ᠰᠢᠷᠭᠡᠭ᠌ ᠭᠤᠨᠢᠭ

ᠦᠷ ᠵᠢᠠᠷ

ᠰᠠᠯᠭᠢ ᠭᠦᠯᠦᠭᠯᠡᠭ᠍ᠰᠡᠭᠡᠷ

ᠴᠡᠴᠡᠭ᠌ ᠤᠨ ᠠᠩᠭᠢᠯᠤᠮ᠎ᠠ ᠦᠨᠦᠷ

ᠰᠤᠷᠮᠤᠤᠰᠤ ᠢᠷᠪᠢᠭᠢᠨᠡᠭᠦᠯᠤᠨ ᠪᠦᠵᠢᠨ᠎ᠡ

ᠭᠢᠮᠤᠰᠤᠨ ᠳᠤᠯᠢᠨ ᠳᠡᠭᠡᠷ᠎ᠡ ᠰᠠᠭᠤᠭᠰᠠᠨ ᠰᠢᠭᠦᠷ ᠬᠤᠷᠤᠬᠠᠢ ᠡ

ᠳᠤᠯᠪᠣ ᠪᠣᠯᠭᠠᠨ ᠴᠢᠨᠢ ᠮᠦᠷᠦᠭᠡᠳᠦᠯ ᠤᠨ ᠭᠡ ᠦᠦ ︖

ᠡᠭᠦᠯᠡᠨ ᠳᠤᠯᠤᠭᠠᠢ ᠰᠢᠭᠦᠷᠦᠮ᠎ᠡ ᠪᠦᠷᠭᠦᠤᠨ ᠤᠨ ᠳᠠᠯᠠᠪᠴᠢ ᠡᠴᠠ

ᠰᠢᠷᠭᠡᠭ᠌ ᠦᠳᠦ ᠨᠢ ᠴᠤ ᠴᠢᠨᠤᠭᠢ ᠪᠢᠰᠢ ᠰᠢᠤ

ᠰᠢᠯᠦᠭ᠍ᠴᠢ ᠭᠡᠭᠦᠯᠡᠷ ᠴᠢ ᠨᠠᠩ ᠴᠤ ᠪᠢᠰᠢ ᠰᠢᠤ

ᠭᠤᠨᠢᠳᠠᠭ ᠦᠦ ︖ ᠴᠢ

ᠴᠡᠴᠡᠭ᠌ ᠤᠨ ᠰᠢᠭᠦᠳᠡᠷᠢ ᠳᠤᠳᠤᠷ᠎ᠠ ᠪᠦᠮᠪᠦᠭᠡᠨᠡᠭ᠍ᠰᠡᠨ

ᠠᠮᠠᠷᠠᠭ ᠬᠠᠷᠠᠴᠠ ᠶᠢ ᠠᠵᠢᠪᠠ ᠦᠦ ︖

ᠮᠢᠩᠭ᠋ᠠᠨ ᠣᠨ ᠤ ᠬᠠᠢ᠌ᠷ᠎ᠠ ᠳᠠᠮᠠᠭᠠᠯᠠᠭᠰᠠᠨ ᠪᠣᠯᠤᠷ ᠪᠦᠮᠪᠦᠭᠡᠯᠢᠭ᠌ ᠢ ᠬᠠᠷᠠᠪᠠ ᠦᠦ ︖

ᠳᠡᠷᠳᠡᠭᠡ ᠭᠠᠷᠠᠭ ᠤᠨ ᠡᠷᠪᠠᠭᠡᠢ

ᠡᠨᠡᠳᠡᠭᠡ ᠵᠠᠭᠤᠨ ᠤ ᠳᠡᠭ᠍ᠳᠡᠭᠡᠭᠡᠢ ᠳᠤ ᠠᠠᠳᠠᠭᠠᠢ᠌ᠯᠠᠭᠰᠠᠨ

ᠵᠢᠷᠦᠭᠡᠨ ᠥᠩᠭᠡ ᠲᠡᠶ ᠪᠣᠷᠤᠭᠠᠨ ᠤ ᠰᠢᠷᠭᠡᠭ᠌ ᠢ ᠦᠨᠦᠰᠪᠠ ᠦᠦ ︖

ᠭᠡᠵᠢᠶ᠎ᠡ ᠴᠤ ᠪᠢ ᠭᠤᠨᠢᠳᠠᠭ ᠦᠭᠡᠶ ᠭᠡᠵᠤ ᠴᠢ ᠪᠢᠳᠡᠭᠡᠢ ᠶᠠᠷᠢ

