠤᠳ ᠤᠨ ᠲᠦᠯᠦᠭᠡ ᠬᠠᠷᠠᠮᠰᠠᠳᠠᠭ ᠪᠢᠵᠠ ︕

ᠨᠤᠷᠠᠭᠠᠭᠳᠠᠵᠤ ᠪᠠᠢ᠌ᠭ᠎ᠠ ᠬᠠᠳᠠᠨ ᠤ ᠲᠦᠯᠦᠭᠡ ᠰᠢᠮᠰᠢᠷᠡᠳᠡᠭ᠌ ᠪᠢᠵᠠ ︕

ᠭᠦᠢᠰᠤ ᠳᠡᠮᠳᠡᠷᠢᠭ᠍ᠳᠡᠭᠦ ᠭᠡᠵᠤ ᠪᠠᠢ᠌ᠭ᠎ᠠ ᠣᠭᠰᠠᠭᠠᠳᠠᠨ ᠤ ᠪᠠᠨ ᠲᠦᠯᠦᠭᠡ ᠭᠤᠳᠤᠷᠠᠳᠠᠭ ᠪᠢᠵᠠ ︕

ᠣᠯᠠᠭᠠᠨ ᠪᠣᠷᠭᠠᠰᠤ

ᠴᠡᠭᠡᠨ ᠰᠢᠭᠦᠳᠡᠷᠢ ᠪᠠᠷ ᠨᠢᠯᠪᠣᠰᠤᠨ ᠳᠤᠰᠤᠯ ᠪᠣᠯᠭᠠᠨ

ᠴᠡᠯᠮᠡᠭ᠌ ᠣᠰᠤ ᠪᠠᠷ ᠭᠠᠰᠢᠭᠤᠨ ᠰᠡᠭᠦᠷᠡᠰᠤ ᠪᠣᠯᠭᠠᠨ

ᠦᠴᠦᠭᠡᠳᠦᠷ ᠤᠨ ᠳᠤᠷᠠᠰᠤᠮᠵᠢ ᠶᠢᠨ ᠲᠦᠯᠦᠭᠡ

ᠦᠨᠦᠳᠤᠷ ᠤᠨ ᠭᠠᠰᠢᠭᠤᠳᠠᠯ ᠤᠨ ᠲᠦᠯᠦᠭᠡ

ᠰᠠᠮ ᠵᠢᠠᠷ

ᠰᠠᠮ ᠵᠢᠠᠷ

ᠪᠣᠳᠤᠯᠭᠠᠰᠢᠷᠠᠨ᠎ᠠ᠃


ᠣᠯᠠᠭᠠᠨ ᠪᠣᠷᠭᠠᠰᠤ ᠭᠡᠷᠪᠡ

ᠬᠤᠭᠤᠷᠠᠬᠤ ᠡᠴᠠ ᠪᠢᠰᠢ ᠨᠤᠭᠤᠷᠠᠳᠠᠭ ᠦᠭᠡᠶ ᠪᠣᠯ

ᠣᠯᠠᠭᠠᠨ ᠪᠣᠷᠭᠠᠰᠤ ᠭᠡᠷᠪᠡ

ᠬᠤᠭᠤᠷᠠᠭᠰᠠᠨ ᠴᠤ ᠰᠤᠭᠤᠷᠠᠳᠠᠭ ᠦᠭᠡᠶ ᠪᠣᠯ

ᠴᠤᠤᠯ ᠤᠨ ᠭᠤᠤᠯ ᠤᠨ ᠡᠷᠭᠢ ᠬᠠᠮᠢᠭ᠎ᠠ ᠭᠦᠷᠳᠡᠭ᠌ ᠪᠣᠯ ︖

ᠴᠤᠤᠯ ᠤᠨ ᠭᠤᠤᠯ ᠤᠨ ᠣᠰᠤ ᠬᠠᠮᠢᠭ᠎ᠠ ᠰᠢᠷᠭᠢᠳᠡᠭ᠌ ᠪᠣᠯ ︖

ᠣᠯᠠᠭᠠᠨ ᠪᠣᠷᠭᠠᠰᠤ ᠭᠡᠷᠪᠡ ᠴᠢᠨᠠᠷ ᠭᠦᠢᠰᠤ ᠲᠡᠶ ᠪᠣᠯ

ᠡᠷ᠎ᠡ ᠵᠤᠷᠢᠭ ᠢ ᠡᠪᠦᠷᠯᠡᠵᠤ

ᠡᠵᠡᠭ᠍ᠳᠡᠢ ᠶᠢᠨ ᠬᠤᠪᠢ ᠵᠠᠶᠠᠭᠠᠭᠰᠠᠨ

ᠠᠮᠢᠵᠢᠷᠠᠯ ᠢᠳᠠᠮᠯᠠᠯ ᠤᠨ ᠠᠷᠢᠭᠤᠨ ᠪᠦᠷᠢᠯᠸ᠎ᠡ ᠪᠠᠢ᠌ᠬᠤ ᠶᠤᠰᠤᠳᠠᠢ ︕

