ᠠᠷᠠᠤᠨ ᠤᠨ ᠳᠠᠭᠤᠤ ᠶᠢᠨ ᠠᠶ᠎ᠠ

ᠠᠷᠠᠤᠨ ᠤᠨ ᠳᠠᠭᠤᠤ ᠶᠢᠨ ᠠᠶ᠎ᠠ ᠪᠣᠯ

ᠠᠭᠳᠠ ᠶᠢᠨ ᠳᠠᠯ ᠶᠢᠡᠷ ᠭᠠᠩᠬᠤᠵᠤ ᠶᠠᠪᠣᠭ᠎ᠠ

ᠠᠪᠣ ᠶᠢᠨ ᠰᠠᠢ᠌ᠬᠠᠨ ᠠᠭᠠᠰᠢ

ᠠᠯᠤᠰ ᠡᠴᠡ ᠰᠦᠮᠠᠯᠵᠠᠨ ᠢᠷᠡᠭᠦ

ᠡᠵᠡᠨ ᠴᠢᠩᠭᠢᠰ ᠤᠨ ᠶᠡᠭᠡ ᠴᠡᠷᠢᠭ᠌ ᠤᠨ

ᠠᠩᠨᠠᠵᠤ ᠠᠢ᠌ᠰᠤᠢ

ᠭᠦᠯᠦᠭ᠌ ᠮᠤᠷᠢᠳ ᠤᠨ ᠳᠦᠷᠪᠠᠭᠡᠨ ᠪᠣᠶᠤ ᠥᠤᠷᠰᠡᠭᠡᠨ

ᠡᠷᠢᠯ ᠬᠠᠢ᠌ᠯᠳᠠ ᠶᠢᠨ

ᠡᠭᠢᠨ ᠤ ᠴᠠᠭᠠᠨ ᠮᠦᠷ ᠡᠴᠡ

ᠡᠴᠦᠰ ᠤᠨ ᠬᠠᠯᠠᠭᠤᠨ ᠣᠯᠠ ᠭᠦᠷᠳᠡᠯᠡᠭᠢ

ᠠᠶᠠᠨ ᠤ ᠵᠥᠷᠢᠭ᠌ ᠳᠦᠭᠦᠷᠡᠩ ᠴᠠᠯᠭᠢᠬᠤ ᠰᠠᠤᠠᠭᠢᠯ ᠪᠣᠶᠤ

ᠡᠵᠡᠨ ᠭᠦᠦᠰᠢ ᠶᠢᠨ ᠠᠶᠠᠯᠠᠯ᠃

ᠠᠷᠠᠤᠨ ᠤᠨ ᠳᠠᠭᠤᠤ ᠶᠢᠨ ᠠᠶ᠎ᠠ ᠪᠣᠯ

ᠡᠵᠢ ᠶᠢᠨ ᠮᠢᠨᠢ

ᠡᠴᠢᠭᠡ ᠶᠢ ᠥᠭᠡᠢ᠌ᠯᠡᠨ ᠰᠠᠨᠠᠬᠤ ᠦᠶ᠎ᠡ ᠶᠢᠨ

ᠡᠯᠢᠭᠡ ᠡᠮᠳᠡᠷᠡᠨ ᠪᠠᠷᠠᠯᠠᠬᠤ

ᠬᠠᠷᠠᠭᠠᠨ ᠤ ᠱᠤᠭᠤᠮ ᠤᠨ ᠲᠦᠪᠯᠡᠷᠠᠯ

ᠡᠷ᠎ᠡ ᠭᠦᠮᠤᠨ ᠡᠮᠵᠡᠭ᠌ ᠬᠠᠢ᠌ᠷ᠎ᠠ ᠶᠢᠨ ᠶᠢᠡᠨ ᠳᠤᠯᠭᠠᠨ ᠳᠤ ᠳᠦᠷᠡᠯᠵᠡᠨ

ᠡᠭᠡ ᠣᠷᠤᠨ ᠤ ᠴᠡᠩᠭᠡᠷ ᠵᠢᠪᠠᠷ ᠶᠢᠡᠷ

