ᠮᠢᠨᠤ ᠬᠠᠢ᠌ᠷ᠎ᠠ ᠶᠢᠨ ᠦᠷᠯᠦᠭᠡ

ᠴᠠᠰᠤᠨ ᠡᠴᠠ ᠪᠣᠯᠳᠠᠢ᠌ᠬᠤ ᠨᠤᠭᠤᠭ᠎ᠠ ᠨᠢ ᠰᠤᠶᠤᠭ᠎ᠠ

ᠴᠡᠴᠡᠭᠯᠡᠭᠦ ᠶᠢ ᠭᠦᠰᠡᠭ᠍ᠰᠡᠨ ᠮᠢᠨᠤ ᠰᠠᠨᠠᠭ᠎ᠠ

ᠳᠤᠷᠤᠨ᠎ᠠ ᠡᠴᠠ ᠮᠠᠠᠳᠤᠭᠰᠠᠨ ᠣᠯᠠᠪᠣᠷ ᠳᠤᠶᠠᠭ᠎ᠠ

ᠳᠤᠳᠤᠨᠤ ᠴᠢᠨᠤ ᠴᠡᠪᠠᠷᠭᠡᠨ ᠴᠢᠷᠠᠢ

ᠦᠷᠯᠦᠭᠡ ᠶᠢ ᠭᠦᠭ᠍ᠵᠢᠭᠡᠭ᠍ᠰᠡᠨ ᠰᠢᠪᠠᠭᠤᠳ ᠤᠨ ᠵᠢᠷᠭᠢᠭᠡ

ᠣᠢ᠌ᠯᠠᠰ ᠲᠤ ᠣᠷᠢᠶᠠᠯᠠᠭᠰᠠᠨ ᠠᠮᠢᠯᠠᠯ ᠤᠨ ᠪᠦᠷᠢᠶ᠎ᠡ

ᠰᠠᠷᠠᠪᠴᠢ ᠪᠠᠷ ᠳᠤᠰᠤᠭᠰᠠᠨ ᠰᠠᠴᠤᠷᠠᠭ ᠭᠡᠷᠡᠯ

ᠰᠠᠨᠠᠵᠤ ᠳᠠᠭᠤᠳᠠᠭᠰᠠᠨ ᠵᠢᠷᠦᠭᠡ ᠨᠢ ᠣᠷᠢᠶ᠎ᠠ

ᠡᠷᠴᠢᠳᠡᠢ ᠪᠠᠢ᠌ᠳᠠᠭ ᠭᠦᠳᠡᠭᠡ ᠶᠢᠨ ᠰᠠᠯᠭᠢ

ᠳᠠᠰᠪᠣᠷᠢ ᠶᠢ ᠰᠤᠷᠭᠠᠭᠰᠠᠨ ᠠᠮᠢᠳᠤᠷᠠᠯ ᠤᠨ ᠭᠢᠴᠢᠶᠡᠯ

ᠡᠭᠦᠯᠡᠨ ᠡᠴᠠ ᠪᠠᠭᠤᠭᠰᠠᠨ ᠬᠤᠷ᠎ᠠ ᠶᠢᠨ ᠰᠢᠪᠠᠷᠡᠭᠡ

ᠰᠠᠢ᠌ᠨ ᠢ ᠮᠢᠨᠢ ᠢᠷᠦᠭᠡᠭ᠍ᠰᠡᠨ ᠡᠪᠦᠭᠡᠳ ᠤᠨ ᠮᠢᠨᠢ ᠢᠷᠦᠭᠡᠯ

ᠵᠠᠯᠠᠭᠠᠤᠬᠠᠨ ᠪᠠᠢ᠌ᠳᠠᠭ ᠦᠷᠯᠦᠭᠡ ᠶᠢᠨ ᠨᠠᠷᠠ

ᠬᠠᠯᠠᠭᠤᠬᠠᠨ ᠪᠠᠢ᠌ᠳᠠᠭ ᠡᠵᠢ ᠶᠢᠨ ᠮᠢᠨᠢ ᠦᠷᠤ

ᠰᠠᠨᠠᠵᠤ ᠶᠠᠪᠣᠳᠠᠭ ᠡᠵᠢ ᠶᠢᠨ ᠴᠠᠭᠠᠨ ᠰᠠᠨᠠᠭ᠎ᠠ

ᠰᠠᠨᠠᠭᠤᠯᠠᠵᠤ ᠵᠢᠷᠭᠠᠳᠠᠭ ᠮᠢᠨᠤ ᠰᠥᠵᠦᠭ᠌ ᠮᠠᠨᠠᠭ᠎ᠠ

ᠦᠷᠯᠦᠭᠡ ᠭᠡᠳᠡᠭ᠌ ᠨᠠᠷᠠ ᠲᠡᠶ ᠳᠠᠭᠠᠨ ᠵᠠᠯᠠᠭᠤᠬᠠᠨ ᠪᠠᠢ᠌ᠨ᠎ᠠ

ᠡᠵᠢ ᠭᠡᠳᠡᠭ᠌ ᠦᠷ᠎ᠡ ᠲᠡᠶ ᠳᠠᠭᠠᠨ ᠭᠤᠶᠤᠬᠠᠨ ᠪᠠᠢ᠌ᠨ᠎ᠠ

ᠦᠷᠯᠦᠭᠡ ᠳᠤ ᠬᠠᠢ᠌ᠷ᠎ᠠ ᠲᠡᠶ ᠮᠢᠨᠤ ᠰᠡᠳᠭᠢᠯ ᠤᠨ ᠣᠶᠠᠭ᠎ᠠ

ᠢᠨᠠᠭ ᠤᠨ ᠮᠢᠨᠢ ᠵᠢᠷᠦᠭᠡᠨ ᠳᠤ ᠢᠵᠢᠯᠭᠡᠨ ᠪᠠᠢ᠌ᠨ᠎ᠠ

ᠬᠠᠨᠢᠯᠠᠭᠰᠠᠨ ᠬᠤᠶᠠᠷ ᠨᠢ ᠡᠪᠦᠭᠡᠷᠳᠡᠭ᠌ ᠴᠤ

ᠬᠠᠢ᠌ᠷ᠎ᠠ ᠶᠢᠨ ᠰᠢᠪᠨᠡᠭᠡ ᠨᠢ ᠡᠥᠳᠡᠯᠳᠡᠭ᠌ ᠦᠭᠡᠶ ᠶᠤᠮ ᠡ︕ 

ᠬᠠᠢ᠌ᠷᠠᠯᠠᠵᠤ ᠶᠠᠪᠣᠬᠤ ᠭᠦᠮᠤᠨ ᠠᠷᠠᠤᠨ

ᠬᠠᠨᠢᠯᠠᠵᠤ ᠰᠠᠭᠤᠬᠤ ᠮᠢᠨᠤ ᠬᠠᠢ᠌ᠷ᠎ᠠ ᠶᠢᠨ ᠮᠢᠨᠢ ᠦᠷᠯᠦᠭᠡ᠃


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠢᠯᠢ ᠴᠢᠩᠭᠢᠰ ᠴᠠᠭᠠᠨ ᠣᠰᠤ

ᠵᠤᠬᠢᠶᠠᠭᠴᠢ᠄ ᠥᠭᠡᠯᠡᠳ ᠪᠢᠮᠪᠠ ᠶᠢᠨ ᠪᠠᠶᠠᠠᠳᠤᠬᠤᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1601
ᠴᠠᠭ᠄ 2010 ᠤᠨ ᠤ 12 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