ᠪᠣᠳᠤᠯ ᠤᠨ ᠴᠠᠭᠠᠨ ᠦᠴᠢᠯ

ᠭᠦᠮᠤᠨ ᠤ ᠠᠮᠢᠳᠤᠷᠠᠯ ᠶᠠᠭᠤ ᠪᠣᠯᠬᠤ ᠶᠢ ᠡᠰᠡ ᠣᠢ᠌ᠯᠠᠭᠠᠳᠠᠭ ᠬᠣᠢ᠌ᠨ᠎ᠠ ᠭᠦᠮᠦᠡᠴᠢ ᠴᠢᠨᠠᠷ ᠤᠨ ᠡᠴᠢᠨ᠎ᠡ ᠳᠠᠯᠳᠠ ᠶᠢᠨ ᠭᠦᠨ ᠰᠠᠨᠠᠭ᠎ᠠ ᠶᠢ ᠭᠡᠷᠭᠢᠨ ᠳᠠᠨᠢᠬᠤ ᠪᠣᠢ ︖ ᠳᠠᠭᠠᠭᠤᠯᠡᠷ ᠶᠢᠡᠨ ᠠᠮᠢᠳᠤᠷᠠᠯ ᠶᠠᠷᠤᠨᠢ ᠤᠢ᠌ᠳᠬᠠᠷ᠂ ᠪᠣᠭᠢᠨᠢᠳᠤᠯ᠂ ᠬᠠᠷᠠᠰᠠᠯ᠂ ᠭᠤᠳᠤᠷᠠᠯ ᠤᠨ ᠳᠤᠮᠳᠠ ᠣᠷᠤᠰᠢᠵᠤ ᠶᠠᠭᠤ ᠪᠦᠭᠦᠨ ᠨᠢᠳᠤᠨ ᠳᠤ ᠦᠷᠭᠡᠰᠤ ᠲᠡᠶ ᠰᠠᠨᠠᠭᠠᠨ ᠳᠤ ᠰᠠᠪ ᠲᠡᠶ ᠪᠣᠯᠳᠠᠭ ᠪᠢᠯᠠ᠃ ᠵᠢᠮ᠎ᠠ ᠪᠠᠨ ᠳᠠᠭᠠᠵᠤ ᠣᠷᠤᠰᠢᠳᠠᠭ ᠬᠤᠷᠸ᠎ᠠ ᠵᠢᠭ᠌ ᠪᠣᠯᠵᠤ ᠨᠢᠭᠡ ᠥᠭᠡᠷᠡᠳᠡᠭᠦ ᠪᠠᠷ ᠵᠢᠮᠵᠢᠭᠢᠨᠡᠭ᠍ᠰᠡᠨ ᠵᠢᠷᠦᠭᠡ ᠮᠢᠨᠢ ᠨᠢᠭᠡ ᠬᠠᠢ᠌ᠯᠳᠠᠭ ᠪᠢᠯᠢᠤ ︖ ᠭᠡᠯᠡᠶ᠎ᠡ ᠭᠡᠰᠡᠨ ᠥᠭᠡ ᠪᠦᠭᠦᠨ ᠳᠤᠭᠠᠴᠢᠶ᠎ᠠ ᠭᠡᠰᠡᠨ ᠪᠣᠳᠤᠯᠭ᠎ᠠ ᠪᠣᠯᠭᠠᠨ ᠶᠢᠡᠨ ᠬᠠᠨ ᠬᠤᠷᠮᠤᠰᠳᠠ ᠳᠤ ᠡᠰᠡᠷᠭᠦᠯᠡᠵᠤ ᠬᠠᠢ᠌ᠷᠠᠬᠠᠨ ᠰᠡᠭᠦᠷᠡᠰᠤ ᠪᠠᠷ ᠣᠷᠤᠯᠠᠭᠤᠯᠳᠠᠭ ᠡᠴᠠ ᠪᠢᠰᠢ ᠬᠠᠢ᠌ᠷ᠎ᠠ ᠶᠢᠨ ᠰᠠᠭᠢᠭᠤᠯᠰᠤᠨ ᠳᠤ ᠳᠠᠭᠠᠳᠬᠠᠬᠤ ᠪᠠᠷ ᠬᠠᠷᠢᠭᠤ ᠳ᠋ᠤᠨᠢ ᠪᠢ ᠭᠦᠰᠡᠷᠳᠡᠭ᠍ᠰᠡᠨ ᠢ ᠶᠠᠭᠠᠭᠢᠨ᠎ᠠ᠃

