ᠨᠢᠭᠡ ᠯᠠ ᠮᠡᠳᠡᠭᠦ ᠳᠤ ᠪᠢ ᠴᠢᠮ᠎ᠠ ᠶᠢ ᠭᠡᠭᠡᠴᠢᠭᠡᠭ᠍ᠰᠡᠨ ᠪᠠᠢ᠌ᠯ᠎ᠠ

ᠢᠨᠢᠶᠠᠯ ᠳᠤᠭᠳᠤᠯᠤᠯ ᠢᠷᠠᠨ ᠢᠷᠠᠨ ᠪᠣᠴᠠᠬᠤ ᠡᠳᠦᠷ ᠬᠤᠨᠤᠭ ᠳᠤᠭᠠᠯᠠᠨ

         ᠨᠢᠮᠭᠡᠷᠡᠨ ᠬᠤᠭᠤᠰᠤᠷᠠᠭᠰᠠᠭᠠᠷ

ᠣᠭᠢᠯᠠᠯ ᠣᠶᠠᠷᠠᠯ ᠬᠣᠢ᠌ᠯᠠᠷᠠᠨ ᠬᠣᠢ᠌ᠯᠠᠷᠠᠨ ᠨᠠᠮᠳᠠᠬᠤ ᠭᠤᠪᠢ ᠶᠢᠨ ᠰᠠᠯᠭᠢᠨ ᠳ᠋ᠤ

         ᠬᠤᠮᠢᠭᠳᠠᠨ ᠭᠡᠢ᠌ᠰᠦᠭ᠍ᠰᠡᠭᠡᠷ

ᠢᠳᠡᠭᠡᠯ ᠮᠦᠷᠦᠭᠡᠳᠦᠯ ᠣᠷᠭᠤᠨ ᠣᠷᠭᠤᠨ ᠣᠨᠠᠬᠤ ᠨᠠᠷᠠᠨ ᠤ ᠰᠠᠴᠤᠷᠠᠭ ᠳᠠᠢ

         ᠭᠢᠯᠠᠰᠤᠨ ᠬᠤᠯᠠᠳᠠᠭᠰᠠᠭᠠᠷ

ᠡᠩᠰᠡᠷᠡᠯ ᠭᠠᠭᠴᠠᠭᠠᠷᠳᠠᠯ ᠡᠷᠭᠢᠨ ᠡᠷᠭᠢᠨ ᠣᠷᠴᠢᠬᠤ ᠴᠠᠭ ᠮᠦᠴᠡ ᠵᠢᠨ  

         ᠡᠯᠡᠭᠡᠯᠳᠡ ᠳᠤ ᠨᠥᠭ᠍ᠴᠢᠭ᠍ᠰᠡᠭᠡᠷ

ᠨᠢᠭᠡ ᠯᠠ ᠮᠡᠳᠡᠭᠦ ᠳᠤ ᠪᠢ ᠴᠢᠮ᠎ᠠ ᠶᠢ ᠭᠡᠭᠡᠴᠢᠭᠡᠭ᠍ᠰᠡᠨ ᠪᠠᠢ᠌ᠯ᠎ᠠ

ᠬᠠᠮᠤᠭ ᠤᠨ ᠳᠠᠰᠤᠯ ᠪᠠᠢ᠌ᠭᠰᠠᠨ ᠭᠦᠮᠤᠨ ᠮᠠᠨᠢ ᠳᠠᠨᠢᠯ ᠪᠣᠰᠤ ᠪᠣᠯᠤᠭᠰᠠᠨ ᠪᠠᠢ᠌ᠯ᠎ᠠ

ᠳᠠᠪᠭᠢᠯᠳᠤᠵᠤ ᠣᠳᠤᠭᠰᠠᠨ ᠠᠳᠤᠭᠤᠳ ᠤᠨ ᠪᠠᠷ᠎ᠠ ᠰᠢᠭ

ᠡᠪᠠᠰᠤᠨ ᠤ ᠨᠠᠪᠴᠢᠨ ᠳᠤ ᠰᠢᠷᠭᠡᠭ᠌ ᠳᠤᠭᠤᠰᠤ ᠥᠯᠡᠳᠡᠭᠡᠭ᠍ᠰᠡᠨ ᠴᠤ ᠶᠠᠭᠠᠭᠢᠬᠤᠪ

         ᠥᠵᠡᠭᠡᠳ ᠠᠮᠠᠷᠠᠬᠤ ᠪᠣᠢ

ᠳᠡᠭ᠍ᠳᠡᠵᠤ ᠮᠠᠠᠳᠤᠭᠰᠠᠨ ᠦᠷᠯᠦᠭᠡᠨ ᠤ ᠨᠠᠷᠠᠨ ᠳᠤ

ᠬᠤᠷᠤᠮᠬᠠᠨ ᠡᠭ᠍ᠰᠢᠭᠦ ᠰᠢᠭᠦᠳᠡᠷᠢ ᠶᠢᠨ ᠣᠰᠤᠨ ᠰᠢᠭ ᠲᠦᠷ ᠬᠤᠷᠭᠤᠳᠠᠭᠰᠠᠨ ᠴᠤ ᠶᠠᠭᠠᠭᠢᠮᠠᠢ

         ᠬᠠᠷᠠᠵᠤ ᠳᠠᠢ᠌ᠳᠬᠤᠷᠠᠬᠤ ᠪᠣᠢ

ᠬᠠᠢ᠌ᠨ ᠳᠡᠭᠡᠭᠦ ᠳᠤ ᠴᠢᠮᠡᠭᠡ ᠠᠨᠢᠷ ᠦᠭᠡᠶ ᠳᠠᠯᠳᠠᠷᠠᠨ ᠣᠳᠤᠭᠰᠠᠨ ᠨᠢ ᠴᠢᠨᠤ ᠪᠠᠷ᠎ᠠ ᠪᠠᠢ᠌ᠯ᠎ᠠ

ᠬᠠᠮᠢᠭᠠᠰᠢ ᠪᠠᠨ ᠴᠤ ᠦᠭᠡᠶ ᠳᠦᠭ᠍ᠳᠡᠷᠡᠵᠤ ᠬᠤᠴᠤᠷᠤᠭᠰᠠᠨ ᠨᠢ ᠮᠢᠨᠤ ᠰᠡᠳᠭᠢᠯ ᠪᠠᠢ᠌ᠯ᠎ᠠ


           2011.2.24


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠬᠤᠳᠠ ᠢᠨᠪᠠᠭᠠᠷᠢᠨ ᠪᠠᠷᠠᠭᠤᠨ ᠬᠤᠰᠢᠭᠤᠨ ᠤ ᠰᠢᠪᠠᠷᠳᠠᠢ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠰ·ᠮᠥᠩᠭᠡᠨᠡᠷᠡᠰᠤ
ᠬᠠᠷᠢᠶ᠎ᠠ᠄ ᠰᠢᠯᠦᠭ
ᠳᠠᠷᠤᠮ᠄ 1796
ᠴᠠᠭ᠄ 2011 ᠤᠨ ᠤ 02 ᠰᠠᠷ᠎ᠠ ᠶᠢᠨ 27