ᠳᠠᠷᠠ ᠦᠶ᠎ᠡ ᠶᠢᠨ ᠺᠢᠨᠤ᠋ ᠳᠠᠢ᠌ᠮᠤ ᠯᠠ ᠰᠠᠢ᠌ᠬᠠᠨ

ᠳᠠᠷᠠ ᠦᠶ᠎ᠡ ᠶᠢᠨ ᠺᠢᠨᠤ᠋ ᠳᠠᠢ᠌ᠮᠤ ᠯᠠ ᠰᠠᠢ᠌ᠬᠠᠨ

ᠭᠦᠭ᠍ᠵᠢᠯᠳᠤ ᠶᠢᠨ ᠭᠦᠤ ᠺᠢᠨᠤ᠋ ᠭᠠᠷᠬᠤ ᠰᠤᠷᠠᠭ ᠳᠤᠭᠤᠯᠤᠭᠠᠤᠨ

ᠭᠦᠭᠡᠷᠦᠯᠳᠦᠵᠤ ᠮᠠᠨᠠᠢ᠌ᠭᠢᠨ ᠮᠤᠷᠢ ᠣᠨᠤᠭ᠎ᠠ ᠪᠠᠷ ᠬᠤᠯᠳᠠᠯᠭᠠᠤᠨ

ᠭᠦᠰᠢᠭᠡᠨ ᠤ ᠡᠮᠦᠨᠡᠭᠦᠷ ᠭᠦᠮᠦᠰ

ᠭᠦᠯᠦᠰᠴᠤ ᠰᠢᠬᠠᠯᠴᠠᠨ ᠪᠠᠭᠰᠢᠷᠠᠭᠠᠤᠨ ᠯᠠ

ᠭᠠᠭᠴᠠ ᠬᠤᠶᠠᠷ ᠠᠢ᠌ᠯ ᠲᠡᠶ ᠭᠠᠵᠠᠷ ᠤᠨ ᠡᠵᠡᠭᠦᠢ ᠳ᠋ᠤ

ᠭᠠᠯᠪᠠ ᠴᠡᠴᠡᠷᠡᠭᠦ ᠰᠢᠭ᠌ ᠮᠤᠲ᠋ᠤᠷ ᠳᠠᠷᠵᠢᠭᠢᠨᠠᠬᠤ ᠪᠠᠷ

ᠭᠠᠳᠠᠨ᠎ᠠ ᠪᠠᠢ᠌ᠭᠰᠠᠨ ᠮᠠᠯ ᠨᠢᠷ ᠭᠡᠳᠡᠯ᠎ᠡ ᠦᠷᠭᠦᠭᠡᠳ

ᠭᠠᠳᠠᠰ ᠠᠢ᠌ᠯ ᠤᠨ ᠨᠤᠬᠠᠢ ᠭᠦᠷᠳᠡᠯ᠎ᠡ ᠭᠠᠩᠭᠠᠨᠠᠨ ᠬᠤᠴᠠᠵᠤ ᠭᠦᠶ‍ᠦᠭᠡᠳ

ᠴᠡᠭᠡᠨ ᠭᠡᠷᠡᠯ ᠭᠦᠰᠢᠭᠡ ᠣᠷᠤᠭᠤ ᠰᠤᠨᠤᠯᠵᠠᠭᠠᠤᠨ ᠯᠠ

ᠴᠡᠨᠡᠭ᠍ᠳᠤ ᠰᠤᠮᠤ ᠰᠢᠭ ᠳᠡᠭᠦᠨ ᠳᠤᠤᠭᠤᠷ ᠭᠦᠮᠦᠰ ᠪᠦᠭᠦᠯᠵᠡᠭᠡᠳ ᠯᠠ

ᠴᠠᠭᠠᠷᠢᠭ ᠳᠠᠮᠤᠷ ᠬᠠᠯᠢᠰᠤᠨ ᠭᠦᠵᠦᠭᠦᠪᠴᠢ ᠲᠡᠶ ᠡᠷᠭᠢᠯᠳᠦᠭᠡᠳ ᠯᠠ

ᠴᠠᠭᠠᠨ ᠪᠦᠰ ᠳᠡᠭᠡᠷ᠎ᠡ ᠬᠠᠷᠢ ᠭᠡᠯᠡ ᠲᠡᠶ ᠭᠦᠮᠦᠰ ᠠᠮᠢᠯᠠᠭᠠᠤᠨ ᠯᠠ