ᠵᠢᠷᠤᠭ ᠤᠨ ᠮᠤᠨᠠᠯᠢᠰᠠ ᠵᠠᠶᠠᠭᠠᠨ ᠳᠠᠭᠠᠨ ᠭᠤᠮᠤᠳᠠᠵᠤ ᠮᠠᠳᠠᠨ᠎ᠡ

ᠳ᠋·ᠸᠢᠠᠴᠢ ᠶᠢᠨ ᠬᠤᠷᠤᠭᠤᠨ ᠤ ᠰᠢᠳᠢ ᠨᠠᠳᠠᠳᠤ ᠣᠷᠤᠰᠢᠬᠤ ᠦᠭᠡᠶ ᠪᠣᠯᠬᠤᠷ

ᠪᠢ ᠵᠢᠷᠤᠵᠤ ᠴᠢᠳᠠᠬᠤ ᠦᠭᠡᠶ ᠰᠢᠤ

ᠴᠢᠮᠢ᠋ᠢ ᠴᠤ ᠵᠢᠷᠤᠵᠤ ᠴᠢᠳᠠᠬᠤ ᠥᠭᠡᠢ

ᠵᠢᠷᠦᠭᠡᠨ ᠣᠯᠠᠭᠠᠨ ᠳᠠᠯᠠᠪᠴᠢ ᠶᠢ ᠴᠢᠨᠢ ᠵᠢᠷᠤᠬᠤ ᠭᠡᠳ ᠯᠠ ᠣᠨ ᠨᠥᠭ᠍ᠴᠢᠭᠡᠨ᠎ᠡ

ᠰᠢᠮᠰᠢᠷᠡᠭᠡᠳ ᠯᠠ ᠁   


ᠳᠠᠩᠭᠢᠯ ᠵᠢᠭᠠᠭᠠᠨ ᠰᠢᠭᠦᠷ ᠬᠤᠷᠤᠬᠠᠢ ᠮᠢᠨᠢ

ᠳᠡᠭ᠍ᠷᠢ ᠶᠢᠨ ᠬᠠᠶᠠᠭ᠎ᠠ ᠳᠠᠯᠠᠳᠤᠮ᠎ᠠ ᠳᠠᠯᠠᠢ ᠶᠢᠨ ᠳᠠᠪᠠᠯᠭ᠎ᠠ ᠡᠴᠠ

ᠨᠢᠭᠡᠭᠡᠨ ᠳᠤᠰᠤᠯ ᠨᠢ ᠴᠤ ᠴᠢᠨᠤᠭᠢ ᠪᠢᠰᠢ ᠰᠢᠤ

ᠨᠠᠢ᠌ᠷᠠᠭᠴᠢ ᠭᠡᠭᠦᠯᠡᠷ ᠨᠠᠩ ᠴᠤ ᠴᠢ ᠪᠢᠰᠢ ᠰᠢᠤ

ᠭᠦᠷᠦᠰᠤᠨ ᠡᠴᠠ ᠴᠤᠬᠣᠢ᠌ᠬᠤ ᠨᠢᠯᠬ᠎ᠠ ᠨᠤᠭᠤᠭᠠᠨ ᠳᠤ

ᠡᠷᠭᠦᠭ᠍ᠰᠡᠨ ᠳᠠᠭᠤᠤ ᠴᠢᠨᠢ ᠠᠶᠠᠯᠭᠤ ᠪᠢᠰᠢ

ᠬᠤᠩᠭ᠋ᠤᠷᠵᠤᠯᠠ ᠴᠡᠴᠡᠭ᠌ ᠤᠨ ᠪᠦᠮᠪᠦᠭᠡᠯᠢᠭ᠌ ᠲᠤ ᠨᠢᠭᠤᠵᠤ

ᠣᠳᠤᠨ ᠵᠥᠭ᠌ ᠰᠢᠪᠠᠨᠡᠭ᠍ᠰᠡᠨ ᠥᠭᠡ ᠴᠢᠨᠢ ᠰᠢᠯᠦᠭ᠌ ᠪᠢᠰᠢ

ᠵᠠᠯᠠᠯᠠᠵᠤ ᠨᠢᠰᠦᠭ᠍ᠰᠡᠨ ᠬᠤᠨ ᠤ ᠵᠢᠭᠦᠷ

ᠵᠠᠭᠢᠶ᠎ᠠ ᠶᠢ ᠴᠢᠨᠢ ᠳᠢᠪ ᠤᠨ ᠳᠡᠷᠳᠡᠭᠡ ᠭᠦᠷᠭᠡᠭ᠍ᠰᠡᠨ ᠴᠤ ᠪᠣᠯᠪᠠ ᠦᠦ ︖