ᠣᠶᠤᠨ ᠰᠠᠨᠠᠭ᠎ᠠ ᠨᠢᠩᠵᠢᠨ ᠰᠡᠳᠭᠢᠯ ᠤᠨ ᠭᠦᠨ ᠪᠠᠯᠠᠷᠯᠢᠭ ᠰᠢᠭᠤᠢ ᠳᠤ ᠬᠠᠯᠠ ᠪᠠᠨ ᠳᠠᠭᠠᠭᠠᠵᠤ ᠦᠷᠦᠪᠴᠢᠭᠡᠨ ᠵᠢᠷᠭᠢᠭ᠍ᠰᠡᠨ ᠬᠠᠢ᠌ᠷ᠎ᠠ ᠶᠢᠨ ᠪᠣᠷᠤ ᠪᠢᠯᠵᠤᠤᠬᠠᠢ ᠬᠠᠷᠢᠬᠤ ᠡᠭᠦᠷ ᠪᠣᠴᠠᠬᠤ ᠵᠢᠮ ᠦᠭᠡᠶ ᠡᠡᠭ᠍ᠰᠡᠷᠡᠯ ᠤᠨ ᠳᠠᠭᠤᠨ ᠶᠢᠡᠷ ᠭᠠᠩᠰᠠᠷᠠᠨ᠎ᠠ᠂ ᠬᠠᠷᠢᠨ ᠬᠣᠢ᠌ᠬᠤᠷ ᠥᠨᠡᠭᠡ ᠰᠢᠷᠬᠠᠳᠤᠨ ᠪᠠᠭᠤᠵᠤ ᠢᠷᠡᠭᠦ ᠶᠢ ᠭᠦᠯᠢᠶᠡᠨ ᠰᠢᠯᠤᠰᠤ ᠪᠠᠨ ᠴᠤᠪᠣᠷᠢᠭᠤᠯᠵᠤ ᠴᠤᠪᠣᠭ᠎ᠠ ᠵᠠᠮ ᠶᠢᠡᠷ ᠱᠤᠭᠰᠢᠨ᠎ᠠ᠃ ᠶᠠᠭᠤ ᠪᠦᠭᠦᠨ ᠦᠷᠡᠭ᠍ᠳᠡᠯ ᠰᠣᠢ᠌ᠳᠤᠯ ᠭᠠᠷᠳᠠᠭ ᠬᠣᠢ᠌ᠨ᠎ᠠ ᠡᠨᠡ ᠪᠦᠭᠦᠨ ᠡᠴᠦᠰ ᠤᠨ ᠳᠡᠭᠦᠰᠭᠡᠯ ᠪᠢᠰᠢ ᠡ᠃ ᠡᠷ᠎ᠡ ᠭᠦᠮᠤᠨ ᠳᠤᠯᠤᠭ᠎ᠠ ᠳᠤᠤᠷᠠᠳᠠᠵᠤ ᠨᠢ᠋ᠮᠠ ᠰᠡᠭᠦᠳᠡᠭ᠌ ᠶᠤᠰᠤ ᠪᠠᠷ ᠡᠨᠡ ᠬᠤᠷᠸ᠎ᠠ ᠶᠢᠨ ᠥᠭᠡᠳᠡ ᠲᠡᠶ ᠣᠷᠤᠭᠤ ᠲᠡᠶ ᠭᠦᠮᠦᠰ ᠤᠨ ᠵᠥᠴᠦᠭᠡ ᠶᠢ ᠭᠦᠢᠳᠡᠮᠰᠦᠭ᠌ ᠬᠠᠷᠠᠴᠠ ᠪᠠᠷ ᠰᠢᠷᠳᠠᠵᠤ ᠪᠠᠶᠠᠷᠯᠠᠬᠤ ᠳᠠᠭᠠᠨ ᠢᠨᠢᠶᠠᠵᠤ᠂ ᠵᠤᠪᠠᠬᠤ ᠳᠠᠭᠠᠨ ᠣᠭᠢᠯᠠᠵᠤ᠂ ᠠᠭᠤᠷᠯᠠᠬᠤ ᠳᠠᠭᠠᠨ ᠪᠠᠷᠭᠢᠷᠠᠵᠤ ᠶᠠᠪᠣᠳᠠᠭ ᠠᠷᠠᠠᠰᠢᠨ ᠵᠠᠩ ᠮᠢᠨᠢ ᠡᠷᠡᠨ ᠠᠯᠤᠰᠯᠠᠭᠰᠠᠨ ᠭᠦᠮᠦᠰ ᠤᠨ ᠣᠨᠢᠰᠤᠭ᠎ᠠ ᠪᠣᠯᠤᠭᠰᠠᠨ ᠳᠠᠭᠠᠨ ᠭᠤᠨᠢᠭᠳᠤ ᠵᠥᠴᠦᠭᠡ ᠶᠢ ᠳᠤᠭᠯᠠᠨ᠎ᠠ ᠪᠢ᠃