ᠭᠦᠭ᠍ᠰᠢᠨ ᠵᠠᠯᠠᠭᠤᠳ ᠨᠠᠢ᠌ᠷ ᠡᠴᠠ ᠢᠯᠡᠭᠦᠤ ᠭᠦᠭ᠍ᠰᠡᠭᠡᠳ

ᠬᠡᠦᠬᠡᠳ ᠰᠤᠤᠬᠠᠰ ᠭᠠᠷᠢᠭ ᠳᠤᠭᠤᠷᠢᠬᠤ ᠰᠢᠭ ᠭᠠᠢ᠌ᠬᠠᠯᠳᠤᠭᠠᠤᠨ

ᠦᠶ᠎ᠡ ᠵᠠᠢ ᠦᠭᠡᠶ ᠣᠯᠤᠰ ᠳᠠᠢ᠌ᠯᠳᠤᠵᠤ ᠦᠷᠡᠭ᠍ᠳᠡᠭᠡᠳ ᠯᠠ

ᠦᠨᠳᠦᠷ ᠳᠠᠭᠤ ᠪᠠᠷ ᠼᠠᠮᠳᠠ ᠡᠭᠡᠴᠢ ᠨᠡᠷ ᠭᠠᠰᠠᠯᠠᠩ ᠳᠠᠯᠪᠢᠭᠠᠤᠨ ᠯᠠ

ᠥᠨᠦᠰᠭᠦ ᠥᠭᠦᠭᠡᠷᠳᠦᠭᠦ ᠴᠤᠭᠣᠢ᠌ᠬᠤ ᠳᠤ ᠯᠠ

ᠢᠪᠠᠷ ᠰᠢᠪᠠᠷ ᠨᠢᠳᠤ ᠪᠣᠷᠤᠭᠤᠯᠠᠨ ᠢᠴᠢᠴᠡᠭᠡᠵᠤ

ᠣᠢ᠌ᠯᠠ ᠶᠢᠨ ᠪᠠᠭᠠᠳᠤᠷ ᠦᠷᠡᠭ᠍ᠳᠦᠭᠦ ᠳᠤ ᠨᠢ

ᠡ᠊ᠨᠳᠡ ᠳᠠᠠᠳᠠ ᠭᠦᠮᠦᠰ ᠵᠠᠯᠪᠠᠷᠢᠴᠠᠭᠠᠵᠤ

ᠥᠯᠦᠭᠡᠢ ᠲᠡᠶ ᠬᠡᠦᠬᠡᠳ ᠴᠢᠷᠠᠯᠠᠬᠤ ᠳᠤ ᠴᠤ

ᠡᠭᠡ ᠶᠢ ᠨᠢ ᠬᠠᠷᠠᠴᠠ ᠪᠠᠷ ᠶᠢᠡᠨ ᠵᠠᠩᠨᠠᠴᠠᠭᠠᠵᠤ

ᠥᠯᠢᠭᠡᠷ ᠭᠠᠷᠤᠭᠠᠤᠨ ᠳᠠᠭᠤᠰᠬᠤ ᠳ᠋ᠤ

ᠥᠰᠦᠭ᠌ ᠢ ᠨᠢ ᠴᠤ ᠠᠯᠳᠠᠯ ᠦᠭᠡᠶ ᠬᠠᠷᠠᠴᠠᠭᠠᠵᠤ

ᠦᠷᠭᠦᠯᠵᠢᠯᠡᠭᠡᠳ ᠭᠠᠷᠤᠨ᠎ᠠ ᠭᠡᠮᠡᠨ ᠭᠤᠷᠢᠳᠠᠵᠤ

ᠣᠳᠠᠳᠠᠯ᠎ᠠ ᠣᠷᠤᠨ ᠲᠠᠭᠠᠨ ᠰᠠᠭᠤᠴᠠᠭᠠᠵᠤ

ᠠᠰᠬᠠᠨ ᠤ ᠺᠢᠨᠤ᠋ ᠡᠳᠦᠷ ᠤᠨ ᠵᠤᠭᠤᠭ ᠪᠣᠯᠵᠤ ᠳᠡᠯᠭᠡᠷᠡᠭᠡᠳ ᠯᠠ