ᠣᠯᠠᠭᠠᠨ ᠪᠣᠷᠭᠠᠰᠤ ᠭᠡᠷᠪᠡ

ᠬᠠᠢ᠌ᠷ᠎ᠠ ᠶᠢᠨ ᠭᠦᠴᠤᠨ ᠳᠤ ᠳᠡᠭᠡᠢ᠌ᠨ

ᠨᠠᠷᠠᠨ ᠤ ᠭᠡᠷᠡᠯ ᠢ ᠰᠢᠩᠭᠡᠭᠡᠵᠤ

ᠭᠦᠷᠦᠰᠤᠨ ᠤ ᠰᠢᠮ᠎ᠠ ᠶᠢ ᠠᠭᠤᠰᠬᠠᠨ

ᠣᠰᠤᠨ ᠤ ᠠᠷᠢᠭᠤᠨ ᠢ ᠠᠮᠳᠠᠯᠠᠨ

ᠭᠦᠡᠳᠡᠢ ᠶᠢᠨ ᠮᠠᠨᠠᠨ ᠳᠤ ᠰᠤᠭᠳᠤᠭᠤᠷᠠᠨ

ᠠᠯᠤᠰ ᠤᠨ ᠴᠡᠩᠭᠡᠷ ᠠᠭᠤᠯᠠᠰ ᠲᠤ ᠰᠤᠨᠢᠭᠤᠴᠠᠨ

ᠣᠷᠤᠰᠬᠤ ᠭᠤᠤᠯ ᠤᠨ ᠥᠵᠦᠭᠦᠷ ᠢ ᠪᠠᠷᠠᠭᠠᠯᠠᠨ

ᠪᠣᠴᠠᠬᠤ ᠭᠠᠯᠠᠭᠤᠨ ᠤ ᠳᠤᠭ᠎ᠠ ᠶᠢ ᠳᠤᠭᠠᠯᠠᠨ

ᠡᠳᠦᠷ ᠰᠠᠷ᠎ᠠ ᠶᠢᠨ ᠦᠴᠢᠯ ᠢ ᠳᠤᠭᠤᠯᠵᠤ ᠶᠠᠪᠣᠨ᠎ᠠ ᠃

ᠬᠠᠪᠣᠷ ᠤᠨ ᠬᠠᠯᠢᠶ᠎ᠠ ᠳᠡᠭᠦᠨ ᠤ ᠮᠦᠷᠦᠭᠡᠳᠦᠯ ᠢ ᠢᠯᠪᠢᠵᠤ᠂

ᠬᠠᠪᠣᠷ ᠤᠨ ᠰᠠᠯᠭᠢ ᠳᠡᠭᠦᠨ ᠤ ᠭᠦᠰᠡᠯᠡᠩ ᠢ ᠭᠦᠭᠡᠷᠭᠡᠳᠡᠨ᠂

ᠬᠠᠨᠠᠭᠠᠷ ᠳᠡᠯᠡᠭᠡᠢ ᠶᠢᠨ ᠦᠷᠤᠴᠠᠨ ᠳ᠋ᠤ

ᠴᠤᠤᠯ ᠤᠨ ᠭᠤᠤᠯ ᠤᠨ ᠶᠢᠡᠨ ᠭᠡᠪᠠᠯᠢ ᠳ᠋ᠤ

ᠣᠯᠠᠭᠠᠨ ᠪᠣᠷᠭᠠᠰᠤ

ᠠᠮᠢᠵᠢᠷᠠᠯ ᠲᠦᠯᠵᠢᠯ ᠤᠨ ᠳᠤᠮᠤᠭ ᠴᠦᠷᠭᠦᠭᠦᠯᠵᠤ ᠶᠠᠪᠣᠨ᠎ᠠ᠃2011᠂ 4᠂ 8ᠪᠠᠷ


ᠵᠤᠬᠢᠶᠠᠭᠴᠢ ᠶᠢᠨ ᠬᠠ‍‌ᠶᠢᠭ ᠄ ᠭᠢᠩᠭᠠᠨ ᠠᠢ᠌ᠮᠠᠭ ᠤᠨ ᠵᠠᠯᠠᠢ᠌ᠳ ᠬᠤᠰᠢᠭᠤᠨ ᠤ ᠶᠠᠨᠳᠠᠷ ᠳᠠᠭᠢ ᠵᠢᠷᠭᠤᠳᠤᠭᠠᠷ ᠰᠤᠷᠭᠠᠭᠤᠯᠢ

ᠵᠤᠬᠢᠶᠠᠭᠴᠢ᠄ ᠯᠢ ᠳᠢᠶᠠᠨ ᠰᠢ
ᠬᠠᠷᠢᠶ᠎ᠠ᠄ ᠰᠢᠯᠦᠭ
ᠳᠠᠷᠤᠮ᠄ 1916
ᠴᠠᠭ᠄ 2012 ᠤᠨ ᠤ 04 ᠰᠠᠷ᠎ᠠ ᠶᠢᠨ 07