ᠲ᠋ᠡᠭᠡᠭᠦ ᠳᠤ ᠦᠷᠳᠡᠭᠡ ᠡᠴᠠ ᠮᠤᠷᠳᠠᠭᠰᠠᠨ ᠡᠴᠦᠰ ᠤᠨ ᠭᠠᠯᠳᠤ ᠳᠡᠷᠭᠡ ᠳᠠᠪᠠᠭ᠎ᠠ ᠥᠭ᠍ᠰᠤᠨ ᠣᠭᠤᠭᠢᠯᠠᠨ ᠳᠠᠪᠭᠢᠭᠰᠠᠭᠠᠷ ᠳᠡᠭᠦᠰᠭᠡᠯ ᠤᠨ ᠴᠢᠭ᠌ ᠶᠢᠡᠨ ᠣᠯᠵᠤ ᠶᠠᠳᠠᠨ ᠳᠡᠨᠢᠭᠡᠷ ᠳᠠᠯ᠎ᠠ ᠶᠢᠨ ᠳᠤᠮᠳᠠ ᠳᠠᠮᠠᠢ ᠯᠠ ᠳᠠᠨᠤᠨ᠎ᠠ᠃ ᠠᠶᠠᠠᠴᠢᠨ ᠨᠢ ᠭᠡᠪᠠᠯ ᠠᠮᠢᠳᠤᠷᠠᠯ ᠤᠨ ᠡᠡᠭ᠍ᠭᠦᠯ ᠳᠤᠩᠬᠤᠯ ᠵᠠᠮ ᠶᠢᠡᠷ ᠵᠠᠮᠨᠠᠭᠰᠠᠭᠠᠷ ᠠᠶᠠᠳᠠᠢ᠌ᠬᠠᠨ ᠰᠠᠯᠭᠢ ᠨᠥᠮᠦᠷᠢᠳᠡᠭᠦ ᠪᠠᠷ ᠵᠢᠳᠭᠦᠯᠡᠵᠤ ᠶᠠᠪᠣᠭ᠎ᠠ ᠵᠢᠷᠦᠭᠡᠨ ᠳᠡᠭᠡᠨ ᠰᠢᠷᠬ᠎ᠠ ᠲᠡᠶ ᠪᠢ᠃ ᠰᠢᠷᠬᠠᠨ ᠤ ᠬᠠᠯᠠᠭᠤᠨ ᠳᠠᠭᠠᠨ ᠡᠮᠵᠡᠭ᠍ᠯᠡᠵᠤ ᠰᠢᠠᠳᠠᠰᠤ ᠪᠠᠨ ᠴᠢᠩᠭ᠋ᠠᠯᠠᠭᠰᠠᠨ ᠴᠤ ᠰᠢᠨᠠ ᠡᠴᠠ ᠭᠦᠯᠦᠰᠤ ᠴᠢᠬᠠᠷᠠᠬᠤ ᠪᠠᠨ ᠶᠠᠷᠤ ᠪᠠᠢ᠌ᠭ᠎ᠠ ᠦᠭᠡᠶ ᠣᠯᠠᠮ ᠯᠠ ᠰᠢᠨᠠᠯᠤᠯ᠎ᠠ᠃ ᠭᠠᠷᠬᠤ ᠵᠠᠮ ᠵᠢᠳᠭᠦᠭᠦ ᠵᠥᠭ᠌ ᠲᠤ ᠦᠷᠭᠡᠰᠤ᠂ ᠰᠤᠠᠳᠤᠤᠯᠠ᠂ ᠬᠠᠳᠠ ᠴᠢᠯᠠᠭᠤ ᠬᠨ ᠶᠠ ᠦᠭᠡᠶ ᠣᠷᠤᠰᠢᠵᠤ ᠰᠠᠨᠠᠭ᠎ᠠ ᠪᠣᠳᠤᠯᠭ᠎ᠠ ᠶᠢ ᠭᠦᠡᠳᠡᠭᠡᠨ ᠰᠠᠪᠠ ᠶ‍ᠢᠷᠳᠢᠠᠴᠤ ᠶᠢᠨ ᠶᠠᠭᠤ ᠪᠦᠭᠦᠨ ᠳᠤ ᠰᠡᠵᠢᠭ᠌ ᠳᠠᠭᠠᠪᠣᠷᠢ ᠳᠦᠷᠦᠭᠦᠯᠦᠨ᠎ᠡ᠃

ᠣᠤᠷ ᠪᠢ ᠶᠢᠨ ᠭᠠᠢ᠌ᠬᠠᠮᠰᠢᠭᠳᠤ ᠰᠢᠳᠢ ᠪᠠᠷ ᠭᠠᠯᠪᠠ ᠶᠢᠨ ᠣᠴᠠᠷᠠᠯ ᠪᠦᠭᠦᠨ ᠢ ᠭᠠᠭᠴᠠᠭᠠᠷ ᠡᠭᠦᠷᠭᠡᠯᠡᠵᠤ ᠭᠦᠡᠳᠤ ᠨᠦᠰᠠᠷ ᠬᠠᠷ᠎ᠠ ᠳᠠᠷᠤᠭᠰᠠᠨ ᠰᠢᠭ ᠠᠮᠢᠳᠤᠷᠠᠯ ᠤᠨ ᠬᠠᠷᠭᠤᠢ ᠪᠠᠷ ᠵᠠᠮᠨᠠᠬᠤ ᠳᠠᠭᠠᠨ ᠥᠩᠭᠡᠷᠡᠭ᠍ᠰᠡᠨ ᠤ ᠳᠡᠷᠡᠭᠦ ᠭᠠᠰᠢᠭᠤᠨ ᠰᠠᠳᠠᠯᠳᠤ ᠡᠷᠭᠢᠴᠡᠭᠦᠯᠦᠯ ᠪᠦᠭᠦᠨ ᠵᠥᠭ᠌ ᠵᠢᠯᠤᠭᠤ ᠦᠭᠡᠶ ᠳᠠᠷᠢᠭᠢ ᠶᠢ ᠵᠠᠢ᠌ᠮᠤᠴᠢᠭᠤᠯᠤᠨ ᠵᠢᠷᠦᠭᠡ ᠶᠢ ᠭᠦᠡᠳᠡᠨ᠎ᠡ᠃ ᠡᠭᠡ ᠭᠦᠮᠤᠨ ᠤ ᠰᠢᠭ᠌ ᠡᠩᠬᠦᠷᠡᠢ᠌ᠯᠡᠯ ᠤᠨ ᠭᠠᠷ ᠶᠢᠡᠷ ᠶᠢᠡᠨ ᠦᠷᠴᠢᠯᠡᠭᠡᠰᠦᠳᠤ ᠮᠠᠩᠨᠠᠢ ᠶᠢ ᠮᠢᠨᠢ ᠢᠯᠪᠢᠭᠡᠴᠢ ᠭᠡᠵᠤ ᠡ᠊ᠨᠳᠡᠵᠤ ᠨᠢᠭᠡ ᠭᠤᠶᠤᠴᠢᠯᠠᠬᠤ ᠳᠤ ᠳᠡᠨᠡᠭ᠍ᠳᠡᠵᠤ ᠨᠢᠭᠡ ᠨᠢ ᠦᠰᠦ ᠲᠡᠶ ᠠᠷᠵᠠᠭᠠᠷ ᠭᠠᠷ ᠶᠢᠡᠷ ᠶᠢᠡᠨ ᠨᠢᠳᠤ ᠶᠢ ᠴᠢᠴᠢᠯᠠᠨ᠎ᠡ᠂ ᠡᠨᠡ ᠪᠦᠭᠦᠨ ᠡ᠊ᠨᠳᠡᠭᠦᠷᠡᠯ ᠪᠢᠰᠢ ᠡ ︕ ᠡᠷᠭᠢᠭᠦ ᠬᠤᠷᠸ᠎ᠠ ᠶᠢᠨ ᠳᠦᠷᠪᠠᠨ ᠣᠯᠠᠷᠢᠯ ᠤᠨ ᠬᠠᠯᠠᠭᠤᠨ ᠭᠦᠢᠳᠡᠨ ᠳᠡᠭ᠍ᠰᠢ ᠦᠭᠡᠶ ᠲᠡᠶ ᠠᠳᠠᠯᠢ ᠡᠯᠢᠭᠡ ᠪᠦᠳᠤᠨ ᠨᠡᠢ᠌ᠭᠡᠮ ᠤᠨ ᠭᠦᠮᠦᠰ ᠤᠨ ᠪᠦᠷᠢᠯᠳᠦᠭᠦᠨ ᠴᠤ ᠢᠵᠢᠯ ᠪᠣᠰᠤ ᠡ ᠭᠡᠭᠦ ᠳᠤ ᠣᠯᠠᠷᠢᠯ ᠪᠣᠯᠭᠠᠨ ᠳᠤ ᠦᠪᠡᠷ ᠦᠪᠡᠷ ᠤᠨ ᠭᠢᠨᠢ ᠦᠪᠡᠷᠮᠢᠴᠠ ᠥᠩᠭᠡ ᠪᠣᠳᠤᠭ ᠪᠠᠢ᠌ᠭ᠎ᠠ ᠪᠢᠵᠠ ︖