ᠴᠡᠩᠭᠡᠷ ᠨᠢᠳᠤᠨ ᠰᠢᠷ᠎ᠠ ᠦᠬᠢᠨ

ᠰᠠᠢ᠌ᠬᠠᠨ ᠥᠩᠭᠡ ᠪᠠᠷ ᠴᠢᠨᠢ ᠭᠤᠶᠤᠭᠰᠠᠨ ᠴᠤ ᠪᠣᠯ ᠦᠦ ︖


ᠦᠳᠡᠰᠢ ᠪᠠᠷ᠁

ᠣᠳᠤᠳ ᠤᠨ ᠮᠠᠯᠮᠠᠢ ᠠᠶᠠᠷᠬᠠᠨ ᠳᠤᠷᠮᠤᠯᠵᠠᠵᠤ

ᠪᠣᠯᠤᠷᠬᠠᠨ ᠨᠢᠯᠪᠣᠰᠤ ᠶᠢ ᠴᠢᠨᠢ ᠵᠡᠭᠦᠳᠤᠨ ᠳᠤ ᠮᠡᠯᠮᠡᠷᠡᠭᠦᠯᠤᠨ᠎ᠡ

ᠰᠢᠭᠦᠷ ᠬᠤᠷᠤᠬᠠᠢ ᠶᠢᠨ ᠣᠪ ᠣᠯᠠᠭᠠᠨ ᠳᠠᠯᠠᠪᠴᠢ ᠰᠢᠭ

ᠮᠢᠨᠤ ᠵᠢᠷᠦᠭᠡ ᠦᠪ ᠦᠨᠡᠨ ᠴᠤᠭᠢᠯᠠᠨ᠎ᠠ

ᠭᠡᠭᠡᠨ ᠠᠶᠠᠯᠭᠤ ᠠᠭᠤᠰᠤᠭᠰᠠᠭᠠᠷ ᠰᠢᠯᠦᠭ᠌ ᠪᠣᠯᠵᠤ ᠣᠠᠳᠤᠷᠤᠨ᠎ᠠ

ᠨᠠᠪᠴᠢᠨ ᠤ ᠠᠷ ᠳᠡᠮᠳᠡᠷᠢᠩᠭᠡᠨ

ᠰᠢᠭᠦᠷ ᠬᠤᠷᠤᠬᠠᠢ ᠰᠢᠭᠦᠳᠡᠷᠢ ᠡᠮᠭᠦᠨ᠎ᠡ

ᠳᠢᠪ ᠤᠨ ᠳᠡᠷᠳᠡᠭᠡ ᠡᠴᠠ ᠰᠠᠯᠭᠢᠯᠠᠵᠤ ᠢᠷᠡᠭ᠍ᠰᠡᠨ ᠳᠤᠷᠠᠯᠠᠯ ᠭᠦᠪᠦᠷᠡᠨ᠎ᠡ

ᠳᠤᠯᠪᠣ ᠨᠢ ᠣᠯᠠᠮ ᠳᠤᠳᠤᠬᠠᠨ ᠪᠣᠯᠴᠢᠬᠠᠭᠠᠤᠨ

ᠳᠠᠷᠪᠠᠰ ᠭᠢᠨ ᠳᠠᠯᠠᠪᠴᠢ ᠪᠠᠨ ᠳᠡᠯᠭᠡᠨ᠎ᠡ

ᠠᠯᠤᠰ ᠵᠥᠭ᠌ ᠁


                 2012.6.8


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2583
ᠴᠠᠭ᠄ 2012 ᠤᠨ ᠤ 06 ᠰᠠᠷ᠎ᠠ ᠶᠢᠨ 18
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