ᠡᠵᠡᠭᠦᠢ ᠭᠡᠭᠡᠷ᠎ᠡ ᠪᠠᠷ ᠣᠢ᠌ᠳᠤᠨ ᠣᠢ᠌ᠳᠤᠨ ᠳᠠᠪᠭᠢᠬᠤ ᠶᠢᠨ ᠳᠤᠪᠳᠤᠯᠭᠠᠨ

ᠡᠭᠡ ᠣᠷᠤᠨ ᠶᠢᠡᠨ ᠰᠠᠨᠠᠨ ᠰᠠᠨᠠᠬᠤ ᠶᠢᠨ ᠢᠰᠭᠡᠷᠦᠭᠡᠨ᠃

ᠠᠷᠠᠤᠨ ᠤᠨ ᠳᠠᠭᠤᠤ ᠶᠢᠨ ᠠᠶ᠎ᠠ ᠪᠣᠯ

ᠲᠦᠮᠡᠨ ᠠᠷᠠᠤᠨ ᠤᠨ ᠭᠦᠯᠦᠰᠤ ᠨᠡᠪᠴᠢᠭ᠍ᠰᠡᠨ

ᠳᠦᠷᠦᠭ᠍ᠰᠡᠨ ᠰᠢᠷᠤᠢ ᠶᠢᠨ ᠦᠨᠦᠷ

ᠳᠤᠭᠤᠰᠤᠷᠠᠨ ᠢᠷᠡᠭᠦ ᠰᠥᠷᠦᠭ᠌ ᠤᠨ

ᠳᠤᠭᠤᠷᠠᠢ ᠰᠤᠯᠠᠷᠠᠬᠤ

ᠲᠦᠮᠡᠨ ᠣᠨ ᠤ ᠥᠳᠦᠭ᠌ ᠲᠡᠶ ᠰᠢᠷ᠎ᠠ ᠪᠠᠭᠤᠷᠢ ᠪᠣᠶᠤ

ᠳᠦᠷᠦᠭᠡ ᠱᠥᠷᠭᠦᠭᠡᠨ ᠨᠠᠢ᠌ᠭᠤᠬᠤ ᠡᠪᠠᠰᠤᠨ ᠤ ᠭᠦᠷᠡᠩ ᠳᠤᠯᠤᠭᠠᠢ᠃

ᠠᠷᠠᠤᠨ ᠤᠨ ᠳᠠᠭᠤᠤ ᠶᠢᠨ ᠠᠶ᠎ᠠ ᠪᠣᠯ

ᠮᠢᠩᠭ᠋ᠠᠨ ᠠᠪᠣ ᠶᠢᠨ ᠣᠢ᠌ᠤᠠᠬᠠᠷ ᠢ ᠳᠠᠢ᠌ᠯᠬᠤ

ᠮᠢᠷᠠᠯᠵᠠᠨ ᠵᠥᠰᠡᠷᠡᠭᠦ ᠪᠣᠷᠤᠭᠠᠨ ᠤ ᠰᠢᠪᠠᠷᠭᠡᠨ

ᠲᠦᠮᠡᠨ ᠡᠵᠢ ᠶᠢᠨ ᠵᠤᠪᠠᠯ ᠢ ᠠᠷᠢᠯᠭᠠᠬᠤ

ᠳᠦᠷᠦᠭᠦᠴᠢ ᠬᠤᠨ ᠤ ᠵᠠᠯᠯᠠᠵᠤ ᠬᠤᠰᠢᠭᠤᠷᠠᠬᠤ ᠭᠠᠩᠭ᠋ᠠᠨᠠᠭ᠎ᠠ᠃

ᠠᠷᠠᠤᠨ ᠤᠨ ᠳᠠᠭᠤᠤ ᠶᠢᠨ ᠠᠶ᠎ᠠ ᠪᠣᠯ

ᠪᠣᠮᠠᠨ ᠪᠣᠭᠤᠷᠤᠯ ᠡᠪᠦᠭᠡᠤᠨ ᠤᠨ ᠰᠠᠤᠠᠭᠢᠯ ᠡᠴᠡ

ᠰᠠᠶ᠎ᠠ ᠡᠮᠰᠡᠭᠡᠷ ᠡᠵᠢ ᠶᠢᠨ ᠰᠠᠤᠠᠭᠢᠯ ᠭᠦᠷᠳᠡᠯᠡᠭᠢ