ᠪᠠᠶᠠᠷᠳᠤ ᠬᠠᠷᠠᠴᠠ ᠪᠠᠷ ᠣᠷᠴᠢᠯᠠᠩ ᠢ ᠰᠢᠷᠳᠡᠭᠦ ᠳᠤ ᠪᠠᠬᠠᠷᠤᠮ᠎ᠠ ᠰᠠᠢ᠌ᠬᠠᠨ ᠰᠠᠨᠠᠭᠳᠠᠬᠤ ᠠᠳᠠᠯ᠎ᠠ ᠪᠠᠨ ᠪᠠᠷᠠᠭᠠᠨ ᠰᠡᠭᠦᠳᠡᠷ ᠳᠤᠨᠢ ᠭᠡᠳᠤ ᠣᠯᠠᠨ ᠬᠤᠳᠠᠯ ᠬᠠᠭᠤᠷᠮᠠᠭ ᠡᠶᠡᠯᠳᠦᠵᠤ ᠪᠠᠢ᠌ᠳᠠᠭ ᠢ ᠨᠢ ᠳᠠᠨᠢᠮᠠᠭᠴᠠ ᠬᠤᠨᠤᠭ ᠤᠨ ᠵᠠᠢ ᠳᠤ ᠭᠦᠭ᠍ᠰᠢᠷᠡᠭ᠍ᠰᠡᠨ ᠳᠠᠷ ᠦᠭᠡᠶ ᠵᠢᠷᠦᠭᠡ ᠮᠢᠨᠢ ᠴᠤᠭᠢᠯᠭ᠎ᠠ ᠪᠠᠨ ᠠᠯᠳᠠᠵᠤ ᠶᠠᠷᠤ ᠪᠣᠰᠤ ᠪᠠᠷ ᠳᠦᠭ᠍ᠰᠢᠨ᠎ᠡ᠃ ᠬᠠᠢ᠌ᠷᠠᠯᠠᠵᠤ ᠴᠤ ᠴᠢᠳᠠᠬᠤ ᠦᠭᠡᠶ᠂ ᠬᠠᠢ᠌ᠷᠠᠯᠠᠵᠤ ᠴᠤ ᠪᠣᠯᠬᠤ ᠦᠭᠡᠶ ᠠᠮᠢᠨ ᠬᠠᠯᠠᠭᠤᠨ ᠠᠮᠠᠷᠠᠭ ᠰᠡᠳᠭᠢᠯ ᠮᠢᠨᠢ ᠠᠳᠠᠭ᠎ᠠ ᠵᠢᠳᠦᠭᠡ ᠬᠤᠪᠢᠠᠴᠢᠷ ᠮᠤᠬᠤᠷᠳᠠᠯ ᠳᠤ ᠭᠦᠳᠦᠯᠦᠭ᠍ᠳᠡᠨ ᠦᠨᠦᠳᠤᠷ ᠪᠠ ᠮᠠᠷᠭᠠᠰᠢ ᠶᠢᠨ ᠳᠤᠬᠠᠢ ᠥᠩᠭᠡ ᠪᠠ ᠮᠥᠩᠭᠦ ᠶᠢᠨ ᠳᠤᠬᠠᠢ ᠨᠤᠲ᠋ ᠦᠭᠡᠶ ᠳᠠᠭᠤᠤ ᠶᠢ ᠭᠢᠩᠰᠢᠵᠤ ᠠᠮᠠᠷᠠᠯᠳᠠ ᠶᠢᠨ ᠶᠠᠮᠠᠷ ᠨᠢᠭᠡᠨ ᠦᠷᠳᠡᠭᠡ ᠪᠠᠨ ᠪᠠᠷᠠᠯᠠᠵᠤ ᠰᠠᠷᠠ ᠲᠡᠶ ᠰᠦᠨᠢ ᠨᠣᠢ᠌ᠷ ᠦᠭᠡᠶ ᠬᠤᠨᠤᠨ᠎ᠠ᠃