ᠠᠯᠢᠶ᠎ᠠ ᠬᠡᠦᠬᠡᠳ ᠤᠨ ᠳᠤᠭᠯᠠᠭᠠᠮ ᠳᠤᠯᠤᠯᠳᠤᠭᠠᠨ ᠪᠣᠯᠵᠤ ᠭᠦᠭ᠍ᠵᠢᠭᠡᠳ ᠯᠠ

ᠠᠵᠢᠯ ᠰᠠᠢ᠌ᠨ ᠭᠢᠪᠠᠯ ᠺᠢᠨᠤ᠋ ᠥᠵᠡᠭᠦᠯᠤᠨ᠎ᠡ ᠭᠡᠳᠡᠭ᠌

ᠠᠪᠣ ᠡᠵᠢ ᠶᠢᠨ ᠠᠮᠠᠨ ᠪᠠᠷᠢᠴᠠᠭ᠎ᠠ ᠪᠣᠯᠤᠭᠠᠤᠨ ᠯᠠ

ᠠᠷᠭᠠᠰᠤ ᠬᠠᠷᠭᠠᠰᠤ ᠠᠪᠬᠤ ᠳᠠᠭᠠᠨ ᠴᠤ ᠬᠡᠦᠬᠡᠳ

ᠠᠮᠠᠨ ᠳᠠᠭᠠᠨ ᠪᠣᠤ ᠳᠠᠷᠴᠢᠭᠢᠭᠠᠨᠠᠭᠤᠯᠤᠭᠠᠤᠨ ᠯᠠ

ᠳᠠᠷᠠ ᠦᠶ᠎ᠡ ᠶᠢᠨ ᠺᠢᠨᠤ᠋ ᠳᠠᠢ᠌ᠮᠤ ᠯᠠ ᠰᠠᠢ᠌ᠬᠠᠨ ᠁

ᠰᠤᠷᠭᠠᠭᠤᠯᠢ ᠳᠤ ᠣᠷᠤᠬᠤ ᠳᠤ ᠺᠢᠨᠤ᠋

ᠭᠦᠷᠢᠶᠡᠨ ᠳᠤᠳᠤᠷ᠎ᠠ ᠭᠦᠩᠭᠢᠨᠡᠭᠡᠳ ᠯᠠ

ᠰᠤᠷᠤᠭᠴᠢᠳ ᠤᠨ ᠬᠠᠶᠠ ᠨᠢ ᠮᠦᠩᠭᠦ ᠥᠭᠡᠢ

ᠡᠭᠦᠳᠡᠨ ᠭᠠᠳᠠᠨ᠎ᠠ ᠬᠠᠰᠢᠭᠳᠠᠭᠠᠤᠨ ᠯᠠ

ᠠᠷᠭ᠎ᠠ ᠶᠠᠳᠠᠵᠤ ᠭᠡᠰᠡᠭ᠌ ᠨᠢ

ᠭᠡᠷᠡᠮ ᠦᠰᠦᠷᠴᠤ ᠪᠠᠷᠢᠭᠳᠠᠭᠠᠤᠨ ᠯᠠ

ᠠᠷᠵᠠᠢ᠌ᠵᠤ ᠵᠠᠷᠢᠮ ᠨᠢ ᠰᠢᠪᠠᠭᠤ ᠰᠢᠭ

ᠮᠤᠳᠤᠨ ᠮᠦᠴᠢᠷ ᠳᠡᠭᠡᠷ᠎ᠡ ᠪᠦᠯᠳᠡᠭᠡᠨᠡᠳ ᠯᠠ

ᠬᠠᠷᠢ ᠭᠠᠷᠢᠭ ᠤᠨ ᠭᠢ ᠪᠠᠷ ᠭᠠᠢ᠌ᠬᠠᠭᠤᠯᠬᠤ ᠰᠢᠭ

ᠬᠠᠯᠳᠤ ᠮᠦᠯᠳᠤ ᠬᠤᠶᠠᠷ ᠥᠭᠡ ᠢ ᠨᠢ ᠰᠢᠭᠠᠭᠠᠤᠨ ᠯᠠ

ᠬᠠᠳᠠᠭᠢᠨᠠᠨ ᠢᠨᠢᠶᠠᠵᠤ ᠦᠪᠡᠷ ᠶᠢᠡᠨ ᠪᠢᠳᠠᠨ

