ᠪᠣᠤ ᠮᠠᠷᠳᠠᠶ᠎ᠠ

ᠪᠣᠤ ᠮᠠᠷᠳᠠᠶ᠎ᠠ

ᠳᠡᠭᠡᠳᠦᠰ ᠮᠢᠨᠢ ᠮᠤᠩᠭ᠋ᠤᠯ ᠭᠡᠳᠡᠭ᠌ ᠶᠢᠡᠨ

ᠪᠣᠤ ᠮᠠᠷᠳᠠᠶ᠎ᠠ

ᠳᠠᠪᠠᠯ ᠤᠨ ᠵᠠᠭᠠᠮ᠎ᠠ ᠮᠢᠨᠢ ᠪᠣᠰᠤᠭ᠎ᠠ ᠭᠡᠳᠡᠭ᠌ ᠶᠢᠡᠨ

ᠪᠣᠤ ᠮᠠᠷᠳᠠᠶ᠎ᠠ

ᠦᠨᠳᠦᠰᠦᠳᠠᠨ ᠮᠢᠨᠢ ᠮᠤᠩᠭ᠋ᠤᠯ ᠭᠡᠳᠡᠭ᠌ ᠶᠢᠡᠨ

ᠪᠣᠤ ᠮᠠᠷᠳᠠᠶ᠎ᠠ

ᠥᠰᠦᠭ᠌ ᠪᠢᠴᠢᠭ᠌ ᠮᠢᠨᠢ ᠪᠣᠰᠤᠭ᠎ᠠ ᠭᠡᠳᠡᠭ᠌ ᠶᠢᠡᠨ

ᠪᠣᠤ ᠮᠠᠷᠳᠠᠶ᠎ᠠ


ᠳᠡᠷᠭᠡᠯ


ᠠᠷᠪᠠᠨ ᠳᠠᠪᠤᠨ ᠤ ᠰᠠᠷᠠᠨ ᠳᠡᠷᠭᠡᠯ

ᠠᠪᠣ ᠡᠵᠢ ᠶᠢᠨ ᠰᠤᠷᠭᠠᠯ ᠳᠡᠷᠭᠡᠯ

ᠠᠴᠢᠳᠤ ᠪᠠᠭᠰᠢ ᠶᠢᠨ ᠭᠦᠮᠦᠵᠢᠯ ᠳᠡᠷᠭᠡᠯ

ᠠᠮᠠᠷᠠᠭ ᠬᠤᠤᠰ ᠤᠨ ᠬᠠᠢ᠌ᠷ᠎ᠠ ᠳᠡᠷᠭᠡᠯ


ᠥᠷᠭᠡᠰᠤ


ᠣᠯᠠᠨ ᠤ ᠣᠯᠠ ᠶᠢ ᠬᠠᠳᠬᠤᠭᠠᠤᠨ

ᠴᠢ ᠣᠯᠵᠠᠷᠬᠠᠨ᠎ᠠ

ᠲᠦᠮᠡᠨ ᠤ ᠬᠠᠷᠢᠶᠠᠯ ᠢ ᠢᠳᠡᠭᠡᠳ

ᠴᠢ ᠵᠢᠭ᠍ᠰᠢᠭ᠍ᠳᠡᠨ᠎ᠡ

ᠦᠨᠡᠨ ᠳᠡᠭᠡᠨ ᠴᠢ

ᠣᠭ ᠴᠢᠨᠢ ᠮᠠᠭᠤ

ᠦᠨᠳᠦᠰᠦ ᠴᠢᠨᠢ ᠢᠯᠵᠠᠷᠬᠠᠢ

ᠥᠭᠦᠰᠢᠷᠡᠮᠡᠯ ᠮᠤᠳᠤᠨ ᠤ

ᠰᠢᠷᠭᠡᠭ᠌ ᠳᠠᠳᠤᠢ᠁


ᠣᠷᠤᠰᠬᠠᠯ


ᠮᠠᠯ ᠬᠠᠷ᠎ᠠ ᠭᠡᠵᠢᠭᠡ

ᠮᠥᠩᠭᠡ ᠪᠠᠷ ᠥᠩᠭᠡ ᠰᠤᠯᠢᠨ᠎ᠠ

ᠴᠡᠪᠠᠷᠭᠡᠨ ᠰᠠᠢ᠌ᠬᠠᠨ ᠰᠢᠷᠭᠡᠭ᠌ ᠨᠢ

ᠴᠢᠨᠠᠷ ᠨᠢ ᠬᠤᠪᠢᠷᠠᠵᠤ ᠠᠳᠤᠷᠢᠶᠠᠳᠤᠨ᠎ᠠ

ᠰᠠᠯᠭᠢᠨ ᠳᠤ ᠭᠡᠢ᠌ᠰᠦᠭ᠍ᠰᠡᠨ ᠬᠠᠮᠬᠤᠤᠯ ᠰᠢᠭ

ᠰᠢᠷ᠎ᠠ ᠭᠡᠵᠢᠭᠡ ᠤᠳ ᠦᠷᠪᠦᠨ᠎ᠡ

ᠰᠠᠢ᠌ᠬᠠᠨ ᠳᠦᠷᠦᠭ᠍ᠰᠡᠨ ᠨᠠᠢ᠌ᠵᠠ ᠶᠢ ᠮᠢᠨᠢ

ᠴᠠᠭ ᠤᠨ ᠣᠷᠤᠰᠬᠠᠯ ᠳᠤ ᠵᠢᠪᠪᠦᠭᠦᠯᠦᠨ᠎ᠡ᠁


ᠵᠤᠬᠢᠶᠠᠭᠴᠢ ᠶᠢᠨ ᠬᠠᠶ‍ᠢᠭ ᠄ ᠵᠠᠷᠤᠳ ᠬᠤᠰᠢᠭᠤᠨ ᠤ ᠮᠤᠩᠭ᠋ᠤᠯ ᠳᠤᠷᠰᠢᠯᠳᠠ ᠶᠢᠨ ᠪᠠᠭ᠎ᠠ ᠰᠤᠷᠭᠠᠭᠤᠯᠢ

ᠵᠤᠬᠢᠶᠠᠭᠴᠢ᠄ ᠮᠤᠩᠭ᠋ᠤᠯᠰᠤᠶᠤᠯ
ᠬᠠᠷᠢᠶ᠎ᠠ᠄ ᠰᠢᠯᠦᠭ
ᠳᠠᠷᠤᠮ᠄ 1744
ᠴᠠᠭ᠄ 2009 ᠤᠨ ᠤ 12 ᠰᠠᠷ᠎ᠠ ᠶᠢᠨ 08