ᠨᠠᠮ᠎ᠠ ᠶᠢ ᠣᠢ᠌ᠯᠠᠭᠠᠬᠤ ᠪᠠ ᠡᠰᠡ ᠣᠢ᠌ᠯᠠᠭᠠᠬᠤ ᠰᠢᠪᠦᠭᠡ ᠲᠡᠶ ᠨᠢᠳᠤᠳ ᠵᠠᠬ᠎ᠠ ᠡᠴᠠ ᠥᠵᠦᠭᠦᠷᠯᠡᠵᠤ ᠠᠮᠢᠰᠬᠤᠭ᠎ᠠ ᠳᠠᠪᠬᠤᠴᠠᠭᠤᠯᠤᠨ ᠠᠮᠢᠳᠤᠷᠠᠯ ᠤᠨ ᠬᠠᠷ᠎ᠠ ᠪᠣᠷᠤ ᠠᠮᠳᠠ ᠶᠢ ᠠᠯᠪᠠ ᠪᠠᠷ ᠡᠳ᠋ᠯᠡᠭᠦᠯᠵᠤ ᠠᠮᠠᠷᠠᠭ ᠤᠨ ᠳᠤᠬᠠᠢ ᠠᠮᠢᠳᠤᠷᠠᠯ ᠤᠨ ᠳᠤᠬᠠᠢ ᠵᠢᠴᠢ ᠥᠭᠦᠯ ᠪᠠ ᠮᠥᠩᠭᠡ ᠶᠢᠨ ᠳᠤᠬᠠᠢ ᠪᠢᠳᠡᠭᠦᠤ ᠰᠢᠪᠠᠨᠡᠭᠡ ᠰᠤᠨᠤᠷᠳᠠᠭᠤᠯᠤᠨ ᠪᠦᠭᠦᠵᠤ ᠢᠷᠡᠭᠦ ᠵᠤᠯᠠ ᠶᠢᠨ ᠭᠡᠷᠡᠯ ᠳᠤ ᠰᠦᠨᠠᠰᠤ ᠶᠢ ᠮᠢᠨᠢ ᠠᠷᠢᠭᠤᠳᠬᠠᠬᠤ ᠪᠠᠷ ᠳᠠᠯᠠᠯᠤᠨ᠎ᠠ᠃ ᠠᠷᠢᠭᠢ ᠪᠠ ᠭᠤᠨᠢᠶᠠᠯ ᠳᠤ ᠳᠤᠵᠢ ᠳᠠᠭᠠᠨ ᠳᠡᠪᠳᠦᠭ᠍ᠰᠡᠨ ᠪᠢᠳᠠᠭᠤ ᠰᠦᠨᠠᠰᠤ ᠮᠢᠨᠢ ᠦᠪᠡᠷ ᠤᠨ ᠶᠢᠡᠨ ᠭᠡᠭᠦ ᠠᠯᠠᠭᠠᠨ ᠳᠠᠳᠤᠢ ᠭᠠᠵᠠᠷ ᠣᠯᠵᠤ ᠶᠠᠳᠠᠨ ᠦᠯ ᠴᠠᠭᠠᠨ ᠡᠪᠠᠰᠤᠨ ᠣᠷᠤᠢ ᠳᠡᠭᠡᠷ᠎ᠡ ᠳᠤᠭᠳᠠᠵᠤ ᠴᠥᠭᠦᠨ ᠦᠷ ᠦᠳᠡᠰᠢ ᠶᠢᠨ ᠰᠡᠯᠪᠢᠭᠡᠰᠤ ᠪᠠᠷ ᠭᠦᠮᠤᠨ ᠪᠠ ᠴᠢᠳᠭᠦᠷ ᠤᠨ ᠬᠤᠭᠤᠷᠤᠠᠳᠤ ᠭᠦᠡᠳᠡᠯᠡᠨ ᠳᠠᠪᠭᠢᠵᠤ ᠭᠠᠭᠴᠠᠭᠠᠷᠳᠠᠮᠠᠯ ᠤᠨ ᠬᠠᠯᠠ ᠶᠢ ᠳᠠᠭᠠᠭᠠᠵᠤ ᠶᠠᠳᠠᠨ ᠬᠠᠢ᠌ᠯᠠᠩᠬᠠᠨ ᠣᠭᠢᠯᠠᠩᠬᠠᠨ ᠪᠠᠢ᠌ᠨ᠎ᠠ