ᠺᠢᠨᠤ᠋ ᠳᠤᠭᠯᠠᠵᠤ ᠪᠠᠢ᠌ᠨ᠎ᠠ ᠭᠡᠵᠤ ᠪᠠᠶᠠᠰᠤᠭᠠᠤᠨ ᠯᠠ

ᠶᠠᠫᠣᠨ ᠺᠢᠨᠤ᠋ ᠬᠠᠯᠢᠶᠠᠭᠠᠤᠨ ᠡᠭᠡᠴᠢ ᠦᠰᠦ ᠪᠠᠨ ᠭᠢᠷᠭᠠᠵᠤ

ᠶᠠᠮᠪᠠ ᠭᠠᠷᠴᠤ ᠠᠬ᠎ᠠ ᠮᠠᠯᠠᠭᠠᠢ ᠳᠠᠭᠠᠨ ᠰᠠ ᠴᠢᠭᠢᠵᠤ

ᠠᠮᠠᠷᠠᠭ ᠬᠤᠤᠰ ᠵᠠᠯᠠᠭᠤᠳ ᠺᠢᠨᠤ᠋ ᠥᠵᠡᠭᠦ ᠪᠠᠷ ᠪᠣᠯᠵᠠᠴᠠᠭᠠᠵᠤ

ᠠᠭᠰᠤᠮ ᠰᠡᠳᠭᠢᠯ ᠤᠨ ᠵᠢᠯᠤᠭᠤ ᠪᠠᠨ ᠨᠢᠭᠡ ᠵᠥᠭ᠌ ᠠᠯᠳᠠᠷᠠᠭᠠᠵᠤ

ᠨᠠᠰᠤᠳᠠᠨ ᠪᠣᠭᠤᠷᠤᠯ ᠤᠳ ᠭᠦᠷᠳᠡᠯ᠎ᠡ

《ᠳᠤᠭᠣᠢ᠌ᠯᠠᠩ ᠤᠨ ᠭᠦᠳᠡᠯᠭᠡᠭᠡᠨ》 ᠊ᠢ ᠳᠠᠭᠤᠷᠢᠰᠤᠭᠠᠤᠨ ᠯᠠ

ᠨᠠᠷᠭᠢᠵᠤ ᠨᠠᠭᠠᠳᠬᠤ ᠭᠦᠮᠦᠰ ᠭᠦᠷᠳᠡᠯ᠎ᠡ

《ᠨᠤᠷᠵᠢᠩ ᠴᠦᠳᠤᠷ》 ᠊ᠢ ᠳᠠᠭᠤᠯᠠᠭᠠᠤᠨ ᠯᠠ

ᠳᠠᠷᠠ ᠦᠶ᠎ᠡ ᠶᠢᠨ ᠺᠢᠨᠤ᠋ ᠳᠠᠢ᠌ᠮᠤ ᠯᠠ ᠰᠠᠢ᠌ᠬᠠᠨ ᠁



ᠵᠤᠬᠢᠶᠠᠭᠴᠢ ᠶᠢᠨ ᠬᠠ‍‌ᠶᠢᠭ ᠄ ᠳᠡᠯᠡᠭᠡᠢ ᠬᠤᠳᠠ

ᠵᠤᠬᠢᠶᠠᠭᠴᠢ᠄ ᠬᠠᠰᠭᠢᠷᠤᠯ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1646
ᠴᠠᠭ᠄ 2011 ᠤᠨ ᠤ 04 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