ᠣᠷᠤᠨ ᠵᠠᠢ ᠳ᠋ᠠᠭᠢ

ᠣᠭᠢᠯᠠᠵᠤ ᠳᠠᠭᠤᠯᠠᠬᠤ ᠶᠢᠨ ᠳᠦᠷᠡᠯᠵᠡᠯ

ᠳᠤᠭᠤᠯᠵᠤ ᠭᠠᠳᠤᠯᠬᠤ ᠵᠤᠪᠠᠯ ᠪᠠᠶᠠᠰᠤᠯ ᠤᠨ ᠳᠠᠪᠠᠯᠵᠠᠯ

ᠠᠷᠠᠤᠨ ᠤᠨ ᠳᠠᠭᠤᠤ ᠶᠢᠨ ᠠᠶ᠎ᠠ ᠪᠣᠯ

ᠦᠨᠡᠨ ᠬᠠᠢ᠌ᠷ᠎ᠠ ᠶᠢᠨ ᠭᠢᠯᠢ ᠳᠠᠪᠠᠬᠤ

ᠡᠭᠦᠷᠢᠳᠡ ᠶᠢᠨ ᠴᠠᠢ᠌ᠯᠭᠠᠨ

ᠳᠤᠷᠭᠠᠨ ᠰᠠᠤᠠᠭᠢᠯ ᠤᠨ ᠴᠢᠯᠦᠭᠡᠵᠢᠯ ᠪᠣᠶᠤ ᠨᠡᠪᠳᠡᠷᠡᠯᠴᠡᠭᠡ᠃

ᠠᠷᠠᠤᠨ ᠤᠨ ᠳᠠᠭᠤᠤ ᠶᠢᠨ ᠠᠶ᠎ᠠ ᠪᠣᠯ

ᠬᠠᠢ᠌ᠷ᠎ᠠ ᠠᠮᠢᠳᠤᠷᠠᠯ ᠤᠨ ᠪᠣᠴᠠᠯᠤᠯ

ᠬᠠᠯᠭᠢᠬᠤ ᠳᠠᠪᠠᠯᠭᠠᠨ ᠤ ᠱᠤᠤᠭᠢᠶᠠᠨ

ᠬᠠᠨᠢ ᠳᠠᠭᠠᠨ ᠬᠠᠮᠤᠭ ᠡᠴᠡ ᠣᠢ᠌ᠷᠠᠬᠠᠨ ᠊ᠭ᠍ᠱᠡᠨ

ᠬᠠᠯᠠᠭᠤᠴᠠᠯ ᠭᠦᠪᠪᠦᠯᠵᠡᠯ ᠤᠨ ᠬᠠᠮᠤᠭ ᠦᠨᠳᠦᠷ ᠲᠦᠪᠰᠢᠨ᠃


(ᠭᠦᠭᠡᠰᠢᠯᠢ ᠶᠢᠨ《ᠵᠠᠪᠠᠭ ᠲᠤ ᠬᠠᠳᠠᠭᠠᠯᠠᠭᠰᠠᠨ ᠪᠦᠷᠦᠢ》 ᠰᠢᠯᠦᠭ᠌ ᠤᠨ ᠳᠡᠭᠦᠪᠦᠷᠢ ᠡᠴᠡ)

ᠵᠤᠬᠢᠶᠠᠭᠴᠢ᠄ ᠭᠦᠭᠡᠰᠢᠯᠢ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 2342
ᠴᠠᠭ᠄ 2006 ᠤᠨ ᠤ 07 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