ᠰᠡᠷᠭᠦᠮᠡᠷ ᠴᠤ ᠪᠠᠢ᠌ᠨ᠎ᠠ ᠳ᠋ᠠ ᠰᠦᠨᠠᠰᠤ ᠮᠢᠨᠢ᠂ ᠳᠠᠭᠤᠳᠠᠮᠠᠷ ᠴᠤ ᠪᠠᠢ᠌ᠨ᠎ᠠ ᠳ᠋ᠠ ᠰᠦᠨᠠᠰᠤ ᠮᠢᠨᠢ ︕

ᠠᠷᠢᠭᠤᠬᠠᠨ ᠣᠷᠴᠢᠯᠠᠩ ᠳᠤ ᠠᠯᠠᠭ ᠦᠭᠡᠶ ᠰᠡᠳᠭᠢᠯ ᠢ ᠡᠷᠢᠵᠤ ᠳᠡᠨᠦᠭᠦ ᠳᠡᠭᠡᠨ ᠴᠢ ᠮᠢᠨᠢ ᠶᠠᠳᠠᠷᠠᠬᠤ ᠶᠢᠨ ᠶᠡᠭᠡ ᠪᠠᠷ ᠶᠠᠳᠠᠷᠠᠵᠤ ᠲᠤᠢ᠌ᠯᠳᠠᠬᠤ ᠶᠢᠨ ᠶᠡᠭᠡ ᠪᠠᠷ ᠲᠤᠢ᠌ᠯᠳᠠᠵᠤ ᠶᠠᠰᠤᠨ ᠡᠴᠠ ᠪᠠᠨ ᠳᠤᠰᠤ ᠭᠠᠷᠭᠠᠮᠠᠷ᠂ ᠳᠤᠯᠳᠤ ᠡᠴᠠ ᠪᠠᠨ ᠴᠢᠰᠤ ᠳᠤᠰᠤᠯᠠᠭᠤᠯᠤᠮᠠᠷ ᠪᠠᠢ᠌ᠭᠰᠠᠨ ᠴᠤ ᠡ᠊ᠨᠠᠷᠢᠵᠤ ᠴᠢᠮ᠎ᠠ ᠶᠢ ᠦᠷᠦᠪᠳᠡᠭᠦ ᠨᠢ ᠭᠡᠳᠤ ᠪᠢᠯᠠ ︖ ᠡᠷᠭᠦᠵᠤ ᠴᠢᠮ᠎ᠠ ᠶᠢ ᠲᠡᠳᠬᠦᠭᠦ ᠨᠢ ᠭᠡᠨ ᠪᠢᠯᠠ ︖ ᠳᠦᠭᠡᠷᠢᠯ ᠪᠠ ᠪᠣᠳᠤᠯᠭᠠᠰᠢᠷᠠᠯ ᠤᠨ ᠳᠤᠮᠳᠠ ᠡᠷᠢᠯᠭᠢᠯᠡᠯ ᠤᠨ ᠶ‍ᠢᠷᠳᠢᠠᠴᠤ ᠳᠤ ᠬᠤᠭᠤᠰᠤᠨ ᠴᠢᠨᠠᠷ ᠤᠨ ᠭᠡᠢ ᠨᠤᠮᠯᠠᠯ ᠡᠴᠠ ᠪᠣᠰᠤᠳ ᠲᠡᠶ ᠦᠯᠦ ᠬᠠᠷᠭᠤᠭᠰᠠᠨ ᠳᠠᠭᠠᠨ ᠴᠢ ᠮᠢᠨᠢ ᠶᠠᠳᠠᠷᠠᠭᠰᠠᠨ ᠢ ᠪᠠᠶ᠎ᠠ ᠴᠤᠭᠴᠠᠰ ᠴᠢᠨᠢ ᠪᠢ ᠮᠠᠳᠠᠷᠠᠯ᠎ᠠ᠂ ᠭᠡᠪᠠᠴᠤ ᠶᠠᠮᠠᠷ ᠠᠷᠭ᠎ᠠ ᠪᠠᠢ᠌ᠬᠤᠪ ᠡ ︕

ᠭᠦᠮᠦᠡᠴᠢ ᠦᠵᠡᠯ ᠤᠨ ᠮᠦᠰᠤ ᠴᠢᠨᠠᠷ ᠣᠰᠠᠳᠤᠭᠰᠠᠨ ᠦᠨᠦᠳᠤᠷ ᠰᠦᠨᠠᠰᠤ ᠴᠤᠭᠴᠠᠰ ᠴᠢ ᠪᠢᠳᠠ ᠭᠡᠳᠦᠢ ᠳᠠᠮᠠᠤᠯᠠᠪᠠᠴᠤ ᠰᠡᠭᠦᠳᠡᠷ ᠮᠢᠨᠢ ᠬᠠᠨᠢ ᠪᠣᠯᠬᠤ ᠡᠴᠠ ᠤᠢ᠌ᠳᠬᠠᠷ ᠤᠨ ᠮᠠᠨᠠᠨ ᠰᠡᠳᠭᠢᠯ ᠢ ᠡᠪᠭᠡᠵᠤ ᠰᠡᠵᠢᠭ᠌ ᠤᠨ ᠡᠭᠦᠯᠡ ᠪᠠᠶ᠎ᠠ ᠶᠢ ᠡᠷᠭᠢᠴᠡᠨ᠎ᠡ᠃ ᠡᠷᠭᠢᠨ ᠳᠤᠭᠤᠷᠢᠨ ᠤ ᠡᠯ ᠬᠤᠯ ᠪᠠᠢ᠌ᠳᠠᠯ ᠳᠠᠭᠠᠨ ᠳᠠᠰᠬᠤ ᠶᠢ ᠣᠵᠤᠭᠤᠷ ᠡᠴᠠ ᠭᠦᠰᠡᠳᠡᠭ᠌ ᠴᠤ ᠣᠴᠠᠷᠠᠵᠤ ᠮᠡᠳᠡᠭᠦ ᠣᠴᠢ ᠰᠢᠭ ᠬᠠᠢ᠌ᠷ᠎ᠠ ᠶᠢᠨ ᠢᠯᠴᠢᠨ ᠳᠤ ᠣᠭ ᠤᠨ ᠠᠮᠢᠳᠤᠷᠠᠯ ᠮᠢᠨᠢ ᠵᠢᠮ᠎ᠠ ᠪᠠᠨ ᠠᠯᠳᠠᠵᠤ ᠣᠴᠢᠷ ᠦᠭᠡᠶ ᠳᠤᠭᠳᠤᠯᠤᠯ ᠪᠠ ᠳ᠋ᠦ᠋ᠩ ᠦᠭᠡᠶ ᠵᠢᠳᠭᠦᠯ ᠳᠤ ᠶᠠᠭᠤ ᠪᠦᠭᠦᠨ ᠶᠢᠡᠨ ᠳᠤᠰᠢᠶᠠᠨ᠎ᠠ᠂ ᠢᠷᠡᠭᠡᠳᠦᠢ ᠪᠠᠨ ᠵᠢᠷᠤᠭᠯᠠᠨ᠎ᠠ᠃ ᠰᠠᠢ᠌ᠬᠠᠨ ᠵᠡᠭᠦᠳᠤ ᠵᠡᠭᠦᠳᠦᠯᠡᠶ᠎ᠡ ᠭᠡᠵᠤ ᠠᠯᠪᠠᠳᠠᠵᠤ ᠣᠠᠳᠠᠭᠠᠤᠨ ᠬᠠᠷ᠎ᠠ ᠳᠠᠷᠤᠨ ᠬᠠᠮᠤᠭ ᠪᠠᠶ᠎ᠠ ᠳᠠᠭᠵᠢᠨ ᠰᠡᠷᠢᠭ᠍ᠰᠡᠨ ᠳᠡᠭᠡᠨ ᠪᠢ ᠬᠠᠷᠠᠮᠰᠠᠯ᠎ᠠ ᠊᠊᠊᠊᠊᠊᠊᠊᠊᠊᠊᠊᠊᠊᠊ ᠣᠤᠯ ᠨᠢ ᠠᠯᠪᠠᠳᠠᠯᠭ᠎ᠠ ᠪᠣᠯ ᠳᠦᠭᠦᠷᠡᠩ ᠳᠡᠭᠦᠰᠭᠡᠯ ᠪᠢᠰᠢ ᠪᠠᠢ᠌ᠵᠠᠢ ᠡ᠃

《ᠰᠢᠷᠠᠯᠵᠢ ᠨᠢ ᠣᠷᠭᠤᠬᠤ ᠦᠭᠡᠶ ᠭᠠᠵᠠᠷ ᠡ

ᠰᠠᠭᠠᠭ ᠶᠢᠡᠨ ᠪᠣᠤ ᠯᠠ ᠳᠠᠷᠢᠴᠢᠬ᠎ᠠ ᠳ᠋ᠠ

ᠰᠠᠨᠠᠵᠤ ᠪᠣᠳᠤᠬᠤ ᠦᠭᠡᠶ ᠭᠦᠮᠦᠨ ᠳ᠋ᠡᠭᠡᠨ

ᠰᠠᠨᠠᠭ᠎ᠠ ᠪᠠᠨ ᠪᠣᠤ ᠯᠠ ᠣᠷᠭᠢᠴᠢᠬ᠎ᠠ ᠳ᠋ᠠ》

ᠠᠯᠢ ᠬᠤᠯᠠ ᠠᠯᠢ ᠬᠤᠯᠠ ᠡᠴᠠ ᠠᠨᠢᠷᠳᠤᠵᠤ ᠳᠤᠭᠤᠯᠳᠠᠬᠤ ᠡᠨᠡᠭᠦ ᠰᠥᠭᠡᠩᠭᠢ ᠦᠷᠦᠪᠳᠦᠩᠭᠦᠢ ᠳᠠᠭᠤᠨ ᠳᠤ ᠪᠣᠴᠠᠬᠤ ᠭᠠᠯᠠᠭᠤᠳ ᠣᠶᠠᠷᠠᠨ ᠦᠷ᠎ᠡ ᠪᠠᠨ ᠠᠯᠳᠠᠭᠰᠠᠨ ᠨᠢᠭᠡ ᠨᠢ ᠡᠡᠭ᠍ᠨᠡᠭᠡ ᠡᠴᠠ ᠪᠠᠨ ᠳᠠᠰᠤᠷᠠᠵᠤ ᠬᠤᠴᠤᠷᠤᠨ᠎ᠠ᠂ ᠡᠭᠡ ᠪᠠᠨ ᠥᠭᠡᠢ᠌ᠯᠡᠭ᠍ᠰᠡᠨ ᠦᠨᠦᠴᠢᠨ ᠪᠣᠳᠤᠭᠤ ᠶᠢᠨ ᠨᠢᠳᠤ ᠡᠡᠭ᠍ᠰᠡᠷᠡᠯ ᠤᠨ ᠨᠢᠯᠪᠣᠰᠤ ᠪᠠᠷ ᠮᠡᠯᠳᠡᠭᠡᠨᠡᠵᠤ ᠡᠡᠭ᠌ ᠭᠢᠵᠠᠭᠠᠷ ᠦᠭᠡᠶ ᠡᠯᠡᠰᠤᠨ ᠴᠦᠯ ᠳᠤ ᠢᠵᠢᠯᠢ ᠪᠠᠨ ᠬᠠᠢ᠌ᠨ᠎ᠠ᠃

      ᠭᠦᠮᠤᠨ ᠪᠠᠢ᠌ᠭᠠᠯᠢ ᠭᠦᠮᠤᠨ ᠠᠮᠢᠳᠠᠨ ᠤ ᠳᠦᠭᠡᠮᠡᠯ ᠵᠦᠢ᠌ ᠳᠤ ᠬᠠᠢ᠌ᠷ᠎ᠠ ᠶᠢᠨ ᠰᠠᠳᠤᠪ ᠮᠥᠩᠭᠡ ᠶᠢᠨ ᠬᠠ‍‌ᠶᠢᠭ ᠶᠢᠡᠨ ᠡᠷᠢᠯᠭᠢᠯᠡᠵᠤ ᠵᠢᠷᠭᠠᠯᠳᠤ ᠠᠮᠢᠳᠠᠨ ᠤ ᠳᠡᠭᠡᠷ᠎ᠡ ᠵᠠᠢ ᠦᠭᠡᠶ ᠪᠠᠭᠤᠨ᠎ᠠ᠂ ᠵᠤᠪᠠᠯᠠᠩᠳᠤ ᠠᠮᠢᠳᠠᠨ ᠡᠴᠠ ᠵᠤᠭᠰᠤᠭ᠎ᠠ ᠪᠠᠷ ᠨᠢ ᠵᠠᠢ᠌ᠯᠠᠨ᠎ᠠ᠃ ᠡᠨᠡᠭᠦ ᠡᠷᠡᠨ ᠳᠤ ᠶᠠᠭᠤ ᠶᠢ ᠴᠤ ᠪᠣᠳᠤᠵᠤ ᠪᠣᠯᠬᠤ ᠪᠠ ᠶᠠᠭᠤ ᠶᠢ ᠴᠤ ᠡᠰᠡ ᠪᠣᠳᠤᠬᠤ ᠬᠤᠷᠸ᠎ᠠ ᠣᠳᠠᠰᠤᠨ ᠳᠡᠭᠡᠷ᠎ᠡ ᠳᠡᠭᠦᠵᠢᠩᠨᠡᠭ᠍ᠳᠡᠵᠤ ᠬᠤᠶᠠᠷ ᠲᠤᠢ᠌ᠯ ᠳᠠᠰᠢ ᠪᠠᠨ ᠠᠯᠭᠠᠰᠠᠨ ᠦᠷ ᠶᠢᠡᠷ ᠰᠠᠯᠭᠢᠯᠠᠭᠰᠠᠨ ᠡᠮᠦᠨᠡᠳᠤ ᠰᠠᠯᠭᠢᠨ ᠯᠠ ᠡᠪᠴᠢᠭᠦᠤ ᠶᠢ ᠠᠭᠤᠵᠢᠷᠠᠭᠤᠯᠤᠨ᠎ᠠ᠃

ᠲ᠋ᠠᠭᠠᠳᠠᠢ ᠳ᠋ᠠ ᠳᠠᠭᠠᠳᠠᠢ ︕ ᠠᠴᠢᠶ᠎ᠠ ᠭᠦᠡᠳᠦᠷᠡᠭ᠍ᠰᠡᠨ ᠡᠮᠵᠡᠭ᠌ ᠵᠢᠷᠦᠭᠡ ᠪᠠᠨ ᠠᠮᠤᠷᠵᠢᠭᠤᠯᠵᠤ ᠠᠶᠠᠰ ᠤᠨ ᠰᠡᠯᠭ᠍ᠢ ᠪᠠᠷ ᠬᠠᠴᠠᠷ ᠶᠢᠡᠨ ᠢᠯᠪᠢᠭᠦᠯᠦᠩᠭᠡᠨ ᠪᠠᠢ᠌ᠵᠤ ᠠᠳᠠᠷ ᠤᠨ ᠴᠡᠴᠡᠭ᠌ ᠶᠢᠡᠷ ᠨᠢᠳᠤ ᠪᠠᠨ ᠬᠤᠵᠢᠷᠯᠠᠩᠬᠠᠨ ᠪᠠᠢ᠌ᠵᠤ ᠠᠮᠢᠳᠤᠷᠠᠯ ᠤᠨ ᠳᠤᠬᠠᠢ ᠪᠣᠳᠤᠯᠭᠢᠯᠠᠬᠤ ᠪᠠᠨ ᠪᠠᠢ᠌ᠵᠤ᠃

ᠶᠤᠷᠤ ᠦᠦ ︖ ᠶᠤᠰᠤ ᠦᠦ ︖ ᠵᠢᠮ᠎ᠠ ᠪᠠᠷ ᠶᠢᠡᠨ ᠳᠠᠪᠭᠢᠭ ᠡ ︕


ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲᠦᠰᠢᠶᠠᠳᠤ

ᠵᠤᠬᠢᠶᠠᠭᠴᠢ᠄ ᠡᠰᠨᠢᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢ᠌ᠷᠠᠭᠤᠯᠤᠯ
ᠳᠠᠷᠤᠮ᠄ 1886
ᠴᠠᠭ᠄ 2011 ᠤᠨ ᠤ 10 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